ᠰᠠᠨᠠᠵᠤ ᠰᠡᠷᠡᠬᠦᠢ ᠶ᠋ᠢᠨ ᠤᠨᠢᠶᠠᠷ ᠲᠤ - ᠱ᠂ ᠭᠦᠷᠦᠪᠠᠽᠠᠷ Санаж сэрэхүйн униарт - Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠵᠤ ᠰᠡᠷᠡᠬᠦᠢ ᠶ᠋ᠢᠨ ᠤᠨᠢᠶᠠᠷ ᠲᠤ - ᠱ᠂ ᠭᠦᠷᠦᠪᠠᠽᠠᠷ Санаж сэрэхүйн униарт - Ш᠂ Гүрбазар

ᠰᠠᠨᠠᠵᠤ ᠰᠡᠷᠡᠬᠦᠢ ᠶ᠋ᠢᠨ ᠤᠨᠢᠶᠠᠷ ᠲᠤ - ᠱ᠂ ᠭᠦᠷᠦᠪᠠᠽᠠᠷ Санаж сэрэхүйн униарт - Ш᠂ Гүрбазар

2025-03-08

309

ᠰᠠᠨᠠᠵᠤ ᠰᠡᠷᠡᠬᠦᠢ ᠶ᠋ᠢᠨ ᠤᠨᠢᠶᠠᠷ ᠲᠤ


 ᠤᠢᠳᠤᠭᠰᠠᠭᠠᠷ ᠰᠠᠭᠤᠲᠠᠯ᠎ᠠ ᠨᠠᠮᠤᠷ ᠥᠩᠭᠡᠷᠡᠬᠦ ᠨᠢ 
 ᠤᠬᠠᠭᠠᠷᠠᠬᠤ ᠭᠡᠵᠦ ᠶᠠᠳᠠᠭᠰᠠᠭᠠᠷ ᠨᠠᠰᠤ ᠥᠩᠭᠡᠷᠡᠬᠦ ᠨᠢ 
 ᠦᠨᠡᠨᠴᠢ ᠶᠠᠪᠤᠬᠤ ᠰᠠᠨ ᠭᠡᠭᠰᠡᠭᠡᠷ ᠨᠡᠷ᠎ᠡ ᠦᠭᠡᠢᠷᠡᠬᠦ ᠨᠢ 
 ᠥᠷᠥᠪᠴᠢᠬᠡᠨ ᠪᠠᠢᠬᠤ ᠰᠠᠨ ᠭᠡᠭᠰᠡᠭᠡᠷ ᠰᠦᠯᠳᠡ ᠵᠠᠢᠯᠠᠬᠤ ᠨᠢ  

 ᠠᠷᠤ᠂ ᠡᠩᠭᠡᠷ ᠬᠣᠶᠠᠷ ᠤ᠋ᠨ 
 ᠴᠢᠯᠠᠭᠤ ᠬᠠᠷᠢᠨ ᠡᠪᠦᠭᠡᠷᠡᠬᠦ ᠦᠭᠡᠢ ᠨᠢ 
 ᠠᠷᠠᠳ ᠤ᠋ᠨ ᠡᠩ ᠦ᠋ᠨ ᠳᠠᠭᠤᠤ ᠶ᠋ᠢᠨ ᠮᠢᠨᠢ 
 ᠠᠶᠠᠯᠭᠤ ᠬᠠᠷᠢᠨ ᠥᠲᠡᠯᠬᠦ ᠦᠭᠡᠢ ᠨᠢ  

 ᠬᠠᠷᠠᠭᠰᠠᠭᠠᠷ ᠶᠠᠪᠤᠲᠠᠯ᠎ᠠ ᠬᠠᠷᠠᠴᠠᠨ ᠳ᠋ᠠᠭᠠᠨ ᠵᠠᠯᠬᠠᠬᠤ ᠨᠢ 
 ᠬᠠᠨᠢᠯᠠᠭᠰᠠᠭᠠᠷ ᠰᠠᠭᠤᠲᠠᠯ᠎ᠠ ᠬᠣᠶᠠᠷ ᠪᠡᠶ᠎ᠡ ᠳ᠋ᠡᠭᠡᠨ ᠨᠢᠭᠡᠰᠬᠦ ᠨᠢ 
 ᠮᠠᠷᠲᠠᠭᠳᠠᠭᠰᠠᠭᠠᠷ ᠪᠠᠢᠲᠠᠯ᠎ᠠ ᠳᠤᠷᠠᠳᠬᠠᠯ ᠮᠢᠨᠢ ᠴᠥᠭᠡᠷᠡᠬᠦ ᠨᠢ 
 ᠮᠠᠰᠢᠳᠠ ᠰᠣᠭᠲᠣᠩᠭᠢ ᠨᠢᠭᠡᠨ ᠵᠢᠷᠠᠨ ᠥᠩᠭᠡᠷᠡᠬᠦ ᠨᠢ  

 ᠭᠠᠯ ᠰᠡᠷᠡᠭᠦᠨ ᠪᠠᠢᠭ᠎ᠠ ᠴᠠᠭ ᠲᠤ ᠦᠨᠡᠰᠦ ᠨᠢ 
 ᠬᠡᠵᠢᠶ᠎ᠡ ᠴᠤ᠌ ᠦᠲᠦᠷᠢᠬᠦ ᠦᠭᠡᠢ ᠨᠢ 
 ᠭᠠᠭᠴᠠ ᠶᠠᠪᠤᠭ᠎ᠠ ᠨᠠᠰᠤᠨ ᠳ᠋ᠤ᠌ ᠮᠢᠨᠢ 
 ᠦᠢᠯᠡ ᠶ᠋ᠢᠨ ᠦᠷ᠎ᠡ ᠭᠡᠭᠴᠢ ᠰᠠᠯᠬᠤ ᠦᠭᠡᠢ ᠨᠢ 
 
 ᠳᠠᠭᠤᠯᠠᠭᠰᠠᠭᠠᠷ ᠳᠠᠭᠤᠯᠠᠭᠰᠠᠭᠠᠷ ᠳᠠᠭᠤᠤ ᠰᠢᠨ᠎ᠡ ᠪᠡᠷ ᠢ᠋ᠶ᠋ᠡᠨ 
 ᠳᠤᠷᠠᠯᠠᠭᠰᠠᠭᠠᠷ ᠳᠤᠷᠠᠯᠠᠭᠰᠠᠭᠠᠷ ᠴᠤ᠌ ᠳᠤᠷᠠᠯᠠᠯ ᠠᠩᠬᠠᠨ ᠤ᠋ ᠬᠢ ᠪᠡᠷ ᠢ᠋ᠶ᠋ᠡᠨ 
 ᠥᠲᠡᠯᠦᠭᠰᠡᠭᠡᠷ ᠥᠲᠡᠯᠦᠭᠰᠡᠭᠡᠷ ᠴᠤ᠌ ᠢᠵᠢᠢ ᠮᠢᠨᠢ ᠶᠠᠩᠵᠤ ᠪᠠᠷ ᠢ᠋ᠶ᠋ᠠᠨ 
 ᠥᠰᠦᠭᠰᠡᠭᠡᠷ ᠥᠰᠦᠭᠰᠡᠭᠡᠷ ᠴᠤ᠌ ᠦᠷ᠎ᠡ ᠮᠢᠨᠢ ᠨᠢᠯᠬ᠎ᠠ ᠪᠠᠷ ᠢ᠋ᠶ᠋ᠠᠨ  

 ᠡᠳᠦᠷ ᠰᠥᠨᠢ ᠬᠣᠶᠠᠷ ᠴᠤ᠌ ᠬᠠᠷᠢᠨ ᠵᠤᠯᠠᠢ ᠳᠡᠭᠡᠷ᠎ᠡ ᠡᠴᠡ ᠮᠢᠨᠢ ᠬᠣᠯᠠᠳᠬᠤ ᠦᠭᠡᠢ ᠨᠢ 
 ᠥᠭᠰᠥᠨ ᠤᠷᠤᠭᠤᠳᠠᠬᠤ ᠬᠣᠶᠠᠷ ᠥᠯᠮᠡᠢ ᠳᠣᠣᠷ᠎ᠠ ᠠ᠋ᠴᠠ ᠮᠢᠨᠢ ᠰᠠᠯᠬᠤ ᠦᠭᠡᠢ ᠨᠢ  
 ᠬᠣᠶᠠᠷ ᠦᠨᠡᠨ ᠦ᠌ ᠵᠠᠪᠰᠠᠷ ᠨᠢᠭᠡᠨ ᠬᠤᠳᠠᠯ ᠬᠠᠪᠴᠢᠭᠤᠯᠤᠭᠠᠰᠤᠲᠠᠢ 
 ᠬᠣᠷᠸ᠎ᠠ ᠶ᠋ᠢᠨ ᠲᠣᠭᠣᠰᠣᠨ ᠳ᠋ᠤ᠌ ᠪᠢ ᠴᠢᠨᠢ ᠠᠯᠬᠠᠯᠠᠵᠦ ᠶᠠᠪᠤᠨ᠎ᠠ ᠳᠠ᠁  

        ᠦᠰᠦᠭ ᠠᠮᠢᠯᠠᠭᠤᠯᠤᠭᠴᠢ᠄ ᠡᠩᠬᠡᠪᠠᠲᠤ 
           ᠦᠰᠦᠭ ᠬᠢᠨᠠᠭᠴᠢ᠄ ᠪᠠᠶᠠᠷᠴᠡᠴᠡᠭ