ᠬᠣᠨᠢᠨ ᠊ᠤ᠌ ᠤᠭᠤᠴᠠХонны ууц Khonny uuts ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠢᠨ ᠊ᠤ᠌ ᠤᠭᠤᠴᠠХонны ууц Khonny uuts

ᠬᠣᠨᠢᠨ ᠊ᠤ᠌ ᠤᠭᠤᠴᠠХонны ууц Khonny uuts

ᠠᠩᠭᠢᠯᠠᠯ:ᠳᠣᠮᠣᠭ ᠦᠯᠢᠭᠡᠷ
2025-03-06

563

ᠬᠣᠨᠢᠨ ᠊ᠤ᠌ ᠤᠭᠤᠴᠠ

    ᠡᠷᠲᠡ ᠤᠷᠢᠳᠤ ᠴᠠᠭ ᠲᠤ᠌᠂ ᠮᠠᠨ ᠤ᠋ ᠡᠨᠡ ᠭᠠᠵᠠᠷ᠂ ᠠᠵᠢᠯ ᠦᠢᠯᠡ ᠳ᠋ᠦ᠍ ᠳᠤᠷ᠎ᠠ ᠦᠭᠡᠢ᠂ ᠠᠷᠢᠶᠠᠪᠠᠯᠤ ᠭᠡᠵᠦ ᠵᠠᠯᠪᠠᠷᠢᠭᠠᠳ᠂ ᠠᠷᠭ᠎ᠠ ᠮᠡᠬᠡ ᠪᠡᠷ ᠪᠠᠯᠢᠶᠠᠷᠲᠤᠨ᠂ ᠠᠰᠲᠠᠭᠠᠨ ᠬᠥᠮᠦᠨ ᠢ᠋ ᠵᠠᠯᠢᠯᠠᠵᠤ᠂ ᠠᠯᠢᠪᠠ ᠬᠦᠰᠡᠭᠰᠡᠨ ᠢ᠋ᠶ᠋ᠡᠨ ᠣᠯᠵᠠᠯᠠᠵᠤ᠂ ᠠᠮᠠᠨ ᠬᠦᠵᠦᠭᠦᠦ ᠤᠷᠤᠭᠤ ᠪᠠᠨ ᠭᠤᠯᠭᠤᠭᠤᠯᠳᠠᠭ᠂ ᠬᠠᠪ ᠵᠠᠪ ᠨᠢ ᠲᠠᠭᠠᠷᠠᠪᠠᠯ᠂ ᠬᠠᠷ᠎ᠠ ᠭᠠᠷ ᠢ᠋ᠶ᠋ᠠᠨ ᠰᠣᠩᠭᠣᠳᠠᠭ ᠬᠠᠷᠠᠰᠢᠯᠲᠠᠢ ᠲᠡᠢᠮᠦ ᠪᠠᠳᠢᠷᠴᠢᠨ ᠭᠡᠵᠦ᠂ ᠬᠠᠮᠢᠭ᠎ᠠ  ᠴᠤ᠌ ᠨᠢᠭᠡ ᠬᠣᠶᠠᠷ ᠦᠵᠡᠭᠳᠡᠳᠡᠭ ᠪᠠᠢᠵᠤ ᠭᠡᠨ᠎ᠡ᠃
    ᠵᠧ! ᠲᠡᠩᠭᠢᠭᠡᠳ ᠲᠡᠷᠡ ᠨᠢᠭᠡ ᠵᠢᠯ ᠦ᠋ᠨ ᠪᠢᠲᠡᠭᠦᠨ ᠦ᠌ ᠣᠷᠣᠢ ᠮᠥᠨ ᠳᠡᠭᠡᠷᠡᠬᠢ ᠬᠡᠯᠡᠭᠰᠡᠨ ᠰᠢᠭ ᠲᠡᠢᠮᠦ ᠬᠣᠶᠠᠷ ᠪᠠᠳᠢᠷᠴᠢᠨ ᠶᠠᠪᠤᠵᠤ ᠶᠠᠪᠤᠭᠰᠠᠭᠠᠷ ᠨᠢᠭᠡᠨ ᠠᠢᠯ ᠳ᠋ᠤ᠌ ᠲᠠᠭᠠᠷᠠᠵᠤ ᠣᠷᠣᠭᠰᠠᠨ ᠳ᠋ᠤ᠌᠂ ᠬᠠᠷᠢᠨ ᠭᠠᠭᠴᠠ ᠡᠮᠡᠭᠲᠡᠢ ᠰᠢᠨ᠎ᠡ ᠶ᠋ᠢᠨ ᠶᠠᠭᠤᠮ᠎ᠠ ᠪᠠᠨ ᠪᠡᠯᠡᠳᠬᠡᠨ ᠣᠷᠣᠨ ᠭᠠᠷᠤᠨ ᠰᠠᠨᠳᠤᠷᠵᠤ ᠪᠠᠢᠬᠤ ᠲᠠᠢ ᠳᠤᠬᠢᠶᠯᠠᠳᠣᠵᠣ ᠠᠮᠤᠷ ᠮᠡᠨᠳᠦ ᠪᠡᠨ ᠮᠡᠳᠡᠯᠴᠡᠨ ᠰᠠᠭᠤᠭᠰᠠᠨ ᠳ᠋ᠤ᠌᠂ ᠭᠡᠷ ᠦ᠋ᠨ ᠡᠵᠡᠨ ᠡᠮᠡᠭᠲᠡᠢ ᠮᠥᠨ ᠣᠷᠣᠨ ᠭᠠᠷᠤᠨ ᠶᠠᠭᠠᠷᠠᠵᠤ ᠪᠠᠢᠬᠤ ᠵᠠᠪᠰᠠᠷ ᠲᠤ᠌᠂ ᠡᠨᠡ ᠬᠣᠶᠠᠷ ᠪᠠᠳᠢᠷᠴᠢᠨ ᠢᠩᠭᠢᠵᠦ ᠴᠢᠩᠭᠢᠵᠦ ᠪᠠᠢᠭᠠᠳ᠂ ᠲᠣᠭᠣᠭᠠᠨ ᠳᠣᠲᠣᠷ᠎ᠠ ᠴᠢᠨᠠᠵᠤ ᠪᠠᠢᠭ᠎ᠠ ᠬᠣᠨᠢᠨ ᠤᠭᠤᠴᠠ ᠶ᠋ᠢ ᠨᠢ ᠣᠯᠵᠤ ᠦᠵᠡᠭᠡᠳ᠂ ᠬᠣᠶᠠᠭᠤᠯᠠ ᠪᠠᠨ ᠬᠤᠯᠠᠭᠤᠬᠤ ᠠᠷᠭ᠎ᠠ ᠪᠠᠨ ᠬᠡᠯᠡᠯᠴᠡᠨ ᠲᠣᠭᠲᠠᠭᠠᠳ᠂ ᠭᠡᠨᠡᠳᠲᠡ ᠪᠣᠰᠤᠯᠴᠠᠨ ᠵᠣᠳᠣᠯᠴᠠᠵᠤ ᠶᠡᠬᠡ ᠳᠠᠭᠤᠨ ᠢ᠋ᠶ᠋ᠠᠷ ᠬᠠᠷᠢᠶᠠᠯᠳᠤᠨ ᠨᠣᠴᠣᠯᠳᠤᠬᠤ ᠳ᠋ᠤ᠌᠂ ᠭᠠᠳᠠᠨ᠎ᠠ ᠪᠠᠢᠭᠰᠠᠨ ᠡᠮᠡᠭᠲᠡᠢ ᠶᠠᠭᠤ ᠪᠣᠯᠪᠠ ᠭᠡᠵᠦ ᠭᠡᠷ ᠲᠡᠭᠡᠨ ᠣᠷᠣᠵᠤ ᠦᠵᠡᠭᠰᠡᠨ ᠳ᠋ᠦ᠍᠂ ᠬᠠᠷᠢᠨ ᠬᠣᠶᠠᠷ ᠪᠠᠳᠢᠷᠴᠢᠨ ᠶᠠᠭᠤᠨ ᠤ᠋ ᠲᠤᠯᠠ ᠭᠡᠷᠡᠯᠲᠦᠭᠰᠡᠨ ᠢ᠋ ᠮᠡᠳᠡᠬᠦ ᠦᠭᠡᠢ ᠵᠢᠭᠤᠷᠠᠯᠳᠤᠵᠤ ᠪᠠᠢᠬᠤ ᠶ᠋ᠢ ᠦᠵᠡᠭᠡᠳ᠂ ᠬᠣᠶᠠᠭᠤᠯᠠ ᠶ᠋ᠢ ᠰᠠᠯᠭᠠᠨ ᠭᠠᠳᠠᠨ᠎ᠠ ᠠᠪᠴᠤ ᠭᠠᠷᠤᠭᠰᠠᠨ ᠳ᠋ᠤ᠌᠂ ᠨᠢᠭᠡ ᠨᠢ᠄《ᠡᠭᠡᠴᠢ ᠮᠢᠨᠢ ᠴᠢ ᠡᠭᠦᠨ ᠢ᠋ ᠲᠡᠪᠡᠷᠢᠵᠦ ᠪᠠᠢ᠃ ᠪᠢ ᠣᠷᠣᠵᠤ ᠡᠭᠦᠷᠭᠡ ᠪᠡᠨ ᠠᠪᠤᠶ᠎ᠠ᠃ ᠲᠠ ᠨᠠᠮᠠᠶ᠋ᠢ ᠶᠠᠪᠤᠭᠰᠠᠨ ᠬᠣᠢᠨ᠎ᠠ ᠡᠭᠦᠨ ᠢ᠋ ᠰᠠᠶᠢ ᠲᠠᠯᠪᠢᠭᠠᠷᠠᠢ!》 ᠭᠡᠵᠦ ᠭᠡᠷ ᠲᠦ᠋ᠨᠢ ᠣᠷᠣᠭᠰᠠᠨ ᠳ᠋ᠤ᠌ ᠭᠠᠳᠠᠨ᠎ᠠ ᠬᠣᠴᠣᠷᠤᠭᠰᠠᠨ ᠨᠢ ᠳᠡᠭᠡᠷ᠎ᠡ ᠳᠡᠭᠡᠷ᠎ᠡ ᠦᠰᠦᠷᠴᠦ ᠬᠠᠷᠢᠶᠠᠨ ᠶᠡᠬᠡ ᠬᠣᠷᠣᠰᠤᠭᠰᠠᠨ ᠮᠠᠶᠢᠭ ᠭᠠᠷᠭᠠᠬᠤ ᠳ᠋ᠤ᠌᠂ ᠳᠣᠲᠣᠷ᠎ᠠ ᠣᠷᠣᠭᠰᠠᠨ ᠨᠢᠭᠡ ᠨᠢ ᠶᠠᠭᠠᠷᠠᠨ ᠣᠷᠣᠵᠤ ᠲᠣᠭᠣᠭᠠᠨ ᠳᠣᠲᠣᠷ᠎ᠠ ᠠ᠋ᠴᠠ ᠤᠭᠤᠴᠠ ᠶ᠋ᠢ ᠭᠠᠷᠭᠠᠨ ᠠᠪᠤᠶ᠎ᠠ ᠭᠡᠰᠡᠨ ᠳ᠋ᠦ᠍᠂ ᠬᠠᠷᠢᠨ ᠶᠡᠬᠡ ᠬᠠᠯᠠᠭᠤᠨ ᠪᠥᠭᠡᠳ ᠭᠠᠷ ᠨᠢ ᠬᠠᠯᠠᠵᠤ᠂ ᠠᠪᠬᠤ ᠳ᠋ᠤ᠌ ᠪᠡᠷᠬᠡ ᠲᠡᠢ ᠲᠤᠯᠠ᠂ ᠠᠷᠭ᠎ᠠ ᠦᠭᠡᠢ ᠪᠣᠯᠵᠤ᠂ ᠭᠠᠳᠠᠨ᠎ᠠ ᠬᠥᠮᠦᠨ ᠳ᠋ᠡᠭᠡᠨ ᠮᠡᠳᠡᠭᠳᠡᠶ᠎ᠡ ᠭᠡᠵᠦ᠂ ᠶᠡᠬᠡ ᠳᠠᠭᠤᠨ ᠢ᠋ᠶ᠋ᠠᠷ ᠬᠠᠷᠢᠶᠠᠭᠰᠠᠨ ᠨᠢ᠄《ᠴᠢᠮ᠎ᠠ ᠮᠠᠭᠤ ᠠᠮᠢᠲᠠᠨ᠂ ᠰᠢᠲᠠᠩᠬᠠᠢ ᠲᠦᠯᠡᠩᠬᠡᠢ ᠴᠢᠭᠢᠶᠡᠲᠦᠷᠦ》 ᠭᠡᠰᠡᠨ ᠳ᠋ᠦ᠍᠂ ᠭᠠᠳᠠᠨ᠎ᠠ᠂ ᠡᠮᠡᠭᠲᠡᠢ ᠳ᠋ᠦ᠍ ᠪᠠᠷᠢᠭᠳᠠᠨ ᠵᠣᠭᠰᠣᠭᠰᠠᠨ ᠨᠢ᠂ ᠲᠡᠭᠦᠨ ᠦ᠌ ᠤᠳᠬ᠎ᠠ ᠶ᠋ᠢ ᠮᠡᠳᠡᠵᠦ ᠳᠣᠲᠣᠷ᠎ᠠ ᠪᠠᠨ ᠦᠨᠡᠬᠡᠷ ᠲᠡᠢᠮᠦ ᠬᠠᠯᠠᠭᠤᠨ ᠪᠣᠯ ᠶᠠᠭᠤᠨ ᠳ᠋ᠤ᠌ ᠬᠦᠢᠲᠡᠨ ᠤᠰᠤᠨ ᠳ᠋ᠤ᠌ ᠲᠥᠷᠥᠵᠦ ᠠᠪᠬᠤ ᠦᠭᠡᠢ ᠪᠣᠢ ᠭᠡᠵᠦ ᠪᠣᠳᠣᠭᠠᠳ ᠭᠡᠳᠡᠷᠭᠦ ᠬᠠᠷᠢᠶᠠᠭᠰᠠᠨ ᠨᠢ᠄《ᠴᠢᠮ᠎ᠠ ᠮᠠᠭᠤ ᠠᠮᠢᠲᠠᠨ᠂ ᠬᠦᠢᠲᠡᠨ ᠭᠣᠣᠯ ᠳ᠋ᠤ᠌ ᠴᠠᠷᠴᠠᠵᠤ ᠦᠬᠦᠭᠰᠡᠨ ᠴᠢᠭᠢᠶᠡᠲᠦᠷᠦ》 ᠭᠡᠰᠡᠨ ᠳ᠋ᠦ᠍ ᠳᠣᠲᠣᠷ᠎ᠠ ᠪᠠᠢᠭᠰᠠᠨ ᠨᠢᠭᠡ ᠨᠢ ᠮᠡᠳᠡᠵᠦ᠂ ᠤᠭᠤᠴᠠ ᠶ᠋ᠢ ᠬᠦᠢᠲᠡᠨ ᠤᠰᠤᠨ ᠳ᠋ᠤ᠌ ᠲᠥᠷᠥᠵᠦ ᠭᠠᠷᠭᠠᠭᠠᠳ᠂ ᠡᠭᠦᠷᠭᠡ ᠳ᠋ᠡᠭᠡᠨ ᠬᠢᠬᠦ ᠭᠡᠰᠡᠨ ᠳ᠋ᠦ᠍ ᠬᠠᠷᠢᠨ ᠪᠠᠭᠲᠠᠬᠤ ᠦᠭᠡᠢ ᠲᠤᠯᠠ ᠶᠡᠬᠡ ᠰᠠᠨᠳᠤᠷᠴᠤ ᠬᠠᠷᠢᠶᠠᠭᠰᠠᠨ ᠨᠢ᠄《ᠴᠢᠮ᠎ᠠ ᠮᠠᠭᠤ ᠠᠮᠢᠲᠠᠨ᠂ ᠠᠷᠤ ᠥᠪᠥᠷ ᠰᠤᠮᠤᠨ ᠳ᠋ᠠᠭᠠᠨ ᠪᠠᠭᠲᠠᠬᠤ ᠦᠭᠡᠢ ᠪᠣᠯᠤᠭᠰᠠᠨ ᠴᠢᠭᠢᠶᠡᠲᠦᠷᠦ》 ᠭᠡᠰᠡᠨ ᠳ᠋ᠦ᠍ ᠭᠠᠳᠠᠨ᠎ᠠ ᠪᠠᠢᠭᠰᠠᠨ ᠨᠢ ᠡᠭᠦᠷᠭᠡ ᠳ᠋ᠦ᠍ ᠪᠠᠭᠲᠠᠬᠤ ᠦᠭᠡᠢ ᠪᠠᠢᠨ᠎ᠠ ᠭᠡᠵᠦ ᠮᠡᠳᠡᠭᠡᠳ ᠬᠤᠭᠤᠯᠵᠤ ᠬᠢᠪᠡᠯ ᠪᠣᠯᠬᠤ ᠶᠤᠮ ᠭᠡᠳ᠄ 《ᠴᠢᠮ᠎ᠠ ᠮᠠᠭᠤ ᠠᠮᠢᠲᠠᠨ᠂ ᠨᠢᠷᠤᠭᠤ ᠪᠠᠷ ᠢ᠋ᠶ᠋ᠠᠨ ᠨᠤᠭᠤᠯᠤᠭᠤᠯᠵᠤ᠂ ᠨᠤᠭᠤᠰᠤ ᠪᠠᠷ ᠢ᠋ᠶ᠋ᠠᠨ ᠲᠠᠰᠤᠯᠤᠭᠤᠯᠵᠤ ᠦᠬᠦᠭᠰᠡᠨ ᠴᠢᠭᠢᠶᠡᠲᠦᠷᠦ》 ᠭᠡᠰᠡᠨ ᠳ᠋ᠦ᠍ ᠳᠣᠲᠣᠷ᠎ᠠ ᠪᠠᠢᠬᠤ ᠨᠢ᠄《ᠠ! ᠨᠠᠮᠠᠶ᠋ᠢ ᠬᠤᠭᠤᠯᠵᠤ ᠡᠭᠦᠷᠭᠡᠨ ᠳ᠋ᠡᠭᠡᠨ ᠤᠷᠤᠭᠤᠯ ᠭᠡᠵᠦ ᠪᠠᠢᠨ᠎ᠠ》 ᠭᠡᠳ ᠤᠭᠤᠴᠠ ᠶ᠋ᠢ ᠬᠢᠲᠤᠭ᠎ᠠ ᠦᠭᠡᠢ ᠭᠤᠢᠷᠠᠨᠴᠢ ᠠᠮᠢᠲᠠᠨ ᠰᠢᠦ》 ᠭᠡᠵᠦ ᠬᠠᠷᠢᠶᠠᠭᠰᠠᠨ ᠳ᠋ᠤ᠌ ᠭᠠᠳᠠᠨ᠎ᠠ ᠪᠠᠢᠭᠰᠠᠨ ᠨᠢ᠄《ᠬᠠᠨ᠎ᠠ ᠶ᠋ᠢᠨ ᠲᠣᠯᠣᠭᠠᠢ ᠠ᠋ᠴᠠ ᠳᠡᠭᠦᠵᠢᠯᠡᠭᠳᠡᠵᠦ ᠦᠬᠦᠭᠰᠡᠨ ᠴᠢᠭᠢᠶᠡᠲᠦᠷᠦ》 ᠭᠡᠰᠡᠨ ᠳ᠋ᠦ᠍ ᠳᠣᠲᠣᠷ᠎ᠠ ᠨᠢᠭᠡ ᠨᠢ ᠬᠠᠨ᠎ᠠ ᠶ᠋ᠢᠨ ᠲᠣᠯᠣᠭᠠᠢ ᠠ᠋ᠴᠠ ᠬᠢᠲᠤᠭ᠎ᠠ ᠶ᠋ᠢ ᠨᠢ ᠠᠪᠴᠤ ᠤᠭᠤᠴᠠ ᠶ᠋ᠢ ᠨᠢ ᠰᠠᠯᠭᠠᠨ ᠡᠭᠦᠷᠭᠡ ᠳ᠋ᠡᠭᠡᠨ ᠬᠢᠵᠦ ᠭᠠᠷᠴᠤ ᠢᠷᠡᠭᠡᠳ᠄《ᠵᠧ! ᠡᠭᠡᠴᠢ ᠮᠢᠨᠢ ᠨᠠᠮᠠᠶ᠋ᠢ ᠨᠡᠯᠢᠶᠡᠳ ᠶᠠᠪᠤᠭᠰᠠᠨ ᠬᠣᠢᠨ᠎ᠠ᠂ ᠡᠭᠦᠨ ᠢ᠋ ᠳᠡᠯᠪᠢ》 ᠭᠡᠵᠦ ᠬᠡᠯᠡᠭᠡᠳ ᠪᠠᠷᠠᠭᠤᠨᠰᠢ ᠭᠠᠷᠴᠤ ᠶᠠᠪᠤᠵᠠᠢ᠃ ᠴᠢᠩᠭᠢᠭᠡᠳ ᠨᠡᠯᠢᠶᠡᠳ ᠶᠠᠪᠤᠭᠰᠠᠨ ᠬᠣᠢᠨ᠎ᠠ᠂ ᠡᠮᠡᠭᠲᠡᠢ ᠭᠠᠳᠠᠨ᠎ᠠ ᠪᠠᠢᠭᠰᠠᠨ ᠢ᠋ ᠨᠢ ᠲᠠᠯᠪᠢᠭᠰᠠᠨ ᠳ᠋ᠤ᠌᠂ ᠲᠡᠷᠡ ᠮᠠᠰᠢ ᠠᠭᠤᠷᠲᠠᠢ ᠪᠠᠷ ᠡᠷᠬᠡᠪᠰᠢ ᠬᠥᠭᠡᠭᠡᠵᠦ ᠭᠦᠢᠴᠡᠵᠦ ᠠᠯᠠᠶ᠎ᠠ ᠭᠡᠵᠦ ᠨᠡᠬᠡᠵᠦ ᠭᠦᠶᠦᠵᠡᠢ᠃
    ᠴᠢᠩᠭᠢᠭᠡᠳ ᠳᠠᠯᠳᠠ ᠣᠷᠣᠵᠤ ᠬᠣᠶᠠᠷ ᠪᠠᠳᠢᠷᠴᠢᠨ ᠬᠠᠷᠢᠯᠴᠠᠨ ᠪᠡᠶ᠎ᠡ ᠪᠡᠶ᠎ᠡ ᠪᠡᠨ ᠮᠠᠭᠲᠠᠯᠴᠠᠨ ᠬᠣᠢᠭᠤᠷ ᠠᠷᠭ᠎ᠠ ᠪᠠᠨ ᠭᠠᠢᠬᠠᠭᠤᠯᠤᠨ ᠤᠭᠤᠴᠠ ᠪᠠᠨ ᠢᠳᠡᠵᠦ ᠶᠠᠪᠤᠪᠠ ᠭᠡᠨ᠎ᠡ᠃