ᠭᠡᠵᠢᠭᠡᠨ ᠬᠦᠦГижигэн хүү Gijigen khüü ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠵᠢᠭᠡᠨ ᠬᠦᠦГижигэн хүү Gijigen khüü

ᠭᠡᠵᠢᠭᠡᠨ ᠬᠦᠦГижигэн хүү Gijigen khüü

ᠠᠩᠭᠢᠯᠠᠯ:ᠳᠣᠮᠣᠭ ᠦᠯᠢᠭᠡᠷ
2025-03-05

458

    ᠭᠡᠵᠢᠭᠡᠨ ᠬᠦᠦ ᠨᠢᠭᠡ ᠡᠳᠦᠷ ᠪᠤᠰᠢᠭᠤᠬᠠᠨ ᠪᠣᠷᠣ ᠳᠠᠭ᠎ᠠ ᠪᠠᠨ ᠤᠨᠤᠭᠠᠳ᠂ ᠲᠥᠪᠥᠭᠡᠷᠬᠡᠨ ᠵᠠᠮ ᠢ᠋ᠶ᠋ᠠᠷ ᠰᠢᠪᠬᠠᠷᠠᠨ ᠭᠤᠶᠠᠳᠠᠭᠠᠳ ᠢᠰᠬᠢᠷᠦᠨ ᠳᠠᠪᠬᠢᠵᠤ ᠶᠠᠪᠤᠵᠠᠢ᠃
ᠢᠩᠭᠢᠭᠡᠳ ᠶᠠᠪᠤᠵᠤ ᠪᠠᠢᠭᠰᠠᠨ ᠴᠢᠨᠢ ᠭᠡᠨᠡᠳᠲᠡ ᠣᠯᠠᠨ ᠨᠦᠬᠡᠨ ᠳ᠋ᠦ᠍ ᠰᠣᠯᠣᠩᠭ᠎ᠠ ᠭᠦᠶᠦᠵᠦ ᠣᠷᠣᠪᠠ᠃ ᠭᠡᠵᠢᠭᠡᠨ ᠬᠦᠦ ᠲᠡᠭᠦᠨ ᠢ᠋ ᠤᠳᠤᠭᠠᠳ ᠰᠠᠭᠤᠵᠤ ᠪᠠᠢᠭᠰᠠᠨ ᠴᠢᠨᠢ᠂ ᠬᠠᠭᠠᠨ ᠤ᠋ ᠠᠳᠤᠭᠤᠨ ᠤ᠋ ᠬᠥᠮᠦᠨ᠂ ᠬᠤᠯᠤᠰᠤᠨ ᠦᠶ᠎ᠡ ᠲᠡᠢ ᠤᠷᠭ᠎ᠠ ᠪᠠᠨ ᠪᠠᠷᠢᠵᠤ᠂ ᠬᠤᠪᠠᠬᠠᠢ ᠮᠣᠳᠣᠨ ᠡᠮᠡᠭᠡᠯ ᠢ᠋ᠶ᠋ᠡᠨ ᠲᠣᠬᠣᠵᠤ᠂ ᠬᠤᠷ ᠳᠡᠯ ᠲᠡᠢ ᠠᠵᠢᠷᠭ᠎ᠠ ᠪᠠᠨ ᠤᠨᠤᠵᠤ? ᠶᠠᠭᠤ ᠬᠢᠵᠦ ᠪᠠᠢᠭ᠎ᠠ ᠶᠤᠮ ᠢᠷᠡᠭᠡᠳ᠂ᠭᠡᠵᠢᠭᠡᠨ ᠬᠦᠦ ᠡᠴᠡ᠄《ᠴᠢ ᠶᠠᠮᠠᠷ ᠬᠥᠮᠦᠨ ᠪᠣᠢ? ᠶᠠᠭᠤ ᠬᠢᠵᠦ ᠪᠠᠢᠭ᠎ᠠ ᠬᠥᠮᠦᠨ ᠪᠣᠢ?》 ᠭᠡᠵᠦ ᠠᠰᠠᠭᠤᠭᠰᠠᠨ ᠳ᠋ᠤ᠌᠂ ᠭᠡᠵᠢᠭᠡᠨ ᠬᠦᠦ᠄《ᠪᠢ ᠪᠣᠯ ᠭᠡᠵᠢᠭᠡᠨ ᠬᠦᠦ ᠭᠡᠳᠡᠭ᠃ ᠪᠤᠰᠢᠭᠤᠬᠠᠨ ᠪᠣᠷᠣ ᠳᠠᠭ᠎ᠠ ᠪᠠᠨ ᠤᠨᠤᠭᠠᠳ ᠲᠥᠪᠥᠭᠡᠷᠬᠡᠨ ᠵᠠᠮ ᠢ᠋ᠶ᠋ᠠᠷ ᠰᠢᠪᠬᠠᠷᠠᠨ ᠢᠰᠬᠢᠷᠦᠨ ᠳᠠᠪᠬᠢᠵᠤ ᠪᠠᠢᠭᠰᠠᠨ ᠳ᠋ᠤ᠌᠂ ᠭᠡᠨᠡᠳᠲᠡ ᠣᠯᠠᠨ ᠨᠦᠬᠡᠨ ᠳ᠋ᠦ᠍ ᠰᠣᠯᠣᠩᠭ᠎ᠠ ᠭᠦᠶᠦᠵᠦ ᠣᠷᠣᠪᠠ᠃ ᠴᠢᠩᠭᠢᠭᠡᠳ ᠪᠢ ᠲᠡᠭᠦᠨ ᠢ᠋ ᠤᠲᠤᠵᠤ ᠪᠠᠢᠨ᠎ᠠ》 ᠭᠡᠪᠡ᠃ᠡᠭᠦᠨ ᠳ᠋ᠦ᠍ ᠠᠳᠤᠭᠤᠨ ᠤ᠋ ᠬᠥᠮᠦᠨ ᠬᠡᠯᠡᠭᠰᠡᠨ ᠨᠢ᠄《ᠴᠢ ᠶᠠᠭᠠᠬᠢᠭᠰᠠᠨ ᠣᠯᠠᠨ ᠦᠭᠡ ᠲᠡᠢ ᠬᠥᠮᠦᠨ ᠪᠣᠢ? ᠰᠣᠯᠣᠩᠭ᠎ᠠ ᠤᠲᠤᠵᠤ ᠪᠠᠢᠨ᠎ᠠ ᠭᠡᠪᠡᠯ ᠨᠢᠭᠡ ᠦᠭᠡᠢ ᠪᠢᠰᠢ ᠤᠤ?》 ᠭᠡᠰᠡᠨ ᠳ᠋ᠦ᠍᠂ ᠭᠡᠵᠢᠭᠡᠨ ᠬᠠᠷᠢᠭᠤᠯᠤᠭᠰᠠᠨ ᠨᠢ᠄《ᠣᠯᠠᠨ ᠦᠭᠡ ᠴᠡᠭᠡᠵᠢᠨ ᠳ᠋ᠦ᠍ ᠪᠠᠢᠳᠠᠭ᠃ ᠥᠨᠳᠥᠷ ᠮᠣᠳᠣ ᠠᠭᠤᠯᠠᠨ ᠳ᠋ᠤ᠌ ᠪᠠᠢᠳᠠᠭ》 ᠭᠡᠵᠦ ᠬᠡᠯᠡᠬᠦ ᠳ᠋ᠦ᠍᠂ ᠬᠠᠭᠠᠨ ᠤ᠋ ᠠᠳᠤᠭᠤᠨ ᠤ᠋ ᠬᠥᠮᠦᠨ ᠠᠭᠤᠷᠯᠠᠵᠤ᠄ 《ᠴᠢ ᠶᠠᠭᠠᠬᠢᠭᠰᠠᠨ ᠬᠡᠳᠡᠷ ᠦᠭᠡ ᠲᠡᠢ ᠬᠥᠮᠦᠨ ᠪᠣᠢ?》 ᠭᠡᠰᠡᠨ ᠳ᠋ᠦ᠍᠂ ᠭᠡᠵᠢᠭᠡᠨ ᠬᠦᠦ᠄《ᠬᠡᠳᠡᠷ ᠦᠭᠡ ᠬᠡᠪᠡᠯᠢ ᠳ᠋ᠦ᠍ ᠪᠠᠢᠳᠠᠭ᠃ ᠬᠡᠳᠡᠷᠭᠡ ᠮᠣᠳᠣ ᠠᠭᠤᠯᠠᠨ ᠳ᠋ᠤ᠌ ᠪᠠᠢᠳᠠᠭ》 ᠭᠡᠰᠡᠨ ᠳ᠋ᠦ᠍᠂ ᠬᠠᠭᠠᠨ ᠤ᠋ ᠠᠳᠤᠭᠤᠨ ᠤ᠋ ᠬᠥᠮᠦᠨ ᠶᠡᠬᠡ ᠠᠭᠤᠷᠯᠠᠵᠤ᠄《ᠴᠢ ᠶᠠᠭᠠᠬᠢᠭᠰᠠᠨ ᠬᠣᠣᠰ ᠦᠭᠡ ᠲᠡᠢ ᠬᠥᠮᠦᠨ ᠪᠣᠢ?》 ᠭᠡᠵᠦ ᠵᠠᠩᠳᠤᠷᠬᠤ ᠳ᠋ᠤ᠌᠂ ᠭᠡᠵᠢᠭᠡᠨ ᠬᠦᠦ ᠠᠯᠭᠤᠷ ᠢ᠋ᠶ᠋ᠠᠷ ᠬᠠᠷᠢᠭᠤᠯᠤᠭᠰᠠᠨ ᠨᠢ᠄《ᠬᠣᠣᠰ ᠦᠭᠡ ᠴᠡᠭᠡᠵᠢᠨ ᠳ᠋ᠦ᠍ ᠪᠠᠢᠳᠠᠭ᠂ ᠬᠣᠰᠬᠢᠨᠠᠭ ᠪᠥᠭᠰᠡᠨ ᠳ᠋ᠦ᠍ ᠪᠠᠢᠳᠠᠭ ᠶᠤᠮ》 ᠭᠡᠪᠡ᠃
ᠡᠭᠦᠨ ᠳ᠋ᠦ᠍ ᠬᠠᠭᠠᠨ ᠤ᠋ ᠠᠳᠤᠭᠤᠨ ᠤ᠋ ᠬᠥᠮᠦᠨ ᠶᠡᠬᠡᠯ᠎ᠡ ᠠᠭᠤᠷᠯᠠᠨ ᠶᠠᠪᠤᠵᠤ᠂ ᠳᠠᠷᠤᠢ ᠬᠠᠭᠠᠨ ᠳ᠋ᠠᠭᠠᠨ ᠣᠴᠢᠵᠤ ᠮᠡᠳᠡᠭᠡᠯᠡᠵᠡᠢ᠃ ᠮᠠᠷᠠᠭᠠᠰᠢ ᠨᠢ ᠬᠠᠭᠠᠨ ᠤ᠋ ᠴᠡᠷᠢᠭ ᠢᠷᠡᠵᠦ ᠭᠡᠵᠢᠭᠡᠨ ᠬᠦᠦ ᠶ᠋ᠢ ᠬᠠᠭᠠᠨ ᠤ᠋ ᠣᠷᠳᠣᠨ ᠳ᠋ᠤ᠌ ᠳᠠᠭᠤᠳᠠᠨ ᠠᠪᠠᠴᠢᠭᠠᠳ ᠬᠠᠭᠠᠨ ᠤ᠋ ᠪᠠᠭ᠎ᠠ ᠬᠠᠲᠤᠨ ᠲᠠᠢ ᠠᠭᠤᠯᠵᠠᠭᠤᠯᠪᠠ᠃
ᠭᠡᠵᠢᠭᠡᠨ ᠬᠦᠦ ᠪᠠᠭ᠎ᠠ ᠬᠠᠲᠤᠨ ᠲᠠᠢ ᠠᠭᠤᠯᠵᠠᠵᠤ ᠬᠡᠯᠡᠭᠰᠡᠨ ᠨᠢ᠄《ᠢᠮᠠᠭᠠᠨ ᠲᠣᠯᠣᠭᠠᠢ ᠶᠠᠩ ᠳ᠋ᠤ᠌ ᠣᠷᠣᠳᠠᠭ ᠦᠭᠡᠢ᠃ ᠶᠠᠭᠳᠠᠭᠠᠷ ᠬᠠᠲᠤᠨ ᠶᠠᠮᠤᠨ ᠳ᠋ᠤ᠌ ᠣᠷᠣᠳᠠᠭ ᠦᠭᠡᠢ᠃ ᠲᠡᠮᠡᠭᠡᠨ ᠲᠣᠯᠣᠭᠠᠢ ᠳᠠᠪᠰᠢᠨ ᠳ᠋ᠤ᠌ ᠣᠷᠣᠳᠠᠭ ᠦᠭᠡᠢ᠃ ᠲᠡᠨᠲᠡᠭᠡᠷ ᠬᠠᠲᠤᠨ ᠲᠥᠷᠥ ᠳ᠋ᠦ᠍ ᠣᠷᠣᠳᠠᠭ ᠦᠭᠡᠢ᠃ ᠡᠷᠬᠢᠮ ᠲᠠ ᠳᠠᠭᠤᠨ ᠦᠭᠡᠢ ᠪᠠᠢᠭᠠᠷᠠᠢ ᠭᠡᠵᠦ ᠬᠡᠯᠡᠭᠡᠳ ᠭᠠᠷᠤᠭᠠᠳ ᠶᠠᠪᠤᠴᠢᠵᠠᠢ᠃
ᠡᠭᠦᠨ ᠳ᠋ᠦ᠍ ᠪᠠᠭ᠎ᠠ ᠬᠠᠲᠤᠨ ᠲᠡᠰᠬᠡᠯ ᠦᠭᠡᠢ ᠠᠭᠤᠷᠯᠠᠵᠤ᠂ ᠳᠠᠷᠤᠢ ᠬᠥᠮᠦᠨ ᠳᠠᠭᠤᠳᠠᠵᠤ ᠢᠷᠡᠭᠡᠳ᠂ ᠭᠡᠵᠢᠭᠡᠨ ᠬᠦᠦ ᠶ᠋ᠢ ᠮᠣᠩᠭᠣᠯ ᠲᠡᠷᠭᠡᠨ ᠦ᠌ ᠪᠤᠯᠤ ᠠ᠋ᠴᠠ ᠤᠶᠠᠵᠤ ᠲᠠᠯᠪᠢᠵᠠᠢ᠃ ᠢᠩᠭᠢᠵᠦ ᠪᠠᠢᠲᠠᠯ᠎ᠠ ᠬᠠᠭᠠᠨ ᠤ᠋ ᠡᠮᠴᠢ ᠯᠠᠮᠠ ᠨᠠᠷ ᠨᠢ ᠢᠷᠡᠭᠡᠳ᠄《ᠴᠢ ᠶᠠᠮᠠᠷ ᠶᠠᠭᠤᠮ᠎ᠠ ᠬᠢᠵᠦ ᠪᠠᠢᠭ᠎ᠠ ᠶᠤᠮ ᠪᠣᠢ?》 ᠭᠡᠰᠡᠨ ᠳ᠋ᠦ᠍᠂ ᠭᠡᠵᠢᠭᠡᠨ ᠬᠦᠦ ᠡᠮᠴᠢ ᠯᠠᠮᠠ ᠶ᠋ᠢ ᠭᠢᠯᠤᠢᠨ ᠬᠠᠷᠠᠭᠠᠳ᠄《ᠪᠢ ᠡᠮᠴᠢ ᠯᠠᠮᠠ ᠶ᠋ᠢᠨ ᠡᠪᠡᠷ ᠬᠤᠷᠤᠭᠤ ᠶ᠋ᠢ ᠬᠢᠵᠦ᠂ᠳᠣᠮᠴᠢ ᠯᠠᠮᠠ ᠶ᠋ᠢᠨ ᠳᠣᠯᠣᠪᠣᠷ ᠬᠤᠷᠤᠭᠤ ᠶ᠋ᠢ ᠬᠢᠵᠦ ᠰᠠᠭᠤᠵᠤ ᠪᠠᠢᠨ᠎ᠠ》 ᠭᠡᠪᠡ᠃
ᠡᠭᠦᠨ ᠳ᠋ᠦ᠍ ᠡᠮᠴᠢ ᠯᠠᠮᠠ ᠬᠠᠷᠢᠭᠤᠯᠤᠨ ᠬᠡᠯᠡᠬᠦ ᠦᠭᠡ ᠪᠡᠨ ᠣᠯᠤᠭᠰᠠᠨ ᠦᠭᠡᠢ ᠭᠡᠳᠡᠷᠭᠦ ᠤᠬᠤᠷᠢᠵᠤ ᠬᠠᠭᠠᠨ ᠳ᠋ᠠᠭᠠᠨ ᠣᠴᠢᠵᠤ ᠬᠡᠯᠡᠬᠦ ᠳ᠋ᠦ᠍᠂ ᠬᠠᠭᠠᠨ ᠨᠢ ᠳᠠᠷᠤᠢ ᠭᠡᠵᠢᠭᠡᠨ ᠬᠦᠦ ᠶ᠋ᠢ ᠭᠡᠷ ᠲᠡᠭᠡᠨ ᠣᠷᠣᠭᠤᠯᠵᠤ ᠠᠰᠠᠭᠤᠭᠰᠠᠨ ᠨᠢ᠄《ᠮᠢᠨᠦ ᠳᠣᠣᠷ᠎ᠠ ᠶᠠᠭᠤ ᠪᠠᠢᠨ᠎ᠠ ᠪᠣᠢ᠂ᠴᠢ ᠦᠵᠡᠪᠡᠦ?》 ᠭᠡᠰᠡᠨ ᠳ᠋ᠦ᠍᠂ ᠭᠡᠵᠢᠭᠡᠨ ᠬᠦᠦ ᠶ᠋ᠢᠨ ᠬᠠᠷᠢᠭᠤᠯᠤᠭᠰᠠᠨ ᠨᠢ᠄《ᠠᠭᠤᠯᠠᠨ ᠳ᠋ᠤ᠌ ᠤᠷᠭᠤᠭᠰᠠᠨ ᠮᠣᠳᠣ᠂ ᠤᠷᠠᠨ ᠮᠣᠳᠣᠴᠢᠨ ᠢ᠋ᠶ᠋ᠠᠷ ᠰᠡᠢᠯᠦᠭᠦᠯᠦᠭᠰᠡᠨ ᠰᠢᠷᠡᠭᠡ ᠪᠠᠢᠨ᠎ᠠ》 ᠬᠡᠮᠡᠪᠡ᠃ ᠬᠠᠭᠠᠨ ᠪᠠᠰᠠ ᠠᠰᠠᠭᠤᠭᠰᠠᠨ ᠨᠢ《ᠳᠡᠭᠡᠷ᠎ᠡ ᠨᠢ ᠶᠠᠭᠤ ᠪᠠᠢᠨ᠎ᠠ ᠪᠣᠢ?》 ᠭᠡᠬᠦ ᠳ᠋ᠦ᠍᠂ ᠭᠡᠵᠢᠭᠡᠨ ᠬᠦᠦ᠄《ᠲᠠᠩᠭᠤᠳ ᠬᠣᠨᠢᠨ ᠤ᠋ ᠨᠣᠣᠰᠣ᠂ ᠲᠠᠪᠤᠨ ᠥᠩᠭᠡ ᠶ᠋ᠢᠨ ᠪᠣᠳᠣᠭ ᠳᠣᠯᠪᠣᠭ ᠠᠷᠤ ᠳ᠋ᠤ᠌ ᠴᠢᠨᠢ ᠪᠠᠢᠨ᠎ᠠ》 ᠭᠡᠰᠡᠨ ᠳ᠋ᠦ᠍ ᠬᠠᠭᠠᠨ᠄《ᠴᠢ ᠭᠠᠳᠠᠭᠤᠷ ᠶᠠᠪᠤᠭᠠᠳ ᠮᠢᠨᠦ ᠲᠤᠬᠠᠢ ᠶᠠᠮᠠᠷ ᠦᠭᠡ ᠰᠣᠨᠣᠰᠪᠠ?》 ᠭᠡᠵᠦ ᠠᠰᠠᠭᠤᠭᠰᠠᠨ ᠳ᠋ᠤ᠌᠂ ᠭᠡᠵᠢᠭᠡᠨ ᠬᠦᠦ᠄《ᠰᠣᠨᠣᠰᠤᠭᠰᠠᠨ ᠦᠭᠡ ᠪᠠᠢᠬᠤ ᠴᠤ᠌ ᠪᠠᠢᠨ᠎ᠠ᠃ ᠪᠢ ᠬᠡᠯᠡᠪᠡᠯ ᠲᠠᠨ ᠳ᠋ᠤ᠌ ᠲᠤᠰᠠ ᠦᠭᠡᠢ᠂ ᠨᠠᠳᠠ ᠳ᠋ᠤ᠌ ᠬᠣᠣᠷ ᠲᠠᠢ》 ᠭᠡᠰᠡᠨ ᠳ᠋ᠦ᠍᠂ ᠬᠠᠭᠠᠨ᠄《ᠵᠦᠭᠡᠷ! ᠴᠢ ᠬᠡᠯᠡ!》 ᠱᠠᠭᠠᠷᠳᠠᠬᠤ ᠳ᠋ᠤ᠌᠂ ᠭᠡᠵᠢᠭᠡᠨ ᠬᠦᠦ᠄《ᠭᠠᠳᠠᠭᠤᠷ ᠬᠡᠯᠡᠯᠴᠡᠵᠦ ᠪᠠᠢᠬᠤ ᠨᠢ《ᠣᠯᠠᠨ ᠪᠦᠬᠦᠨ ᠨᠢ ᠬᠣᠨᠢ᠂ ᠣᠷᠣᠢ ᠶ᠋ᠢᠨ ᠴᠢᠮᠡᠭ ᠨᠢ ᠴᠢᠨᠣ᠎ᠠ》 ᠭᠡᠵᠦ ᠪᠠᠢᠨ᠎ᠠ》 ᠭᠡᠰᠡᠨ ᠳ᠋ᠦ᠍ ᠬᠠᠭᠠᠨ ᠠᠭᠤᠷᠯᠠᠵᠤ ᠭᠡᠵᠢᠭᠡᠨ ᠬᠦᠦ ᠶ᠋ᠢ ᠬᠥᠭᠡᠭᠡᠨ ᠭᠠᠷᠭᠠᠭᠠᠳ᠂ ᠮᠠᠨᠠᠷᠠᠨ ᠤᠨᠠᠪᠠ᠃
ᠴᠢᠩᠭᠢᠭᠡᠳ ᠭᠡᠵᠢᠭᠡᠨ ᠬᠦᠦ ᠭᠠᠷᠴᠤ ᠢᠷᠡᠭᠡᠳ᠂ ᠪᠤᠰᠢᠭᠤᠬᠠᠨ ᠪᠣᠷᠣ ᠳᠠᠭ᠎ᠠ ᠪᠠᠨ ᠤᠨᠤᠵᠤ ᠲᠥᠪᠥᠭᠡᠷᠬᠡᠨ ᠵᠠᠮ ᠢ᠋ᠶ᠋ᠠᠷ ᠤᠷᠲᠤ ᠳᠠᠭᠤᠤ ᠪᠠᠨ ᠳᠠᠭᠤᠯᠠᠵᠤ᠂ ᠥᠷᠭᠡᠨ ᠨᠤᠲᠤᠭ ᠢ᠋ᠶ᠋ᠠᠷ ᠢ᠋ᠶ᠋ᠠᠨ ᠳᠠᠪᠬᠢᠵᠤ᠂ ᠠᠭᠠᠷ ᠤ᠋ᠨ ᠨᠠᠷᠠᠨ ᠤ᠋ ᠲᠤᠶᠠᠭ᠎ᠠ ᠶ᠋ᠢ ᠬᠠᠷᠠᠵᠤ᠂ ᠠᠯᠢ ᠵᠢᠷᠭᠠᠯ ᠤ᠋ᠨ ᠵᠦᠭ ᠲᠡᠭᠡᠨ ᠵᠣᠷᠢᠪᠠ ᠭᠡᠨ᠎ᠡ᠃