ᠴᠠᠭᠠᠨ ᠲᠣᠯᠣᠭᠠᠢ ᠶ᠋ᠢ ᠲᠠᠨᠢᠬᠤ ᠤᠩᠰᠢᠯᠭ᠎ᠠ Цагаан толгойг таних уншлага
ᠴᠠᠭᠠᠨ ᠲᠣᠯᠣᠭᠠᠢ ᠶ᠋ᠢ ᠲᠠᠨᠢᠬᠤ ᠤᠩᠰᠢᠯᠭ᠎ᠠ
ᠡᠮᠦᠨ᠎ᠡ ᠪᠡᠨ ᠳᠤᠰᠤᠯ ᠲᠠᠢ᠂ ᠨᠠ
ᠪᠠᠪᠠᠭᠠᠷ ᠲᠣᠯᠣᠭᠠᠢ ᠲᠠᠢ᠂ ᠪᠠ
ᠪᠠᠭ᠎ᠠ ᠯᠠ ᠬᠠᠭᠠᠷᠬᠠᠢ ᠲᠠᠢ᠂ ᠫᠠ
ᠬᠣᠮᠣᠭᠣᠷ ᠲᠣᠯᠣᠭᠠᠢ ᠲᠠᠢ᠂ ᠬᠠ
ᠬᠣᠶᠠᠷ ᠳᠤᠰᠤᠯ ᠲᠠᠢ᠂ ᠭᠠ
ᠤᠨᠵᠢᠭᠢᠷ ᠭᠡᠵᠢᠭᠡ ᠲᠡᠢ᠂ ᠮᠠ
ᠤᠷᠭᠤᠭᠰᠠᠨ ᠡᠪᠡᠷ ᠲᠡᠢ᠂ ᠯᠡ
ᠰᠠᠷᠠᠨ ᠲᠣᠯᠣᠭᠠᠢ ᠲᠠᠢ᠂ ᠰᠠ
ᠬᠣᠢᠨ᠎ᠠ ᠪᠠᠨ ᠳᠤᠰᠤᠯ ᠲᠠᠢ᠂ ᠱᠠ
ᠲᠠᠶᠠᠭ ᠤ᠋ᠨ ᠲᠣᠯᠣᠭᠠᠢ ᠲᠠᠢ᠂ ᠲᠠ
ᠬᠡᠪᠲᠡᠭᠡ ᠲᠣᠯᠣᠭᠠᠢ ᠲᠠᠢ᠂ ᠳᠠ
ᠴᠣᠷᠭᠣ ᠶ᠋ᠢᠨ ᠬᠠᠮᠠᠷ ᠲᠠᠢ᠂ ᠴᠠ
ᠵᠢᠰᠢᠭᠦᠦ ᠲᠣᠯᠣᠭᠠᠢ ᠲᠠᠢ᠂ ᠵᠠ
ᠡᠷᠲᠡᠭᠡᠷ ᠬᠣᠩᠰᠢᠶᠠᠷ ᠲᠠᠢ᠂ ᠶᠠ
ᠡᠷᠪᠡᠭᠡᠷ ᠳᠡᠷᠪᠡᠭᠡᠷ᠂ ᠷᠠ
ᠳᠣᠲᠣᠭᠰᠢ ᠪᠠᠨ ᠭᠣᠬ᠎ᠠ ᠂ ᠸᠠ
ᠠᠷᠪᠠᠨ ᠳᠣᠯᠣᠭᠠᠨ ᠲᠥᠷᠰᠦ ᠪᠡᠨ
ᠠᠯᠳᠠᠯ ᠦᠭᠡᠢ ᠪᠦᠬᠦᠨ ᠢ᠋ ᠰᠤᠷᠤᠶ᠎ᠠ!
ᠮᠠᠲ᠋ᠧᠷᠢᠶᠠᠯ ᠬᠠᠩᠭᠠᠭᠴᠢ᠄ ᠪᠣᠷᠵᠢᠭᠢᠨ ᠡᠷᠳᠡᠨᠢᠴᠢᠮᠡᠭ᠂ ᠪᠠᠯᠵᠤᠤᠷ
ᠬᠢᠨᠠᠭᠴᠢ᠄ ᠱᠤᠸᠠᠩᠬᠤᠸᠠᠷ
