ᠪᠠ᠊·ᠲᠣᠭᠣᠰ ᠤᠨ ᠡᠮᠬᠢᠳᠬᠡᠵᠦ ᠨᠠᠢᠷᠠᠭᠤᠯᠤᠭᠰᠠᠨ ᠰᠤᠷᠭᠠᠯ ᠮᠥᠷᠲᠦ ᠨᠤᠭᠦᠳ 202501Б·тогосын эмхэтгэж найруулсан сургаал мөрт нөхөд ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠ᠊·ᠲᠣᠭᠣᠰ ᠤᠨ ᠡᠮᠬᠢᠳᠬᠡᠵᠦ ᠨᠠᠢᠷᠠᠭᠤᠯᠤᠭᠰᠠᠨ ᠰᠤᠷᠭᠠᠯ ᠮᠥᠷᠲᠦ ᠨᠤᠭᠦᠳ 202501Б·тогосын эмхэтгэж найруулсан сургаал мөрт нөхөд

ᠪᠠ᠊·ᠲᠣᠭᠣᠰ ᠤᠨ ᠡᠮᠬᠢᠳᠬᠡᠵᠦ ᠨᠠᠢᠷᠠᠭᠤᠯᠤᠭᠰᠠᠨ ᠰᠤᠷᠭᠠᠯ ᠮᠥᠷᠲᠦ ᠨᠤᠭᠦᠳ 202501Б·тогосын эмхэтгэж найруулсан сургаал мөрт нөхөд

2025-02-28

594

ᠳᠠᠮ ᠪᠣᠯ ᠲᠣᠮ ᠪᠣᠯ ᠡᠮ ᠪᠣᠯ 
ᠡᠷᠳᠡᠨᠢᠲᠦ ᠬᠥᠮᠦᠨ ᠦ᠌ ᠠᠮᠢᠳᠤᠷᠠᠯ ᠪᠣᠯᠪᠠᠰᠤ 
ᠡᠷᠳᠡᠨᠢ ᠮᠡᠲᠦ ᠬᠣᠪᠣᠷ ᠠᠵᠠ ᠲᠣᠬᠢᠶᠠᠯ 
ᠡᠷᠳᠡᠨᠢ ᠮᠡᠲᠦ ᠨᠠᠨᠳᠢᠩᠨᠠᠭᠤᠰᠢᠲᠠᠢ ᠬᠣᠷᠣᠮ ᠪᠦᠷᠢ ᠪᠣᠯᠠᠢ᠃
           2025.1.1 

ᠡᠷᠳᠡᠨᠢᠲᠦ ᠬᠥᠮᠦᠨ ᠦ᠌ ᠪᠡᠶ᠎ᠡ ᠭᠡᠭᠴᠢ ᠦᠨᠡᠬᠡᠷ ᠰᠠᠢᠬᠠᠨ 
ᠡᠨᠡ ᠶᠢᠷᠲᠢᠨᠴᠦ ᠳᠡᠭᠡᠷ᠎ᠡ ᠲᠡᠭᠦᠨ ᠲᠡᠢ ᠬᠣᠣᠰᠯᠠᠬᠤ ᠶᠠᠭᠤ ᠪᠠᠢᠨᠠᠮ᠃
           2025.1.2 
ᠣᠯᠳᠠᠬᠤᠶ᠎ᠠ ᠪᠡᠷᠬᠡ ᠡᠷᠳᠡᠨᠢᠲᠦ ᠬᠥᠮᠦᠨ ᠦ᠌ ᠪᠡᠶ᠎ᠡ ᠪᠡᠨ ᠬᠠᠢᠷᠠᠯᠠᠵᠤ ᠬᠠᠮᠠᠭᠠᠯᠠᠶᠤ 
ᠣᠯᠳᠠᠰᠢ ᠦᠭᠡᠢ ᠡᠷᠳᠡᠨᠢᠲᠦ ᠬᠥᠮᠦᠨ ᠦ᠌ ᠠᠮᠢᠳᠤᠷᠠᠯ ᠢ᠋ᠶ᠋ᠠᠨ ᠬᠢᠮᠠᠭᠠᠳᠠᠨ ᠭᠡᠭᠡᠷᠡᠵᠦ ᠠᠮᠢᠳᠤᠷᠠᠶᠤ᠃
           2025.1.3 

ᠡᠷᠳᠡᠨᠢᠲᠦ ᠬᠥᠮᠦᠨ ᠦ᠌ ᠠᠮᠢᠳᠤᠷᠠᠯ ᠤᠨ ᠮᠢᠬᠠᠨ ᠪᠡᠶ᠎ᠡ ᠪᠣᠯᠪᠠᠰᠤ ᠵᠣᠪᠠᠯᠠᠩ ᠤᠨ ᠦᠨᠳᠦᠰᠦ 
ᠡᠨᠡᠬᠦ ᠶᠢᠷᠲᠢᠨᠴᠦ ᠶ᠋ᠢᠨ ᠵᠢᠷᠭᠠᠯ ᠪᠣᠯᠪᠠᠰᠤ ᠵᠣᠪᠠᠯᠠᠩ ᠤᠨ ᠰᠢᠯᠲᠠᠭᠠᠨ ᠪᠤᠶᠤ
ᠡᠷᠳᠡᠨᠢᠲᠦ ᠬᠥᠮᠦᠨ ᠦ᠌ ᠲᠥᠷᠥᠯ ᠢ᠋ ᠠᠰᠢᠭᠯᠠᠵᠤ ᠭᠡᠭᠡᠷᠡᠯ ᠳ᠋ᠦ᠍ ᠰᠢᠮᠳᠠᠶᠤ᠃
           2025.1.4
ᠡᠷᠳᠡᠨᠢᠲᠦ ᠬᠥᠮᠦᠨ ᠦ᠌ ᠪᠡᠶ᠎ᠡ ᠶ᠋ᠢ ᠣᠯᠵᠤ ᠲᠥᠷᠥᠨ᠎ᠡ ᠭᠡᠳᠡᠭ ᠲᠤᠢᠯ ᠠ᠋ᠴᠠ ᠪᠡᠷᠬᠡ
ᠦᠯᠢᠭᠡᠷᠯᠡᠪᠡᠰᠦ《ᠳᠡᠭᠡᠭᠰᠢ ᠬᠠᠷᠠᠭᠤᠯᠤᠨ ᠬᠠᠳᠬᠤᠭᠰᠠᠨ ᠵᠡᠭᠦᠦ ᠶ᠋ᠢᠨ ᠦᠵᠦᠭᠦᠷ ᠲᠦ᠍ ᠠᠷᠪᠠᠢ ᠲᠣᠭᠲᠠᠭᠠᠬᠤ ᠲᠠᠢ ᠠᠳᠠᠯᠢ》 ᠪᠤᠶᠤ᠃
         2025.1.5

ᠡᠷᠳᠡᠨᠢᠳᠦ ᠬᠥᠮᠦᠨ ᠦ ᠥᠲᠡᠯᠵᠦ  ᠬᠥᠭᠰᠢᠷᠡᠬᠦ ᠨᠠᠰᠤ ᠶ᠋ᠢ
ᠶᠠᠮᠠᠷ ᠴᠦ᠍ ᠬᠥᠮᠦᠨ ᠲᠣᠭᠣᠷᠢᠵᠤ ᠭᠠᠷᠬᠤ ᠦᠭᠡᠢ᠂ ᠵᠠᠪᠠᠯ ᠳᠠᠭᠠᠷᠢᠵᠤ ᠭᠠᠷᠬᠤ ᠵᠢᠮ᠎ᠡ ᠲᠠᠢ᠃
        2025.1.6

ᠡᠷᠳᠡᠨᠢᠲᠦ ᠬᠥᠮᠦᠨ ᠦ ᠪᠡᠶ᠎ᠡ ᠶ᠋ᠢ ᠣᠯᠵᠤ ᠲᠥᠷᠥᠭᠡᠳ
ᠪᠦᠲᠦᠭᠡᠵᠦ ᠴᠣᠭᠴᠠᠯᠠᠭᠰᠠᠨ ᠪᠤᠶᠠᠨ ᠤ ᠵᠦᠢᠯ
ᠳᠠᠭᠤᠷᠢᠰᠬᠤ ᠠᠯᠳᠠᠷ ᠨᠡᠷ᠎ᠡ ᠪᠡᠷ ᠶ᠋ᠢᠡᠨ ᠬᠣᠶ᠋ᠢᠴᠢ ᠦᠶ᠎ᠡ ᠳ᠋ᠤ᠌ ᠮᠥᠩᠬᠡᠷᠡᠳᠡᠭ ᠡᠴᠡ ᠪᠤᠰᠤ
ᠨᠠᠰᠤᠨ ᠤ ᠲᠣᠭ᠎ᠠ ᠬᠡᠮᠵᠢᠶ᠎ᠡ ᠪᠡᠷ ᠳᠠᠭᠤᠷᠢᠰᠬᠤ ᠦᠭᠡᠢ ᠪᠢᠯᠡ᠃
        2025.1.7

ᠡᠷᠳᠡᠨᠢᠲᠦ ᠬᠥᠮᠦᠨ ᠥᠪᠡᠷ ᠶ᠋ᠢᠡᠨ ᠰᠢᠪᠬᠠᠭᠳᠠᠰᠢ ᠦᠭᠡᠢ ᠨᠢᠭᠡᠨ ᠶᠢᠷᠲᠢᠨᠴᠦ ᠪᠤᠶᠤ
ᠲᠡᠭᠦᠨ ᠦ ᠣᠶᠤᠨ ᠤᠬᠠᠭᠠᠨ ᠬᠢᠵᠠᠭᠠᠷ ᠦᠭᠡᠢ ᠪᠣᠯᠠᠢ᠃
       2025.1.8
 ᠡᠷᠳᠡᠨᠢᠲᠦ ᠬᠥᠮᠦᠨ ᠦ ᠨᠢᠭᠡ ᠨᠠᠰᠤᠨ ᠤ ᠠᠮᠢᠳᠤᠷᠠᠯ ᠳ᠋ᠤ᠌
 ᠬᠥᠮᠦᠨ ᠬᠡᠮᠡᠬᠦ ᠡᠷᠳᠡᠨᠢ ᠶ᠋ᠢᠨ ᠡᠷᠬᠢᠮ ᠴᠢᠨᠠᠷ ᠶ᠋ᠢᠠᠨ ᠬᠠᠳᠠᠭᠠᠯᠠᠵᠤ ᠶᠠᠪᠤᠬᠤ ᠤᠴᠢᠷᠲᠠᠢ ᠪᠣᠯᠠᠢ᠃
       2025.1.9

 ᠡᠷᠳᠡᠨᠢᠲᠦ ᠬᠥᠮᠦᠨ ᠦ ᠠᠮᠢᠳᠤᠷᠠᠯ ᠪᠣᠯᠪᠠᠰᠤ
   ᠡᠷᠲᠡᠨ ᠦ ᠪᠤᠷᠬᠠᠨ ᠮᠡᠷᠭᠡᠳ ᠦ᠋ᠨ ᠰᠤᠷᠭᠠᠯ ᠊ᠢ ᠢᠳᠡᠭᠡᠨ ᠦᠨᠡᠮᠰᠢᠬᠦ᠂ ᠵᠢᠷᠤᠮᠯᠠᠨ ᠳᠠᠭᠠᠬᠤ᠂ ᠪᠡᠶ᠎ᠡ ᠪᠡᠷ ᠶ᠋ᠢᠡᠨ ᠬᠡᠪ ᠳᠠᠭᠤᠷᠢᠶᠠᠯ ᠦᠵᠡᠭᠦᠯᠬᠦ ᠵᠡᠷᠭᠡ ᠪᠠᠷ ᠦᠷᠭᠦᠯᠵᠢᠯᠡᠳᠡᠭ ᠪᠤᠶᠤ᠃ 
        2025.1.10

ᠡᠷᠳᠡᠨᠢᠲᠦ ᠬᠥᠮᠦᠨ ᠪᠣᠯᠪᠠᠰᠤ
ᠨᠠᠰᠤᠨ ᠲᠤᠷᠰᠢ ᠳ᠋ᠠᠭᠠᠨ
ᠰᠤᠷᠴᠤ ᠬᠥᠮᠦᠵᠢᠳᠡᠭ᠂ ᠰᠡᠬᠡᠭᠡᠷᠡᠵᠦ ᠤᠬᠠᠭᠠᠷᠠᠳᠠᠭ᠂
ᠡᠭᠦᠨ ᠦ ᠤᠯᠠᠮ ᠠ᠋ᠴᠠ ᠭᠡᠭᠡᠷᠡᠯ ᠳ᠋ᠤ᠌ ᠬᠦᠷᠳᠡᠭ ᠪᠣᠯᠠᠢ᠃
        2025.1.11

 ᠡᠷᠳᠡᠨᠢᠲᠦ ᠬᠥᠮᠦᠨ ᠪᠣᠯᠪᠠᠰᠤ
 ᠲᠥᠷᠥᠯᠬᠢ ᠮᠥᠨ ᠴᠢᠨᠠᠷ ᠲᠠᠭᠠᠨ ᠤᠬᠠᠭᠠᠨ ᠪᠢᠯᠢᠭ ᠲᠡᠭᠦᠯᠲᠡᠢ ᠤᠴᠢᠷ
ᠥᠪᠡᠷ ᠊ᠢ ᠪᠠᠨ ᠥᠪᠡᠷᠲᠡᠭᠡᠨ ᠤᠬᠠᠮᠰᠠᠷ ᠲᠠᠢ ᠪᠠᠷ ᠵᠢᠯᠣᠭᠣᠳᠴᠤ ᠬᠥᠮᠦᠵᠢᠭᠦᠯᠳᠡᠭ ᠪᠣᠯᠠᠢ᠃
       2025.1.12

ᠡᠷᠳᠡᠨᠢᠲᠦ ᠬᠥᠮᠦᠨ ᠪᠣᠯᠪᠠᠰᠤ ᠣᠶᠤᠨ ᠤᠬᠠᠭᠠᠨ᠂ ᠰᠡᠳᠬᠢᠯ ᠰᠠᠨᠠᠭ᠎ᠠ
ᠵᠣᠷᠢᠭ ᠬᠠᠲᠠᠭᠤᠵᠢᠯ ᠤ᠋ᠨ ᠬᠠᠮᠤᠭ ᠤ᠋ᠨ ᠠᠷᠢᠭᠤᠨ ᠨᠠᠨᠳᠢᠨ ᠴᠢᠨᠠᠷ ᠢ᠋ ᠡᠵᠡᠮᠰᠢᠵᠦ ᠬᠥᠮᠦᠵᠢᠪᠡᠯ
ᠠᠮᠢᠳᠤ ᠶᠠᠪᠤᠬᠤ ᠶ᠋ᠢᠨ ᠵᠢᠷᠭᠠᠯ ᠢ᠋ ᠦᠨᠡᠨᠬᠦ ᠤᠬᠠᠭᠠᠷᠠᠨ ᠣᠢᠯᠠᠭᠠᠵᠤ ᠳᠡᠭᠡᠳᠦᠯᠡᠵᠦ ᠴᠢᠳᠠᠳᠠᠭ ᠪᠣᠯᠠᠢ᠃
       2025.1.13

ᠡᠷᠳᠡᠨᠢᠲᠦ ᠬᠥᠮᠦᠨ ᠪᠣᠯᠪᠠᠰᠤ
ᠥᠪᠡᠷ ᠦ᠋ᠨ ᠠᠮᠢᠳᠤᠷᠠᠯ ᠢ᠋ᠶ᠋ᠠᠨ
ᠤᠢᠳᠬᠠᠷ ᠵᠣᠪᠠᠯᠠᠩ ᠦᠭᠡᠢ ᠪᠡᠷ
ᠵᠣᠷᠢᠭ ᠰᠢᠨᠲᠠᠷᠠᠬᠤ ᠦᠭᠡᠢ ᠪᠡᠷ
ᠭᠠᠢᠬᠠᠯᠲᠠᠢ ᠰᠠᠢᠬᠠᠨ ᠢ᠋ᠶ᠋ᠠᠷ ᠵᠣᠬᠢᠶᠠᠵᠤ ᠪᠣᠯᠬᠤ ᠪᠣᠯᠤᠮᠵᠢ ᠪᠦᠷᠢᠨ ᠲᠡᠭᠦᠯᠳᠡᠷ ᠪᠠᠢᠳᠠᠭ ᠪᠤᠶᠤ᠃
       2025.1.14

ᠡᠷᠳᠡᠨᠢᠲᠦ ᠬᠥᠮᠦᠨ ᠪᠣᠯᠪᠠᠰᠤ ᠪᠡᠶ᠎ᠡ ᠪᠡᠨ ᠵᠥᠪ ᠠᠪᠴᠤ ᠶᠠᠪᠤᠬᠤ
ᠠᠳᠠᠯ ᠦᠢᠯᠡᠰ ᠢ᠋ᠶ᠋ᠡᠨ ᠪᠡᠶᠡᠯᠡᠭᠦᠯᠬᠦ
ᠬᠥᠮᠦᠨ ᠦ᠌ ᠮᠥᠰᠥ ᠪᠡᠷ ᠠᠷᠢᠭᠤᠨ ᠰᠠᠢᠨ ᠪᠠᠢᠬᠤ ᠶᠣᠰᠣ ᠲᠠᠢ᠃
       2025.1.15

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠥᠰᠬᠦ ᠳ᠋ᠡᠭᠡᠨ ᠬᠠᠲᠠᠭᠤᠵᠢᠯ ᠲᠠᠢ ᠪᠣᠯ
ᠥᠲᠡᠯᠬᠦ ᠳ᠋ᠡᠭᠡᠨ ᠵᠢᠷᠭᠠᠯ ᠲᠠᠢ ᠪᠠᠢᠳᠠᠭ ᠪᠣᠯᠠᠢ᠃
       2025.1.16

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠲᠡᠭᠦᠨ ᠢ᠋ ᠬᠢᠵᠦ ᠪᠦᠲᠦᠭᠡᠬᠦ ᠬᠦᠰᠡᠯ ᠪᠠᠢᠪᠠᠯ
ᠬᠡᠵᠢᠶ᠎ᠡ ᠴᠦ᠍ ᠴᠠᠭ ᠦᠶ᠎ᠡ ᠳ᠋ᠦ᠍ ᠬᠠᠶᠠᠭᠳᠠᠬᠤ ᠦᠭᠡᠢ
ᠬᠡᠮᠵᠢᠶᠡᠯᠡᠰᠢ ᠦᠭᠡᠢ ᠠᠵᠠ ᠵᠢᠷᠭᠠᠯ ᠢ᠋ ᠴᠣᠭᠴᠠᠯᠠᠵᠤ ᠴᠢᠳᠠᠳᠠᠭ ᠪᠤᠶᠤ᠃
       2025.1.17

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠪᠡᠶ᠎ᠡ ᠬᠡᠯᠡ ᠰᠡᠳᠬᠢᠯ ᠢ᠋ᠶ᠋ᠡᠨ ᠠᠷᠢᠭᠤᠰᠬᠠᠪᠠᠰᠤ
ᠠᠵᠤ ᠠᠮᠢᠳᠤᠷᠠᠯ ᠠᠵᠢᠯ ᠦᠢᠯᠡᠰ ᠨᠢ ᠦᠨ᠎ᠡ ᠴᠠᠨ᠎ᠠ ᠲᠠᠢ᠂ ᠤᠳᠬ᠎ᠠ ᠠᠭᠤᠯᠭ᠎ᠠ ᠲᠠᠢ ᠪᠣᠯᠵᠤ ᠴᠢᠳᠠᠮᠤᠢ᠃
       2025.1.18

ᠡᠷᠳᠡᠨᠢᠲᠦ ᠬᠥᠮᠦᠨ ᠦ᠌ ᠠᠮᠢᠳᠤᠷᠠᠯ ᠪᠣᠯᠪᠠᠰᠤ
ᠥᠪᠡᠷ ᠦ᠋ᠨ ᠨᠢᠳᠦ ᠪᠡᠷ ᠢ᠋ᠶ᠋ᠡᠨ ᠦᠵᠡᠵᠦ
ᠥᠪᠡᠷ ᠦ᠋ᠨ ᠪᠡᠶ᠎ᠡ ᠪᠡᠷ ᠢ᠋ᠶ᠋ᠡᠨ ᠲᠤᠭᠤᠯᠵᠤ ᠪᠠᠢᠮᠠᠨᠵᠢᠨ ᠤᠬᠠᠭᠠᠷᠠᠯ ᠭᠡᠭᠡᠷᠡᠯ ᠳ᠋ᠦ᠍ ᠬᠦᠷᠳᠡᠭ ᠪᠣᠯᠠᠢ
       2025.1.19

ᠡᠷᠳᠡᠨᠢᠲᠦ ᠬᠥᠮᠦᠨ ᠦ᠌ ᠠᠮᠢᠳᠤᠷᠠᠯ ᠪᠣᠯᠪᠠᠰᠤ
ᠥᠪᠡᠷ ᠦ᠋ᠨ ᠪᠡᠶ᠎ᠡ ᠶ᠋ᠢᠨ ᠳᠤᠲᠠᠭᠳᠠᠯ ᠲᠠᠢ ᠲᠠᠯ᠎ᠠ ᠪᠠᠨ ᠵᠠᠰᠠᠨ ᠲᠡᠭᠦᠯᠳᠡᠷᠵᠢᠭᠦᠯᠬᠦ
ᠲᠡᠭᠦᠰ ᠤᠬᠠᠭᠠᠷᠠᠯ ᠳ᠋ᠤ᠌ ᠬᠦᠷᠬᠦ ᠲᠡᠮᠡᠦᠯᠦᠯ ᠪᠣᠯᠠᠢ᠃
       2025.1.20

ᠡᠷᠳᠡᠨᠢᠲᠦ ᠬᠥᠮᠦᠨ ᠦ᠌ ᠠᠮᠢᠳᠤᠷᠠᠯ ᠪᠣᠯᠪᠠᠰᠤ
ᠴᠠᠢᠯᠭᠠᠨ ᠠᠷᠢᠭᠤᠨ ᠪᠣᠳᠢ ᠰᠡᠳᠬᠢᠯ ᠦ᠋ᠨ ᠮᠥᠨ ᠴᠢᠨᠠᠷ ᠢ᠋ᠶ᠋ᠠᠨ ᠢᠯᠡᠷᠡᠭᠦᠯᠵᠦ
ᠥᠪᠡᠷᠲᠡᠭᠡᠨ ᠥᠪᠡᠷ ᠢ᠋ ᠪᠡᠨ ᠠᠪᠤᠷᠠᠬᠤ ᠥᠩᠭᠡᠷᠡᠯᠲᠡ ᠪᠣᠯᠠᠢ᠃
       2025.1.21

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠬᠠᠮᠤᠭ ᠤ᠋ᠨ ᠬᠠᠲᠠᠭᠤ ᠰᠢᠭᠦᠭᠴᠢ ᠪᠣᠯᠪᠠᠰᠤ
ᠥᠪᠡᠷ ᠦ᠋ᠨ ᠠᠷᠢᠭᠤᠨ ᠪᠣᠳᠢ ᠰᠡᠳᠬᠢᠯ ᠪᠣᠯᠠᠢ᠃
       2025.1.22

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠰᠡᠳᠬᠢᠯ ᠦ᠋ᠨ ᠲᠡᠩᠬᠡᠭᠡ᠂ ᠪᠡᠶ᠎ᠡ ᠶ᠋ᠢᠨ ᠲᠡᠩᠬᠡᠭᠡ ᠶ᠋ᠢ ᠡᠷᠭᠦᠵᠦ ᠶᠠᠪᠤᠬᠤ ᠶᠣᠰᠣ ᠶ᠋ᠢ ᠮᠡᠳᠡᠷᠡᠵᠦ ᠶᠠᠪᠤᠪᠠᠰᠤ
ᠨᠠᠰᠤᠨ ᠲᠤᠷᠰᠢ ᠠᠵᠠ ᠵᠢᠷᠭᠠᠯ ᠲᠠᠢ ᠪᠠᠶᠠᠷ ᠪᠠᠶᠠᠰᠤᠯ ᠲᠠᠢ ᠠᠮᠢᠳᠤᠷᠠᠵᠤ ᠴᠢᠳᠠᠮᠤᠢ᠃
       2025.1.23

ᠡᠷᠳᠡᠨᠢᠲᠦ ᠬᠥᠮᠦᠨ ᠦ᠌ ᠠᠮᠢᠳᠤᠷᠠᠯ ᠪᠣᠯ
ᠡᠷᠡᠭᠦᠯ ᠪᠡᠶ᠎ᠡ ᠰᠠᠷᠠᠭᠤᠯ ᠤᠬᠠᠭᠠᠨ ᠢ᠋ᠶ᠋ᠠᠷ ᠰᠠᠭᠤᠷᠢ ᠪᠣᠯᠭᠠᠵᠤ
ᠠᠷᠢᠭᠤᠨ ᠪᠣᠳᠢ ᠰᠡᠳᠬᠢᠯ ᠢ᠋ᠶ᠋ᠡᠷ ᠵᠠᠰᠠᠯ ᠭᠣᠶᠣᠯᠠᠯ ᠪᠣᠯᠭᠠᠵᠤ
ᠡᠨᠡᠷᠢᠩᠭᠦᠢ ᠥᠷᠥᠰᠢᠶᠡᠩᠭᠦᠢ ᠭᠡᠭᠡᠷᠡᠯ ᠢ᠋ᠶ᠋ᠡᠷ ᠵᠣᠷᠢᠯᠭ᠎ᠠ ᠪᠣᠯᠭᠠᠳᠠᠭ ᠪᠣᠯᠠᠢ᠃
       2025.1.24

ᠡᠷᠳᠡᠨᠢᠲᠦ ᠬᠥᠮᠦᠨ ᠦ᠌ ᠠᠮᠢᠳᠤᠷᠠᠯ ᠪᠣᠯ
ᠬᠠᠲᠠᠭᠤᠵᠢᠯᠲᠠᠢ ᠲᠡᠰᠪᠦᠷᠢᠲᠡᠢ ᠪᠡᠷ ᠬᠦᠴᠢᠷ ᠵᠣᠪᠠᠯᠠᠩ ᠢ᠋ ᠲᠤᠭᠤᠯᠵᠤ
ᠬᠥᠮᠦᠨ ᠦ᠌ ᠳᠡᠭᠡᠳᠦ ᠬᠥᠮᠦᠨ ᠪᠣᠯᠵᠤ
ᠵᠢᠷᠭᠤᠭᠠᠨ ᠵᠠᠮ ᠠ᠋ᠴᠠ ᠬᠡᠲᠦᠯᠦᠭᠳᠡᠨ ᠠᠪᠤᠷᠠᠭᠳᠠᠬᠤ ᠠᠶᠠᠯᠠᠯ ᠪᠣᠯᠠᠢ᠃
       2025.1.25

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠪᠤᠶᠠᠨ ᠬᠤᠷᠢᠶᠠᠬᠤᠢ ᠶ᠋ᠢᠨ ᠳᠡᠭᠡᠳᠦ ᠨᠢ ᠠᠰᠠᠷᠠᠬᠤᠢ
ᠲᠤᠰᠠ ᠦᠢᠯᠡᠳᠬᠦ ᠶ᠋ᠢᠨ ᠳᠡᠭᠡᠳᠦ ᠨᠢ ᠨᠢᠭᠦᠯᠡᠰᠬᠦᠢ ᠭᠡᠳᠡᠭ ᠢ᠋ ᠣᠢᠯᠠᠭᠠᠪᠠᠰᠤ
ᠶᠡᠬᠡ ᠦᠢᠯᠡ ᠶ᠋ᠢ ᠪᠦᠲᠦᠭᠡᠵᠦ ᠴᠢᠳᠠᠮᠤᠢ᠃
       2025.1.26

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠡᠷᠳᠡᠨᠢ ᠲᠠᠨ᠎ᠠ ᠡᠯᠡᠭᠳᠡᠬᠦ ᠳᠣᠳᠣᠮ ᠥᠩᠭᠡ ᠣᠷᠣᠳᠠᠭ
ᠡᠷᠳᠡᠨᠢ ᠮᠡᠲᠦ ᠬᠥᠮᠦᠨ ᠵᠣᠪᠠᠯᠠᠩ ᠢ᠋ ᠲᠤᠭᠤᠯᠬᠤ ᠳᠣᠳᠣᠮ ᠤᠬᠠᠭᠠᠨ ᠣᠷᠣᠳᠠᠭ ᠵᠢᠮ᠎ᠡ ᠶ᠋ᠢ ᠦᠨᠡᠨᠬᠦ ᠮᠡᠳᠡᠷᠡᠪᠡᠰᠦ ᠳᠡᠭᠡᠳᠦ ᠪᠣᠯᠠᠢ᠃
       2025.1.27

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠬᠠᠲᠠᠭᠤᠵᠢᠵᠤ ᠶᠠᠪᠤᠪᠠᠯ ᠬᠠᠮᠤᠭ ᠲᠤ᠌ ᠲᠤᠰᠠᠲᠠᠢ
ᠠᠷᠢᠭᠤᠨ ᠶᠠᠪᠤᠪᠠᠯ ᠠᠰᠢᠳᠠ ᠲᠤᠰᠠᠲᠠᠢ ᠭᠡᠰᠡᠨ ᠢ᠋
ᠦᠢᠯᠡᠳᠦᠯᠭᠡ ᠳᠤᠮᠳᠠ ᠬᠡᠷᠡᠭᠵᠢᠭᠦᠯᠵᠦ ᠴᠢᠳᠠᠪᠠᠰᠤ ᠡᠷᠬᠢᠮ ᠪᠣᠯᠠᠢ᠃
       2025.1.28

ᠡᠷᠳᠡᠨᠢᠲᠦ ᠬᠥᠮᠦᠨ ᠦ᠌ ᠠᠮᠢᠳᠤᠷᠠᠯ ᠳ᠋ᠤ᠌
ᠬᠠᠢᠷ᠎ᠠ ᠪᠠᠷ ᠠᠮᠢᠳᠤᠷᠠᠯ ᠢ᠋ᠶ᠋ᠠᠨ ᠰᠦᠯᠡᠵᠦ ᠴᠢᠳᠠᠪᠠᠰᠤ
ᠠᠢᠯ ᠡᠷᠦᠬᠡ ᠠᠵᠢᠯ ᠦᠢᠯᠡᠰ
ᠰᠠᠨᠠᠭᠰᠠᠨ ᠶᠣᠰᠣᠭᠠᠷ ᠰᠡᠳᠭᠢᠴᠢᠯᠡᠨ ᠪᠦᠲᠦᠮᠦᠢ᠃
       2025.1.29

ᠡᠷᠳᠡᠨᠢ ᠮᠡᠲᠦ ᠬᠥᠮᠦᠨ ᠦ᠌ ᠠᠮᠢᠳᠤᠷᠠᠯ ᠢ᠋ᠶ᠋ᠠᠨ
ᠡᠷᠬᠢᠮᠯᠡᠵᠦ ᠳᠡᠭᠡᠳᠦᠯᠡᠵᠦ
ᠡᠵᠡᠮᠳᠡᠵᠦ ᠡᠵᠡᠩᠨᠡᠵᠦ
ᠡᠷᠴᠢᠮᠵᠢᠭᠦᠯᠵᠦ ᠲᠡᠭᠦᠯᠳᠡᠷᠵᠢᠭᠦᠯᠵᠦ ᠶᠠᠪᠤᠶᠤ᠃
       2025.1.30

ᠡᠷᠳᠡᠨᠢ ᠮᠡᠲᠦ ᠬᠥᠮᠦᠨ᠂ ᠵᠠᠶᠠᠭ᠎ᠠ ᠲᠠᠪᠢᠯᠠᠩ ᠢ᠋ᠶ᠋ᠠᠨ
ᠲᠤᠩᠭᠠᠯᠠᠭ ᠴᠡᠪᠡᠷ ᠠᠷᠢᠭᠤᠰᠬᠠᠵᠤ
ᠬᠡᠬᠡᠷᠡᠭᠦᠯᠵᠦ ᠭᠡᠷᠡᠯᠲᠦᠭᠦᠯᠵᠦ
ᠪᠣᠳᠢ ᠬᠤᠲᠤᠭ ᠲᠤ᠌ ᠬᠦᠷᠭᠡᠶ᠎ᠡ᠃
       2025.1.31

   ᠦᠰᠦᠭ ᠠᠮᠢᠯᠠᠭᠤᠯᠤᠭᠴᠢ᠄ ᠪᠠ᠊· ᠲᠣᠭᠣᠰ
   ᠦᠰᠦᠭ ᠬᠢᠨᠠᠭᠴᠢ᠄ ᠲᠣ᠊· ᠨᠠᠨᠳᠢᠨ᠂ ᠣᠳᠬᠠᠨᠰᠣ᠎ᠠ