ᠲᠡᠮᠡᠭᠡ -ᠵᠢ᠊ ᠴᠢᠯᠠᠭᠤТэмээ-Ж ЧулууTemee ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡ -ᠵᠢ᠊ ᠴᠢᠯᠠᠭᠤТэмээ-Ж ЧулууTemee

ᠲᠡᠮᠡᠭᠡ -ᠵᠢ᠊ ᠴᠢᠯᠠᠭᠤТэмээ-Ж ЧулууTemee

2025-03-07

1273

ᠲᠡᠮᠡᠭᠡ

  ᠵᠢ᠊ · ᠴᠢᠯᠠᠭᠤ 
ᠲᠡᠨᠢᠭᠡᠷᠬᠡᠨ ᠭᠣᠪᠢ ᠶ᠋ᠢᠨ ᠠᠭᠤᠳᠠᠮ ᠥᠷᠥᠴᠡᠨ ᠳ᠋ᠦ᠍ 
ᠲᠡᠨᠢᠭᠦᠬᠡᠨ ᠪᠡᠯᠴᠢᠭᠡᠷᠯᠡᠭᠰᠡᠨ ᠠᠮᠢᠳᠤ ᠡᠷᠳᠡᠨᠢ 
ᠲᠡᠮᠡᠭᠡᠨ ᠰᠦᠷᠦᠭ ᠨᠢ ᠵᠠᠭ ᠲᠠᠢ ᠪᠠᠨ ᠰᠢᠭᠤᠢᠷᠠᠭᠰᠠᠨ 
ᠲᠩᠷᠢ ᠵᠠᠶᠠᠭ᠎ᠠ ᠲᠠᠢ ᠨᠤᠲᠤᠭ ᠤ᠋ᠨ ᠬᠡᠢᠮᠣᠷᠢ 
ᠡᠩ ᠦᠭᠡᠢ ᠥᠷᠭᠡᠨ ᠡᠯᠡᠰᠦᠨ ᠳᠠᠯᠠᠢ ᠶ᠋ᠢ 
ᠡᠭᠴᠡᠬᠡᠨ ᠲᠤᠭᠤᠯᠬᠤ ᠳᠠᠷᠪᠠᠭᠤᠯ ᠦᠭᠡᠢ ᠣᠩᠭᠣᠴᠠ 
ᠡᠵᠡᠨ ᠪᠣᠯᠤᠭᠰᠠᠨ ᠮᠠᠯᠴᠢᠨ ᠪᠢᠳᠡᠨ ᠦ᠌ 
ᠡᠰᠡᠨᠢᠯ ᠬᠥᠭᠵᠢᠯ ᠦ᠋ᠨ ᠪᠡᠯᠭᠡ ᠲᠡᠮᠳᠡᠭ 
ᠲᠢᠪ ᠳᠡᠯᠡᠬᠡᠢ ᠶ᠋ᠢᠨ ᠣᠯᠠᠨ ᠬᠦᠴᠦᠲᠡᠨ ᠲᠡᠢ
ᠲᠡᠷᠢᠭᠦᠨ ᠪᠠᠢᠷᠢ ᠶ᠋ᠢ ᠮᠥᠷᠥᠢᠴᠡᠭᠰᠡᠨ
ᠲᠡᠰᠪᠦᠷᠢ ᠬᠠᠲᠠᠭᠤᠵᠢᠯ ᠤ᠋ᠨ ᠴᠢᠩᠭ᠎ᠠ ᠰᠢᠯᠭᠠᠯᠲᠠ ᠳ᠋ᠤ᠌
ᠲᠡᠭᠦᠨ ᠡᠴᠡ ᠳᠠᠪᠠᠭᠰᠠᠨ ᠬᠦᠴᠦᠲᠡᠨ ᠭᠡᠵᠦ ᠠᠯᠠᠭ᠎ᠠ
ᠲᠡᠷᠲᠡᠭᠡ ᠠᠯᠤᠰ ᠤ᠋ᠨ ᠣᠯᠠᠨ ᠵᠠᠭᠤᠨ ᠤ᠋ ᠴᠠᠭᠠᠨ᠎ᠠ ᠠ᠋ᠴᠠ
ᠲᠩᠷᠢᠯᠢᠭ ᠮᠣᠩᠭᠣᠯ ᠢ᠋ ᠨᠡᠭᠦᠳᠡᠯ  ᠰᠣᠶᠣᠯ ᠲᠠᠢ ᠨᠢ ᠬᠠᠮᠲᠤ
ᠲᠡᠨᠢᠭᠡᠷ ᠠᠭᠤᠳᠠᠮ ᠣᠩᠭᠣᠨ ᠪᠠᠢᠭᠠᠯᠢ ᠲᠠᠢ ᠨᠢ ᠪᠦᠲᠦᠨ ᠢ᠋ᠶ᠋ᠡᠷ ᠨᠢ
ᠲᠡᠦᠬᠡ ᠶ᠋ᠢᠨ ᠤᠷᠲᠤ ᠠᠶᠠᠨ ᠠ᠋ᠴᠠ ᠣᠷᠭᠢᠯ ᠦᠭᠡᠢ ᠠᠪᠴᠤ
ᠲᠦᠨᠡᠷ ᠬᠠᠷᠠᠩᠭᠤᠢ ᠰᠥᠨᠢ ᠶ᠋ᠢᠨ ᠡᠩᠬᠦᠯ ᠳᠤᠩᠬᠤᠯ ᠲᠠᠢ ᠵᠥᠷᠢᠭ ᠢ᠋ᠶ᠋ᠡᠷ
ᠲᠥᠭᠡᠷᠢᠵᠦ ᠪᠦᠳᠦᠷᠢᠵᠦ ᠪᠤᠴᠠᠯ ᠦᠭᠡᠢ ᠰᠢᠭᠤᠷᠬᠠᠢ ᠲᠤᠭᠤᠯᠵᠤ ᠭᠠᠷᠤᠭᠠᠳ
ᠲᠦᠪᠡᠭ ᠪᠡᠷᠬᠡ ᠲᠡᠢ ᠣᠯᠠᠨ ᠳᠠᠪᠠᠭ᠎ᠠ ᠶ᠋ᠢ ᠲᠦᠪᠡᠭᠳᠡᠯ ᠦᠭᠡᠢ ᠳᠠᠪᠠᠭᠰᠠᠭᠠᠷ
ᠲᠦᠪᠰᠢᠨ ᠲᠥᠷᠥ ᠶ᠋ᠢᠨ ᠭᠡᠭᠡᠨ ᠨᠠᠷᠠ ᠶ᠋ᠢ ᠪᠢᠳᠡᠨ ᠲᠡᠢ ᠬᠠᠮᠲᠤ ᠤᠭᠲᠤᠭᠰᠠᠨ ᠶᠤᠮ ᠠ᠋
ᠲᠡᠮᠡᠭᠡ—
ᠰᠠᠯᠢᠶᠠᠰᠤ ᠨᠢ ᠬᠠᠲᠠᠭ᠎ᠠ ᠦᠭᠡᠢ ᠨᠢᠯᠬ᠎ᠠ ᠦᠷ᠎ᠡ ᠪᠡᠨ
ᠰᠠᠯᠬᠢᠨ ᠠ᠋ᠴᠠ ᠬᠠᠯᠬᠠᠯᠠᠬᠤ ᠵᠣᠭᠳᠣᠷ ᠲᠠᠢ
ᠰᠠᠯᠵᠤ ᠪᠤᠲᠠᠷᠠᠭᠰᠠᠨ ᠢᠩᠭᠡᠳ ᠢ᠋ᠶ᠋ᠡᠨ ᠬᠤᠷᠢᠶᠠᠭᠠᠳ
ᠰᠠᠷ᠎ᠠ ᠪᠠᠷ ᠴᠤ᠌ ᠬᠤᠷᠢᠶᠠᠴᠢᠬᠠᠳᠠᠭ ᠣᠩᠭᠣᠨ ᠪᠤᠤᠷ᠎ᠠ ᠲᠠᠢ
ᠠᠢᠷᠠᠭ ᠰᠦ ᠶ᠋ᠢ ᠨᠢ ᠰᠢᠨᠵᠢᠯᠡᠵᠦ ᠰᠤᠳᠤᠯᠤᠭᠠᠳ
ᠠᠮᠲᠠᠲᠠᠨ ᠤ᠋ ᠳᠡᠭᠡᠵᠢ ᠭᠡᠵᠦ ᠲᠣᠳᠣᠷᠬᠠᠢᠯᠠᠭᠰᠠᠨ
ᠠᠷᠬᠠᠭ ᠡᠪᠡᠳᠴᠢᠨ ᠢ᠋ ᠠᠨᠠᠭᠠᠨ ᠵᠠᠰᠠᠳᠠᠭ
ᠠᠷᠢᠭᠤᠨ ᠰᠢᠮ᠎ᠡ ᠲᠡᠢ ᠰᠢᠳᠢᠲᠦ ᠤᠮᠳᠠᠭᠠᠨ
ᠰᠢᠨ᠎ᠡ ᠡᠷᠢᠨ ᠦ᠌ ᠰᠢᠯᠢᠳᠡᠭ ᠲᠧᠭᠨᠢᠭ ᠢ᠋ᠶ᠋ᠡᠷ
ᠰᠢᠮᠳᠠᠵᠤ ᠨᠠᠷᠢᠪᠴᠢᠯᠠᠨ ᠲᠤᠷᠰᠢᠭᠠᠳ
ᠰᠢᠨᠵᠢᠯᠡᠬᠦ ᠤᠬᠠᠭᠠᠨ ᠤ᠋ ᠳᠡᠭᠡᠳᠦ ᠮᠡᠷᠭᠡᠵᠢᠯ ᠢ᠋ᠶ᠋ᠡᠷ
ᠰᠢᠮ᠎ᠡ ᠲᠡᠢ ᠲᠣᠮ ᠲᠠᠢ ᠭᠡᠵᠦ ᠲᠣᠳᠣᠯᠠᠭᠰᠠᠨ
ᠤᠶᠠᠷᠠᠵᠤ ᠢᠪᠢᠯᠦᠭᠰᠡᠨ ᠰᠦ ᠨᠢ ᠱᠠᠩᠳᠠᠭᠤᠨ
ᠤᠮᠳᠠᠭ᠎ᠠ ᠪᠠᠨ ᠲᠠᠢᠯᠤᠭᠠᠳ ᠰᠡᠳᠬᠢᠯ ᠳ᠋ᠦ᠍ ᠬᠠᠩᠭᠠᠯᠤᠭᠤᠨ
ᠤᠷᠬᠠᠭ ᠭᠡᠮ ᠢ᠋ ᠦᠨᠳᠦᠰᠦ ᠪᠡᠷ ᠨᠢ ᠵᠠᠰᠠᠳᠠᠭ
ᠣᠨᠴᠠᠭᠠᠢ ᠴᠢᠳᠠᠯᠲᠠᠢ ᠪᠠᠢᠭᠠᠯᠢᠯᠢᠭ ᠢᠳᠡᠭᠡᠨ
ᠲᠥᠷᠥᠯᠬᠢ ᠪᠡᠶ᠎ᠡ ᠶ᠋ᠢ ᠨᠢ ᠡᠷᠳᠡᠨᠢ ᠭᠡᠵᠦ
ᠲᠥᠷᠥ ᠶ᠋ᠢᠨ ᠬᠠᠤᠯᠢ ᠪᠠᠷ ᠬᠠᠮᠠᠭᠠᠯᠠᠭᠰᠠᠨ
ᠲᠥᠷᠥᠭᠰᠡᠨ ᠨᠤᠲᠤᠭ ᠤ᠋ᠨ ᠮᠢᠨᠢ ᠪᠠᠬᠠᠷᠬᠠᠯ
ᠲᠦᠮᠡᠨ ᠣᠯᠠᠨ ᠤ᠋ ᠮᠢᠨᠢ ᠪᠠᠶᠠᠰᠤᠯ!
ᠲᠡᠮᠡᠭᠡ—
ᠬᠣᠮ ᠰᠠᠭᠤᠭᠰᠠᠨ ᠨᠢᠷᠤᠭᠤᠨ ᠤ᠋ ᠪᠠᠨ
ᠬᠣᠲᠣᠭᠣᠷ ᠲᠤ᠌ ᠪᠠᠨ ᠡᠪᠡᠰᠦ ᠤᠷᠭᠤᠭᠤᠯᠳᠠᠭ
ᠬᠣᠷᠸ᠎ᠠ ᠳᠡᠯᠡᠬᠡᠢ ᠳ᠋ᠦ᠍ ᠬᠣᠣᠰ ᠦᠭᠡᠢ
ᠬᠣᠪᠣᠷ ᠡᠷᠳᠡᠨᠢ ᠶ᠋ᠢᠨ ᠪᠦᠷᠢᠯᠸ᠎ᠠ
ᠤᠷᠤᠰᠬᠠᠯ ᠲᠤᠩᠭᠠᠯᠠᠭ ᠪᠤᠯᠠᠭ ᠤ᠋ᠨ ᠢ᠋ᠶ᠋ᠠᠨ
ᠤᠰᠤᠨ ᠠ᠋ᠴᠠ ᠠᠮᠲᠠᠷᠬᠠᠨ ᠤᠤᠭᠤᠬᠤ ᠳ᠋ᠤ᠌ ᠪᠠᠨ
ᠤᠷᠤᠭᠤᠯ ᠢ᠋ᠶ᠋ᠠᠨ ᠲᠥᠷᠥᠭᠡᠳ ᠰᠡᠭᠰᠦᠷᠳᠡᠭ
ᠤᠬᠠᠭᠠᠨ ᠤ᠋ ᠨᠣᠶᠠᠨ ᠰᠦᠮᠪᠦᠷ ᠠ᠋
ᠤᠤᠯᠭᠠᠮᠴᠢ ᠵᠢᠵᠢᠭ ᠵᠢᠷᠠᠭᠠᠬᠠᠢ ᠨᠤᠭᠤᠳ ᠲᠤ᠌ 
ᠤᠷᠢᠳ ᠢ᠋ᠶ᠋ᠠᠷ ᠥᠭᠭᠦᠭᠰᠡᠨ ᠳᠣᠬᠢᠶ᠎ᠠ ᠶᠤᠮ ᠭᠡᠳᠡᠭ
ᠤᠷᠭᠤᠵᠤ ᠲᠦᠷᠭᠡᠨ ᠵᠠᠢᠯᠠᠬᠤ ᠦᠭᠡᠢ ᠶᠦᠮ ᠪᠣᠯ
ᠣᠭᠣᠴᠢᠭᠠᠳ ᠬᠠᠮᠲᠤ ᠳ᠋ᠤ᠌ ᠨᠢ
ᠵᠠᠯᠭᠢᠴᠢᠬᠠᠬᠤ ᠪᠠᠢᠭᠰᠠᠨ
ᠣᠷᠴᠢᠯᠠᠩ ᠶᠢᠷᠲᠢᠨᠴᠦ ᠶ᠋ᠢᠨ ᠠᠭᠤᠳᠠᠮ ᠵᠠᠢ ᠳ᠋ᠤ᠌
ᠣᠯᠠᠨ ᠠᠮᠢᠲᠠᠨ ᠣᠷᠣᠩᠨᠠᠳᠠᠭ ᠪᠣᠯᠬᠣᠷ
ᠣᠷᠣᠰᠢᠯ ᠤ᠋ᠨ ᠨᠠᠷᠢᠨ ᠬᠡᠯᠬᠢᠶ᠎ᠡ ᠭᠡᠳᠡᠭ ᠨᠢ
ᠣᠨᠢᠰᠣᠭ᠎ᠠ ᠲᠠᠢ ᠬᠣᠷᠸ᠎ᠠ ᠶ᠋ᠢᠨ
ᠨᠢᠭᠤᠴᠠ ᠶᠤᠮ ᠪᠠᠢᠯ ᠦᠭᠡᠢ
ᠤᠤᠭᠠᠨ ᠪᠠᠢᠭᠠᠯᠢ ᠶ᠋ᠢᠨ ᠥᠨᠢᠳᠡ ᠶ᠋ᠢᠨ ᠵᠢᠮ᠎ᠡ ᠶ᠋ᠢ
ᠤᠴᠢᠷᠯᠠᠵᠤ ᠪᠢᠳᠡᠨ ᠳ᠋ᠦ᠍ ᠬᠦᠦᠷᠨᠢᠭᠡ ᠴᠤ᠌ ᠶᠤᠮ ᠤᠤ?
ᠤᠶᠠᠬᠠᠨ ᠽᠠᠮᠪᠤᠲᠢᠢᠪ ᠢ᠋ ᠨᠡᠪᠲᠡ ᠮᠡᠯᠮᠡᠢᠳᠡᠭᠰᠡᠨ
ᠤᠬᠠᠭᠠᠷᠠᠯ ᠤ᠋ᠨ ᠭᠡᠭᠡᠨ ᠲᠣᠯᠢ ᠴᠤ᠌ ᠶᠤᠮ ᠤᠤ?
ᠲᠡᠮᠡᠭᠡ—
ᠥᠩ ᠲᠡᠢ ᠵᠢᠯ ᠦ᠋ᠨ ᠬᠡᠰᠢᠭ ᠢ᠋ ᠬᠠᠷᠢᠭᠤᠯᠠᠵᠤ
ᠥᠭᠡᠬᠦᠨ ᠪᠦᠬᠦ ᠪᠡᠷ ᠢ᠋ᠶ᠋ᠡᠨ ᠲᠩᠷᠢ ᠪᠡᠨ ᠡᠷᠭᠦᠭᠰᠡᠨ
ᠥᠶᠥᠭ ᠲᠠᠩᠰᠤᠭ ᠪᠡᠯᠴᠢᠭᠡᠷ ᠨᠤᠲᠤᠭ ᠢ᠋ᠶ᠋ᠠᠨ
ᠥᠨᠳᠡᠭᠡᠨ ᠲᠠᠪᠠᠭ ᠢ᠋ᠶ᠋ᠠᠷ ᠢ᠋ᠶ᠋ᠠᠨ ᠢᠯᠪᠢᠵᠦ ᠡᠩᠬᠦᠷᠡᠢᠯᠡᠭᠰᠡᠨ
ᠭᠠᠴᠢᠭᠳᠠᠵᠤ ᠵᠦᠳᠡᠷᠡᠵᠦ ᠶᠠᠪᠤᠬᠤ ᠳ᠋ᠤ᠌
 ᠬᠠᠨᠢ ᠲᠦᠰᠢᠭ ᠪᠣᠯᠤᠭᠰᠠᠨ
ᠭᠠᠩᠳᠠᠵᠤ ᠵᠤᠳᠯᠠᠵᠤ ᠪᠠᠢᠭᠰᠠᠨ ᠴᠤ᠌ 
ᠨᠤᠲᠤᠭ ᠢ᠋ᠶ᠋ᠠᠨ ᠶᠡᠷᠦ ᠭᠣᠯᠣᠭ᠎ᠠ ᠦᠭᠡᠢ
ᠭᠠᠯᠪᠠ ᠶ᠋ᠢᠨ ᠭᠣᠪᠢ ᠶ᠋ᠢ ᠲᠤᠭᠤᠯᠤᠭᠰᠠᠨ ᠴᠤ᠌ 
ᠬᠦᠴᠦ ᠨᠢ ᠪᠠᠭᠤᠷᠠᠵᠤ ᠦᠵᠡᠭᠡ ᠦᠭᠡᠢ
ᠭᠠᠵᠠᠷ ᠬᠣᠯᠠ ᠶ᠋ᠢᠨ ᠠᠶᠠᠨ ᠳ᠋ᠤ᠌
ᠳᠠᠭᠠᠭᠠᠴᠠ ᠰᠤᠯᠠᠷᠠᠵᠤ ᠬᠣᠴᠣᠷᠤᠭ᠎ᠠ ᠦᠭᠡᠢ
ᠭᠠᠢ ᠵᠣᠪᠠᠯᠠᠩ ᠳ᠋ᠤ᠌ ᠳᠠᠭᠠᠷᠢᠭᠳᠠᠪᠠᠯ ᠶᠠᠰᠤ ᠪᠠᠨ ᠣᠷᠬᠢᠴᠢᠬᠠᠭᠠᠳ ᠴᠤ᠌ ᠪᠤᠴᠠᠳᠠᠭ
ᠭᠠᠩ ᠬᠠᠲᠠᠭᠤ ᠵᠣᠷᠢᠭ ᠲᠠᠢ ᠨᠤᠲᠤᠭ ᠤ᠋ᠨ ᠰᠢᠳᠤᠷᠭᠤ ᠰᠠᠬᠢᠭᠤᠰᠤ
ᠭᠠᠩᠭᠠᠩ ᠤᠯᠠᠭᠠᠨ ᠵᠢᠰᠦ ᠪᠡᠨ ᠠᠯᠳᠠᠷ ᠤ᠋ᠨ ᠬᠠᠭᠤᠳᠠᠰᠤᠨ ᠳ᠋ᠤ᠌ ᠮᠥᠩᠬᠡᠯᠡᠭᠰᠡᠨ
ᠭᠠᠪᠰᠢᠭᠠᠢ ᠠᠵᠢᠯᠴᠢ ᠮᠠᠯᠴᠢᠳ ᠤ᠋ᠨ 
ᠣᠮᠣᠭᠰᠢᠯ ᠪᠣᠯᠤᠭᠰᠠᠨ ᠲᠡᠮᠡᠭᠡᠳ ᠮᠢᠨᠢ
ᠭᠠᠷᠮᠠᠭᠠᠢ ᠰᠣᠳᠣᠨ ᠤᠶᠠᠭᠠᠴᠢᠳ ᠤ᠋ᠨ 
ᠤᠬᠠᠭᠠᠨ ᠬᠥᠳᠡᠯᠮᠦᠷᠢ ᠪᠡᠨ ᠰᠢᠩᠭᠡᠭᠡᠵᠦ
ᠭᠠᠳᠠᠨ᠎ᠠ ᠪᠠᠨ ᠰᠣᠢᠵᠤ ᠤᠶᠠᠬᠤ ᠳ᠋ᠤ᠌ ᠪᠠᠨ
ᠪᠦᠲᠦᠨ ᠨᠣᠢᠷ ᠦᠭᠡᠢ ᠬᠣᠨᠣᠭᠰᠠᠨ
ᠭᠠᠷ ᠤ᠋ᠨ ᠰᠣᠳᠣᠨ ᠡᠷᠳᠡᠮ ᠡᠴᠡ ᠨᠢ ᠭᠠᠵᠢᠯ ᠦᠭᠡᠢ ᠬᠠᠭᠰᠠᠷᠠᠨ
ᠭᠠᠯᠵᠠᠭᠤ ᠯᠤᠤ ᠶ᠋ᠢᠨ ᠬᠦᠵᠦᠭᠦᠦ ᠪᠡᠨ ᠰᠤᠩᠭᠠᠨ ᠰᠤᠩᠭᠠᠨ ᠬᠤᠷᠳᠤᠯᠠᠭᠰᠠᠨ
ᠬᠤᠷᠳᠤᠨ ᠠᠲᠠᠨ ᠤ᠋ ᠰᠢᠨᠳᠠᠰᠤ ᠶ᠋ᠢ ᠬᠤᠷᠠᠭᠰᠠᠨ ᠪᠦᠬᠦᠨ ᠳ᠋ᠦ᠍ ᠱᠠᠭᠰᠢᠭᠤᠯᠵᠤ
ᠬᠤᠢ ᠰᠠᠯᠬᠢ ᠰᠢᠭ᠋ ᠭᠦᠶᠦᠳᠡᠯ ᠢ᠋ᠶ᠋ᠡᠷ ᠢ᠋ᠶ᠋ᠡᠨ ᠭᠠᠷᠤᠭ᠎ᠠ ᠶ᠋ᠢᠨ ᠭᠠᠵᠠᠷ ᠠ᠋ᠴᠠ ᠦᠵᠦᠭᠦᠷᠯᠡᠵᠦ
ᠬᠣᠢᠨ᠎ᠠ ᠠ᠋ᠴᠠ ᠨᠢ ᠰᠢᠬᠠᠭᠰᠠᠨ ᠲᠣᠭᠣᠰᠣᠨ ᠠ᠋ᠴᠠ 
ᠬᠣᠯᠠ ᠡᠮᠦᠨ᠎ᠡ ᠡᠴᠡ ᠲᠦᠷᠦᠭᠦᠯᠡᠵᠦ
ᠬᠣᠲᠠᠯᠠ ᠣᠯᠠᠨ ᠢ᠋ᠶ᠋ᠠᠨ ᠪᠠᠶᠠᠰᠬᠠᠭᠤᠯᠤᠭᠰᠠᠨ
ᠬᠣᠣᠰ ᠪᠦᠬᠦ ᠲᠡᠢ ᠲᠡᠮᠡᠭᠡᠳ ᠮᠢᠨᠢ ᠠ᠋
ᠲᠡᠮᠡᠭᠡᠨ ᠵᠠᠶᠠᠭ᠎ᠠ ᠬᠤᠷᠤᠢ! ᠬᠤᠷᠤᠢ! ᠬᠤᠷᠤᠢ!
ᠲᠩᠷᠢᠯᠢᠭ ᠲᠦᠮᠡᠨ ᠮᠢᠨᠢ ᠬᠤᠷᠤᠢ! ᠬᠤᠷᠤᠢ! ᠬᠤᠷᠤᠢ!

   ᠢᠷᠡᠯᠲᠡ᠄ ᠪᠠᠶᠠᠨᠨᠠᠭᠤᠷ ᠬᠠᠮ ᠵᠠᠭᠤᠴᠢᠯᠠᠭᠤᠷ ᠤ᠋ᠨ ᠲᠥᠪ ᠡᠴᠡ ᠰᠡᠢᠷᠡᠭᠦᠯᠪᠡ᠃
   ᠵᠢ᠊· ᠴᠢᠯᠠᠭᠤ ᠥᠪᠥᠷ ᠮᠣᠩᠭᠣᠯ ᠤ᠋ᠨ ᠪᠠᠶᠠᠨᠨᠠᠭᠤᠷ ᠬᠣᠲᠠ ᠶ᠋ᠢᠨ ᠤᠷᠠᠳ ᠤ᠋ᠨ ᠬᠣᠢᠲᠤ ᠬᠤᠰᠢᠭᠤᠨ ᠤ᠋ ᠴᠤ᠌ᠭ ᠥᠨᠳᠥᠷ ᠪᠠᠯᠭᠠᠰᠤᠨ ᠤ᠋ ᠰᠢᠨᠡᠡᠤᠰᠤ ᠭᠠᠴᠠᠭᠠᠨ ᠤ᠋ ᠮᠠᠯᠴᠢᠨ
   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
   ᠬᠢᠨᠠᠭᠴᠢ᠄ ᠳ· ᠣᠶᠤᠨᠴᠡᠴᠡᠭ  ᠢᠷᠡᠭᠡᠳᠦᠢ