ᠵᠢᠷᠦᠬᠡᠨ ᠴᠡᠴᠡᠭЗүрхэн цэцэгZürkhen tsetseg
ᠵᠢᠷᠦᠬᠡᠨ ᠴᠡᠴᠡᠭ
ᠲᠤᠰ ᠡᠮ ᠪᠣᠯ ᠵᠢᠷᠦᠬᠡᠨ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠵᠢᠷᠦᠬᠡᠨ ᠴᠡᠴᠡᠭ᠂ ᠰᠢᠪᠢᠷᠢ ᠵᠢᠷᠦᠬᠡᠨ ᠴᠡᠴᠡᠭ ᠦ᠋ᠨ ᠬᠠᠲᠠᠭᠠᠭᠰᠠᠨ ᠦᠨᠳᠦᠰᠦ ᠮᠥᠨ᠃ ᠪᠠᠰᠠ ᠤᠨᠠᠭᠠᠨ ᠰᠡᠭᠦᠯ᠂ ᠵᠢᠷᠥᠭᠡᠨᠡ ᠭᠡᠳᠡᠭ᠃
[ ᠤᠤᠯ ᠤᠷᠭᠤᠮᠠᠯ] 1. ᠵᠢᠷᠦᠬᠡᠨ ᠴᠡᠴᠡᠭ ᠣᠯᠠᠨ ᠨᠠᠰᠤᠲᠤ ᠡᠪᠡᠰᠦᠯᠢᠭ ᠤᠷᠭᠤᠮᠠᠯ᠃10 ~ 30cm ᠥᠨᠳᠥᠷ᠃ ᠮᠢᠬᠠᠯᠢᠭ ᠪᠥᠭᠡᠷᠡᠩᠬᠡᠢ ᠪᠠᠭᠠᠨ᠎ᠠ ᠬᠡᠯᠪᠡᠷᠢᠲᠦ ᠦᠨᠳᠦᠰᠦ ᠲᠡᠢ᠃ ᠡᠰᠢ ᠨᠢ ᠤᠭ ᠠ᠋ᠴᠠ ᠪᠠᠨ ᠰᠠᠯᠠᠭᠠᠯᠠᠨ᠎ᠠ᠃ ᠨᠠᠪᠴᠢ ᠨᠢ ᠴᠤᠪᠤᠷᠠᠨ ᠤᠷᠭᠤᠨ᠎ᠠ᠃ ᠪᠦᠰᠡ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠣᠭᠣᠷ ᠦᠵᠦᠭᠦᠷ ᠲᠡᠢ᠂ ᠱᠣᠪᠲᠣᠭᠣᠷ ᠤᠭ ᠲᠠᠢ᠂ ᠪᠦᠲᠦᠨ ᠬᠥᠪᠡᠭᠡ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠡᠰᠢᠨ ᠦ᠌ ᠣᠷᠣᠢ ᠳ᠋ᠤ᠌ ᠰᠡᠢᠷᠡᠩᠭᠡᠨ ᠳᠡᠯᠭᠡᠷᠡᠨ᠎ᠡ᠃ ᠨᠣᠭᠣᠪᠲᠤᠷ ᠴᠠᠭᠠᠨ ᠳᠡᠭᠡᠷ᠎ᠡ ᠪᠣᠷᠣ ᠲᠤᠶᠠᠭ᠎ᠠ ᠲᠠᠢ᠂ ᠵᠡᠭᠦᠨ ᠪᠠᠷᠠᠭᠤᠨ ᠲᠡᠭᠰᠢ ᠬᠡᠮᠲᠡᠢ᠃ ᠴᠡᠴᠡᠭ ᠦ᠋ᠨ ᠲᠣᠭᠳᠣᠢ ᠨᠢ5᠂ ᠭᠠᠳᠠᠷ ᠲᠠᠯ᠎ᠠ ᠶ᠋ᠢᠨ ᠭᠤᠷᠪᠠᠨ ᠢᠯᠲᠠᠰᠤ ᠨᠢ ᠵᠢᠵᠢᠭ᠂ ᠳᠣᠲᠣᠷ᠎ᠠ2 ᠨᠢ ᠴᠡᠴᠡᠭ ᠦ᠋ᠨ ᠬᠡᠯᠲᠡᠰ ᠰᠢᠭ᠃ ᠴᠡᠴᠡᠭ ᠦ᠋ᠨ ᠬᠡᠯᠲᠡᠰ ᠨᠢ3᠂ ᠳᠤᠮᠳᠠᠬᠢ ᠨᠢᠭᠡ ᠨᠢ ᠨᠡᠯᠢᠶᠡᠳ ᠲᠣᠮᠣ᠂ ᠵᠠᠪᠢ ᠬᠡᠯᠲᠡᠰ ᠬᠡᠯᠪᠡᠷᠢ ᠲᠡᠢ᠂ ᠣᠷᠣᠢ ᠨᠢ ᠨᠠᠷᠢᠨ ᠰᠠᠯᠪᠠᠷᠠᠭᠠᠳ ᠲᠠᠬᠢᠶᠠᠨ ᠰᠡᠴᠢᠭ ᠰᠢᠭ ᠳᠠᠭᠠᠯᠳᠤᠪᠤᠷᠢ ᠪᠣᠯᠳᠠᠭ᠃ ᠡᠷ᠎ᠡ ᠲᠣᠭᠣᠷᠴᠣᠭ ᠨᠢ ᠨᠡᠢᠯᠡᠭᠡᠳ ᠬᠣᠭᠣᠯᠠᠢ ᠰᠢᠭ᠋ ᠪᠣᠯᠤᠭᠰᠠᠨ ᠳᠣᠬᠢᠭᠤᠷ ᠲᠠᠢ᠃ ᠤᠮᠠᠢ ᠨᠢ ᠳᠡᠭᠡᠳᠦ ᠣᠷᠣᠨ ᠲᠠᠢ᠃ ᠴᠡᠴᠡᠭ ᠦ᠋ᠨ ᠪᠠᠭᠠᠨ᠎ᠠ ᠨᠢ ᠮᠤᠷᠤᠢ᠂ ᠲᠡᠭᠰᠢ ᠪᠤᠰᠤ2 ᠪᠠᠭᠠᠨ᠎ᠠ ᠶ᠋ᠢᠨ ᠠᠮᠠᠰᠠᠷ ᠲᠠᠢ᠃ ᠬᠣᠩᠭᠣᠷᠴᠣᠭᠲᠤ ᠵᠢᠮᠢᠰ ᠨᠢ ᠬᠠᠪᠲᠠᠭᠠᠢ ᠥᠨᠳᠡᠭᠡᠯᠵᠢᠨ ᠬᠡᠯᠪᠡᠷᠢ ᠲᠡᠢ᠂ ᠳᠠᠯᠠᠪᠴᠢᠨ ᠤ᠋ ᠥᠷᠭᠡᠨ ᠨᠢ0.1cm ᠠ᠋ᠴᠠ ᠳᠡᠭᠡᠭᠰᠢ ᠪᠠᠢᠳᠠᠭ᠃4 ~ 5 ᠳ᠋ᠤᠭᠠᠷ ᠰᠠᠷ᠎ᠠ ᠳ᠋ᠤ᠌ ᠴᠡᠴᠡᠭᠯᠡᠵᠦ᠂7 ~ 9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
2. ᠰᠢᠪᠢᠷᠢ ᠵᠢᠷᠦᠬᠡᠨ ᠴᠡᠴᠡᠭ ᠵᠢᠷᠦᠬᠡᠨ ᠴᠡᠴᠡᠭ ᠡᠴᠡ ᠢᠯᠭᠠᠭᠳᠠᠬᠤ ᠵᠦᠢᠯ ᠭᠡᠪᠡᠯ ᠨᠠᠪᠴᠢ ᠨᠢ ᠵᠤᠤᠪᠠᠩ ᠠ᠋ᠴᠠ ᠤᠷᠲᠤᠯᠵᠢᠨ ᠠ᠋ᠴᠠ ᠲᠣᠭᠣᠷᠢᠬᠯᠢᠭ᠋ ᠬᠠᠪᠲᠠᠭᠠᠢ ᠲᠡᠪᠡᠨᠡ ᠪᠤᠶᠤ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂1 ~ 3mm ᠤᠷᠲᠤ᠂3 ~ 6cm ᠥᠷᠭᠡᠨ᠃ ᠶᠠᠯᠢᠮ ᠦᠭᠡᠢ ᠵᠥᠭᠡᠯᠡᠨ ᠦᠰᠦ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢᠨ ᠰᠤᠭᠤ ᠶ᠋ᠢᠨ ᠭᠠᠳᠠᠨ᠎ᠠ ᠳᠡᠯᠭᠡᠷᠡᠨ᠎ᠡ᠃ ᠡᠰᠢᠨ ᠦ᠌ ᠦᠵᠦᠭᠦᠷ ᠡᠴᠡ ᠪᠡᠨ ᠥᠨᠳᠥᠷ᠂ ᠵᠢᠭᠠᠬᠠᠨ ᠰᠡᠢᠷᠡᠭ ᠴᠡᠴᠡᠭ ᠲᠡᠢ᠂ ᠴᠡᠴᠡᠭ ᠨᠢ ᠬᠥᠬᠡᠪᠲᠦᠷ ᠪᠣᠷᠣ ᠥᠩᠭᠡ ᠲᠡᠢ᠃ ᠲᠤᠷᠠᠩᠬᠠᠢ ᠵᠢᠮᠢᠰ ᠨᠢ ᠲᠣᠩᠭᠣᠷᠤᠤ ᠵᠢᠷᠦᠬᠡᠨ ᠬᠡᠯᠪᠡᠷᠢ ᠲᠡᠢ᠂ ᠲᠣᠭᠣᠷᠢᠭᠠᠳ ᠨᠠᠷᠢᠨ ᠳᠠᠯᠠᠪᠴᠢ ᠲᠠᠢ ᠪᠥᠭᠡᠳ ᠲᠠᠷᠠᠮᠠᠭ ᠣᠬᠣᠷ ᠰᠣᠷᠮᠤᠤᠰᠤ ᠦᠰᠦ ᠲᠡᠢ᠃5 ~ 7 ᠳ᠋ᠤᠭᠠᠷ ᠰᠠᠷ᠎ᠠ ᠳ᠋ᠤ᠌ ᠴᠡᠴᠡᠭᠯᠡᠵᠦ᠂7 ~ 9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠵᠢᠷᠦᠬᠡᠨ ᠴᠡᠴᠡᠭ ᠪᠣᠯ ᠡᠯᠡᠰᠦᠷᠬᠡᠭ ᠭᠠᠩ ᠬᠠᠭᠤᠷᠠᠢ ᠠᠭᠤᠯᠠᠨ ᠬᠠᠵᠠᠭᠤ ᠪᠠᠷ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠵᠡᠭᠦᠨ ᠡᠮᠦᠨᠡᠲᠦ ᠣᠷᠣᠨ᠂ ᠪᠠᠷᠠᠭᠤᠨ ᠬᠣᠢᠲᠤ ᠣᠷᠣᠨ ᠳ᠋ᠤ᠌ ᠲᠠᠷᠬᠠᠴᠠ ᠲᠠᠢ᠃ ᠰᠢᠪᠢᠷᠢ ᠵᠢᠷᠦᠬᠡᠨ ᠴᠡᠴᠡᠭ ᠪᠣᠯ ᠠᠭᠤᠯᠠ ᠶ᠋ᠢᠨ ᠬᠠᠵᠠᠭᠤ ᠪᠠᠷ ᠤᠷᠭᠤᠨ᠎ᠠ᠃ ᠪᠦᠬᠦ ᠤᠯᠤᠰ ᠤ᠋ᠨ ᠡᠯ᠎ᠡ ᠭᠠᠵᠠᠷ ᠳᠤ ᠪᠦᠷ ᠲᠠᠷᠬᠠᠴᠠ ᠲᠠᠢ᠃
[ᠲᠡᠭᠦᠵᠦ ᠪᠣᠯᠪᠠᠰᠤᠷᠠᠭᠤᠯᠬᠤ] ᠬᠠᠪᠤᠷ᠂ ᠨᠠᠮᠤᠷ ᠦᠨᠳᠦᠰᠦ ᠶ᠋ᠢ ᠨᠢ ᠮᠠᠯᠲᠠᠨ ᠠᠪᠴᠤ᠂ ᠰᠠᠬᠠᠯ ᠦᠨᠳᠦᠰᠦ᠂ ᠰᠢᠪᠡᠷ ᠰᠢᠷᠣᠢ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃ ᠡᠰᠡᠬᠦᠯ᠎ᠡ ᠦᠨᠳᠦᠰᠦᠨ ᠦ᠌ ᠭᠣᠣᠯ ᠢ᠋ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠭᠠᠰᠢᠭᠤᠨ᠂ ᠭᠤᠱᠤᠭᠤᠨ ᠠᠮᠲᠠ ᠲᠠᠢ᠃ ᠲᠡᠭᠰᠢ ᠴᠢᠨᠠᠷ ᠲᠠᠢ᠂ ᠵᠥᠭᠡᠯᠡᠨ᠂ ᠡᠶᠡᠯᠳᠡᠭ᠂ ᠬᠥᠯᠪᠡᠷᠢᠭᠦᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠥᠭᠡᠷᠢ ᠴᠠᠷ ᠢ᠋ ᠲᠠᠲᠠᠬᠤ᠂ ᠠᠭᠤᠰᠬᠢ ᠶ᠋ᠢ ᠲᠥᠯᠥᠵᠢᠭᠦᠯᠬᠦ᠂ ᠰᠤᠳᠠᠯ ᠤ᠋ᠨ ᠰᠦᠪᠡ ᠶ᠋ᠢ ᠪᠣᠭᠣᠬᠤ᠂ ᠬᠠᠪᠤᠳᠠᠷ ᠢ᠋ ᠬᠠᠷᠢᠭᠤᠯᠬᠤ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠥᠭᠡᠷᠢ ᠴᠢᠰᠤ ᠲᠠᠢ ᠴᠡᠷᠯᠡᠬᠦ᠂ ᠠᠭᠤᠰᠬᠢᠨ ᠤ᠋ ᠥᠭᠡᠷᠢ᠂ ᠬᠡᠬᠦᠳᠡᠭ ᠦ᠋ᠨ ᠰᠢᠷᠬ᠎ᠠ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄远志 (卵叶远志)
ᠠᠩᠭ᠌ᠯᠢ ᠨᠡᠷ᠎ᠡ᠄Polygala lenufolid Willa
(Polygala sibirica L)
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠲᠤᠶᠠᠭ᠎ᠠ
