ᠠᠷᠭ᠎ᠠ ᠠᠯᠳᠠᠬᠤ ᠦᠭᠡᠢ ᠪᠣᠯ ᠪᠠᠷᠰ ᠊ᠢ ᠠᠶᠤᠯᠭᠠᠨ᠎ᠠАрга алдахгүй бол барыг айлгана Arga aldakhgüi bol baryg ailgana

ᠠᠷᠭ᠎ᠠ ᠠᠯᠳᠠᠬᠤ ᠦᠭᠡᠢ ᠪᠣᠯ ᠪᠠᠷᠰ ᠢ᠋ ᠠᠶᠤᠯᠭᠠᠨ᠎ᠠ
ᠡᠷᠲᠡ ᠤᠷᠢᠳᠤ ᠨᠢᠭᠡᠨ ᠴᠠᠭ ᠲᠤ᠌᠂ ᠡᠪᠦᠭᠡᠨ ᠡᠮᠡᠭᠡᠨ ᠬᠣᠶᠠᠷ ᠪᠠᠢᠵᠠᠢ᠃ ᠴᠥᠭᠡᠬᠡᠨ ᠬᠡᠳᠦᠨ ᠬᠣᠨᠢ ᠪᠠᠨ ᠬᠠᠷᠢᠭᠤᠯᠵᠤ ᠠᠮᠢᠳᠤᠷᠠᠳᠠᠭ ᠭᠡᠨ᠎ᠡ᠃
ᠴᠢᠩᠭᠢᠭᠡᠳ ᠨᠢᠭᠡᠨ ᠡᠳᠦᠷ ᠡᠪᠦᠭᠡᠨ ᠬᠡᠳᠦᠨ ᠬᠣᠨᠢ ᠪᠠᠨ ᠬᠠᠷᠢᠭᠤᠯᠤᠭᠠᠳ ᠶᠠᠪᠤᠵᠤ ᠪᠠᠢᠭᠰᠠᠨ ᠳ᠋ᠤ᠌᠂ ᠭᠡᠨᠡᠳᠲᠡ ᠪᠠᠷᠠᠭᠤᠨ ᠬᠣᠢᠨ᠎ᠠ ᠠ᠋ᠴᠠ ᠰᠠᠯᠬᠢᠨ ᠳᠡᠭᠳᠡᠵᠦ᠂ ᠪᠠᠷᠠᠭᠠᠨ ᠥᠩᠭᠡᠲᠡᠢ ᠡᠭᠦᠯᠡ᠂ ᠴᠡᠯᠮᠡᠭ ᠲᠩᠷᠢ ᠶ᠋ᠢ ᠪᠦᠷᠬᠦᠵᠦ᠂ ᠪᠦᠷᠬᠦᠭ ᠬᠠᠷᠠᠩᠭᠤᠢ ᠪᠣᠯᠵᠤ᠂ ᠶᠡᠬᠡ ᠴᠠᠰᠤ ᠰᠢᠭᠤᠷᠭᠠᠨ ᠪᠣᠰᠴᠤ᠂ ᠶᠠᠪᠤᠬᠤ ᠵᠠᠮ ᠢ᠋ ᠨᠢ ᠪᠠᠯᠠᠷᠠᠭᠤᠯᠵᠤ᠂ ᠲᠩᠷᠢ ᠭᠠᠵᠠᠷ ᠦᠷᠭᠦᠯᠵᠢᠯᠡᠨ ᠴᠠᠰᠤᠨ ᠳᠠᠯᠠᠢ ᠪᠣᠯᠤᠭᠰᠠᠨ ᠳ᠋ᠤ᠌᠂ ᠡᠪᠦᠭᠡᠨ ᠮᠠᠰᠢ ᠲᠠᠭᠠᠷᠠᠵᠤ ᠴᠥᠭᠡᠬᠡᠨ ᠬᠡᠳᠦᠨ ᠬᠣᠨᠢ ᠢᠮᠠᠭ᠎ᠠ ᠪᠠᠨ ᠬᠥᠭᠡᠭᠡᠵᠦ᠂ ᠵᠦᠭ ᠦᠭᠡᠢ ᠶᠠᠪᠤᠭᠰᠠᠭᠠᠷ ᠪᠠᠷᠲᠠᠭᠠᠨ ᠲᠠᠢ ᠬᠠᠷ᠎ᠠ ᠠᠭᠤᠯᠠᠨ ᠳ᠋ᠤ᠌ ᠣᠷᠣᠭᠠᠳ᠂ ᠳᠠᠯᠳᠠᠯᠠᠬᠤ ᠨᠥᠮᠥᠷᠢ ᠶ᠋ᠢ ᠡᠷᠢᠨ ᠶᠠᠪᠤᠵᠤ ᠪᠠᠢᠭᠰᠠᠨ ᠳ᠋ᠤ᠌᠂ ᠠᠭᠤᠯᠠᠨ ᠤ᠋ ᠪᠠᠯ ᠳ᠋ᠤ᠌ ᠨᠢᠭᠡᠨ ᠣᠭᠣᠰᠣᠷ ᠪᠦᠴᠡ ᠦᠭᠡᠢ ᠤᠷᠲᠤ ᠴᠠᠭᠠᠨ ᠭᠡᠷ ᠬᠠᠷᠠᠭᠳᠠᠵᠤ ᠭᠡᠨ᠎ᠡ᠃
ᠴᠢᠩᠭᠢᠭᠡᠳ ᠡᠪᠦᠭᠡᠨ ᠣᠴᠢᠵᠤ ᠡᠭᠦᠳᠡ ᠶ᠋ᠢ ᠨᠢ ᠲᠦᠯᠬᠢᠵᠦ ᠦᠵᠡᠭᠰᠡᠨ ᠳ᠋ᠦ᠍᠂ ᠬᠠᠷᠢᠨ ᠳᠣᠲᠣᠷ᠎ᠠ ᠠ᠋ᠴᠠ ᠨᠢ ᠪᠦᠳᠦᠭᠦᠨ ᠴᠠᠭᠠᠨ ᠴᠢᠯᠠᠭᠤ ᠪᠠᠷ ᠲᠦᠯᠬᠢᠨ ᠲᠤᠯᠤᠭᠰᠠᠨ ᠪᠠᠢᠵᠠᠢ᠂ ᠡᠪᠦᠭᠡᠨ ᠡᠨᠡ ᠦᠶ᠎ᠡ ᠳ᠋ᠦ᠍ ᠮᠠᠰᠢ ᠲᠠᠭᠠᠷᠠᠵᠤ ᠪᠡᠭᠡᠷᠡᠵᠦ ᠪᠠᠢᠭᠰᠠᠨ ᠲᠤᠯᠠ᠂ ᠡᠨᠡ ᠭᠡᠷ ᠲᠦ᠍ ᠣᠷᠣᠵᠤ ᠳᠤᠯᠠᠭᠠᠴᠠᠶ᠎ᠠ ᠭᠡᠵᠦ ᠪᠣᠳᠣᠭᠠᠳ ᠪᠦᠬᠦ ᠴᠢᠳᠠᠯ ᠲᠡᠩᠬᠡ ᠪᠡᠨ ᠭᠠᠷᠭᠠᠵᠤ ᠲᠦᠯᠬᠢᠭᠰᠡᠭᠡᠷ ᠪᠦᠳᠦᠭᠦᠨ ᠴᠠᠭᠠᠨ ᠴᠢᠯᠠᠭᠤ ᠶ᠋ᠢ ᠨᠢ ᠲᠣᠩᠭᠣᠷᠤᠭᠤᠯᠵᠤ᠂ ᠭᠡᠷ ᠲᠦ᠋ᠨᠢ ᠣᠷᠣᠵᠤ ᠦᠵᠡᠭᠰᠡᠨ ᠳ᠋ᠦ᠍᠂ ᠠᠷᠤ ᠳᠡᠭᠡᠷ᠎ᠡ ᠨᠢ ᠨᠢᠭᠡᠨ ᠬᠦᠷᠡᠩ ᠡᠷᠢᠶᠡᠨ ᠪᠠᠷᠰ᠂ ᠳᠥᠷᠪᠡᠨ ᠬᠥᠯ ᠢ᠋ᠶ᠋ᠡᠨ ᠲᠡᠷᠡᠢᠯᠭᠡᠨ ᠬᠡᠪᠲᠡᠨ᠂ ᠤᠨᠲᠠᠵᠤ ᠪᠠᠢᠨ᠎ᠠ ᠭᠡᠨ᠎ᠡ᠃
ᠡᠪᠦᠭᠡᠨ ᠦᠵᠡᠭᠡᠳ ᠪᠠᠯᠠᠷᠠᠲᠠᠯ᠎ᠠ ᠠᠶᠤᠵᠤ᠂ ᠪᠦᠳᠦᠭᠦᠨ ᠴᠠᠭᠠᠨ ᠴᠢᠯᠠᠭᠤᠨ ᠤ᠋ ᠳᠠᠯᠳᠠ ᠣᠷᠣᠵᠤ ᠨᠢᠭᠤᠭᠰᠠᠨ ᠳ᠋ᠤ᠌ ᠪᠠᠷᠰ ᠭᠡᠨᠡᠳᠲᠡ ᠦᠰᠦᠷᠦᠨ ᠪᠣᠰᠴᠤ᠂ ᠬᠡᠨ ᠮᠢᠨᠦ ᠣᠷᠳᠣᠨ ᠳ᠋ᠤ᠌ ᠣᠷᠣᠵᠤ ᠢᠷᠡᠪᠡ? ᠭᠡᠳ ᠶᠡᠬᠡ ᠠᠭᠤᠷᠯᠠᠵᠤ᠂ ᠢᠯᠳᠦ ᠪᠡᠨ ᠰᠤᠭᠤ ᠲᠠᠲᠠᠵᠤ᠂ ᠡᠭᠦᠳᠡᠨ ᠦ᠌ ᠵᠦᠭ ᠨᠢᠭᠡᠨᠲᠡ ᠴᠠᠪᠴᠢᠭᠰᠠᠨ ᠳ᠋ᠤ᠌ ᠢᠯᠳᠦᠨ ᠦ᠌ ᠦᠵᠦᠭᠦᠷ ᠨᠢ ᠪᠦᠳᠦᠭᠦᠨ ᠴᠠᠭᠠᠨ ᠴᠢᠯᠠᠭᠤᠨ ᠳᠡᠭᠡᠷ᠎ᠡ ᠲᠣᠰᠴᠤ᠂ ᠦᠵᠦᠭᠦᠷ ᠨᠢ ᠦᠭᠡᠢ ᠪᠣᠯᠵᠠᠢ᠃ ᠬᠣᠶᠠᠳᠤᠭᠠᠷ ᠤᠳᠠᠭ᠎ᠠ ᠴᠠᠪᠴᠢᠭᠰᠠᠨ ᠳ᠋ᠤ᠌ ᠢᠯᠳᠦᠨ ᠦ᠌ ᠳᠤᠮᠳᠠᠭᠤᠷ ᠨᠢ ᠠᠯᠠᠭ᠎ᠠ ᠪᠣᠯᠵᠤ᠂ ᠭᠤᠷᠪᠠᠳᠤᠭᠠᠷ ᠤᠳᠠᠭ᠎ᠠ ᠴᠠᠪᠴᠢᠭᠰᠠᠨ ᠳ᠋ᠤ᠌ ᠡᠰᠢ ᠶ᠋ᠢᠨ ᠲᠡᠳᠦᠢᠯᠡ ᠦᠯᠡᠳᠡᠭᠰᠡᠨ ᠳ᠋ᠦ᠍ ᠪᠠᠷᠰ ᠶᠠᠭᠤ ᠪᠣᠯᠤᠭᠰᠠᠨ ᠴᠤ᠌ ᠪᠢ ᠴᠢᠮᠠᠶ᠋ᠢ ᠴᠠᠪᠴᠢᠵᠤ ᠠᠯᠠᠪᠠ ᠭᠡᠳ ᠭᠡᠳᠡᠷᠭᠡᠨ ᠬᠡᠪᠲᠡᠵᠦ ᠬᠤᠷᠬᠢᠷᠠᠨ ᠤᠨᠲᠠᠵᠠᠢ᠃
ᠮᠠᠷᠭᠠᠰᠢ ᠥᠷᠯᠥᠭᠡ ᠨᠢ᠂ ᠪᠠᠷᠰ ᠪᠣᠰᠤᠭᠠᠳ ᠦᠵᠡᠭᠰᠡᠨ ᠳ᠋ᠦ᠍ ᠪᠦᠳᠦᠭᠦᠨ ᠴᠠᠭᠠᠨ ᠴᠢᠯᠠᠭᠤᠨ ᠤ᠋ ᠬᠣᠢᠨ᠎ᠠ ᠨᠢ ᠨᠢᠭᠡᠨ ᠡᠪᠦᠭᠡᠨ ᠬᠠᠮᠠᠷ ᠲᠠᠲᠠᠵᠤ ᠤᠨᠲᠠᠵᠤ ᠪᠠᠢᠵᠠᠢ᠂ ᠪᠠᠷᠰ ᠦᠵᠡᠭᠡᠳ᠄《ᠬᠦᠢ! ᠡᠪᠦᠭᠡᠨ ᠠ᠋! ᠦᠷ ᠴᠠᠢᠵᠤ ᠥᠷᠯᠥᠭᠡ ᠪᠣᠯᠵᠠᠢ᠃ ᠬᠤᠷᠳᠤᠨ ᠪᠣᠰᠤᠭᠲᠤᠨ!》 ᠭᠡᠵᠦ᠂ ᠡᠪᠦᠭᠡᠨ ᠢ᠋ ᠲᠦᠯᠬᠢᠭᠰᠡᠨ ᠳ᠋ᠦ᠍᠂ ᠡᠪᠦᠭᠡᠨ ᠨᠢᠳᠦ ᠪᠡᠨ ᠨᠤᠬᠤᠯᠠᠨ ᠪᠣᠰᠤᠭᠠᠳ᠂ ᠮᠠᠭᠤ ᠨᠢᠳᠦ ᠪᠡᠷ ᠪᠠᠷᠰ ᠢ᠋ ᠦᠵᠡᠭᠡᠳ ᠬᠡᠯᠡᠭᠰᠡᠨ ᠨᠢ᠄《ᠴᠢ ᠶᠠᠮᠠᠷ ᠣᠯᠢᠭ ᠦᠭᠡᠢ ᠠᠮᠢᠲᠠᠨ ᠪᠣᠢ! ᠥᠴᠥᠭᠡᠳᠦᠷ ᠰᠥᠨᠢ ᠬᠥᠮᠦᠨ ᠢ᠋ ᠠᠮᠤᠷ ᠤᠨᠲᠠᠭᠤᠯᠬᠤ ᠦᠭᠡᠢ ᠴᠢᠮᠬᠢᠵᠦ ᠨᠢᠰᠠᠯᠠᠭᠠᠳ ᠪᠠᠢᠬᠤ ᠴᠢᠨᠢ ᠶᠠᠭᠤ ᠪᠣᠢ?》 ᠭᠡᠰᠡᠨ ᠳ᠋ᠦ᠍᠂ ᠪᠠᠷᠰ᠂ ᠮᠡᠳᠡᠭᠡ ᠦᠭᠡᠢ ᠪᠣᠯᠲᠠᠯ᠎ᠠ ᠠᠶᠤᠵᠤ᠂ ᠪᠣᠳᠣᠭᠰᠠᠨ ᠨᠢ᠄《ᠲᠩᠷᠢ ᠨᠠᠮᠠᠶ᠋ᠢ ᠠᠪᠤᠷᠠ! ᠪᠢ ᠬᠠᠷᠢᠨ ᠪᠦᠬᠦᠯᠢ ᠪᠡᠶ᠎ᠡ ᠶ᠋ᠢᠨ ᠪᠦᠬᠦ ᠬᠦᠴᠦ ᠪᠡᠷ ᠢ᠋ᠶ᠋ᠡᠨ ᠴᠠᠪᠴᠢᠭᠰᠠᠨ ᠢ᠋ ᠡᠨᠡ ᠬᠠᠷᠢᠨ ᠴᠢᠬᠢᠮᠵᠦ ᠨᠢᠰᠠᠯᠠᠪᠠ ᠭᠡᠨ᠎ᠡ᠃ ᠡᠨᠡ ᠶᠠᠮᠠᠷ ᠠᠶᠤᠮᠰᠢᠭ ᠲᠠᠢ ᠠᠮᠢᠲᠠᠨ ᠪᠣᠢ!》 ᠭᠡᠵᠦ ᠴᠡᠴᠡᠷᠡᠨ ᠳᠠᠭᠵᠢᠨ ᠰᠠᠭᠤᠬᠤ ᠳ᠋ᠤ᠌᠂ ᠡᠪᠦᠭᠡᠨ ᠦᠵᠡᠭᠡᠳ ᠡᠨᠡ ᠰᠦᠷᠡᠬᠡᠢ ᠠᠮᠢᠲᠠᠨ ᠮᠢᠨᠦ ᠠᠷᠭ᠎ᠠ ᠳ᠋ᠤ᠌ ᠣᠨᠣᠭᠳᠠᠪᠠ ᠭᠡᠵᠦ ᠪᠣᠳᠣᠭᠠᠳ᠂ ᠬᠡᠯᠡᠭᠰᠡᠨ ᠨᠢ᠄《ᠪᠢ ᠬᠠᠷᠢᠨ ᠠᠯᠢ ᠴᠤ᠌ ᠡᠳᠦᠷ ᠭᠡᠰᠡᠨ ᠭᠠᠳᠠᠭᠰᠢ ᠭᠠᠷᠴᠤ ᠭᠠᠨᠵᠤᠭ᠎ᠠ ᠲᠠᠢ ᠬᠠᠷᠠᠳᠠᠭ ᠶᠤᠮ᠃ ᠡᠨᠡ ᠡᠳᠦᠷ ᠬᠠᠷᠢᠨ ᠴᠢᠨᠦ ᠡᠨᠳᠡ ᠢᠷᠡᠭᠡᠳ ᠰᠢᠭᠤᠳᠠᠢ ᠮᠥᠩᠭᠥ ᠣᠯᠤᠭᠰᠠᠨ ᠦᠭᠡᠢ ᠪᠣᠯᠪᠠᠴᠤ᠂ ᠰᠦᠷᠡᠬᠡᠢ ᠰᠠᠢᠬᠠᠨ ᠪᠠᠷᠰ ᠤ᠋ᠨ ᠠᠷᠠᠰᠤ ᠬᠠᠷᠠᠭᠳᠠᠨ᠎ᠠ》 ᠭᠡᠵᠦ ᠪᠠᠷᠰ ᠢ᠋ ᠳᠡᠮᠡᠢᠯᠡ ᠦᠵᠡᠬᠦᠢ ᠳ᠋ᠦ᠍ ᠪᠠᠷᠰ᠄ ᠣᠳᠣ ᠨᠠᠮᠠᠶ᠋ᠢ ᠶ᠋ᠢ ᠠᠯᠠᠵᠤ ᠠᠷᠠᠰᠤ ᠶ᠋ᠢ ᠮᠢᠨᠢ ᠠᠪᠤᠨ᠎ᠠ ᠭᠡᠵᠦ ᠪᠠᠢᠨ᠎ᠠ ᠭᠡᠵᠦ ᠪᠣᠳᠣᠭᠠᠳ᠂ ᠶᠡᠬᠡ ᠠᠶᠤᠵᠤ᠂ ᠡᠪᠦᠭᠡᠨ ᠦ᠌ ᠡᠮᠦᠨ᠎ᠡ ᠲᠦᠰ ᠬᠢᠲᠡᠯ᠎ᠡ ᠰᠥᠭᠥᠳᠦᠭᠡᠳ᠄《ᠡᠪᠦᠭᠡᠨ ᠭᠤᠸᠠᠢ᠂ ᠠᠮᠢ ᠶ᠋ᠢ ᠮᠢᠨᠢ ᠠᠪᠤᠷᠠ! ᠤᠳᠠᠯ ᠦᠭᠡᠢ ᠪᠢ ᠨᠢᠭᠡ ᠳᠡᠭᠲᠦ ᠲᠡᠢ ᠮᠥᠩᠭᠥ ᠬᠦᠷᠭᠡᠵᠦ ᠣᠴᠢᠶ᠎ᠠ᠃ ᠠᠷᠠᠰᠤ ᠶ᠋ᠢ ᠮᠢᠨᠢ ᠠᠪᠬᠤ ᠪᠠᠨ ᠪᠠᠢᠨᠠᠤ!》 ᠭᠡᠰᠡᠨ ᠳ᠋ᠦ᠍ ᠡᠪᠦᠭᠡᠨ ᠶᠡᠬᠡ ᠪᠣᠳᠣᠯᠭ᠎ᠠ ᠲᠠᠢ ᠰᠢᠭ᠋ ᠰᠠᠭᠤᠵᠤ ᠪᠠᠢᠭᠠᠳ᠄《ᠵᠧ᠂ ᠲᠡᠭᠡᠶ᠎ᠡ᠂ ᠪᠢ ᠣᠳᠣ ᠶᠠᠪᠤᠨ᠎ᠠ᠃ ᠴᠢ ᠤᠳᠠᠯ ᠦᠭᠡᠢ ᠮᠢᠨᠦ ᠭᠡᠷ ᠲᠦ᠍ ᠬᠥᠷᠥᠭᠲᠦᠨ᠃ ᠪᠢ ᠴᠢᠮᠠᠶ᠋ᠢ ᠶ᠋ᠢ ᠰᠠᠢᠨ ᠵᠣᠴᠢᠨ ᠢ᠋ᠶ᠋ᠠᠷ ᠳᠠᠢᠯᠠᠵᠤ᠂ ᠴᠠᠢ ᠤᠤᠭᠤᠯᠭᠠᠶ᠎ᠠ》 ᠭᠡᠰᠡᠨ ᠳ᠋ᠦ᠍ ᠪᠠᠷᠰ ᠴᠠᠢ ᠭᠡᠵᠦ ᠰᠣᠨᠣᠰᠤᠭᠠᠳ ᠰᠢᠯᠦᠰᠦ ᠪᠡᠨ ᠵᠠᠯᠭᠢᠵᠤ᠄《ᠵᠧ! ᠪᠢ ᠤᠳᠠᠯ ᠦᠭᠡᠢ ᠲᠠᠨ ᠳ᠋ᠤ᠌ ᠬᠦᠷᠦᠨ᠎ᠡ》 ᠭᠡᠵᠦ ᠲᠠᠩᠭᠠᠷᠢᠭᠯᠠᠭᠠᠳ ᠡᠪᠦᠭᠡᠨ ᠢ᠋ ᠬᠦᠷᠭᠡᠵᠦ ᠶᠠᠪᠤᠭᠤᠯᠪᠠ᠃
ᠡᠪᠦᠭᠡᠨ ᠮᠥᠨ ᠳᠣᠲᠣᠷ᠎ᠠ ᠪᠠᠨ ᠪᠢ ᠬᠠᠷᠢᠨ ᠡᠢᠮᠦ ᠨᠢᠭᠡᠨ ᠠᠷᠭ᠎ᠠ ᠪᠠᠷ ᠪᠡᠶ᠎ᠡ ᠪᠡᠨ ᠠᠪᠤᠷᠠᠪᠠ ᠭᠡᠵᠦ ᠭᠡᠷ ᠲᠡᠭᠡᠨ ᠬᠠᠷᠢᠵᠤ ᠢᠷᠡᠭᠡᠳ ᠬᠡᠳᠦᠨ ᠴᠥᠭᠡᠬᠡᠨ ᠬᠣᠨᠢ ᠢᠮᠠᠭ᠎ᠠ ᠪᠠᠨ ᠬᠣᠷᠢᠶᠠᠨ ᠳ᠋ᠠᠭᠠᠨ ᠬᠣᠷᠢᠵᠤ᠂ ᠭᠡᠷ ᠲᠡᠭᠡᠨ ᠣᠷᠣᠭᠠᠳ᠂ ᠡᠮᠡᠭᠡᠨ ᠳ᠋ᠡᠭᠡᠨ ᠥᠴᠥᠭᠡᠳᠦᠷ ᠰᠥᠨᠢ ᠲᠠᠭᠠᠷᠠᠭᠰᠠᠨ ᠰᠣᠨᠢᠨ ᠶᠠᠪᠤᠳᠠᠯ ᠢ᠋ᠶ᠋ᠠᠨ ᠡᠬᠢ ᠳᠠᠷᠠᠭ᠎ᠠ ᠪᠠᠷ ᠨᠢ ᠬᠡᠯᠡᠵᠦ ᠥᠭᠭᠦᠭᠡᠳ᠂ ᠪᠠᠰᠠ ᠵᠠᠬᠢᠵᠤ ᠬᠡᠯᠡᠭᠰᠡᠨ ᠨᠢ᠄《ᠤᠳᠠᠯ ᠦᠭᠡᠢ ᠪᠠᠷᠰ ᠢᠷᠡᠬᠦ ᠮᠠᠭᠠᠳ ᠦᠭᠡᠢ᠃ ᠴᠢᠩᠭᠡᠪᠡᠯ ᠴᠢ ᠴᠠᠢ ᠬᠢᠵᠦ ᠥᠭ᠃ ᠴᠢᠩᠭᠢᠭᠡᠳ ᠳᠠᠷᠠᠭ᠎ᠠ ᠪᠠᠷ ᠨᠢ ᠴᠢ ᠨᠠᠳᠠ ᠠ᠋ᠴᠠ ᠶᠠᠮᠠᠷ ᠬᠣᠭᠣᠯᠠ ᠢᠳᠡᠬᠦ ᠪᠣᠢ ᠭᠡᠵᠦ ᠠᠰᠠᠭᠤᠭᠲᠤᠨ᠃ ᠴᠢᠩᠭᠡᠪᠡᠯ ᠮᠢᠨᠦ ᠬᠠᠷᠢᠭᠤᠯᠬᠤ ᠦᠭᠡ ᠪᠠᠢᠨ᠎ᠠ》 ᠭᠡᠰᠡᠨ ᠳ᠋ᠦ᠍ ᠡᠮᠡᠭᠡᠨ ᠨᠢ ᠵᠧ ᠭᠡᠵᠦ ᠰᠦ ᠲᠡᠢ ᠴᠠᠢ ᠪᠤᠴᠠᠯᠭᠠᠵᠤ ᠪᠠᠢᠭᠰᠠᠨ ᠳ᠋ᠤ᠌ ᠥᠨᠥ ᠪᠠᠷᠰ ᠨᠢᠭᠡᠨ ᠶᠡᠬᠡ ᠳᠡᠭᠲᠦ ᠡᠭᠦᠷᠴᠦ᠂ ᠬᠥᠯᠥᠰᠥ ᠪᠠᠭᠠᠰᠤ ᠭᠣᠭᠣᠵᠢᠭᠤᠯᠤᠨ ᠢᠷᠭᠡᠳ᠂ ᠳᠡᠭᠲᠦ ᠲᠡᠢ ᠮᠥᠩᠭᠥ ᠪᠡᠨ ᠬᠦᠷᠢᠶᠡᠨ ᠡᠭᠦᠳᠡᠨ ᠳ᠋ᠦ᠍ ᠲᠠᠯᠪᠢᠭᠠᠳ ᠰᠠᠭᠤᠵᠤ ᠠᠮᠢᠰᠤᠭ᠎ᠠ ᠳᠡᠭᠡᠷᠡᠳᠴᠦ ᠪᠠᠢᠭᠰᠠᠨ ᠳ᠋ᠤ᠌᠂ ᠡᠪᠦᠭᠡᠨ ᠦ᠌ ᠴᠥᠭᠡᠬᠡᠨ ᠬᠡᠳᠦᠨ ᠬᠣᠨᠢ ᠢᠮᠠᠭ᠎ᠠ ᠨᠢ ᠦᠷᠭᠦᠨ ᠰᠢᠬᠠᠯᠴᠠᠵᠤ ᠪᠠᠢᠬᠤ ᠳ᠋ᠤ᠌ ᠭᠠᠭᠴᠠ ᠤᠬᠤᠨ᠎ᠠ ᠪᠠᠷᠰ ᠢ᠋ ᠦᠵᠡᠭᠡᠳ ᠶᠡᠬᠡ ᠭᠠᠢᠬᠠᠵᠤ᠂ ᠡᠷᠭᠢᠨ ᠲᠣᠭᠣᠷᠢᠨ ᠢ᠋ᠶ᠋ᠠᠨ ᠪᠠᠢᠴᠠᠭᠠᠬᠤ ᠳ᠋ᠤ᠌᠂ ᠪᠠᠷᠰ ᠴᠤ᠌ ᠤᠬᠤᠨ᠎ᠠ ᠶ᠋ᠢ ᠦᠵᠡᠭᠡᠳ ᠲᠠᠨᠢᠬᠤ ᠦᠭᠡᠢ ᠲᠤᠯᠠ᠂ ᠪᠠᠰᠠ ᠶᠡᠬᠡ ᠰᠣᠨᠢᠷᠬᠠᠯ ᠪᠣᠯᠭᠠᠵᠤ ᠰᠢᠷᠲᠡᠨ ᠦᠵᠡᠭᠰᠡᠭᠡᠷ᠂ ᠤᠬᠤᠨ᠎ᠠ ᠶ᠋ᠢᠨ ᠰᠠᠯᠲᠠᠭᠠᠨ ᠳᠣᠲᠣᠷ᠎ᠠ ᠤᠨᠵᠠᠢᠵᠤ ᠶᠠᠭᠤᠮ᠎ᠠ ᠶ᠋ᠢ ᠨᠢ ᠭᠡᠨᠡᠳᠲᠡ ᠣᠯᠵᠤ ᠦᠵᠡᠭᠡᠳ᠄《ᠬᠦᠢ᠂ ᠠᠪᠤᠭᠠᠢ! ᠲᠠᠨ ᠤ᠋ ᠲᠡᠷᠡ ᠤᠨᠵᠡᠢᠵᠤ ᠪᠠᠢᠭ᠎ᠠ ᠴᠢᠨᠢ ᠶᠠᠭᠤ ᠪᠣᠢ?》 ᠭᠡᠰᠡᠨ ᠳ᠋ᠦ᠍ ᠤᠬᠤᠨ᠎ᠠ᠄《ᠠ! ᠡᠨᠡ ᠪᠣᠯ ᠢᠳᠡᠵᠦ ᠤᠤᠭᠤᠵᠤ ᠦᠯᠡᠳᠡᠭᠰᠡᠨ ᠢ᠋ᠶ᠋ᠡᠨ ᠠᠭᠤᠳᠠᠯᠳᠠᠭ ᠤᠭᠤᠲᠠ ᠪᠠᠢᠨ᠎ᠠ》 ᠭᠡᠰᠡᠨ ᠳ᠋ᠦ᠍ ᠪᠠᠷᠰ ᠤᠬᠤᠨ᠎ᠠ ᠰᠠᠬᠠᠯ ᠢ᠋ ᠨᠢ ᠦᠵᠡᠭᠡᠳ᠄《ᠡᠨᠡ ᠴᠢᠨᠢ ᠶᠠᠭᠤ ᠪᠣᠢ?》 ᠭᠡᠰᠡᠨ ᠳ᠋ᠦ᠍ ᠤᠬᠤᠨ᠎ᠠ᠄《ᠡᠨᠡ ᠪᠣᠯ ᠪᠠᠷᠰ ᠢ᠋ ᠪᠦᠬᠦᠯᠢ ᠪᠡᠷ ᠨᠢ ᠵᠠᠯᠭᠢᠭᠠᠳ ᠠᠮᠠ ᠬᠠᠮᠠᠷ ᠢ᠋ᠶ᠋ᠠᠨ ᠠᠷᠴᠢᠳᠠᠭ ᠠᠯᠴᠢᠭᠤᠷ ᠪᠠᠢᠨ᠎ᠠ》 ᠭᠡᠰᠡᠨ ᠳ᠋ᠦ᠍ ᠪᠠᠷᠰ ᠪᠠᠬᠠᠨ ᠠᠶᠤᠵᠤ᠄《ᠠ! ᠲᠡᠢᠮᠦ ᠤᠤ? ᠠᠪᠤᠭᠠᠢ! ᠲᠠᠨ ᠤ᠋ ᠲᠣᠯᠣᠭᠠᠢ ᠳᠡᠭᠡᠷ᠎ᠡ ᠴᠢᠨᠢ ᠪᠠᠢᠭ᠎ᠠ ᠬᠣᠶᠠᠷ ᠦᠵᠦᠭᠦᠷ ᠲᠡᠢ ᠶᠠᠭᠤᠮ᠎ᠠ ᠴᠢᠨᠢ ᠶᠠᠭᠤ ᠪᠣᠢ?》 ᠭᠡᠵᠦ ᠤᠬᠤᠨ᠎ᠠ ᠶ᠋ᠢᠨ ᠡᠪᠡᠷ ᠢ᠋ ᠠᠰᠠᠭᠤᠭᠰᠠᠨ ᠳ᠋ᠤ᠌᠂ ᠤᠬᠤᠨ᠎ᠠ ᠶᠡᠬᠡ ᠮᠠᠶᠢᠭ ᠭᠠᠷᠭᠠᠵᠤ ᠬᠦᠴᠦᠷᠬᠡᠭ ᠳᠠᠭᠤᠨ ᠢ᠋ᠶ᠋ᠠᠷ ᠮᠠᠢᠯᠠᠨ᠄《ᠡᠨᠡ ᠪᠣᠯ ᠴᠢᠮᠠᠶ᠋ᠢ ᠵᠢᠳᠠᠯᠠᠳᠠᠭ ᠵᠢᠳᠠ ᠪᠠᠢᠨ᠎ᠠ》 ᠭᠡᠵᠦ ᠦᠰᠦᠷᠦᠨ ᠮᠥᠷᠭᠥᠯᠡᠬᠦ ᠭᠡᠰᠡᠨ ᠳ᠋ᠦ᠍ ᠪᠠᠷᠰ ᠴᠢᠴᠠᠭ᠎ᠠ ᠠᠯᠳᠠᠲᠠᠯ᠎ᠠ ᠠᠶᠤᠵᠤ᠂ ᠭᠡᠳᠡᠷᠭᠡᠨ ᠵᠠᠢᠯᠠᠭᠠᠳ᠂ ᠡᠪᠦᠭᠡᠨ ᠦ᠌ ᠭᠡᠷ ᠲᠦ᠍ ᠣᠷᠣᠭᠰᠠᠨ ᠳ᠋ᠤ᠌ ᠡᠪᠦᠭᠡᠨ ᠬᠠᠷᠢᠨ ᠬᠣᠢᠨ᠎ᠠ ᠪᠠᠨ ᠰᠠᠭᠤᠵᠤ᠂ ᠳᠡᠭᠡᠷ᠎ᠡ ᠪᠡᠶ᠎ᠡ ᠪᠡᠨ ᠨᠢᠴᠦᠭᠦᠯᠡᠵᠦ ᠴᠠᠢ ᠤᠤᠭᠤᠨ ᠰᠠᠭᠤᠵᠤ ᠪᠠᠢᠨ᠎ᠠ ᠭᠡᠨ᠎ᠡ᠃
ᠪᠠᠷᠰ ᠣᠷᠣᠵᠤ ᠢᠷᠡᠭᠡᠳ᠂ ᠪᠠᠷᠠᠭᠤᠨ ᠲᠠᠯ᠎ᠠ ᠳ᠋ᠤ᠌ ᠨᠢ ᠰᠠᠭᠤᠵᠤ᠂ ᠡᠪᠦᠭᠡᠨ ᠳ᠋ᠦ᠍᠄《ᠡᠪᠦᠭᠡᠨ ᠭᠤᠸᠠᠢ ᠴᠢᠨᠦ ᠡᠭᠦᠳᠡ ᠶ᠋ᠢ ᠰᠠᠬᠢᠵᠤ ᠪᠠᠢᠭ᠎ᠠ ᠲᠡᠷᠡ ᠴᠠᠭᠠᠨ ᠥᠩᠭᠡᠲᠡᠢ ᠬᠣᠣᠰ ᠵᠢᠳᠠ ᠲᠠᠢ ᠠᠮᠢᠲᠠᠨ ᠴᠢᠨᠢ ᠶᠠᠮᠠᠷ ᠬᠡᠴᠡᠭᠦᠦ ᠠᠮᠢᠲᠠᠨ ᠪᠣᠢ? ᠨᠠᠮᠠᠶ᠋ᠢ ᠠᠷᠠᠢ ᠯᠠ ᠵᠢᠳᠠᠯᠠᠵᠤ ᠠᠯᠠᠴᠢᠬᠠᠭᠰᠠᠨ ᠦᠭᠡᠢ》 ᠭᠡᠳ ᠠᠮᠢᠰᠬᠤᠭ᠎ᠠ ᠳᠡᠭᠡᠷᠡᠳᠴᠦ ᠰᠠᠭᠤᠬᠤ ᠳ᠋ᠤ᠌᠂ ᠡᠪᠦᠭᠡᠨ᠄《ᠵᠧ᠂ ᠴᠢ ᠮᠢᠨᠢ᠂ ᠬᠠᠷᠢᠨ ᠪᠤᠤ ᠠᠶᠤᠵᠤ ᠰᠦᠨᠡᠰᠦ ᠪᠡᠨ ᠠᠯᠳᠠᠴᠢᠬᠠ ᠳᠠ! ᠴᠠᠢ ᠤᠤᠭᠤ!》 ᠭᠡᠵᠦ ᠪᠠᠷᠰ ᠲᠤ᠌ ᠰᠦ ᠲᠡᠢ ᠴᠠᠢ ᠬᠢᠵᠦ ᠤᠤᠭᠤᠯᠭᠠᠬᠤ ᠳ᠋ᠤ᠌ ᠪᠠᠷᠰ ᠬᠠᠷᠢᠨ ᠰᠦ ᠲᠡᠢ ᠴᠠᠢ ᠳ᠋ᠤ᠌ ᠶᠡᠬᠡ ᠳᠤᠷᠠᠲᠠᠢ ᠪᠣᠯᠵᠤ ᠬᠡᠳᠦᠨ ᠠᠶᠠᠭ᠎ᠠ ᠤᠤᠭᠤᠭᠰᠠᠨ ᠬᠣᠢᠨ᠎ᠠ᠂ ᠡᠮᠡᠭᠡᠨ ᠨᠢ ᠪᠠᠷᠰ ᠤ᠋ᠨ ᠠᠪᠴᠢᠷᠠᠭᠰᠠᠨ ᠳᠡᠭᠲᠦ ᠲᠡᠢ ᠮᠥᠩᠭᠥ ᠶ᠋ᠢ ᠨᠢ ᠠᠪᠤᠭᠠᠳ᠂ ᠣᠷᠣᠵᠤ ᠢᠷᠡᠨ ᠡᠪᠦᠭᠡᠨ ᠡᠴᠡ᠄《ᠶᠠᠮᠠᠷ ᠬᠣᠭᠣᠯᠠ ᠢᠳᠡᠬᠦ ᠪᠣᠢ?》 ᠭᠡᠰᠡᠨ ᠳ᠋ᠦ᠍᠂ ᠡᠪᠦᠭᠡᠨ ᠶᠡᠬᠡ ᠤᠳᠬ᠎ᠠ ᠭᠦᠨ ᠰᠢᠭ ᠰᠠᠬᠠᠯ ᠢ᠋ᠶ᠋ᠠᠨ ᠰᠢᠪᠲᠤᠷᠠᠭᠠᠳ᠂ ᠡᠮᠡᠭᠡᠨ ᠢ᠋ᠶ᠋ᠡᠨ ᠵᠠᠩᠨᠠᠭᠰᠠᠨ ᠨᠢ᠄《ᠥᠴᠥᠭᠡᠳᠦᠷ ᠠᠯᠠᠭᠰᠠᠨ ᠪᠠᠷᠰ ᠤ᠋ᠨ ᠡᠪᠴᠢᠭᠦᠦ ᠪᠠᠢᠬᠤ ᠦᠭᠡᠢ ᠤᠤ? ᠬᠡᠷᠪᠡ ᠴᠥᠮ ᠪᠠᠷᠠᠭᠳᠠᠭᠰᠠᠨ ᠪᠣᠯ ᠡᠨᠳᠡ ᠰᠠᠭᠤᠵᠤ ᠪᠠᠢᠭ᠎ᠠ᠁ ᠶ᠋ᠢ ᠣᠯᠵᠤ ᠦᠵᠡᠬᠦ ᠦᠭᠡᠢ ᠪᠠᠢᠨ᠎ᠠ ᠤᠤ?》 ᠭᠡᠰᠡᠨ ᠳ᠋ᠦ᠍ ᠪᠠᠷᠰ᠄《ᠠ! ᠴᠢᠮᠠᠶ᠋ᠢ ᠨᠠᠮᠠᠶ᠋ᠢ ᠢᠳᠡᠨ᠎ᠡ ᠭᠡᠵᠦ ᠪᠠᠢᠨ᠎ᠠ》 ᠶᠡᠬᠡᠯ᠎ᠡ ᠠᠶᠤᠵᠤ ᠭᠣᠳ ᠭᠠᠷᠤᠨ ᠳᠤᠲᠠᠭᠠᠬᠤ ᠳ᠋ᠤ᠌ ᠬᠦᠷᠢᠶᠡᠨ ᠦ᠌ ᠳᠤᠮᠳᠠ ᠵᠣᠭᠰᠣᠵᠤ ᠪᠠᠢᠭᠰᠠᠨ ᠤᠬᠤᠨ᠎ᠠ ᠲᠠᠢ ᠠᠭᠤᠯᠵᠠᠨ ᠨᠡᠩ ᠠᠶᠤᠵᠤ᠂ ᠠᠮᠢ ᠲᠠᠯᠪᠢᠨ ᠳᠣᠪᠲᠣᠯᠬᠤ ᠳ᠋ᠤ᠌ ᠤᠬᠤᠨ᠎ᠠ ᠬᠣᠢᠨ᠎ᠠ ᠠ᠋ᠴᠠ ᠨᠢ ᠥᠨᠳᠥᠷ ᠳᠠᠭᠤᠨ ᠢ᠋ᠶ᠋ᠠᠷ ᠮᠠᠢᠯᠠᠵᠤ ᠨᠡᠬᠡᠭᠰᠡᠭᠡᠷ ᠮᠥᠰᠥᠨ ᠳᠡᠭᠡᠷ᠎ᠡ ᠢᠷᠡᠵᠦ᠂ ᠪᠠᠷᠰ ᠳᠤᠲᠠᠭᠠᠨ ᠭᠠᠷᠪᠠ᠃ ᠤᠬᠤᠨ᠎ᠠ ᠭᠤᠯᠭᠤᠷᠢᠳᠤᠨ ᠤᠨᠠᠭᠠᠳ᠂ ᠶᠡᠬᠡ ᠳᠠᠭᠤᠨ ᠢ᠋ᠶ᠋ᠠᠷ ᠪᠠᠷᠬᠢᠷᠠᠭᠰᠠᠨ ᠨᠢ᠄《ᠢᠰᠢ! ᠬᠠᠷᠠᠯ᠎ᠠ! ᠳᠠᠯᠠᠢ ᠮᠢᠨᠢ ᠲᠠᠰᠤᠷᠠᠪᠠ᠃ ᠦᠭᠡᠢ ᠪᠣᠯ ᠴᠢᠮᠠᠶ᠋ᠢ ᠡᠨᠡ ᠡᠳᠦᠷ ᠪᠠᠷᠢᠵᠤ ᠢᠳᠡᠬᠦ ᠪᠠᠢᠭᠰᠠᠨ ᠶᠤᠮ》 ᠭᠡᠳ ᠬᠠᠷᠢᠪᠠ ᠭᠡᠨ᠎ᠡ᠃
ᠴᠢᠩᠭᠢᠭᠡᠳ ᠪᠠᠷᠰ ᠨᠢᠭᠡᠨ ᠠᠮᠢᠰᠬᠤᠭ᠎ᠠ ᠪᠠᠷ ᠭᠦᠶᠦᠵᠦ ᠪᠣᠳᠣᠭᠰᠠᠨ ᠨᠢ᠄《ᠲᠩᠷᠢ ᠨᠠᠮᠠᠶ᠋ᠢ ᠥᠷᠥᠰᠢᠶᠡᠭᠡᠳ ᠲᠡᠷᠡ ᠬᠣᠣᠰ ᠵᠢᠳᠠ ᠲᠠᠢ ᠠᠮᠢᠲᠠᠨ ᠤ᠋ ᠳᠠᠯᠠᠢ ᠶ᠋ᠢ ᠨᠢ ᠲᠠᠰᠤᠯᠪᠠ᠃ ᠦᠭᠡᠢ ᠪᠣᠯ ᠡᠨᠡ ᠡᠳᠦᠷ ᠬᠠᠷᠢᠨ ᠠᠮᠢ ᠪᠠᠨ ᠠᠯᠳᠠᠬᠤ ᠳ᠋ᠤ᠌ ᠬᠦᠷᠪᠡ》 ᠭᠡᠵᠦ ᠭᠦᠶᠦᠵᠦ ᠪᠠᠢᠭᠰᠠᠨ ᠳ᠋ᠤ᠌᠂ ᠨᠢᠭᠡ ᠬᠥᠬᠡ ᠴᠢᠨᠣ᠎ᠠ ᠲᠣᠬᠢᠶᠠᠯᠳᠤᠭᠠᠳ᠄《ᠪᠠᠷᠰ ᠠᠪᠤᠭᠠᠢ! ᠶᠠᠭᠤᠨ ᠳ᠋ᠤ᠌ ᠲᠡᠢᠮᠦ ᠯᠡ ᠭᠦᠶᠦᠵᠦ ᠪᠠᠢᠨ᠎ᠠ ᠪᠣᠢ?》 ᠭᠡᠵᠦ ᠠᠰᠠᠭᠤᠭᠰᠠᠨ ᠳ᠋ᠤ᠌᠂ ᠪᠠᠷᠰ ᠰᠠᠶᠢ ᠶ᠋ᠢᠨ ᠲᠠᠭᠠᠷᠠᠭᠰᠠᠨ ᠢ᠋ᠶ᠋ᠠᠨ ᠬᠡᠯᠡᠵᠦ ᠦᠭᠭᠦᠭᠰᠡᠨ ᠳ᠋ᠦ᠍᠂ ᠴᠢᠨᠣ᠎ᠠ ᠶᠡᠬᠡᠯ᠎ᠡ ᠢᠨᠢᠶᠡᠵᠦ《ᠠᠢ᠂ ᠪᠠᠷᠰ ᠭᠤᠸᠠᠢ!ᠲᠡᠷᠡ ᠴᠢᠨᠢ ᠤᠬᠤᠨ᠎ᠠ ᠪᠠᠢᠨ᠎ᠠ᠃ ᠪᠢ ᠣᠴᠢᠵᠤ ᠪᠠᠷᠢᠵᠤ ᠢᠳᠡᠶ᠎ᠡ!》 ᠭᠡᠰᠡᠨ ᠳ᠋ᠦ᠍ ᠪᠠᠷᠰ ᠪᠠᠬᠠᠨ ᠢᠲᠡᠭᠡᠵᠦ᠂ ᠬᠣᠶᠠᠭᠤᠯᠠ ᠰᠡᠭᠦᠯ ᠰᠡᠭᠦᠯ ᠡᠴᠡ ᠪᠡᠨ ᠬᠣᠯᠪᠣᠵᠤ ᠣᠴᠢᠭᠰᠠᠨ ᠳ᠋ᠤ᠌᠂ ᠡᠪᠦᠭᠡᠨ ᠦ᠌ ᠭᠡᠷ ᠦ᠋ᠨ ᠡᠭᠦᠳᠡᠨ ᠳ᠋ᠦ᠍ ᠣᠢᠷᠠᠳᠴᠤ ᠢᠷᠡᠭᠰᠡᠨ ᠳ᠋ᠦ᠍᠂ ᠡᠪᠦᠭᠡᠨ ᠭᠡᠷ ᠡᠴᠡ ᠪᠡᠨ ᠭᠠᠷᠤᠭᠠᠳ ᠡᠭᠦᠳᠡᠨ ᠳᠡᠭᠡᠷ᠎ᠡ ᠪᠡᠨ ᠵᠣᠭᠰᠣᠵᠤ᠂ ᠴᠢᠩᠭ᠎ᠠ ᠳᠠᠭᠤᠨ ᠢ᠋ᠶ᠋ᠠᠷ᠄《ᠬᠥᠭᠰᠢᠨ! ᠥᠨᠥ ᠵᠠᠯᠢᠲᠤ ᠴᠢᠨᠣ᠎ᠠ ᠴᠢᠨᠢ᠂ ᠥᠷᠢᠨ ᠳ᠋ᠡᠭᠡᠨ ᠨᠢᠭᠡ ᠪᠠᠷᠰ ᠠᠪᠴᠤ ᠢᠷᠡᠵᠡᠢ᠃ ᠠᠪᠤᠨᠠᠤ? ᠪᠣᠯᠢᠨᠠᠤ?》 ᠭᠡᠰᠡᠨ ᠳ᠋ᠦ᠍ ᠪᠠᠷᠰ ᠴᠢᠴᠠᠭ᠎ᠠ ᠠᠯᠳᠠᠲᠠᠯ᠎ᠠ ᠠᠶᠤᠵᠤ ᠴᠢᠨᠣ᠎ᠠ ᠪᠠᠨ ᠴᠢᠷᠦᠨ ᠭᠦᠶᠦᠵᠦ ᠨᠢᠭᠡᠨ ᠠᠮᠢᠰᠬᠤᠭ᠎ᠠ ᠪᠠᠷ ᠬᠡᠳᠦᠨ ᠠᠭᠤᠯᠠ ᠶ᠋ᠢ ᠳᠠᠪᠠᠵᠤ᠂ ᠬᠣᠢᠰᠢ ᠬᠠᠨᠳᠤᠨ ᠦᠵᠡᠭᠰᠡᠨ ᠳ᠋ᠦ᠍᠂ ᠴᠢᠨᠣ᠎ᠠ ᠨᠢ ᠴᠢᠷᠦᠭᠳᠡᠭᠰᠡᠭᠡᠷ ᠰᠢᠳᠦ ᠨᠢ ᠢᠷᠵᠠᠢᠵᠤ᠂ ᠦᠰᠦ ᠨᠢ ᠵᠤᠯᠭᠠᠷᠠᠵᠤ ᠦᠬᠦᠪᠡ ᠭᠡᠨ᠎ᠡ᠃ ᠪᠠᠷᠰ ᠡᠭᠦᠨ ᠢ᠋ ᠦᠵᠡᠭᠡᠳ ᠶᠡᠬᠡᠯ᠎ᠡ ᠠᠭᠤᠷᠯᠠᠵᠤ᠂ ᠪᠢ ᠠᠶᠤᠵᠤ ᠪᠠᠢᠬᠤ ᠳ᠋ᠤ᠌ ᠴᠢ ᠬᠠᠷᠢᠨ ᠢᠨᠢᠶᠡᠨ᠎ᠡ ᠭᠡᠨ᠎ᠡ? ᠪᠢ ᠲᠠᠭᠠᠷᠠᠵᠤ ᠪᠠᠢᠬᠤ ᠳ᠋ᠤ᠌ ᠴᠢ ᠬᠠᠯᠠᠭᠤᠳᠠᠨᠠ ᠭᠡᠨ᠎ᠡ? ᠭᠡᠵᠦ ᠴᠢᠨᠣ᠎ᠠ ᠪᠠᠨ ᠭᠡᠭᠡᠵᠦ ᠭᠦᠨ ᠠᠭᠤᠯᠠᠨ ᠳ᠋ᠤ᠌ ᠣᠷᠣᠵᠤ ᠠᠮᠢᠳᠤᠷᠠᠪᠠ ᠭᠡᠨ᠎ᠡ᠃
