ᠨᠠᠭᠠᠳᠤᠮ ᠲᠠᠷᠠᠳᠠᠭ ᠭᠡᠬᠦ ᠪᠡᠷ ᠁ - ᠱ᠂ ᠭᠦᠷᠦᠪᠠᠽᠠᠷ Наадам тардаг гэхээр - Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠭᠠᠳᠤᠮ ᠲᠠᠷᠠᠳᠠᠭ ᠭᠡᠬᠦ ᠪᠡᠷ ᠁ - ᠱ᠂ ᠭᠦᠷᠦᠪᠠᠽᠠᠷ Наадам тардаг гэхээр - Ш᠂ Гүрбазар

ᠨᠠᠭᠠᠳᠤᠮ ᠲᠠᠷᠠᠳᠠᠭ ᠭᠡᠬᠦ ᠪᠡᠷ ᠁ - ᠱ᠂ ᠭᠦᠷᠦᠪᠠᠽᠠᠷ Наадам тардаг гэхээр - Ш᠂ Гүрбазар

2025-03-04

313

ᠨᠠᠭᠠᠳᠤᠮ ᠲᠠᠷᠠᠳᠠᠭ ᠭᠡᠬᠦ ᠪᠡᠷ ᠁


 ᠠᠯᠴᠢᠭᠤᠷ ᠤ᠋ᠨ ᠲᠣᠷᠭᠠᠨ ᠰᠡᠵᠢᠭᠦᠷ ᠳᠡᠭᠡᠷ᠎ᠡ 
 ᠰᠠᠯᠬᠢ ᠡᠷᠬᠡᠯᠡᠭᠰᠡᠨ ᠠᠮᠢᠰᠬᠤᠭ᠎ᠠ ᠶ᠋ᠢ 
 ᠠᠢᠯ ᠤ᠋ᠨ ᠪᠦᠯᠢᠶᠡᠨ ᠪᠠᠷ᠎ᠠ ᠠ᠋ᠴᠠ 
 ᠠᠢᠷᠠᠭ ᠬᠠᠩ ᠬᠢᠬᠦ ᠵᠤᠨ ᠢ᠋ 
 
 ᠠᠪᠤ ᠯᠠ ᠡᠵᠢ ᠪᠡᠨ ᠳᠠᠭᠠᠭᠠᠳ 
 ᠬᠥᠭᠡᠷᠴᠦ ᠭᠦᠢᠴᠡᠭᠰᠡᠨ ᠡᠳᠦᠷ ᠦ᠋ᠳ ᠢ᠋ 
 ᠠᠳᠤᠭᠤ ᠬᠡᠮᠡᠬᠦ ᠠᠳᠤᠭᠤᠰᠤ 
 ᠬᠡᠢ ᠮᠣᠷᠢ ᠪᠣᠯᠳᠠᠭ ᠰᠦᠷ ᠢ᠋ 
 ᠪᠢ ᠨᠠᠭᠠᠳᠤᠮ ᠭᠡᠵᠦ ᠪᠡᠯᠭᠡᠰᠢᠶᠡᠳᠡᠭ ᠶᠦᠮ  

 ᠡᠪᠦᠷ ᠳᠦᠭᠦᠷᠡᠩ ᠦᠵᠦᠮ ᠲᠡᠢ 
 ᠨᠠᠭᠠᠳᠤᠮ ᠢ᠋ᠶ᠋ᠠᠷ ᠳᠠᠪᠬᠢᠬᠤ ᠰᠠᠢᠬᠠᠨ ᠰᠠᠨ 
 ᠥᠷᠭᠡᠨ ᠰᠤᠮᠤ ᠶ᠋ᠢᠨ ᠬᠠᠷᠠᠴᠤᠳ ᠢ᠋ ᠬᠠᠷᠠᠭᠠᠳ 
 ᠨᠢᠭᠡ ᠶ᠋ᠢᠨ ᠳᠠᠪᠠᠭᠠᠨ ᠳ᠋ᠤ᠌ ᠭᠠᠷᠤᠮᠠᠷ ᠰᠠᠨ 
 
 ᠠᠰᠠᠷ ᠲᠣᠭᠤᠷᠢᠰᠬᠢᠨ ᠠᠯᠬᠤᠵᠠᠢ ᠪᠠᠢᠬᠤ 
 ᠬᠥᠮᠦᠨ ᠬᠥᠮᠦᠨ ᠡᠴᠡ ᠨᠠᠭᠠᠳᠤᠮ ᠰᠣᠨᠣᠰᠤᠨ ᠬᠥᠯᠬᠢᠵᠡᠢ ᠶᠠᠪᠤᠬᠤ 
 ᠥᠯᠦᠰᠦᠭᠡ ᠦᠭᠡᠢ ᠴᠤ᠌ ᠬᠤᠤᠱᠤᠤᠷ᠂ ᠠᠢᠷᠠᠭᠬᠠᠨ ᠠᠮᠰᠠᠵᠤ 
 ᠡᠳᠦᠷᠵᠢᠨ ᠨᠠᠭᠠᠳᠤᠮ ᠤ᠋ᠨ ᠬᠦᠷᠢᠶ᠎ᠡ ᠪᠡᠨ ᠲᠣᠭᠣᠷᠢᠬᠤ ᠯᠠ 
 ᠰᠠᠢᠬᠠᠨ ᠪᠠᠢᠳᠠᠭ ᠶᠤᠮ ᠳᠠ  

 ᠦᠵᠦᠭᠦᠷ ᠲᠦᠷᠦᠭᠦᠦ ᠪᠤᠯᠢᠶᠠᠯᠳᠤᠰᠬᠢᠭᠡᠳ 
 ᠨᠠᠭᠠᠳᠤᠮ ᠲᠠᠷᠠᠨ᠎ᠠ ᠭᠡᠬᠦ ᠪᠡᠷ 
 ᠦᠷᠢᠶ᠎ᠡ ᠳᠠᠭ᠎ᠠ ᠪᠠᠨ ᠬᠥᠲᠥᠯᠦᠭᠡᠳ 
 ᠤᠶᠠᠭᠠᠴᠢᠳ ᠪᠤᠴᠠᠨ᠎ᠠ ᠭᠡᠬᠦ ᠪᠡᠷ 
 ᠦᠨᠦᠰᠦᠶ᠎ᠡ ᠭᠡᠯ᠎ᠡ ᠴᠤ᠌ ᠠᠵᠠ ᠳᠤᠲᠠᠬᠤ 
 ᠲᠡᠷᠡ ᠮᠢᠨᠢ ᠬᠠᠷᠢᠨ᠎ᠠ ᠭᠡᠬᠦ ᠪᠡᠷ 
 ᠰᠤᠮᠤ ᠶ᠋ᠢᠨ ᠵᠠᠬᠢᠷᠭᠠᠨ ᠤ᠋ ᠣᠷᠣᠢ ᠳ᠋ᠤ᠌ 
 ᠳᠡᠷᠪᠡᠭᠰᠡᠨ ᠲᠤᠭ ᠭᠠᠭᠴᠠᠭᠠᠷᠳᠠᠬᠤ ᠰᠢᠭ᠋ ᠯᠡ 
 ᠰᠤᠯᠠ ᠠᠰᠠᠷ ᠤ᠋ᠨ ᠬᠣᠷᠮᠣᠢ ᠨᠡᠪᠰᠡᠩᠨᠡᠬᠦ 
 ᠶᠠᠮᠠᠷ ᠤᠢᠲᠠᠢ ᠪᠣᠢ  

 ᠬᠣᠷᠭᠣᠳᠠᠨ ᠬᠣᠯᠠᠳᠬᠤ ᠭᠠᠯ ᠭᠠᠯ ᠤ᠋ᠨ ᠬᠥᠯ ᠢ᠋ᠶ᠋ᠡᠷ ᠨᠠᠮᠤᠷ ᠡᠬᠢᠯᠡᠵᠦ 
 ᠬᠣᠷᠯᠣ ᠭᠤᠸᠠᠢ ᠶ᠋ᠢᠨ ᠶᠡᠬᠡ ᠥᠬᠢᠨ ᠬᠥᠮᠦᠨ ᠲᠡᠢ ᠰᠠᠭᠤᠴᠢᠬᠠᠳᠠᠭ ᠰᠠᠨ 
 ᠳᠠᠬᠢᠭᠠᠳ ᠨᠠᠭᠠᠳᠤᠮ ᠪᠣᠯᠬᠤ ᠦᠭᠡᠢ ᠶᠦᠮ ᠰᠢᠭ 
 ᠳᠠᠪᠴᠢᠭᠤᠷᠠᠬᠤ ᠶ᠋ᠢ ᠶᠠᠭᠠᠬᠢᠨ᠎ᠠ  

 ᠰᠢᠨ᠎ᠡ ᠶ᠋ᠢᠨ ᠬᠣᠶᠠᠷ ᠤ᠋ᠨ ᠥᠷᠯᠥᠭᠡᠨ ᠡᠴᠡ 
 ᠵᠤᠨ ᠢ᠋ᠶ᠋ᠠᠨ ᠬᠦᠯᠢᠶᠡᠵᠦ ᠲᠠᠢᠳᠬᠤᠷᠠᠬᠤ ᠳ᠋ᠤ᠌ 
 ᠰᠢᠩᠭᠡᠨ ᠰᠠᠷᠠᠨ ᠤ᠋ ᠴᠢᠮᠡᠭᠡᠨ ᠳ᠋ᠦ᠍ 
 ᠵᠢᠷᠭᠠᠯ ᠳ᠋ᠤ᠌ ᠬᠣᠷᠭᠣᠳᠠᠭᠠᠳ ᠠᠯᠬᠤᠬᠤ ᠳ᠋ᠤ᠌  

 ᠨᠡᠮᠨᠡᠭᠡ ᠲᠡᠢ ᠪᠣᠲᠣᠭᠣᠨ ᠤ᠋ ᠪᠠᠨ ᠳᠡᠷᠭᠡᠳᠡ ᠡᠴᠡ 
 ᠡᠬᠡ ᠨᠢ ᠬᠣᠯᠠᠳᠬᠤ ᠦᠭᠡᠢ ᠡᠷᠭᠢᠯᠳᠦᠬᠦ ᠰᠢᠭ 
 ᠨᠢᠭᠡ ᠯᠡ ᠶᠠᠪᠤᠭ᠎ᠠ ᠨᠠᠰᠤ ᠪᠠᠷ ᠢ᠋ᠶ᠋ᠠᠨ 
 ᠨᠠᠭᠠᠳᠤᠮ ᠢ᠋ᠶ᠋ᠠᠨ ᠬᠦᠯᠢᠶᠡᠵᠦ ᠵᠢᠷᠭᠠᠬᠤ ᠶᠤᠮ ᠳᠠ᠃  

       ᠦᠰᠦᠭ ᠠᠮᠢᠯᠠᠭᠤᠯᠤᠭᠴᠢ᠄ ᠡᠩᠬᠡᠪᠠᠲᠤ  
         ᠦᠰᠦᠭ ᠬᠢᠨᠠᠭᠴᠢ᠄ ᠪᠠᠶᠠᠷᠴᠡᠴᠡᠭ