ᠮᠢᠨᠦ ᠨᠠᠢᠵᠠ-ᠪᠣᠷᠵᠢᠭᠢᠨ ᠪᠦᠯᠢᠶᠡᠨМиний найз-Боржгин Бүлээн
ᠮᠢᠨᠦ ᠨᠠᠢᠵᠠ
ᠪᠣᠷᠵᠢᠭᠢᠨ ᠪᠦᠯᠢᠶᠡᠨ
ᠰᠡᠳᠬᠢᠯ ᠦ᠋ᠨ ᠭᠤᠨᠢᠭ ᠢ᠋ᠶ᠋ᠠᠨ ᠳᠠᠷᠤᠨ
ᠰᠡᠮᠡᠬᠡᠷ ᠤᠬᠢᠯᠠᠳᠠᠭ ᠪᠣᠷᠣᠽᠠᠨᠳᠠᠨ ᠮᠢᠨᠢ
ᠰᠡᠷᠡᠮᠵᠢ ᠦᠭᠡᠢ ᠢᠷᠡᠳᠡᠭ ᠵᠣᠪᠠᠯᠠᠩ ᠳ᠋ᠤ᠌
ᠰᠡᠮᠡᠰᠡᠷᠡᠲᠡᠯᠡ ᠳᠠᠭᠠᠷᠢᠭᠳᠠᠭᠰᠠᠨ ᠮᠢᠨᠦ ᠨᠠᠢᠵᠠ
ᠡᠯᠢᠭᠡᠨ ᠳᠡᠯᠡᠬᠡᠢ ᠳ᠋ᠦ᠍ ᠡᠷᠭᠢᠵᠦ ᠣᠯᠳᠠᠰᠢ ᠦᠭᠡᠢ
ᠡᠬᠡ ᠶ᠋ᠢᠨ ᠬᠠᠢᠷ᠎ᠠ ᠶ᠋ᠢ ᠡᠭᠡᠭᠡ ᠯᠡ ᠭᠥᠷᠳᠡᠲᠡᠯᠡ ᠨᠢ
ᠡᠷᠬᠢᠮ ᠪᠠᠭᠰᠢ ᠡᠵᠢ ᠶ᠋ᠢ ᠨᠢ ᠡᠮᠭᠡᠭ ᠡᠪᠡᠳᠴᠢᠨ ᠳᠠᠭᠠᠷᠢᠪᠠ᠁
ᠡᠵᠢ ᠪᠡᠨ ᠣᠷᠣᠯᠠᠵᠤ ᠳᠡᠯᠡᠬᠡᠢ ᠶ᠋ᠢ ᠡᠭᠦᠷᠪᠡ ᠪᠣᠷᠣᠽᠠᠨᠳᠠᠨ ᠮᠢᠨᠢ
ᠥᠪᠡᠷ ᠦ᠋ᠨ ᠭᠠᠷ ᠤᠬᠠᠭᠠᠨ ᠳᠠᠮ ᠢ᠋ᠶ᠋ᠠᠷ ᠢ᠋ᠶ᠋ᠠᠨ ᠭᠡᠷ ᠢ᠋ᠶ᠋ᠡᠨ ᠡᠷᠭᠦᠵᠦ
ᠦᠨᠡᠨ ᠵᠢᠷᠦᠬᠡᠨ ᠤ᠋ ᠬᠦᠰᠡᠯ ᠢ᠋ᠶ᠋ᠡᠨ ᠬᠣᠶᠠᠷ ᠳᠡᠭᠦᠦ ᠳ᠋ᠡᠭᠡᠨ ᠨᠠᠢᠳᠠᠵᠤ
ᠦᠯᠡᠮᠵᠢ ᠪᠡᠶ᠎ᠡ ᠪᠡᠨ ᠵᠦᠳᠡᠭᠡᠨ ᠬᠠᠲᠠᠭᠤ ᠬᠣᠷᠸ᠎ᠠ ᠶ᠋ᠢ ᠲᠤᠭᠤᠯᠵᠤ
ᠡᠪᠦᠯ ᠵᠤᠨ ᠤ᠋ ᠤᠯᠠᠷᠢᠯ ᠢ ᠳᠠᠬ᠍ᠵᠢᠰ ᠲᠠᠢ ᠵᠢᠬᠡᠭᠦᠨ ᠢ᠋ᠶ᠋ᠡᠷ ᠥᠩᠭᠡᠷᠡᠭᠦᠯᠵᠡᠢ
ᠵᠢᠷᠦᠬᠡᠨ ᠳ᠋ᠦ᠍ᠨᠢ ᠲᠣᠨᠣᠭᠰᠠᠨ ᠡᠮᠵᠢᠩᠬᠡᠨ ᠰᠢᠷᠬ᠎ᠠ
ᠵᠡᠭᠦᠳᠦᠨ ᠳ᠋ᠦ᠍ ᠪᠡᠨ ᠴᠦ᠍ ᠤᠬᠢᠯᠠᠳᠠᠭ ᠡᠬᠡᠰᠢᠭᠡ ᠦᠭᠡᠢ ᠨᠢᠯᠪᠤᠰᠤ
ᠵᠣᠪᠠᠵᠤ ᠰᠢᠨᠠᠯᠬᠤ ᠶ᠋ᠢ ᠬᠠᠨᠠᠲᠠᠯ᠎ᠠ ᠠᠮᠰᠠᠭᠰᠠᠨ ᠮᠢᠨᠦ ᠨᠠᠢᠵᠠ
ᠵᠡᠯᠢᠭᠦᠳ ᠭᠣᠪᠢ ᠶ᠋ᠢᠨ ᠥᠨᠥᠴᠢᠨ ᠴᠠᠭᠠᠨ ᠢᠨᠵᠠᠭ᠎ᠠ ᠮᠢᠨᠢ
ᠲᠡᠭᠷᠢ ᠭᠠᠵᠠᠷ ᠬᠥᠮᠦᠨ ᠭᠤᠷᠪᠠ ᠶ᠋ᠢᠨ ᠡᠶ᠎ᠡ ᠵᠣᠬᠢᠴᠠᠯ
ᠲᠡᠭᠰᠢ ᠪᠤᠰᠤ ᠶᠢᠷᠲᠢᠨᠴᠦ ᠶ᠋ᠢᠨ ᠬᠠᠷᠠᠰᠠᠯ ᠵᠠᠨᠤᠯ ᠭᠣᠮᠣᠳᠠᠯ
ᠲᠡᠪᠡᠨᠡ ᠶ᠋ᠢᠨ ᠦᠵᠦᠭᠦᠷ ᠰᠢᠭ ᠮᠡᠰᠡ ᠶ᠋ᠢᠨ ᠳᠤᠮᠳᠠᠭᠤᠷ ᠲᠡᠮᠡᠴᠡᠭᠡᠳ
ᠲᠡᠭᠷᠢ ᠴᠡᠯᠮᠡᠭᠰᠢᠵᠦ ᠲᠡᠷᠭᠡᠯ ᠰᠠᠷᠠᠨ ᠮᠡᠲᠦ ᠳᠤᠸᠠᠯᠠᠵᠤ ᠪᠠᠢᠨ᠎ᠠ ᠮᠢᠨᠦ ᠨᠠᠢᠵᠠ᠃
ᠦᠰᠦᠭ ᠠᠮᠢᠯᠠᠭᠤᠯᠤᠭᠴᠢ᠄ ᠬᠥᠬᠡ ᠮᠣᠩᠭᠣᠯ
ᠬᠢᠨᠠᠭᠴᠢ᠄ ᠪᠣᠷᠵᠢᠭᠢᠨ ᠪᠦᠯᠢᠶᠡᠨ
2025᠂02᠂26
