ᠠᠯᠠᠭ ᠶ᠋ᠢᠨᠨ ᠤᠨᠤᠶ᠎ᠠ -ᠤᠢᠭᠤᠷᠵᠢᠨ ᠰᠡᠴᠡᠨᠲᠤᠶᠠᠭ᠎ᠠ Алгаа оноё-Уйгуржин СэцэнтуяаAlgaa onoyo
ᠠᠯᠠᠭ ᠢ᠋ᠶ᠋ᠠᠨ ᠤᠨᠤᠶ᠎ᠠ
ᠣᠷᠳᠣᠰ ᠠᠷᠠᠳ ᠤ᠋ᠨ ᠳᠠᠭᠤᠤ
ᠳᠠᠭᠤᠴᠢᠨ᠄ ᠤᠢᠭᠤᠷᠵᠢᠨ· ᠰᠡᠴᠡᠨᠲᠤᠶᠠᠭ᠎ᠠ
ᠠᠯᠠᠭ ᠢ᠋ᠶ᠋ᠠᠨ ᠤᠨᠤᠶ᠎ᠠ ᠳ᠋ᠣᠣ
ᠠᠯᠬᠤᠯᠠᠭᠠᠳ ᠶᠠᠪᠤᠶ᠎ᠠ ᠳ᠋ᠣᠣ
ᠠᠮᠠᠷᠠᠭ ᠴᠢᠮ᠎ᠠ ᠡᠴᠡ ᠪᠠᠨ ᠰᠠᠯᠤᠭᠰᠠᠨ ᠡᠴᠡ ᠬᠣᠢᠰᠢ
ᠢᠩᠭᠢᠵᠦ ᠯᠡ ᠵᠣᠪᠠᠳᠠᠭ ᠶᠤᠮ ᠤᠤ ᠳ᠋ᠣᠣ᠃
ᠬᠦᠷᠡᠩ ᠢ᠋ᠶ᠋ᠡᠨ ᠤᠨᠤᠶ᠎ᠠ ᠳ᠋ᠣᠣ
ᠬᠥᠮᠦᠨ ᠦ᠌ ᠪᠡᠨ ᠭᠠᠵᠠᠷ ᠲᠤ᠌
ᠬᠥᠭᠡᠷᠦᠬᠦᠢ ᠴᠢᠮ᠎ᠠ ᠡᠴᠡ ᠪᠠᠨ ᠰᠠᠯᠤᠭᠰᠠᠨ ᠡᠴᠡ ᠬᠣᠢᠰᠢ
ᠢᠩᠭᠢᠵᠦ ᠯᠡ ᠵᠣᠪᠠᠳᠠᠭ ᠶᠤᠮ ᠤᠤ ᠳ᠋ᠣᠣ᠃
ᠪᠤᠭᠤᠷᠤᠯ ᠢ᠋ᠶ᠋ᠠᠨ ᠤᠨᠤᠶ᠎ᠠ ᠳ᠋ᠣᠣ
ᠪᠤᠲᠠᠷᠠᠭᠤᠯᠤᠭᠠᠳ ᠬᠦᠷᠦᠶ᠎ᠡ ᠭᠡᠰᠡᠨ ᠳ᠋ᠣᠣ
ᠪᠣᠳᠣᠯ ᠤ᠋ᠨ ᠰᠠᠭᠰᠠᠭᠠ ᠠ᠋ᠴᠠ ᠪᠠᠨ ᠰᠠᠯᠤᠭᠰᠠᠨ ᠡᠴᠡ ᠬᠣᠢᠰᠢ
ᠢᠩᠭᠢᠵᠦ ᠯᠡ ᠵᠣᠪᠠᠭᠰᠠᠨ ᠶᠤᠮ ᠠ ᠳ᠋ᠣᠣ᠃
ᠡᠭᠦᠯᠡᠨ ᠶᠣ᠌ ᠭᠠᠷᠤᠯ᠎ᠠ ᠳ᠋ᠣᠣ
ᠪᠣᠷᠣᠭᠠᠨ ᠴᠤ᠌ ᠣᠷᠣᠬᠤ ᠶᠤᠮ ᠪᠠᠢᠨ᠎ᠠ
ᠦᠶᠡᠷ ᠦ᠋ᠨ ᠤᠰᠤ ᠨᠢ ᠢᠷᠡᠬᠦ ᠡᠴᠡ ᠪᠡᠨ ᠤᠷᠢᠳᠠ
ᠶᠠᠭᠠᠬᠢᠭᠠᠳ ᠬᠤᠷᠳᠤᠨ ᠵᠠᠢᠯᠠᠳᠠᠭ ᠦᠭᠡᠢ ᠶᠤᠮ ᠳ᠋ᠣᠣ᠃
ᠬᠥᠭᠡᠷᠦᠬᠦᠢ ᠴᠢᠮ᠎ᠠ ᠡᠴᠡ ᠪᠠᠨ ᠰᠠᠯᠤᠭᠰᠠᠨ ᠡᠴᠡ ᠬᠣᠢᠰᠢ
ᠢᠩᠭᠢᠵᠦ ᠯᠡ ᠵᠣᠪᠠᠳᠠᠭ ᠶᠤᠮ ᠳ᠋ᠣᠣ᠃
ᠦᠰᠦᠭ ᠠᠮᠢᠯᠠᠭᠤᠯᠤᠭᠴᠢ᠄ ᠤᠤᠭᠠᠨᠵᠢᠳ
