ᠮᠠᠨᠵᠤᠰᠢᠷᠢ ᠶ᠋ᠢᠨ ᠮᠠᠭᠲᠠᠭᠠᠯМанзуширын магтаал ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠵᠤᠰᠢᠷᠢ ᠶ᠋ᠢᠨ ᠮᠠᠭᠲᠠᠭᠠᠯМанзуширын магтаал

ᠮᠠᠨᠵᠤᠰᠢᠷᠢ ᠶ᠋ᠢᠨ ᠮᠠᠭᠲᠠᠭᠠᠯМанзуширын магтаал

2025-03-05

1410

ᠮᠠᠨᠵᠤᠰᠢᠷᠢ ᠶ᠋ᠢᠨ ᠮᠠᠭᠲᠠᠭᠠᠯ ᠬᠡᠮᠡᠬᠦ ᠣᠷᠣᠰᠢᠪᠠ

ᠣᠮ ᠠ ᠬᠣᠩ ᠅
ᠮᠠᠨᠵᠤᠰᠢᠷᠢ  ᠶ᠋ᠢᠨ ᠮᠠᠭᠲᠠᠭᠠᠯ
ᠢᠯᠠᠭᠤᠭᠰᠠᠨ ᠭᠠᠭᠴᠠ ᠡᠴᠢᠭᠡ ᠃
ᠵᠠᠯᠠᠭᠤᠰ ᠤ᠋ᠨ ᠳᠦᠷᠢ ᠪᠠᠷᠢᠭᠰᠠᠨ᠃ 
ᠪᠡᠯᠭᠡ ᠪᠢᠯᠢᠭ ᠲᠠᠪᠤᠨ ᠥᠰᠨᠢᠷᠲᠦ᠃ 
ᠮᠠᠨᠵᠤᠰᠢᠷᠢ ᠲᠠᠨ ᠳ᠋ᠤᠷ ᠮᠥᠷᠭᠥᠮᠦ᠅ 
ᠠᠯᠲᠠᠨ ᠰᠦᠮᠪᠦᠷ ᠠᠭᠤᠯᠠᠨ ᠨᠠᠷᠠᠨ ᠤ᠋᠃
ᠭᠡᠷᠡᠯ ᠲᠣᠰᠴᠤ ᠪᠦᠬᠦᠢ ᠶ᠋ᠢᠨ ᠠᠳᠠᠯᠢ᠃ 
ᠭᠡᠭᠡᠨ ᠪᠡᠶ᠎ᠡ ᠦᠵᠡᠪᠡᠰᠦ ᠭᠤᠸ᠎ᠠ᠃
ᠮᠠᠨᠵᠤᠰᠢᠷᠢ ᠲᠠᠨ ᠳ᠋ᠤᠷ ᠮᠥᠷᠭᠥᠮᠦ᠅ 
ᠨᠠᠢ᠍ᠮᠠᠨ ᠳᠡᠪᠬᠡ ᠶ᠋ᠢᠨ ᠬᠥᠭᠲᠦ ᠠᠶᠠᠰ ᠢ᠋᠃
ᠰᠣᠷᠢᠶ᠎ᠠ ᠪᠠᠷ ᠳᠠᠷᠤᠨ ᠴᠢᠳᠠᠭᠴᠢ᠃
ᠵᠠᠷᠯᠢᠭ ᠠᠨᠤ ᠨᠣᠮ ᠤ᠋ᠨ ᠣᠳᠬᠠᠨᠲᠦ᠃ 
ᠮᠠᠨᠵᠤᠰᠢᠷᠢ ᠲᠠᠨ ᠳ᠋ᠤᠷ ᠮᠥᠷᠭᠥᠮᠦ ᠅ 
ᠶᠠᠮᠪᠠᠷ ᠮᠡᠲᠦ ᠬᠡᠳᠦᠢ ᠪᠦᠬᠦᠨ ᠦ᠌᠃
ᠮᠡᠳᠡᠭᠳᠡᠬᠦᠨ ᠬᠠᠮᠤᠭ ᠣᠷᠣᠨ ᠢ᠋᠃
ᠰᠡᠳᠬᠢᠯ ᠳ᠋ᠡᠭᠡᠨ ᠰᠠᠢᠲᠤᠷ ᠮᠡᠳᠡᠭᠴᠢ᠃ 
ᠮᠠᠨᠵᠤᠰᠢᠷᠢ ᠲᠠᠨ ᠳ᠋ᠤᠷ ᠮᠥᠷᠭᠥᠮᠦ᠅ 
ᠳᠡᠯᠭᠡᠷᠡᠭᠰᠡᠨ ᠪᠠᠳᠮ᠎ᠠ ᠶ᠋ᠢᠨ ᠬᠦᠢᠰᠦᠨ ᠳ᠋ᠦ᠍ᠷ ᠃
ᠳᠦᠭᠦᠷᠦᠭᠰᠡᠨ ᠰᠠᠷᠠᠨ ᠮᠠᠨᠳᠠᠯ ᠳ᠋ᠤᠷ ᠃ 
ᠲᠡᠭᠦᠰᠦᠭᠰᠡᠨ ᠯᠡᠭᠱᠠᠨ ᠨᠠᠢᠷᠠᠭᠲᠦ᠃
ᠮᠠᠨᠵᠤᠰᠢᠷᠢ ᠲᠠᠨ ᠳ᠋ᠤᠷ ᠮᠥᠷᠭᠥᠮᠦ᠅
ᠪᠠᠷᠠᠭᠤᠨ ᠭᠠᠷ ᠲᠤᠷ ᠢᠯᠳᠦ ᠪᠠᠷᠢᠭᠠᠳ᠃
ᠵᠡᠭᠦᠨ ᠭᠠᠷ ᠲᠤᠷ ᠤᠳᠪᠠᠯᠠ ᠳᠡᠭᠡᠷ᠎ᠡ᠃ 
ᠪᠠᠷᠠᠮᠢᠳ ᠤ᠋ᠨ ᠳᠡᠪᠲᠡᠷ ᠪᠠᠷᠢᠭᠰᠠᠨ᠃ 
ᠮᠠᠨᠵᠤᠰᠢᠷᠢ ᠲᠠᠨ ᠳ᠋ᠤᠷ ᠮᠥᠷᠭᠥᠮᠦ ᠅
ᠬᠥᠬᠡᠮᠳᠦᠭ ᠬᠠᠷ᠎ᠠ ᠦᠰᠦ ᠪᠡᠨ᠃
ᠲᠠᠪᠤᠨ ᠬᠡᠰᠡᠭ ᠦᠰᠨᠢᠷ ᠵᠠᠩᠭᠢᠳᠤᠨ᠃ 
ᠮᠦᠰᠢᠶᠡᠬᠦᠢ ᠪᠥᠭᠡᠳ ᠵᠢᠪᠬᠤᠯᠠᠩ᠃ 
ᠮᠠᠨᠵᠤᠰᠢᠷᠢ ᠲᠠᠨ ᠳ᠋ᠤᠷ ᠮᠥᠷᠭᠥᠮᠦ᠅ 
ᠲᠡᠭᠷᠢ ᠶ᠋ᠢᠨ ᠡᠳ᠋ ᠦ᠋ᠨ ᠬᠤᠪᠴᠠᠳ ᠡᠮᠦᠰᠦᠨ ᠃ 
ᠡᠷᠳᠡᠨᠢᠰ ᠦ᠋ᠨ ᠴᠢᠮᠡᠭ ᠵᠡᠭᠦᠭᠰᠡᠨ᠃ 
ᠲᠡᠭᠦᠰ ᠵᠢᠷᠭᠠᠯᠠᠩ ᠤ᠋ᠨ ᠳᠦᠷᠢᠲᠦ ᠃ 
ᠮᠠᠨᠵᠤᠰᠢᠷᠢ ᠲᠠᠨ ᠳ᠋ᠤᠷ ᠮᠥᠷᠭᠥᠮᠦ᠅ 
ᠪᠡᠶ᠎ᠡ ᠡᠴᠡ ᠭᠡᠷᠡᠯ ᠪᠠᠳᠠᠷᠠᠨ ᠃ 
ᠰᠣᠯᠣᠩᠭᠠᠨ ᠤ᠋ ᠭᠡᠷ ᠦ᠋ᠨ ᠲᠥᠪ ᠳᠤᠮᠳᠠ᠃ 
ᠸᠴᠢᠷ ᠵᠠᠪᠢᠯᠠᠯ ᠢ᠋ᠶ᠋ᠠᠷ ᠰᠠᠭᠤᠭᠰᠠᠨ ᠃ 
ᠮᠠᠨᠵᠤᠰᠢᠷᠢ ᠲᠠᠨ ᠳ᠋ᠤᠷ ᠮᠥᠷᠭᠥᠮᠦ᠅ 
ᠴᠢᠨᠦ ᠪᠡᠯᠭᠡ ᠪᠢᠯᠢᠭ ᠠᠳᠢᠰᠲᠢᠳ᠃ 
ᠮᠤᠩᠬᠠᠭ ᠬᠠᠷ᠎ᠠ ᠶ᠋ᠢᠨ ᠤᠭ ᠢ᠋ ᠡᠴᠦᠳᠬᠡᠨ᠃
ᠭᠡᠭᠡᠨ ᠪᠢᠯᠢᠭ ᠤᠳ ᠢ᠋ ᠦᠭᠭᠦᠮᠦᠢ᠃ 
ᠮᠠᠨᠵᠤᠰᠢᠷᠢ ᠲᠠᠨ ᠳ᠋ᠤᠷ ᠮᠥᠷᠭᠥᠮᠦ᠅ 
ᠴᠢᠨᠦ ᠡᠷᠳᠡᠮ ᠤᠳ ᠢ᠋ ᠪᠦᠷᠢᠨ᠎ᠡ᠃
ᠲᠣᠭᠠᠯᠠᠵᠤ ᠦᠯᠦ ᠴᠢᠳᠠᠮᠤᠢ᠃ 
ᠲᠣᠪᠴᠢᠯᠠᠷᠤᠨ ᠪᠡᠯᠭᠡ ᠪᠢᠯᠢᠭᠲᠦ᠃
ᠮᠠᠨᠵᠤᠰᠢᠷᠢ ᠲᠠᠨ ᠳ᠋ᠤᠷ ᠮᠥᠷᠭᠥᠮᠦ᠅
ᠴᠢᠨᠦ ᠪᠢᠯᠢᠭ ᠨᠠᠷᠠᠨ ᠭᠡᠷᠡᠯ ᠢ᠋ᠶ᠋ᠡᠷ᠃
ᠮᠢᠨᠦ ᠮᠤᠩᠬᠠᠭ ᠣᠢ ᠶ᠋ᠢ ᠭᠡᠢᠭᠦᠯᠦᠨ᠃ 
ᠵᠠᠷᠯᠢᠭ ᠱᠠᠰᠲᠢᠷ ᠭᠣᠣᠯ ᠢ᠋ ᠣᠨᠣᠬᠤᠢ᠃
ᠣᠶᠤᠨ ᠪᠢᠯᠢᠭ ᠥᠭᠭᠦᠨ ᠰᠣᠶᠣᠷᠬ᠎ᠠ᠅᠃᠅

    ᠦᠰᠦᠭ ᠠᠮᠢᠯᠠᠭᠤᠯᠦᠭ᠍ᠴᠢ᠄ ᠲᠡᠭᠰᠢᠮᠥ᠋ᠩᠬᠡ
    ᠬᠢᠨᠠᠭᠴᠢ᠄ ᠱᠠᠰᠢᠨ ᠰᠢᠲᠦᠯᠭᠡ ᠬᠤᠯᠪᠤᠭ᠎ᠠ