ᠵᠠᠮ ᠊ᠤᠨ ᠵᠠᠬ᠎ᠠ -ᠤᠢᠭᠤᠷᠵᠢᠨ ᠰᠡᠴᠡᠨᠲᠤᠶᠠᠭ᠎ᠠ Замын зах-Уйгуржин Сэцэнтуяа Zamyn zakh
ᠵᠠᠮ ᠊ᠤᠨ ᠵᠠᠬ᠎ᠠ
ᠣᠷᠳᠣᠰ ᠠᠷᠠᠳ ᠤ᠋ᠨ ᠳᠠᠭᠤᠤ
ᠳᠠᠭᠤᠴᠢᠨ᠄ ᠤᠢᠭᠤᠷᠵᠢᠨ ᠰᠡᠴᠡᠨᠲᠤᠶᠠᠭ᠎ᠠ
ᠵᠠᠮ ᠤ᠋ᠨ ᠵᠠᠬ᠎ᠠ ᠶ᠋ᠢᠨ ᠵᠠᠭᠵᠠᠭᠠᠷ ᠬᠠᠢᠯᠠᠰᠤ ᠶ᠋ᠢ
ᠴᠠᠪᠴᠢᠪᠠᠴᠤ ᠵᠠᠩ ᠢ᠋ᠶ᠋ᠠᠷ ᠢ᠋ᠶ᠋ᠠᠨ
ᠵᠢᠭᠠᠬᠠᠨ ᠪᠠᠭ᠎ᠠ ᠶ᠋ᠢᠨ ᠴᠢ ᠪᠢᠳᠡ ᠬᠣᠶᠠᠭᠤᠯᠠ ᠶ᠋ᠢ
ᠵᠠᠩᠳᠤᠷᠪᠠᠴᠤ ᠵᠠᠩ ᠢ᠋ᠶ᠋ᠠᠷ ᠢ᠋ᠶ᠋ᠠᠨ
ᠴᠠᠭᠠᠨ ᠰᠠᠭᠠᠷᠠᠯ ᠢ᠋ᠶ᠋ᠠᠨ ᠤᠨᠤᠬᠤ ᠶ᠋ᠢᠨ ᠣᠷᠣᠨ ᠳ᠋ᠤ᠌
ᠶᠠᠪᠠᠭᠠᠨ ᠢ᠋ᠶ᠋ᠠᠷ ᠢ᠋ᠶ᠋ᠠᠨ ᠶᠠᠪᠤᠭᠰᠠᠨ ᠨᠢ ᠳᠡᠭᠡᠷ᠎ᠡ
ᠴᠠᠭᠠᠨᠴᠡᠴᠡᠭ ᠦ᠋ᠨ ᠳ᠋ᠦ᠍ ᠣᠷᠣᠬᠤ ᠶ᠋ᠢᠨ ᠣᠷᠣᠨ ᠳ᠋ᠤ᠌
ᠴᠠᠭᠠᠭᠤᠷ ᠢ᠋ᠶ᠋ᠠᠨ ᠶᠠᠪᠤᠭᠰᠠᠨ ᠳ᠋ᠠᠭᠠᠨ ᠳᠡᠭᠡᠷ᠎ᠡ
ᠴᠠᠭᠠᠨᠴᠡᠴᠡᠭ ᠦ᠋ᠨ ᠳ᠋ᠦ᠍ ᠣᠷᠣᠬᠤ ᠶ᠋ᠢᠨ ᠣᠷᠣᠨ ᠳ᠋ᠤ᠌
ᠴᠠᠭᠠᠭᠤᠷ ᠢ᠋ᠶ᠋ᠠᠨ ᠶᠠᠪᠤᠭᠰᠠᠨ ᠳ᠋ᠠᠭᠠᠨ ᠳᠡᠭᠡᠷ᠎ᠡ᠃
ᠠᠯᠠᠭ ᠮᠣᠷᠢᠨ ᠳ᠋ᠠᠭᠠᠨ ᠡᠮᠡᠭᠡᠯ ᠢ᠋ᠶ᠋ᠡᠨ ᠲᠣᠬᠣᠭᠠᠳ
ᠠᠳᠤᠭᠤᠨ ᠳ᠋ᠠᠭᠠᠨ ᠶᠠᠪᠤᠶ᠎ᠠ ᠳ᠋ᠣᠣ
ᠠᠮᠠᠷᠠᠭ ᠤ᠋ᠨ ᠰᠡᠳᠬᠢᠯ ᠨᠢᠭᠡᠲᠡᠢ ᠪᠠᠢᠪᠠᠯ
ᠠᠭᠠᠵᠢᠭᠤᠬᠠᠨ ᠵᠣᠯᠭᠠᠶ᠎ᠠ ᠳ᠋ᠣᠣ
ᠬᠣᠯᠠ ᠶᠣ ᠮᠣᠷᠢᠨ ᠳ᠋ᠤ᠌ ᠪᠠᠨ ᠡᠮᠡᠭᠡᠯ ᠢ᠋ᠶ᠋ᠡᠨ ᠲᠣᠬᠣᠭᠠᠳ
ᠬᠣᠨᠢᠨ ᠳ᠋ᠤ᠌ ᠪᠠᠨ ᠶᠠᠪᠤᠶ᠎ᠠ ᠳ᠋ᠣᠣ
ᠬᠣᠩᠭᠣᠷ ᠤ᠋ᠨ ᠰᠡᠳᠬᠢᠯ ᠨᠢᠭᠡᠲᠡᠢ ᠪᠠᠢᠪᠠᠯ
ᠬᠣᠢᠰᠢᠳᠠ ᠪᠠᠨ ᠵᠣᠯᠭᠠᠶ᠎ᠠ ᠳ᠋ᠣᠣ
ᠬᠣᠩᠭᠣᠷ ᠤ᠋ᠨ ᠰᠡᠳᠬᠢᠯ ᠨᠢᠭᠡᠲᠡᠢ ᠪᠠᠢᠪᠠᠯ
ᠬᠣᠢᠰᠢᠳᠠ ᠪᠠᠨ ᠵᠣᠯᠭᠠᠶ᠎ᠠ ᠳ᠋ᠣᠣ᠃
ᠵᠠᠮ ᠤ᠋ᠨ ᠵᠠᠬ᠎ᠠ ᠶ᠋ᠢᠨ ᠵᠠᠭᠵᠠᠭᠠᠷ ᠬᠠᠢᠯᠠᠰᠤ ᠶ᠋ᠢ
ᠴᠠᠪᠴᠢᠪᠠᠴᠤ ᠵᠠᠩ ᠢᠶᠠᠷ ᠢ᠋ᠶ᠋ᠠᠨ
ᠵᠢᠭᠠᠬᠠᠨ ᠪᠠᠭ᠎ᠠ ᠶ᠋ᠢᠨ ᠴᠢ ᠪᠢᠳᠡ ᠬᠣᠶᠠᠭᠤᠯᠠ ᠶ᠋ᠢ
ᠵᠠᠩᠳᠤᠷᠪᠠᠴᠤ ᠵᠠᠩ ᠢ᠋ᠶ᠋ᠠᠷ ᠢ᠋ᠶ᠋ᠠᠨ
ᠬᠠᠳᠠ ᠪᠠᠢᠭᠠᠳ ᠬᠠᠭᠠᠷᠠᠬᠤ ᠶ᠋ᠢᠨ ᠣᠷᠣᠨ ᠳ᠋ᠤ᠌
ᠬᠠᠢᠷᠬᠠᠭ ᠪᠣᠯᠤᠭᠠᠳ ᠪᠥᠮᠪᠥᠷᠢᠭᠰᠡᠨ ᠳᠡᠭᠡᠷ᠎ᠡ
ᠬᠠᠨᠢᠯᠠᠵᠤ ᠪᠠᠢᠭᠠᠳ ᠬᠠᠭᠠᠴᠠᠬᠤ ᠶ᠋ᠢᠨ ᠣᠷᠣᠨ ᠳ᠋ᠤ᠌
ᠬᠠᠷᠢᠨ ᠶᠡᠷᠦ ᠳ᠋ᠡᠭᠡᠨ ᠲᠠᠨᠢᠯᠴᠠᠬᠤ ᠦᠭᠡᠢ ᠨᠢ ᠳᠡᠭᠡᠷ᠎ᠡ᠃
ᠦᠰᠦᠭ ᠠᠮᠢᠯᠠᠭᠤᠯᠤᠭᠴᠢ᠄ ᠨᠠᠷᠠᠩᠭᠤᠸ᠋ᠠ
