ᠺᠡᠦ᠋ᠺᠡᠽ ᠠᠶᠠᠯᠭᠤ -ᠷ ∙ ᠴᠣᠢᠨᠣᠮ-ᠨᠠᠢᠷᠠᠭᠯᠠᠯКавказ аялгуу-Р.Чойном Kavkaz ayalguu-R.Choinom
ᠺᠡᠦ᠋ᠺᠡᠽ ᠠᠶᠠᠯᠭᠤ

ᠬᠠᠢᠷ᠎ᠠ ᠰᠡᠳᠬᠢᠯ ᠦ᠋ᠨ ᠲᠤᠬᠠᠢ ᠨᠣᠮ
ᠨᠢᠭᠡ
ᠬᠦᠦ ᠴᠢᠨᠢ ᠪᠤᠭᠤᠷᠤᠯ ᠲᠣᠯᠣᠭᠠᠢ ᠪᠠᠨ
ᠠᠯᠠᠭᠠᠨ ᠳᠡᠭᠡᠷ᠎ᠡ ᠲᠠᠨᠢ ᠲᠠᠯᠪᠢᠨᠠᠮ᠁
※ ※ ※
ᠬᠥᠮᠦᠨ ᠭᠡᠳᠡᠭ ᠠᠮᠢᠲᠠᠨ ᠭᠤᠷᠪᠠᠨ ᠳᠠᠭᠤᠤ ᠲᠠᠢ ᠠᠵᠢ
ᠬᠦᠢᠲᠡᠨ ᠭᠤᠨᠢᠭ ᠬᠠᠯᠠᠭᠤᠨ ᠪᠠᠶᠠᠷ ᠢ᠋ᠶ᠋ᠠᠨ ᠭᠤᠷᠪᠠᠭᠤᠯᠠ ᠳ᠋ᠤᠨᠢ ᠪᠠᠭᠲᠠᠭᠠᠵᠠᠢ
ᠬᠠᠮᠤᠭ ᠳᠠᠭᠤᠤ ᠡᠴᠡ ᠨᠠᠨᠳᠢᠨ᠂ ᠡᠬᠡ ᠶ᠋ᠢᠨ ᠨᠢᠭᠡᠨ ᠳᠠᠭᠤᠤ ᠶ᠋ᠢ ᠨᠢ
ᠬᠠᠯᠠᠭᠤᠨ ᠥᠯᠥᠭᠡᠢ ᠳᠡᠭᠡᠷ᠎ᠡ ᠨᠢ ᠡᠵᠢ ᠬᠥᠮᠦᠨ ᠳᠠᠭᠤᠯᠠᠵᠠᠢ᠃
ᠥᠭᠡᠷ᠎ᠡ ᠨᠢᠭᠡ ᠳᠠᠭᠤᠤ ᠶ᠋ᠢ ᠨᠢ ᠪᠠᠰᠠ ᠡᠬᠡ ᠬᠥᠮᠦᠨ
ᠥᠩᠭᠡᠷᠡᠭᠰᠡᠨ ᠬᠦᠦ ᠶ᠋ᠢᠨ ᠢ᠋ᠶ᠋ᠡᠨ ᠬᠦᠢᠲᠡᠨ ᠬᠠᠴᠠᠷ ᠢ᠋ ᠢᠯᠪᠢᠵᠦ
ᠪᠤᠯᠠᠰᠢ ᠪᠤᠩᠬᠤᠨ ᠳᠡᠭᠡᠷ᠎ᠡ ᠨᠢ ᠤᠬᠢᠯᠠᠨ ᠳᠠᠭᠤᠯᠠᠳᠠᠭ ᠪᠠᠢᠨᠠᠮ
ᠪᠤᠰᠤᠳ ᠲᠤᠨᠢ ᠶᠠᠭᠠᠬᠢᠬᠤ ᠪᠣᠢ᠂ ᠪᠤᠰᠤᠳ ᠳᠠᠭᠤᠤ ᠨᠤᠭᠤᠳ ᠪᠠᠭᠲᠠᠨᠠᠮ᠃
ᠡᠬᠡ ᠬᠥᠮᠦᠨ
ᠠᠭᠤᠯᠠ ᠶ᠋ᠢᠨ ᠬᠢᠨ ᠦ᠌ ᠤᠳᠤᠮ ᠭᠡᠰᠡᠨ ᠳ᠋ᠡᠭᠡᠨ ᠠᠷᠭ᠎ᠠ ᠦᠭᠡᠢ ᠯᠡ ᠪᠢ
ᠤᠷᠤᠭ ᠭᠡᠷ ᠢ᠋ᠶ᠋ᠡᠨ ᠴᠤᠤᠭᠢᠭᠤᠯᠤᠭᠰᠠᠨ ᠵᠢᠭᠠᠯ ᠪᠠᠢᠵᠠᠢ
ᠤᠬᠠᠭᠠᠨᠲᠤ ᠡᠵᠢ ᠲᠠᠨ ᠤ᠋ ᠪᠠᠨ ᠦᠭᠡᠨ ᠳ᠋ᠦ᠍
ᠤᠷᠪᠠᠢᠵᠤ ᠭᠦᠵᠢᠳᠡᠭ ᠬᠡᠦᠬᠡᠳ ᠪᠠᠢᠵᠠᠢ᠃
ᠬᠤᠭᠤᠴᠠᠭ᠎ᠠ ᠴᠠᠭ ᠤᠯᠠᠷᠢᠬᠤ ᠳ᠋ᠤ᠌ ᠲᠡᠭᠦᠨ ᠦ᠌ ᠠᠶ᠎ᠠ ᠪᠠᠷ ᠪᠢ
ᠬᠤᠪᠢ ᠵᠣᠬᠢᠶᠠᠯ ᠤ᠋ᠨ ᠡᠮᠦᠨ᠎ᠡ ᠬᠤᠯᠴᠢᠢᠵᠤ ᠦᠵᠡᠭᠰᠡᠨ ᠦᠭᠡᠢ
ᠭᠡᠲᠡᠯ᠎ᠡ ᠲᠠᠨ ᠤ᠋ ᠪᠠᠨ ᠡᠮᠦᠨ᠎ᠡ ᠣᠳᠣ ᠬᠦᠷᠲᠡᠯ᠎ᠡ
ᠭᠡᠮᠦᠷᠴᠦ ᠰᠦᠷᠳᠡᠬᠦᠶᠤᠮ᠂ ᠪᠠᠭ᠎ᠠ ᠵᠢᠭᠠᠯ ᠰᠢᠭ᠋᠃
ᠠᠮᠢᠬᠠᠨ ᠢ᠋ᠶ᠋ᠠᠷ ᠢ᠋ᠶ᠋ᠠᠨ ᠣᠳᠣ ᠬᠣᠶᠠᠭᠤᠯᠠᠬᠠᠨ ᠪᠠᠢᠨ᠎ᠠ
ᠠᠬᠤᠢ ᠰᠡᠳᠬᠢᠯ ᠢ᠋ᠶ᠋ᠡᠨ ᠠᠭᠤᠳᠠᠯᠤᠩᠬᠠᠨ ᠶᠠᠷᠢᠵᠤ
ᠠᠯᠢ ᠬᠡᠳᠦᠢᠨ᠎ᠡ ᠪᠤᠭᠤᠷᠤᠯᠲᠤᠭᠰᠠᠨ ᠲᠣᠯᠣᠭᠠᠢ ᠪᠠᠨ
ᠠᠯᠠᠭᠠᠨ ᠳᠡᠭᠡᠷ᠎ᠡ ᠲᠠᠨᠢ ᠪᠥᠬᠥᠢᠨ ᠲᠠᠯᠪᠢᠶ᠎ᠠ᠃
ᠬᠣᠩᠭᠣᠷ ᠡᠵᠢ ᠮᠢᠨᠢ ᠠ᠋᠂ ᠶᠠᠭᠠᠬᠢᠨ᠎ᠠ ᠳᠠ᠂ ᠬᠦᠦ ᠴᠢᠨᠢ
ᠬᠣᠷᠸ᠎ᠠ ᠶ᠋ᠢᠨ ᠰᠣᠬᠣᠷ ᠦᠢᠮᠡᠭᠡᠨ ᠳ᠋ᠦ᠍ ᠬᠥᠲᠥᠯᠦᠭᠳᠡᠨ
ᠲᠣᠭᠠᠲᠠᠢ ᠬᠣᠨᠣᠭ ᠤ᠋ᠨ ᠵᠢᠷᠭᠠᠯ ᠳ᠋ᠤ᠌ ᠲᠠᠨ ᠢ᠋ ᠪᠡᠨ
ᠲᠣᠭᠣᠵᠤ ᠠᠩᠵᠠᠭᠠᠷᠠᠭᠰᠠᠨ ᠨᠢ ᠴᠥᠭᠡᠬᠡᠨ ᠪᠠᠢᠨ᠎ᠠ᠃
ᠣᠯᠠᠨ ᠤ᠋ ᠡᠷᠭᠢᠭᠦᠯᠭᠡᠨ ᠳ᠋ᠦ᠍ ᠬᠥᠯ ᠠᠯᠳᠠᠵᠤ
ᠣᠢᠵᠤ ᠪᠠᠭᠤᠵᠤ ᠶᠠᠪᠤᠲᠠᠯ᠎ᠠ ᠬᠡᠪ ᠭᠡᠨᠡᠳᠲᠡᠬᠡᠨ
ᠣᠩᠭᠣᠨ ᠵᠢᠷᠦᠬᠡ ᠡᠪᠡᠳᠪᠡ᠃ 《ᠠᠷᠠᠢ ᠪᠢ
ᠣᠭᠲᠣ ᠮᠠᠷᠲᠠᠭ᠎ᠠ ᠦᠭᠡᠢ ᠪᠠᠢᠭ᠎ᠠ᠂ ᠡᠵᠢ ᠶ᠋ᠢ ᠪᠡᠨ?》
ᠬᠠᠷᠢᠨ ᠡᠵᠢ ᠮᠢᠨᠢ ᠬᠠᠢᠷᠠᠯᠠᠨ ᠰᠢᠨᠠᠯᠵᠤ
ᠬᠠᠷᠢᠶᠠᠬᠤ ᠶ᠋ᠢᠨ ᠣᠷᠣᠨ ᠳ᠋ᠤ᠌ ᠲᠦᠭᠰᠢᠨ ᠰᠢᠷᠲᠡᠵᠦ
ᠳᠣᠲᠣᠭᠠᠳᠤ ᠭᠤᠨᠢᠭ ᠢ᠋ᠶ᠋ᠠᠷ ᠰᠡᠭᠦᠷᠡᠰᠦᠨ ᠠᠯᠳᠠᠵᠤ
ᠳᠣᠭᠣᠯᠠᠩ ᠨᠢᠯᠪᠤᠰᠤ ᠪᠠᠨ ᠰᠡᠮᠬᠡᠨ ᠠᠷᠴᠢᠨ᠎ᠠ᠃
ᠬᠦᠷᠬᠦ ᠯᠡ ᠴᠠᠭ ᠲᠠᠭᠠᠨ ᠬᠦᠷᠬᠦ ᠭᠡᠵᠦ
ᠬᠦᠢ ᠣᠭᠲᠠᠷᠭᠤᠢ ᠳ᠋ᠤ᠌ ᠣᠳᠣ ᠭᠢᠯᠠᠯᠵᠠᠳᠠᠭ ᠪᠢᠯᠡ ᠯᠠ
ᠬᠦᠦ ᠴᠢᠨᠢ ᠪᠤᠭᠤᠷᠤᠯ ᠲᠣᠯᠣᠭᠠᠢ ᠪᠠᠨ
ᠠᠯᠠᠭᠠᠨ ᠳᠡᠭᠡᠷ᠎ᠡ ᠲᠠᠨᠢ ᠲᠠᠯᠪᠢᠨᠠᠮ᠃
※ ※ ※
ᠡᠷᠲᠡᠨ ᠦ᠌ ᠪᠢᠸᠠᠩᠷᠢᠳ᠋ ᠤ᠋ᠨ ᠵᠠᠷᠯᠢᠭ᠄
| ᠪᠤᠷᠬᠠᠨ ᠡᠴᠡ ᠢᠯᠡᠭᠦᠦ ᠪᠤᠷᠬᠠᠨ ᠦᠭᠡᠢ! ᠭᠡᠯᠡ᠃
ᠡᠳᠦᠭᠡ ᠮᠢᠨᠦ ᠦᠭᠡ᠄
| ᠡᠵᠢ ᠡᠴᠡ ᠢᠯᠡᠭᠦᠦ ᠲᠡᠢ ᠡᠵᠢ ᠯᠡ ᠦᠭᠡᠢ ᠪᠢᠯᠡ!᠁
ᠬᠥᠨᠳᠡᠭᠦᠷ ᠰᠣᠷᠪᠢ ᠰᠢᠭ᠋ ᠤᠯᠠᠢᠬᠤ ᠠᠶᠠᠨ ᠵᠠᠮ ᠤ᠋ᠨ ᠦᠵᠦᠭᠦᠷ ᠲᠦ᠍
ᠬᠥᠭᠡᠷᠦᠬᠦᠢ ᠡᠵᠢ ᠡᠴᠡ ᠥᠭᠡᠷ᠎ᠡ ᠬᠡᠨ ᠴᠦ᠍ ᠡᠭᠦᠳᠡᠨ᠎ᠡ ᠨᠠᠮᠠᠶ᠋ᠢ ᠲᠣᠰᠤᠭ᠎ᠠ ᠨᠢ ᠦᠭᠡᠢ᠃
ᠣᠷᠣᠩᠭᠤᠲᠠ ᠡᠵᠢ ᠶ᠋ᠢᠨ ᠮᠢᠨᠢ ᠡᠷᠢᠭᠡ ᠨᠢᠳᠦᠨ᠎ᠡ ᠳᠤᠰᠤᠨᠠᠮ᠃
ᠤᠷᠢ ᠭᠠᠭᠴᠠᠭᠠᠷ ᠪᠡᠲᠡᠭᠢᠷᠡᠵᠦ ᠰᠠᠭᠤᠬᠤ ᠳ᠋ᠠᠭᠠᠨ ᠡᠵᠢ ᠮᠢᠨᠢ
ᠬᠠᠷ᠎ᠠ ᠳᠠᠷᠢ ᠶ᠋ᠢᠨ ᠰᠢᠷᠬᠡᠭ ᠰᠢᠭ ᠣᠯᠠᠨ ᠬᠠᠷ᠎ᠠ ᠰᠥᠨᠢ ᠶ᠋ᠢ
ᠬᠠᠷᠪᠤᠨ ᠥᠩᠭᠡᠷᠡᠬᠦ ᠣᠯᠠᠨ ᠴᠠᠭᠠᠨ ᠡᠳᠦᠷ ᠢ᠋
ᠬᠠᠢᠷᠠᠲᠤ ᠬᠦᠦ ᠪᠡᠨ ᠭᠡᠭᠰᠡᠭᠡᠷ ᠡᠨᠡ ᠯᠡ ᠡᠷᠢᠬᠡᠨ ᠳ᠋ᠡᠭᠡᠨ ᠲᠣᠭᠠᠯᠠᠭᠠ ᠳᠠ᠃
ᠬᠠᠭᠠᠷᠢᠭᠤ ᠡᠪᠦᠯ ᠢ᠋ᠶ᠋ᠡᠷ ᠡᠨᠳᠡ ᠲᠡᠨᠳᠡ ᠡᠴᠡ ᠢᠷᠡᠬᠦ ᠳ᠋ᠦ᠍ ᠮᠢᠨᠢ
ᠬᠠᠨᠠᠨ ᠵᠤᠤᠬ᠎ᠠ ᠪᠠᠨ ᠬᠡᠨ ᠣᠳᠣ ᠭᠠᠯᠯᠠᠬᠤ ᠪᠣᠢ?
ᠬᠠᠢᠷᠠᠯᠠᠵᠤ ᠨᠢᠭᠦᠯ ᠨᠢᠭᠦᠯ ᠢ᠋ ᠮᠢᠨᠢ ᠲᠠᠷᠨᠢᠳᠠᠨ
ᠬᠠᠷ᠎ᠠ ᠲᠣᠯᠣᠭᠠᠢ ᠶ᠋ᠢᠨ ᠮᠢᠨᠢ ᠲᠥᠯᠥᠭᠡ ᠬᠡᠨ ᠣᠳᠣ ᠵᠠᠯᠪᠠᠷᠢᠬᠤ ᠪᠣᠢ?
ᠰᠦᠷᠡᠬᠡᠢ ᠬᠡ ᠴᠣᠬᠢᠭᠰᠠᠨ 《ᠺᠣᠷᠠᠨ》 ᠰᠤᠳᠤᠷ ᠲᠡᠪᠡᠷᠢᠵᠦ
ᠰᠦᠷᠲᠦ ᠢᠮᠠᠮᠠ (ᠬᠠᠮᠪᠤ) ᠶ᠋ᠢᠨ ᠡᠮᠦᠨ᠎ᠡ ᠰᠥᠭᠥᠳᠦᠨ ᠰᠥᠭᠥᠳᠪᠡᠰᠦ
ᠲᠡᠷᠡ ᠠᠢᠯᠠᠳᠷᠤᠨ᠄
| ᠪᠤᠷᠬᠠᠨ ᠡᠴᠡ ᠢᠯᠡᠭᠦᠦ ᠪᠤᠷᠬᠠᠨ ᠭᠡᠵᠦ ᠦᠭᠡᠢ!
ᠪᠢ ᠥᠭᠦᠯᠡᠷᠦᠨ᠄
| ᠡᠵᠢ ᠡᠴᠡ ᠢᠯᠡᠭᠦᠦ ᠲᠡᠢ ᠡᠵᠢ ᠭᠡᠵᠦ ᠦᠭᠡᠢ!
※※※
ᠠᠭᠤᠯᠠ ᠶ᠋ᠢᠨ ᠬᠢᠨ ᠤᠭ ᠡᠴᠡ ᠪᠠᠨ ᠢᠩᠭᠢᠵᠦ ᠪᠣᠳᠣᠳᠠᠭ ᠶᠤᠮ
ᠣᠢ ᠭᠤᠨᠢᠭ ᠪᠣᠯᠵᠤ ᠪᠤᠯᠠᠰᠢᠨ ᠳᠡᠭᠡᠷ᠎ᠡ ᠣᠴᠢᠭᠠᠳ
ᠪᠦᠭᠦᠳᠡᠭᠡᠷ ᠢ᠋ᠶ᠋ᠡᠨ ᠰᠣᠯᠣᠭᠠᠢ ᠲᠠᠯ᠎ᠠ ᠳ᠋ᠤᠨᠢ ᠵᠣᠭᠰᠣᠬᠤ ᠳ᠋ᠠᠭᠠᠨ
ᠪᠦᠷᠢᠯᠡᠭᠡᠴᠢ ᠪᠢᠳᠡᠨ ᠢ᠋ ᠬᠠᠷᠠᠵᠤ ᠪᠠᠢᠭ᠎ᠠ ᠭᠡᠳᠡᠭᠶᠤᠮ᠃
ᠠᠭᠤᠯᠠ ᠠᠭᠤᠯᠠ ᠡᠴᠡ ᠪᠠᠨ ᠵᠢᠭᠤᠲᠠᠳᠠᠭ ᠦᠭᠡᠢ
ᠤᠯᠠᠷᠢᠬᠤ ᠴᠠᠭ ᠠᠷᠢᠭᠤᠨ ᠳᠤᠷᠠᠳᠬᠠᠯ ᠢ᠋ ᠮᠠᠷᠲᠠᠳᠠᠭ ᠦᠭᠡᠢ
ᠤᠴᠢᠷ ᠡᠢᠮᠦ ᠡᠴᠡ ᠥᠯᠳᠡᠭᠰᠡᠨ ᠨᠢ ᠦᠬᠦᠭᠰᠡᠨ ᠳ᠋ᠡᠭᠡᠨ
ᠠᠭᠤᠴᠢᠯᠠᠯ ᠡᠷᠢᠵᠦ ᠪᠥᠬᠥᠢᠬᠦ ᠭᠡᠵᠦ ᠣᠴᠢᠳᠠᠭ ᠶᠤᠮ᠃
ᠠᠴᠢᠲᠤ ᠡᠵᠢ ᠶ᠋ᠢᠨ ᠢ᠋ᠶ᠋ᠡᠨ ᠱᠠᠷᠢᠯ ᠳᠡᠭᠡᠷ᠎ᠡ
ᠠᠮᠠᠨ ᠳ᠋ᠠᠭᠠᠨ ᠤᠰᠤ ᠪᠠᠯᠭᠤᠭᠰᠠᠨ ᠮᠡᠲᠦ ᠵᠣᠭᠰᠣᠬᠤ
ᠠᠷᠭ᠎ᠠ ᠳᠠᠩᠴᠤ ᠦᠭᠡᠢ ᠰᠠᠨ᠂ ᠮᠢᠨᠦ ᠬᠤᠪᠢ ᠳ᠋ᠤ᠌
ᠠᠢᠬᠤᠪᠲᠤᠷ ᠮᠥᠰᠥ ᠦᠭᠡᠢ ᠶᠠᠪᠤᠳᠠᠯ ᠲᠡᠷᠡ ᠪᠤᠶᠤ᠃
ᠠᠨᠢᠷ ᠦᠭᠡᠢ ᠶ᠋ᠢᠨ ᠭᠠᠵᠠᠷ ᠡᠵᠢ ᠪᠡᠨ ᠡᠷᠭᠢᠭᠡᠳ
ᠠᠭᠠᠵᠢᠮ ᠬᠡᠯᠲᠦᠷᠢᠨ ᠪᠤᠴᠠᠬᠤ ᠴᠠᠭ ᠲᠤ᠌
ᠠᠷᠢᠭᠤᠨ ᠶᠠᠪᠤᠳᠠᠯ ᠦᠢᠯᠡᠳᠦᠯ᠎ᠡ ᠳᠡ ᠭᠡᠵᠦ
ᠠᠬᠤᠢ ᠰᠡᠳᠬᠢᠯ ᠳᠠᠯᠪᠢᠷᠠᠨ ᠴᠡᠯᠮᠡᠨ᠎ᠡ᠃
ᠲᠠᠮᠤᠯᠭᠠ ᠰᠤᠳᠤᠷ ᠤ᠋ᠨ ᠰᠢᠯᠦᠭ ᠲᠦ᠍ ᠭᠠᠷᠳᠠᠭ ᠢ᠋ᠶ᠋ᠠᠷ
ᠲᠠᠢᠳᠬᠤᠷᠠᠰᠢ ᠦᠭᠡᠢ ᠪᠦᠬᠦᠨ ᠢ᠋ ᠲᠠᠢᠳᠬᠤᠷᠠᠭᠤᠯᠵᠤ
ᠲᠠᠯᠢᠢᠭᠠᠴᠢ ᠶ᠋ᠢᠨ ᠡᠮᠦᠨ᠎ᠡ ᠬᠢᠯᠢᠨᠴᠡ ᠲᠡᠢ ᠪᠦᠬᠦᠨ ᠢ᠋
ᠲᠠᠷᠴᠢᠯᠠᠭᠠᠵᠤ ᠬᠢᠯᠢᠨᠴᠡ ᠳ᠋ᠦ᠍ᠨᠢ ᠬᠠᠲᠠᠭᠠᠨ᠎ᠠ᠃
ᠡᠨᠳᠡ ᠪᠢᠰᠢ ᠬᠠᠷᠢ ᠬᠣᠯᠠ ᠳ᠋ᠤ᠌ ᠴᠤ᠌ ᠭᠡᠰᠡᠨ
ᠡᠩᠬᠦᠷᠡᠢ ᠳᠦᠷᠢ ᠨᠢ ᠬᠠᠷᠠᠭᠳᠠᠭᠰᠠᠭᠠᠷ ᠪᠠᠢᠳᠠᠭ
ᠡᠴᠢᠭᠡ ᠡᠪᠦᠭᠡ ᠶ᠋ᠢᠨ ᠱᠠᠷᠢᠯ ᠳ᠋ᠤ᠌ ᠪᠢ ᠰᠡᠳᠬᠢᠯ ᠢ᠋ᠶ᠋ᠡᠷ ᠢ᠋ᠶ᠋ᠡᠨ
ᠡᠭᠡᠨᠡᠭᠲᠡ ᠰᠣᠯᠣᠭᠠᠢ ᠲᠠᠯ᠎ᠠ ᠳ᠋ᠤᠨᠢ ᠵᠣᠭᠰᠣᠨᠠᠮ᠃
※ ※ ※
ᠲᠣᠰᠬᠣᠨ ᠠᠢᠯ ᠳ᠋ᠤ᠌ ᠡᠬᠡ ᠬᠥᠮᠦᠨ ᠦᠷ᠎ᠡ ᠪᠡᠨ ᠪᠦᠪᠡᠢᠯᠡᠨ᠎ᠡ
ᠲᠣᠭᠣᠰᠣᠲᠤ ᠬᠣᠷᠸ᠎ᠠ ᠶ᠋ᠢᠨ ᠨᠢᠭᠡᠲᠡᠭᠡ ᠲᠤᠷᠤᠭ ᠰᠠᠷᠠᠨ ᠳᠣᠣᠷ᠎ᠠ
ᠲᠣᠭᠠᠲᠤ ᠨᠠᠰᠤ ᠶ᠋ᠢ ᠲᠡᠮᠲᠡᠷᠢᠬᠦ ᠰᠤᠮᠤ ᠱᠤᠩᠭᠢᠨᠠᠵᠤ
ᠲᠣᠭᠣᠨᠣᠲᠤ ᠭᠡᠷ ᠲᠡᠭᠡᠨ ᠨᠢᠭᠡ ᠨᠢ ᠴᠦ᠍ ᠦᠯᠦ ᠡᠷᠭᠢᠨ᠎ᠡ᠃
ᠬᠠᠷᠠᠩᠭᠤᠢ ᠰᠥᠨᠢ ᠪᠡᠷ ᠪᠦᠪᠡᠢ ᠶ᠋ᠢᠨ ᠳᠠᠭᠤᠤ ᠤᠶᠠᠩᠭᠠᠯᠠᠨ᠎ᠠ
ᠬᠠᠮᠢᠭ᠎ᠠ ᠨᠢᠭᠡᠲᠡᠢ ᠡᠴᠡ ᠡᠷᠯᠢᠭ ᠬᠠᠭᠠᠨ ᠥᠨᠳᠡᠢᠪᠡᠴᠦ
ᠬᠠᠮᠠᠭᠠᠯᠠᠨ ᠰᠠᠬᠢᠬᠤ ᠳ᠋ᠠᠷ᠎ᠠ ᠡᠬᠡ ᠶ᠋ᠢᠨ ᠰᠦᠷ ᠲᠦ᠍
ᠬᠠᠷ᠎ᠠ ᠵᠠᠨᠠᠷ ᠴᠢᠯᠠᠭᠤᠨ ᠵᠢᠭᠦᠷ ᠢ᠋ᠶ᠋ᠡᠨ ᠬᠤᠮᠬᠢᠵᠤ ᠪᠠᠢᠨ᠎ᠠ᠃
ᠤᠨᠠᠭᠠᠨ ᠬᠠᠢᠷ᠎ᠠ ᠪᠠᠨ ᠡᠬᠡ ᠬᠥᠮᠦᠨ ᠲᠦᠰᠢᠵᠦ ᠪᠠᠢᠨ᠎ᠠ
ᠤᠢᠳᠬᠠᠷᠲᠤ ᠡᠳᠦᠷ ᠬᠠᠮᠢᠭ᠎ᠠ ᠨᠢᠭᠡᠨᠲᠡ ᠡᠬᠢᠯᠡᠬᠦ ᠳ᠋ᠡᠭᠡᠨ
ᠤᠲᠤᠭ᠎ᠠ ᠰᠠᠪᠰᠠᠭᠰᠠᠨ ᠴᠢᠰᠤᠨ ᠳᠡᠭᠡᠭᠦᠷ ᠥᠩᠭᠡᠢᠵᠦ
ᠤᠯᠠᠭᠠᠨ ᠬᠦᠷᠡᠩ ᠰᠡᠭᠦᠳᠡᠷ ᠢ᠋ᠶ᠋ᠡᠨ ᠣᠷᠬᠢᠵᠤ ᠪᠠᠢᠨ᠎ᠠ᠃
ᠬᠠᠢᠷᠠᠲᠤ ᠦᠷ᠎ᠡ ᠳ᠋ᠡᠭᠡᠨ ᠮᠥᠮᠥ ᠶᠦ᠍ᠭᠡᠨ ᠥᠭᠭᠦᠭᠡᠳ
ᠺᠡᠦ᠋ᠺᠡᠽ ᠪᠦᠰᠡᠭᠦᠢ ᠲᠣᠰᠬᠣᠨ ᠠᠢᠯ ᠳ᠋ᠠᠭᠠᠨ ᠰᠠᠭᠤᠵᠤ ᠪᠠᠢᠨ᠎ᠠ
ᠬᠠᠮᠢᠭ᠎ᠠ ᠨᠢᠭᠡᠲᠡᠭᠡ ᠪᠠᠰᠠ ᠯᠠ ᠨᠤᠷᠠᠭᠰᠠᠨ ᠪᠠᠯᠭᠠᠰᠤ ᠳᠤᠮᠳᠠᠭᠤᠷ
ᠬᠠᠷ᠎ᠠ ᠭᠠᠰᠢᠭᠤᠳᠠᠯ ᠳ᠋ᠠᠭᠠᠨ ᠪᠠᠯᠠᠢᠷᠠᠭᠰᠠᠨ ᠡᠬᠡ ᠬᠥᠮᠦᠨ ᠲᠡᠨᠦᠵᠦ ᠶᠠᠪᠤᠨ᠎ᠠ
ᠢᠪ ᠲᠠᠲᠠᠭᠤᠯᠤᠭᠰᠠᠨ ᠭᠠᠵᠠᠷ᠂ ᠨᠢᠭᠤᠪᠴᠢ ᠱᠤᠤᠳᠤᠤ
ᠢᠯᠡᠷᠬᠡᠢ ᠰᠣᠯᠢᠶᠠᠷᠠᠯ ᠤᠯᠠᠮ ᠣᠯᠠᠰᠢᠷᠠᠵᠠᠢ
ᠠᠬᠤᠢ ᠶᠢᠷᠲᠢᠨᠴᠦ ᠳ᠋ᠦ᠍ ᠦᠬᠦᠯ ᠢ᠋ᠶ᠋ᠡᠷ ᠢ᠋ᠶ᠋ᠡᠨ ᠦᠬᠦᠭᠰᠡᠳ ᠡᠴᠡ
ᠠᠯᠠᠭᠣᠯᠣᠠᠠᠳᠠᠠᠠᠰᠡᠣᠡ ᠶ᠋ᠢᠨ ᠲᠣᠭ᠎ᠠ ᠢᠯᠡᠭᠦᠦ ᠭᠠᠷᠴᠠᠢ᠃
ᠬᠡᠭᠡᠷ᠎ᠡ ᠶ᠋ᠢᠨ ᠡᠮᠨᠡᠯᠭᠡ ᠳ᠋ᠦ᠍ ᠤᠷᠢ ᠳᠠᠭᠤᠨ ᠬᠠᠲᠠᠵᠤ
ᠬᠡᠴᠡᠭᠦᠦ ᠭᠠᠯᠯᠠᠯᠲᠠ᠂ ᠪᠥᠮᠪᠥᠭᠡᠳᠡᠯᠭᠡ ᠲᠠᠬᠢᠯ᠎ᠠ
ᠲᠦᠮᠡᠨ ᠣᠨ ᠢ᠋ ᠡᠯᠡᠭᠡᠭᠰᠡᠨ ᠡᠨᠡ ᠬᠦ᠌ ᠭᠠᠮᠰᠢᠭ
ᠲᠡᠦᠬᠡᠨ ᠳ᠋ᠦ᠍ ᠪᠠᠰᠠ ᠯᠠ ᠤᠷᠲᠤ ᠨᠠᠰᠤᠯᠠᠬᠤ ᠨᠢ ᠠ᠋᠃
ᠣᠯᠳᠠᠭᠰᠠᠨ᠂ ᠳᠤᠷᠠᠯᠠᠭᠰᠠᠨ ᠥᠪᠡᠷ ᠥᠪᠡᠷ ᠦ᠋ᠨ ᠢ᠋ᠶ᠋ᠡᠨ ᠵᠢᠮ᠎ᠡ ᠪᠡᠷ
ᠣᠷᠴᠢᠯᠠᠩ ᠳᠣᠷᠭᠢᠵᠤ ᠯᠠ ᠪᠠᠢᠨ᠎ᠠ᠂ ᠭᠡᠪᠡᠴᠦ ᠴᠠᠭ ᠢᠷᠡᠨ᠎ᠡ ᠠ᠋
ᠠᠯᠠᠭ ᠦᠷ᠎ᠡ ᠪᠡᠨ ᠪᠦᠪᠡᠢᠯᠡᠵᠦ ᠰᠠᠭᠤᠭ᠎ᠠ ᠡᠬᠡ ᠰᠢᠭ
ᠠᠮᠤᠷ ᠲᠠᠢᠪᠤᠩ ᠡᠨᠡ ᠳᠡᠯᠡᠬᠡᠢ ᠶ᠋ᠢ ᠪᠦᠪᠡᠢᠯᠡᠬᠦ ᠪᠣᠯᠤᠨ᠎ᠠ᠃
ᠡᠵᠢ
《ᠮᠠᠮᠠ》 ᠭᠡᠵᠦ ᠣᠷᠣᠰ ᠢ᠋ᠶ᠋ᠠᠷ 《ᠨᠠᠨᠡ》 ᠭᠡᠵᠦ ᠬᠦᠷᠵᠢ ᠪᠡᠷ
ᠮᠠᠨ ᠤ᠋ ᠠᠸᠠᠷ ᠬᠡᠯᠡ ᠪᠡᠷ 《ᠪᠠᠪᠠ》 ᠭᠡᠵᠦ ᠡᠷᠬᠡᠯᠡᠨ ᠳᠠᠭᠤᠳᠠᠳᠠᠭ
ᠳᠠᠯᠠᠢ ᠲᠢᠪ ᠦ᠋ᠨ ᠮᠢᠩᠭ᠎ᠠ ᠮᠢᠩᠭᠠᠨ ᠦᠭᠡᠰ ᠡᠴᠡ
ᠳᠠᠩᠴᠤ ᠭᠣᠢᠳᠠ ᠰᠣᠨᠣᠰᠤᠭᠳᠠᠳᠠᠭ ᠡᠢᠮᠦ ᠨᠢᠭᠡᠨ ᠦᠭᠡ ᠪᠣᠢ᠃
ᠮᠠᠨᠴᠤᠢ ᠲᠠᠢ ᠴᠠᠭ ᠡᠴᠡ ᠡᠬᠢᠨ ᠦ᠌ ᠦᠭᠡ ᠪᠣᠯᠤᠭᠰᠠᠨ ᠡᠭᠦᠨ ᠢ᠋
ᠮᠠᠨᠠᠷᠠᠭᠰᠠᠨ ᠤᠲᠤᠭᠠᠨ ᠳᠤᠮᠳᠠ ᠤᠴᠢᠷ ᠲᠣᠬᠢᠶᠠᠯᠳᠤᠪᠠᠰᠤ
ᠮᠠᠭᠠᠳ ᠤ᠋ᠨ ᠦᠬᠦᠯ ᠳ᠋ᠦ᠍ ᠲᠤᠯᠤᠭᠰᠠᠨ ᠡᠭᠡᠯ ᠴᠡᠷᠢᠭ ᠡᠷ᠎ᠡ
ᠡᠴᠦᠰ ᠦ᠋ᠨ ᠳᠠᠭᠤᠳᠠᠯᠭ᠎ᠠ ᠪᠣᠯᠭᠠᠨ ᠬᠡᠯᠡᠳᠡᠭ ᠴᠦ᠍ ᠦᠶ᠎ᠡ ᠪᠣᠢ᠃
ᠰᠡᠳᠬᠢᠯ ᠦ᠋ᠨ ᠭᠬᠢᠷ ᠬᠠᠯᠳᠠᠭᠠ ᠦᠭᠡᠢ ᠡᠨᠡ ᠦᠭᠡᠨ ᠳ᠋ᠦ᠍
ᠰᠡᠯᠡᠭᠦᠨ ᠴᠢᠮᠡᠭᠡ ᠦᠭᠡᠢ ᠶ᠋ᠢᠨ ᠳᠤᠮᠳᠠ ᠪᠤᠰᠤᠳ ᠦᠭᠡᠰ
ᠦᠶ᠎ᠡ ᠴᠣᠬᠢᠯᠲᠠ ᠪᠦᠬᠦᠨ ᠢ᠋ᠶ᠋ᠡᠷ ᠢ᠋ᠶ᠋ᠡᠨ ᠰᠥᠬᠥᠷᠡᠩᠬᠡᠨ
ᠦᠨᠡᠨ ᠰᠦᠵᠢᠭ ᠢ᠋ᠶ᠋ᠡᠷ ᠪᠥᠬᠥᠢᠳᠡᠭ ᠪᠢᠯᠡ ᠯᠠ
ᠤᠰᠤᠴᠢᠨ ᠤ᠋ ᠳᠣᠮᠪᠣ ᠶ᠋ᠢ ᠭᠣᠷᠣᠭ᠎ᠠ ᠶ᠋ᠢᠨ ᠤᠰᠤᠨ ᠳᠦᠭᠦᠷᠭᠡᠬᠦ ᠳ᠋ᠡᠭᠡᠨ
ᠠᠭᠤᠵᠢᠮ ᠳᠡᠯᠡᠬᠡᠢ ᠳ᠋ᠦ᠍ ᠥᠪᠡᠷ ᠦ᠋ᠨ ᠢ᠋ᠶ᠋ᠡᠨ ᠡᠬᠢ ᠪᠣᠯᠤᠭᠰᠠᠨ
ᠠᠭᠤᠯᠠ ᠶ᠋ᠢᠨ ᠣᠷᠭᠢᠯ ᠢ᠋ᠶ᠋ᠠᠨ ᠰᠠᠨᠠᠩᠬᠠᠨ ᠪᠠᠢᠵᠤ
ᠤᠶᠠᠷᠠᠭᠤᠨ ᠡᠨᠡ ᠦᠭᠡ ᠶ᠋ᠢ ᠱᠤᠯᠤᠭᠠᠨᠠᠳᠠᠭ ᠪᠢᠯᠡ ᠯᠠ᠃
ᠠᠶᠤᠩᠭ᠎ᠠ ᠶ᠋ᠢᠨ ᠭᠢᠯᠪᠠᠭ᠎ᠠ ᠬᠤᠷ᠎ᠠ ᠶ᠋ᠢᠨ ᠡᠭᠦᠯᠡ ᠶ᠋ᠢ ᠬᠡᠷᠴᠢᠬᠦ ᠳ᠋ᠦ᠍
ᠠᠭᠠᠳᠠᠷ ᠤ᠋ᠨ ᠤᠰᠤᠨ ᠴᠢᠬᠢᠨ᠎ᠡ ᠰᠣᠳᠣᠬᠠᠨ ᠢ᠋ᠶ᠋ᠠᠷ
ᠠᠩᠭᠠᠭᠰᠠᠨ ᠭᠠᠵᠠᠷ ᠲᠤ᠌ ᠰᠢᠩᠭᠡᠬᠦ ᠶ᠋ᠢᠨ ᠴᠠᠭ ᠲᠠᠭᠠᠨ
ᠠᠷᠢᠭᠤᠨ ᠳᠤᠰᠤᠯ ᠤ᠋ᠳ ᠨᠢ ᠡᠨᠡ ᠯᠡ ᠦᠭᠡ ᠶ᠋ᠢ ᠳᠠᠭᠤᠳᠠᠨᠠᠮ ᠪᠢᠯᠡ᠃
ᠭᠡᠮ ᠭᠤᠨᠢᠭ ᠢ᠋ᠶ᠋ᠠᠨ ᠨᠢᠭᠤᠵᠤ ᠰᠡᠭᠦᠷᠡᠰᠦ ᠠᠯᠳᠠᠩᠬᠠᠨ
ᠭᠡᠭᠡᠨ ᠡᠳᠦᠷ ᠨᠢᠯᠪᠤᠰᠤ ᠶᠤᠭᠠᠨ ᠳᠠᠯᠳᠠᠯᠠᠩᠬᠠᠨ
《ᠢᠵᠢᠢ ᠮᠢᠨᠢ ᠵᠣᠪᠠᠯᠲᠠ ᠦᠭᠡᠢ ᠬᠦᠦ ᠴᠢᠨᠢ ᠰᠠᠢᠨ》 ᠭᠡᠵᠦ
ᠢᠲᠡᠭᠡᠭᠦᠯᠦᠨ ᠪᠢ ᠥᠭᠦᠯᠡᠨᠡᠮ ᠪᠢᠯᠡ᠃
ᠦᠷ᠎ᠡ ᠶ᠋ᠢᠨ ᠬᠣᠢᠨ᠎ᠠ ᠡᠴᠡ ᠴᠠᠭ ᠢᠮᠠᠭᠲᠠ ᠵᠣᠪᠠᠬᠤ
ᠦᠢᠯᠡ ᠲᠡᠢ ᠲᠥᠷᠥᠭᠰᠡᠨ ᠠᠭᠤᠤ ᠶᠡᠬᠡ ᠠᠴᠢᠲᠠᠨ ᠢ᠋
《ᠮᠠᠮᠠ》 ᠭᠡᠵᠦ ᠣᠷᠣᠰ ᠢ᠋ᠶ᠋ᠠᠷ᠂ 《ᠨᠠᠨ᠎ᠠ》 ᠭᠡᠵᠦ ᠬᠦᠷᠵᠢ ᠪᠡᠷ
ᠮᠠᠨ ᠤ᠋ ᠠᠸᠠᠷ ᠬᠡᠯᠡ ᠪᠡᠷ 《ᠪᠠᠪᠠ》 ᠭᠡᠵᠦ ᠡᠷᠬᠡᠯᠡᠨ ᠳᠠᠭᠤᠳᠠᠳᠠᠭ᠃
※※※
ᠡᠨᠡ ᠦᠯᠢᠭᠡᠷ ᠢ᠋ ᠪᠢ ᠤᠷᠢᠳᠤ ᠰᠣᠨᠣᠰᠤᠭᠰᠠᠨ ᠴᠤ᠌ ᠭᠡᠯᠡ
ᠡᠳᠦᠭᠡ ᠪᠣᠯᠲᠠᠯ᠎ᠠ ᠰᠠᠨᠠᠭᠠᠨ ᠡᠴᠡ ᠭᠠᠷᠬᠤ ᠦᠭᠡᠢᠶᠤᠮ ᠠ᠋ :
ᠡᠨᠡᠯᠵᠦ ᠰᠢᠨᠠᠯᠤᠭᠰᠠᠨ ᠬᠦᠦ ᠨᠢ ᠨᠢᠳᠦ ᠦᠭᠡᠢ ᠡᠵᠢ ᠪᠡᠨ ᠬᠥᠲᠥᠯᠵᠦ
ᠡᠷᠭᠢᠬᠦ ᠬᠣᠷᠸ᠎ᠠ ᠪᠠᠷ ᠲᠡᠨᠦᠭᠰᠡᠨᠶᠤᠮ ᠭᠡᠨ᠎ᠡ ᠯᠡ ᠃
ᠲᠡᠨᠦᠭᠰᠡᠭᠡᠷ ᠲᠡᠨᠦᠭᠰᠡᠭᠡᠷ ᠠᠨᠠᠭᠠᠭᠰᠠᠨ ᠶᠤᠮ ᠭᠡᠨ᠎ᠡ ᠯᠡ
ᠲᠡᠭᠡᠭᠡᠳ ᠡᠬᠡ ᠨᠢ ᠨᠠᠷᠠᠨ ᠤ᠋ ᠭᠡᠷᠡᠯ ᠬᠠᠷᠠᠭᠰᠠᠨ ᠶᠤᠮ ᠭᠡᠨ᠎ᠡ ᠯᠡ
ᠲᠡᠭᠦᠨ ᠰᠢᠭ ᠨᠢᠳᠦ ᠦᠭᠡᠢ ᠭᠠᠵᠠᠷ | ᠣᠷᠣᠨ ᠴᠢ ᠭᠠᠷ ᠢ᠋ᠶ᠋ᠠᠨ ᠠᠯᠢ
ᠲᠡᠮᠡᠴᠡᠵᠦ ᠬᠠᠮᠲᠤ ᠶᠠᠪᠤᠭᠠᠳ ᠬᠠᠷᠠᠭ᠎ᠠ ᠣᠷᠣᠭᠤᠯᠤᠶ᠎ᠠ ᠴᠢᠮ᠎ᠠ ᠳ᠋ᠤ᠌᠃
※※※
ᠤᠰᠤᠨ ᠤ᠋ ᠤᠷᠲᠤ ᠠᠭᠤᠯᠠ ᠶ᠋ᠢᠨ ᠴᠠᠭᠠᠳᠤ ᠳ᠋ᠤ᠌
ᠣ᠊ᠭ ᠨᠤᠳᠣ᠊ᠭ ᠤ᠋ᠨ ᠬᠢᠨ ᠴᠢᠨᠢ ᠦᠵᠡᠭᠳᠡᠨ᠎ᠡ ᠊ᠤᠤ? ᠭᠡᠵᠦ
ᠡᠭᠦᠯᠡ | ᠲᠡᠭᠷᠢ ᠶ᠋ᠢᠨ ᠬᠠᠶᠠᠭᠠᠨ ᠡᠴᠡ ᠢᠷᠡᠬᠦ ᠳ᠋ᠦ᠍ ᠨᠢ
ᠦᠷ᠎ᠡ ᠡᠴᠡ ᠪᠡᠨ ᠬᠠᠭᠠᠴᠠᠭᠰᠠᠨ ᠡᠬᠡ ᠬᠥᠮᠦᠨ ᠠᠰᠠᠭᠤᠪᠠ ᠯᠠ᠃
ᠨᠠᠳᠠ ᠲᠠᠢ ᠭᠠᠭᠴᠠ ᠯᠠ ᠠᠸᠠᠷ ᠬᠥᠮᠦᠨ ᠲᠠᠭᠠᠷᠠᠭᠰᠠᠨ ᠭᠡᠵᠦ
ᠨᠠᠭᠠᠨ᠎ᠠ ᠴᠠᠭᠠᠨ᠎ᠠ ᠶ᠋ᠢ ᠪᠣᠳᠣᠯ ᠦᠭᠡᠢ ᠬᠠᠭᠤᠷᠴᠢᠬᠠᠭᠰᠠᠨ ᠴᠢᠨᠢ
ᠠᠢ ᠬᠥᠭᠡᠷᠦᠬᠦᠢ ᠡᠬᠡ ᠳᠠᠭᠤ ᠦᠭᠡᠢ ᠪᠣᠯᠤᠭᠠᠳ ᠶᠠᠩᠵᠤ ᠨᠢ
ᠠᠯᠢ ᠡᠷᠲᠡ ᠦᠷᠡᠭᠳᠡᠭᠰᠡᠨ ᠬᠦᠦ ᠪᠡᠨ ᠭᠡᠵᠦ ᠪᠣᠳᠣᠪᠠ ᠪᠣᠯᠤᠯᠲᠠᠢ ᠃
※※※
ᠬᠥᠶ᠋ᠳᠠᠨ ᠪᠣᠯᠣᠳ ᠴᠢᠨᠵᠠᠯ ᠳᠡᠭᠡᠷ᠎ᠡ ᠪᠡᠨ
ᠬᠡᠦᠬᠡᠳ ᠦ᠋ᠨ ᠢ᠋ᠶ᠋ᠡᠨ ᠨᠡᠷ᠎ᠡ ᠶ᠋ᠢ ᠰᠡᠢᠯᠦᠨ ᠴᠣᠬᠢ
ᠬᠥᠮᠦᠨ ᠢ᠋ ᠨᠢᠭᠡᠨ ᠪᠡᠶ᠎ᠡ ᠪᠡᠷ ᠨᠢ ᠮᠠᠷᠲᠠᠮᠠᠬᠠᠢ
ᠬᠦᠢᠲᠡᠭᠡᠨᠡᠭᠦᠷ ᠬᠥᠮᠦᠰ ᠰᠠᠨᠠᠵᠤ ᠰᠡᠷᠡᠵᠦ ᠪᠠᠢᠭ᠃
ᠡᠨᠡ ᠬᠢᠲᠤᠭᠠᠨ ᠤ᠋ ᠪᠠᠨ ᠪᠠᠷᠢᠭᠤᠯ ᠳᠡᠭᠡᠷ᠎ᠡ
ᠡᠵᠢ ᠶ᠋ᠢᠨ ᠢ᠋ᠶ᠋ᠡᠨ ᠳᠦᠷᠢ ᠶ᠋ᠢ ᠭᠠᠷᠭᠠᠨ ᠰᠡᠢᠯ
ᠡᠩᠬᠦᠷᠡᠢᠯᠡᠯ ᠵᠢᠮᠡᠯᠡᠯ ᠬᠣᠣᠰᠯᠠᠭᠰᠠᠨ ᠬᠠᠷᠠᠴᠠ ᠪᠠᠷ
ᠡᠭᠡᠨᠡᠭᠲᠡ ᠴᠢᠮᠠᠶ᠋ᠢ ᠰᠢᠷᠲᠡᠵᠦ ᠪᠠᠢᠭ ᠃
※※※
ᠬᠠᠳᠠ ᠴᠢᠯᠠᠭᠤᠨ ᠳ᠋ᠤ᠌ ᠬᠠᠭᠠᠯᠤᠭᠰᠠᠨ ᠬᠥᠯ ᠢ᠋ᠶ᠋ᠡᠨ ᠴᠢᠷᠦᠭᠰᠡᠭᠡᠷ
ᠬᠠᠷᠠᠩᠭᠤᠢ ᠰᠥᠨᠢ ᠠᠷᠠᠢ ᠶᠠᠳᠠᠨ ᠬᠡᠯᠲᠦᠷᠢᠬᠦ ᠳ᠋ᠦ᠍ ᠮᠢᠨᠢ
ᠬᠠᠢᠷᠠᠲᠤ ᠢᠵᠢᠢ᠂ ᠭᠡᠭᠡᠪᠴᠢᠨ ᠳ᠋ᠡᠭᠡᠨ ᠭᠡᠷᠡᠯ ᠪᠠᠷᠢᠵᠤ
ᠬᠠᠯᠲᠤᠷᠢᠵᠤ ᠲᠥᠭᠡᠷᠢᠬᠦ ᠡᠴᠡ ᠨᠠᠮᠠᠶ᠋ᠢ ᠠᠪᠤᠷᠠᠳᠠᠭ ᠰᠠᠨ
ᠲᠡᠷᠡ ᠦᠶ᠎ᠡ ᠡᠴᠡ ᠬᠣᠢᠰᠢ ᠣᠯᠠᠨ ᠵᠠᠮ ᠡᠯᠡᠭᠡᠯᠡ
ᠲᠡᠭᠷᠢ ᠶ᠋ᠢᠨ ᠮᠠᠭᠤᠬᠠᠢ | ᠪᠣᠷᠣᠭ᠎ᠠ ᠰᠢᠭᠤᠷᠭᠠᠨ ᠳ᠋ᠤ᠌ ᠴᠤ᠌ ᠶᠠᠪᠤᠯ᠎ᠠ
ᠬᠠᠮᠢᠭ᠎ᠠ ᠴᠤ᠌ ᠶᠠᠪᠤᠭᠰᠠᠨ᠂ ᠠᠯᠤᠰ ᠤ᠋ᠨ ᠭᠡᠭᠡᠪᠴᠢ ᠶ᠋ᠢᠨ ᠪᠢᠴᠢᠬᠠᠨ ᠭᠡᠷᠡᠯ
ᠬᠠᠮᠠᠭᠠᠯᠠᠵᠤ ᠨᠠᠮᠠᠶ᠋ᠢ ᠬᠦᠷᠬᠦ ᠭᠠᠵᠠᠷ ᠮᠢᠨᠢ ᠬᠦᠷᠭᠡᠭᠰᠡᠭᠡᠷ ᠪᠠᠢᠨ᠎ᠠ
※※※
ᠥᠴᠥᠭᠡᠳᠦᠷ ᠬᠣᠣᠰ ᠦᠭᠡᠢ ᠰᠠᠨᠠᠭᠳᠠᠭᠰᠠᠨ ᠳᠠᠭᠤᠤ ᠪᠠᠨ
ᠥᠨᠥᠳᠥᠷ ᠪᠢ ᠮᠠᠷᠲᠠᠵᠤ ᠣᠷᠬᠢᠭᠰᠠᠨ ᠪᠠᠢᠬᠤ ᠶᠤᠮ
ᠥᠨᠥᠳᠥᠷ ᠦ᠋ᠨ ᠳᠠᠭᠤᠤ ᠪᠠᠨ ᠮᠠᠷᠠᠭᠠᠰᠢ ᠪᠠᠰᠠ ᠯᠠ
ᠥᠩᠭᠡᠷᠡᠭᠰᠡᠨᠶᠤᠮ ᠭᠡᠳ ᠮᠠᠷᠲᠠᠬᠤ ᠪᠣᠯᠤᠨ᠎ᠠ᠃
ᠳᠠᠯᠳᠠᠬᠠᠨ ᠭᠤᠨᠢᠭ ᠢ᠋ᠶ᠋ᠠᠷ ᠡᠵᠢ ᠮᠢᠨᠢ ᠳᠠᠭᠤᠯᠠᠭᠰᠠᠨ
ᠳᠠᠭᠠᠭᠠᠮᠠᠢ ᠨᠢᠭᠡ ᠳᠠᠭᠤᠤ ᠰᠡᠳᠬᠢᠯ ᠡᠴᠡ ᠭᠠᠷᠬᠤ ᠦᠭᠡᠢᠶᠤᠮ᠃
ᠳᠠᠩᠴᠤ ᠬᠠᠢᠷ᠎ᠠ ᠶ᠋ᠢ ᠨᠠᠳᠠ ᠳ᠋ᠤ᠌ ᠲᠥᠷᠥᠭᠦᠯᠦᠭᠰᠡᠨ
ᠳᠠᠷᠬᠠᠨ ᠮᠥᠩᠬᠡ ᠶ᠋ᠢᠨ ᠳᠤᠷᠠᠰᠬᠠᠯᠲᠤ ᠳᠠᠭᠤᠤ ᠶᠤᠮ᠃
ᠡᠪᠡᠳᠦᠭᠰᠡᠨ ᠬᠦᠦ ᠳ᠋ᠡᠭᠡᠨ ᠳᠠᠭᠤᠯᠠᠭᠰᠠᠨ ᠡᠬᠡ ᠶ᠋ᠢᠨ ᠳᠠᠭᠤᠤ
ᠤᠭᠤᠭᠢᠭᠤᠯ ᠳᠠ ᠤᠭᠤᠭᠢᠭᠤᠯ᠂ ᠲᠠᠮᠠᠬᠢ ᠪᠠᠨ ᠤᠭᠤᠭᠢᠭᠤᠯ
ᠤᠤᠭᠤ ᠳᠠ ᠤᠤᠭᠤ ᠠᠷᠢᠬᠢ ᠳᠠᠷᠠᠰᠤ ᠪᠠᠨ ᠤᠤᠭᠤ
ᠪᠤᠭᠤᠷᠤᠯ ᠪᠣᠯᠤᠭᠰᠠᠨ ᠡᠵᠢ ᠪᠡᠨ ᠵᠣᠪᠠᠭᠠᠬᠤ ᠪᠠᠷ
ᠪᠤᠰᠢᠭᠤᠬᠠᠨ ᠡᠳᠡᠭᠡᠷᠡᠵᠦ ᠦᠵᠡ᠂ ᠮᠢᠨᠦ ᠬᠦᠦ
ᠶᠠᠪᠤ ᠳᠠ ᠶᠠᠪᠤ᠂ ᠠᠯᠤᠰ ᠤ᠋ᠨ ᠠᠯᠤᠰ ᠲᠤ᠌ ᠶᠠᠪᠤ
ᠶᠠᠭᠠᠮᠠᠢ ᠳᠠ ᠶᠠᠭᠠᠮᠠᠢ᠂ ᠵᠠᠬᠢᠶ᠎ᠠ ᠪᠤᠤ ᠪᠢᠴᠢ
ᠬᠣᠷᠸ᠎ᠠ ᠡᠴᠡ ᠳᠤᠷᠠᠲᠠᠢ ᠬᠡᠦᠬᠡᠨ ᠢ᠋ᠶ᠋ᠡᠨ ᠠᠪ
ᠬᠣᠲᠠ ᠶ᠋ᠢᠨ ᠪᠡᠯᠪᠡᠰᠦᠨ ᠲᠡᠢ ᠴᠦ᠍ ᠨᠥᠬᠥᠴᠡᠭᠰᠡᠨ ᠰᠠᠨ ᠤᠤ
ᠲᠣᠬᠣᠢ ᠶ᠋ᠢᠨ ᠴᠢᠨᠡᠭᠡ ᠳ᠋ᠦ᠍ ᠴᠢᠨᠢ ᠪᠦᠪᠡᠢᠯᠡᠵᠦ ᠰᠠᠭᠤᠯ᠎ᠠ ᠪᠢ
ᠲᠣᠮᠣ ᠪᠣᠯᠲᠠᠯ᠎ᠠ ᠴᠢᠨᠢ ᠲᠡᠪᠡᠷᠢᠵᠦ ᠪᠠᠢᠯ᠎ᠠ ᠪᠢ
ᠪᠤᠵᠠᠷ ᠲᠠᠮᠠᠬᠢ ᠪᠠᠨ ᠲᠠᠲᠠᠳᠠᠭ ᠰᠠᠨ ᠤᠤ᠂ ᠠᠷᠢᠬᠢ ᠪᠠᠨ ᠤᠤᠭᠤᠳᠠᠭ ᠰᠠᠨ ᠤᠤ
ᠪᠤᠰᠢᠭᠤᠬᠠᠨ ᠯᠠ ᠡᠳᠡᠭᠡᠷᠡᠵᠦ ᠦᠵᠡ᠂ ᠮᠢᠨᠦ ᠬᠦᠦ᠃
(ᠣᠷᠣᠰ ᠡᠬᠡ ᠪᠣᠯᠤᠨ ᠣᠷᠴᠢᠭᠤᠯᠤᠭᠴᠢ ᠶ᠋ᠢᠨ ᠭᠠᠷ ᠤ᠋ᠨ ᠪᠢᠴᠢᠯᠭᠡ ᠪᠣᠢ)
※ ※ ※
ᠡᠮᠴᠢ ᠴᠦ᠍ ᠬᠡᠷᠡᠭ ᠦᠭᠡᠢ᠂ ᠡᠮ ᠴᠦ᠍ ᠬᠡᠷᠡᠭ ᠦᠭᠡᠢ ᠨᠠᠳᠠ ᠳ᠋ᠤ᠌
ᠡᠵᠢ ᠨᠦ᠍ᠭᠦᠳ ᠴᠢᠨᠢ ᠠᠮᠢᠳᠤ ᠪᠠᠢᠭ᠎ᠠ ᠲᠠ ᠪᠦᠬᠦᠨ
ᠡᠩᠬᠦᠷᠡᠢ ᠦᠭᠡ ᠨᠠᠳᠠ ᠳ᠋ᠤ᠌ ᠬᠡᠯᠡᠬᠦ ᠭᠡᠵᠦ ᠴᠠᠭ ᠠᠯᠳᠠᠭᠠᠳ ᠶᠠᠭᠠᠬᠢᠬᠤ ᠪᠣᠢ?
ᠡᠭᠦᠨ ᠳ᠋ᠦ᠍ ᠴᠢᠨᠢ ᠪᠢ ᠥᠪᠡᠷᠦᠮᠰᠡᠵᠦ ᠥᠭᠬᠦ ᠦᠭᠡᠢᠶᠤᠮ᠃
ᠲᠠ ᠨᠠᠷ ᠢ᠋ ᠵᠢᠮᠡᠯᠡᠬᠦ ᠦᠭᠡᠢ᠂ ᠮᠠᠭᠤ ᠰᠠᠨᠠᠬᠤ ᠦᠭᠡᠢ
ᠲᠠᠯᠠᠭᠠᠷ ᠢᠩᠭᠢᠵᠦ ᠬᠠᠢᠷᠠᠯᠠᠭᠠᠳ ᠠᠰᠢᠭ ᠣᠯᠬᠤ ᠦᠭᠡᠢ
ᠵᠠᠢᠯᠠᠭᠤᠯ᠂ ᠮᠠᠭᠤ ᠡᠵᠢ ᠶ᠋ᠢ ᠪᠡᠨ ᠠᠮᠢᠳᠤ ᠳ᠋ᠤ᠌ ᠪᠢ ᠴᠦ᠍ ᠭᠡᠰᠡᠨ
ᠵᠠ ᠳᠠ᠂ ᠨᠢᠭᠡ ᠶᠡᠬᠡ ᠥᠷᠥᠪᠳᠦᠮᠡᠬᠡᠢ ᠬᠥᠮᠦᠨ ᠶᠠᠪᠤᠭ᠎ᠠ ᠦᠭᠡᠢ
ᠨᠡᠷᠡᠲᠦ ᠳ᠋ᠦ᠍ ᠦᠭᠡᠢ ᠬᠥᠮᠦᠨ ᠢ᠋ ᠥᠷᠥᠪᠳᠦᠵᠦ ᠶᠠᠪᠤᠭᠰᠠᠨ ᠡᠴᠡ
ᠨᠠᠮᠠᠶ᠋ᠢ ᠤᠷᠤᠭᠤ ᠲᠠᠲᠠᠭᠠᠳ ᠤᠬᠢᠯᠠᠵᠤ ᠰᠠᠭᠤᠭᠰᠠᠨ ᠡᠴᠡ
ᠨᠠᠰᠤᠨ ᠳ᠋ᠤ᠌ ᠭᠠᠭᠴᠠᠬᠠᠨ ᠡᠵᠢ ᠶ᠋ᠢ ᠪᠡᠨ ᠠᠰᠠᠷᠠᠪᠠᠯ ᠳᠡᠭᠡᠷ᠎ᠡ
ᠥᠷᠥᠭᠡᠯ ᠦ᠋ᠨ ᠭᠠᠷ ᠡᠴᠡ᠂ ᠥᠪᠡᠷ ᠦ᠋ᠨ ᠭᠠᠮᠰᠢᠭ ᠡᠴᠡ ᠴᠤ᠌
ᠥᠷᠢᠰᠴᠦ ᠶᠠᠭᠤ ᠪᠠᠨ ᠴᠤ᠌ ᠬᠠᠢᠷ᠎ᠠ ᠦᠭᠡᠢ ᠬᠠᠮᠠᠭᠠᠯᠠᠪᠠᠯ ᠳᠡᠭᠡᠷ᠎ᠡ᠃
ᠥᠨᠥ ᠴᠦ᠍ ᠭᠡᠰᠡᠨ᠂ ᠥᠨᠢᠳᠡ ᠴᠦ᠍ ᠭᠡᠰᠡᠨ ᠲᠠᠨ ᠡᠴᠡ ᠬᠦᠰᠡᠬᠦ ᠳ᠋ᠦ᠍
ᠥᠪᠡᠷ ᠦ᠋ᠨ ᠢ᠋ᠶ᠋ᠡᠨ ᠡᠵᠢ ᠶ᠋ᠢ ᠡᠩᠬᠦᠷᠡᠢᠯᠡᠨ ᠬᠠᠢᠷᠠᠯᠠᠭᠠᠷᠠᠢ
ᠡᠰᠡ ᠲᠡᠭᠡᠪᠡᠯ ᠨᠡᠭᠡᠷᠡᠨ ᠰᠢᠦ᠂ ᠨᠢᠭᠡ ᠯᠡ ᠡᠳᠦᠷ ᠨᠢᠳᠦ ᠠᠨᠢᠵᠤ
ᠡᠴᠦᠰ ᠲᠦ᠋ᠨᠢ ᠲᠠ ᠦᠬᠦᠨ ᠦᠬᠦᠲᠡᠯ᠎ᠡ ᠪᠡᠨ ᠭᠡᠮᠰᠢᠭᠡᠳ ᠪᠠᠷᠠᠬᠤ ᠦᠭᠡᠢ᠃
ᠭᠡᠭᠡᠨ ᠡᠳᠦᠷ ᠢ᠋ᠶ᠋ᠡᠷ ᠪᠢ ᠵᠠᠷᠢᠮ ᠳ᠋ᠠᠭᠠᠨ ᠮᠡᠭᠯᠡᠷᠡᠵᠦ
ᠭᠡᠷᠡᠯ ᠦᠭᠡᠢ ᠰᠥᠨᠢ ᠪᠡᠷ ᠣᠷᠢᠯᠠᠵᠤ ᠰᠡᠷᠡᠬᠦᠶᠤᠮ
ᠬᠥᠭᠡᠷᠦᠬᠦᠢ ᠡᠵᠢ ᠮᠢᠨᠢ ᠳᠠᠭᠤᠳᠠᠬᠤ ᠰᠢᠭ᠋ ᠰᠠᠨᠠᠭᠳᠠᠬᠤ ᠶᠤᠮ
《ᠬᠥᠪᠡᠭᠦᠯᠠᠢ》 ᠭᠡᠬᠦ ᠨᠢ ᠲᠣᠳᠣᠬᠠᠨ ᠰᠣᠨᠣᠰᠤᠭᠳᠠᠬᠤ ᠰᠢᠭ᠋ ᠪᠣᠯᠬᠤ ᠶᠤᠮ᠃
ᠠᠭᠤᠯᠵᠠᠶ᠎ᠠ ᠭᠡᠵᠦ ᠣᠷᠣᠵᠤ ᠢᠷᠡᠵᠦ ᠪᠠᠢᠭ᠎ᠠ ᠲᠠ
ᠤᠰᠤᠨ ᠨᠢᠳᠦᠯᠡᠭᠡᠳ ᠣᠯᠵᠠ ᠠᠰᠢᠭ ᠶᠠᠭᠤ ᠪᠢᠯᠡ᠃
ᠬᠣᠵᠢᠳᠠᠭᠠ ᠦᠭᠡᠢ ᠳᠡᠭᠡᠷ᠎ᠡ ᠨᠢ ᠭᠡᠵᠦ ᠲᠠᠨ ᠳ᠋ᠤ᠌ ᠰᠠᠨᠠᠭᠤᠯᠬᠤ ᠳ᠋ᠤ᠌
ᠬᠣᠩᠭᠣᠷ ᠡᠵᠢ ᠶ᠋ᠢ ᠪᠡᠨ ᠠᠮᠢᠳᠤ ᠳ᠋ᠤᠨᠢ ᠬᠠᠯᠠᠮᠵᠢᠯᠠᠵᠤ ᠦᠵᠡ᠃
ᠬᠣᠶᠠᠷ
ᠫᠠᠲ᠋ᠢᠮᠠ ᠳ᠋ᠤ᠌
ᠡᠴᠦᠰ ᠦ᠋ᠨ ᠬᠢ ᠮᠡᠲᠦ ᠰᠢᠯᠦᠭ ᠶᠦ᠍ᠭᠡᠨ ᠪᠢᠴᠢᠬᠦᠢ
ᠡᠬᠢᠨ ᠦ᠌ ᠬᠢ ᠮᠡᠲᠦ ᠰᠡᠳᠬᠢᠯ ᠶᠦ᠍ᠭᠡᠨ ᠥᠭᠭᠦᠮᠦᠢ᠁
ᠫ᠂ ᠶᠦ ᠳ᠋ᠤ᠌
ᠤᠰᠤᠨ ᠪᠣᠷᠣᠭᠠᠨ ᠢ᠋ᠶ᠋ᠠᠷ ᠴᠤ᠌ ᠴᠢᠮᠠᠶ᠋ᠢ ᠪᠣᠳᠣᠬᠤ ᠶᠤᠮ
ᠴᠠᠰᠤᠨ ᠰᠢᠭᠤᠷᠭᠠᠨ ᠢ᠋ᠶ᠋ᠠᠷ ᠴᠤ᠌ ᠴᠢᠮᠠᠶ᠋ᠢ ᠰᠠᠨᠠᠬᠤ ᠶᠤᠮ
ᠦᠦᠷ ᠴᠥᠥᠷ ᠢ᠋ᠶ᠋ᠡᠷ ᠴᠦ᠍ ᠴᠢᠮᠠᠶ᠋ᠢ ᠯᠠ ᠬᠦᠰᠡᠬᠦᠶᠤᠮ
ᠦᠳᠡ ᠶ᠋ᠢᠨ ᠬᠠᠯᠠᠭᠤᠨ ᠳ᠋ᠤ᠌ ᠴᠤ᠌ ᠴᠢᠮᠠᠶ᠋ᠢ ᠯᠠ ᠭᠡᠬᠦᠶᠤᠮ᠃
ᠶᠠᠪᠤᠭᠰᠠᠨ ᠰᠢᠪᠠᠭᠤ ᠢᠷᠡᠬᠦ ᠳ᠋ᠦ᠍ ᠴᠦ᠍ ᠴᠢ ᠯᠡ ᠰᠠᠨᠠᠭᠳᠠᠨ᠎ᠠ
ᠢᠷᠡᠭᠰᠡᠨ ᠰᠢᠪᠠᠭᠤ ᠪᠤᠴᠠᠬᠤ ᠳ᠋ᠤ᠌ ᠴᠤ᠌ ᠴᠢ ᠯᠡ ᠪᠣᠳᠣᠭᠳᠠᠨ᠎ᠠ
ᠨᠣᠭᠣᠭᠠᠨ ᠪᠤᠲᠠ ᠪᠤᠭᠤᠷᠴᠠᠭᠯᠠᠨ ᠴᠡᠴᠡᠭᠯᠡᠪᠡᠴᠦ
ᠨᠣᠮᠢᠨ ᠵᠤᠨ ᠢ᠋ ᠪᠢᠰᠢ᠂ ᠴᠢᠮᠠᠶ᠋ᠢ ᠯᠠ ᠭᠡᠬᠦᠶᠤᠮ᠃
ᠨᠣᠢᠷ ᠴᠤ᠌ ᠦᠭᠡᠢ ᠂ᠬᠣᠭᠣᠯᠠ ᠴᠤ᠌ ᠦᠭᠡᠢ ᠢᠩᠭᠢᠵᠦ ᠬᠦᠰᠡᠬᠦ ᠶ᠋ᠢ ᠦᠵᠡᠪᠡᠰᠦ
ᠣᠢᠷ᠎ᠠ ᠴᠤ᠌ ᠭᠡᠰᠡᠨ᠂ ᠬᠣᠯᠠ ᠴᠤ᠌ ᠭᠡᠰᠡᠨ ᠢᠵᠢᠯ ᠦᠭᠡᠢ ᠬᠡᠦᠬᠡᠨᠶᠤᠮ ᠳᠡ ᠴᠢ ᠃
※ ※ ※
ᠣᠳᠣᠬᠠᠨ᠂ ᠣᠳᠣᠬᠠᠨ ᠬᠠᠪᠤᠷ ᠤ᠋ᠨ ᠥᠷᠯᠥᠭᠡᠨ ᠦ᠌ ᠦᠦᠷ ᠣᠨᠢᠲᠤᠨᠠ
ᠣᠷᠣᠨ ᠳ᠋ᠠᠭᠠᠨ ᠬᠥᠮᠦᠰ ᠬᠠᠢᠷ᠎ᠠ ᠶ᠋ᠢᠨ ᠵᠣᠪᠠᠯᠠᠩ ᠢ᠋ ᠬᠠᠢᠬᠤᠷᠬᠤ ᠦᠭᠡᠢ ᠤᠨᠲᠠᠨ᠎ᠠ
ᠬᠠᠷᠢᠭᠤ ᠦᠭᠡᠢ ᠦᠦᠷ ᠭᠡᠢᠬᠦ ᠶ᠋ᠢᠨ ᠨᠣᠢᠷ ᠬᠡᠴᠢᠨᠡᠭᠡᠨ ᠰᠠᠢᠬᠠᠨ ᠪᠣᠢ
ᠬᠠᠷᠢᠨ ᠡᠳᠦᠭᠡ ᠪᠢ ᠴᠢᠮᠠᠶ᠋ᠢ ᠪᠣᠳᠣᠨ ᠰᠠᠭᠤᠨᠠᠮ᠃
ᠶᠠᠭᠠᠬᠢᠵᠤ ᠰᠢᠦ ᠶᠡᠬᠡ ᠬᠠᠢᠷᠠᠯᠠᠳᠠᠭ ᠢ᠋ ᠮᠢᠨᠢ ᠴᠢ ᠤᠢᠯᠠᠭᠠᠰᠠᠢ ᠳᠠ
ᠶᠠᠮᠠᠷ ᠰᠠᠢᠨ ᠳ᠋ᠠᠭᠠᠨ ᠪᠢ ᠨᠣᠢᠷ ᠦᠭᠡᠢ ᠰᠠᠭᠤᠬᠤ ᠪᠣᠢ ᠳᠠ
ᠪᠣᠯᠳᠠᠭ ᠰᠠᠨ ᠪᠣᠯ ᠵᠢᠷᠦᠬᠡ ᠪᠡᠨ ᠴᠢᠮ᠎ᠠ ᠳ᠋ᠤ᠌ ᠥᠭᠬᠦ ᠰᠠᠨ
ᠪᠣᠯᠢᠬᠤ ᠪᠠᠢᠬ᠎ᠠ ᠳᠠ ᠴᠢ ᠲᠡᠭᠡᠪᠡᠯ ᠥᠷᠯᠥᠭᠡ ᠤᠨᠲᠠᠵᠤ ᠬᠡᠪᠲᠡᠬᠦ ᠰᠠᠨ!
※ ※ ※
ᠠᠪᠤ ᠶ᠋ᠢᠨ ᠭᠣᠯᠣᠮᠲᠠ ᠪᠣᠷᠣᠬᠠᠨ ᠥᠷᠭᠥᠭᠡ ᠪᠡᠨ
ᠠᠯᠤᠰ ᠲᠤ᠌ ᠶᠠᠪᠤᠬᠤ ᠳ᠋ᠠᠭᠠᠨ ᠪᠢ ᠳᠤᠷᠠᠰᠳᠠᠭ ᠶᠤᠮ
ᠤᠨᠤᠵᠤ ᠥᠰᠦᠭᠰᠡᠨ ᠮᠣᠳᠣᠨ ᠰᠢᠯᠪᠢᠭᠦᠷ ᠢ᠋ᠶ᠋ᠡᠨ
ᠠᠭᠤᠯᠠ ᠶ᠋ᠢᠨ ᠲᠠᠰᠢᠯᠠᠩ ᠢ᠋ᠶ᠋ᠠᠨ ᠪᠢ ᠳᠤᠷᠠᠰᠳᠠᠭ ᠶᠤᠮ᠃
ᠬᠠᠢᠷᠠᠲᠤ ᠮᠢᠨᠢ ᠠᠩᠬ᠎ᠠ ᠬᠤᠪᠢᠩ ᠪᠠᠷᠢᠵᠤ ᠢᠷᠡᠭᠰᠡᠨ
ᠬᠠᠶᠠᠭᠠᠨ ᠤ᠋ ᠪᠠᠨ ᠭᠣᠷᠣᠬ᠎ᠠ ᠶ᠋ᠢ ᠪᠢ ᠳᠤᠷᠠᠰᠳᠠᠭ ᠶᠤᠮ
ᠰᠠᠢᠨ ᠶᠠᠪᠤᠭᠠᠷᠠᠢ ᠭᠡᠵᠦ ᠨᠠᠷᠠᠨ ᠢ᠋ᠶ᠋ᠠᠷ ᠲᠡᠷᠡ ᠮᠢᠨᠢ ᠦᠳᠡᠭᠰᠡᠨ
ᠰᠠᠯᠬᠢᠳᠠᠢᠬᠠᠨ ᠵᠠᠮ ᠢ᠋ ᠪᠢ ᠳᠤᠷᠠᠰᠳᠠᠭ ᠶᠤᠮ᠃
ᠢᠨᠠᠭᠯᠠᠵᠤ ᠴᠢᠮ᠎ᠠ ᠳ᠋ᠠᠭᠠᠨ ᠬᠠᠢᠷᠠᠲᠠᠢ ᠪᠣᠯᠤᠭᠰᠠᠨ ᠢ᠋ᠶ᠋ᠠᠨ ᠪᠢ ᠳᠤᠷᠠᠰᠳᠠᠭ ᠦᠭᠡᠢ
ᠶᠠᠭᠠᠬᠢᠭᠠᠳ ᠭᠡᠪᠡᠯ ᠭᠱᠠᠨ ᠵᠠᠭᠤᠷ᠎ᠠ ᠴᠤ᠌ ᠮᠠᠷᠲᠠᠬᠤ ᠦᠭᠡᠢᠶᠤᠮ ᠴᠢᠨᠢ᠃
ᠵᠠᠭᠤᠨ ᠬᠡᠦᠬᠡᠨ ᠳ᠋ᠦ᠍ ᠪᠢ ᠳᠤᠷᠠᠯᠠᠭᠰᠠᠨ
ᠵᠠᠭᠤᠨ ᠬᠡᠦᠬᠡᠨ ᠳ᠋ᠦ᠍ ᠪᠢ ᠳᠤᠷᠠᠯᠠᠭᠰᠠᠨ
ᠵᠠᠭᠤᠷ᠎ᠠ ᠵᠠᠮ ᠳ᠋ᠤ᠌᠂ ᠡᠨᠳᠡ ᠲᠡᠨᠳᠡ
ᠬᠣᠭᠣᠯᠠ ᠨᠣᠢᠷ ᠢ᠋ᠶ᠋ᠠᠨ ᠴᠤ᠌ ᠮᠠᠷᠲᠠᠨ ᠳᠤᠷᠠᠯᠠᠭᠰᠠᠨ
ᠬᠣᠵᠢᠮ ᠬᠣᠢᠨ᠎ᠠ ᠴᠤ᠌ ᠰᠠᠨᠠᠨ ᠳᠤᠷᠠᠯᠠᠭᠰᠠᠨ᠃
ᠬᠣᠯᠠ ᠲᠡᠷᠲᠡᠭᠡ ᠬᠠᠪᠤᠷ ᠴᠠᠭ
ᠬᠥᠯ ᠨᠢᠴᠦᠭᠦᠨ ᠬᠥᠪᠡᠭᠦᠨ ᠶᠠᠪᠤᠬᠤ ᠳ᠋ᠠᠭᠠᠨ
ᠤᠰᠤᠨ ᠤ᠋ ᠰᠠᠪᠠ ᠪᠠᠨ ᠪᠠᠷᠢᠭᠰᠠᠨ ᠥᠬᠢᠨ ᠲᠡᠢ
ᠤᠯᠪᠠᠭ᠎ᠠ ᠵᠠᠮ ᠳᠡᠭᠡᠷ᠎ᠡ ᠲᠠᠭᠠᠷᠠᠵᠤ ᠪᠢᠯᠡ᠃
ᠤᠴᠠᠷᠠᠭᠰᠠᠨ ᠲᠡᠷᠡ ᠥᠬᠢᠨ ᠮᠠᠨᠢ
ᠤᠰᠤᠨ ᠤ᠋ ᠰᠠᠪᠠ ᠰᠢᠭ᠋ ᠢ᠋ᠶ᠋ᠡᠨ ᠪᠢᠴᠢᠬᠠᠨ ᠪᠠᠢᠯ᠎ᠠ
ᠰᠠᠪᠠ ᠲᠠᠢ ᠤᠰᠤ ᠨᠢ ᠰᠢᠳᠦ ᠶᠠᠩᠭᠢᠨᠠᠮ᠎ᠠ
ᠰᠠᠢᠬᠠᠨ ᠬᠦᠢᠲᠡᠨ ᠪᠠᠢᠭᠰᠠᠨ ᠭᠢᠷᠢᠨ᠎ᠡ
ᠡᠷᠭᠢ ᠭᠣᠷᠣᠬᠠᠨ ᠳ᠋ᠠᠭᠠᠨ ᠪᠤᠴᠠᠯᠤᠭᠰᠠᠨ ᠶᠤᠮ ᠰᠢᠭ᠋
ᠡᠭᠡᠭᠡ ᠨᠠᠮᠠᠶ᠋ᠢ ᠲᠦᠯᠡᠴᠢᠬᠡᠪᠡ ᠭᠡᠯᠲᠡᠢ᠄
ᠡᠯᠡᠭᠯᠡᠵᠦ ᠮᠢᠰᠢᠶᠡᠪᠡ᠁ ᠪᠤᠯᠳᠠᠷᠠᠮᠠᠳᠠᠭᠠᠢ ᠬᠠᠷᠠᠴᠠ ᠨᠢ
ᠡᠳᠦᠭᠡ ᠪᠣᠯᠲᠠᠯ᠎ᠠ ᠰᠠᠨᠠᠭᠠᠨ ᠡᠴᠡ ᠭᠠᠷᠳᠠᠭ ᠦᠭᠡᠢ
ᠡᠩᠬᠦᠷᠡᠢᠯᠡᠭᠰᠡᠭᠡᠷ ᠶᠠᠪᠤᠨ᠎ᠠ ᠠ᠋ ᠪᠢ | ᠣᠳᠣ ᠴᠤ᠌ ᠭᠡᠰᠡᠨ
ᠬᠠᠪᠤᠷ ᠤ᠋ᠨ ᠬᠠᠪᠰᠠᠷᠭᠠᠨ ᠳ᠋ᠤ᠌ ᠬᠣᠵᠢᠭᠤ ᠬᠣᠢᠨ᠎ᠠ
ᠺᠠᠰᠫᠢ ᠶ᠋ᠢᠨ ᠪᠤᠭᠤᠷᠤᠯ ᠳᠣᠯᠭᠢᠰ ᠤ᠋ᠨ ᠵᠠᠬ᠎ᠠ ᠳ᠋ᠤ᠌
ᠨᠢᠭᠡᠨ ᠬᠡᠦᠬᠡᠨ ᠢ᠋ ᠣᠨᠴᠠᠯᠠᠨ ᠬᠠᠷᠠᠵᠤ
ᠨᠡᠬᠡᠨ ᠳᠠᠭᠠᠨ ᠶᠠᠪᠤᠭᠰᠠᠨ ᠶᠤᠮᠰᠠᠨ
ᠵᠡᠭᠦᠳᠦᠨ ᠳ᠋ᠡᠭᠡᠨ ᠪᠣᠰᠤᠭᠰᠠᠨ ᠪᠠᠯᠠᠢ ᠬᠥᠮᠦᠨ ᠰᠢᠭ
ᠵᠦᠭ ᠴᠢᠭ ᠦᠭᠡᠢ ᠭᠤᠲᠤᠮ ᠢ᠋ᠶ᠋ᠠᠷ ᠡᠷᠭᠢᠯᠳᠦᠵᠦ
ᠬᠣᠶᠠᠳᠠᠬᠢ ᠳᠠᠪᠬᠤᠷ ᠤ᠋ᠨ ᠴᠣᠩᠬᠣᠨ ᠳ᠋ᠤ᠌ ᠲᠤᠰᠤᠭᠰᠠᠨ
ᠬᠣᠣᠰ ᠦᠭᠡᠢ ᠰᠡᠭᠦᠳᠡᠷ ᠢ᠋ ᠨᠢ ᠬᠠᠷᠠᠬᠤ ᠪᠢᠯᠡ ᠭᠡᠵᠦ
ᠠᠭᠴᠢ ᠶ᠋ᠢᠨ ᠥᠨᠳᠥᠷ ᠮᠣᠳᠣᠨ ᠥᠭᠡᠳᠡ
ᠠᠪᠠᠷᠢᠵᠤ ᠶᠠᠪᠤᠭᠰᠠᠨ ᠢ᠋ᠶ᠋ᠠᠨ ᠬᠡᠵᠢᠶ᠎ᠡ ᠴᠦ᠍ ᠮᠠᠷᠲᠠᠬᠤ ᠦᠭᠡᠢ᠁
ᠠᠮᠠᠷᠠᠭᠯᠠᠭᠰᠠᠭᠠᠷ ᠶᠠᠪᠤᠨ᠎ᠠ ᠠ᠋ ᠪᠢ᠂ ᠣᠳᠣ ᠴᠤ᠌ ᠭᠡᠰᠡᠨ᠃
ᠠᠮᠢᠳᠤ ᠨᠠᠰᠤᠨ ᠳ᠋ᠠᠭᠠᠨ ᠮᠠᠷᠲᠠᠬᠤ ᠠᠷᠭ᠎ᠠ ᠦᠭᠡᠢ
ᠠᠩᠬᠢᠯ ᠨᠢᠭᠡᠨ ᠪᠦᠰᠡᠭᠦᠢ ᠲᠡᠢ ᠪᠢ
ᠠᠯᠤᠰ ᠬᠣᠯᠠ ᠶ᠋ᠢᠨ ᠮᠣᠰᠺᠸᠠ ᠶ᠋ᠢ ᠵᠣᠷᠢᠬᠤ ᠳ᠋ᠠᠭᠠᠨ
ᠠᠵᠠ ᠪᠠᠷ ᠴᠣᠭ ᠶᠠᠪᠤᠭᠰᠠᠨ ᠶᠤᠮᠰᠠᠨ
ᠬᠠᠮᠲᠤ ᠰᠠᠭᠤᠯᠭᠠᠵᠤ ᠨᠢᠭᠡᠨ ᠴᠣᠩᠬᠣ ᠪᠠᠷ
ᠬᠠᠷᠠᠴᠠ ᠨᠡᠢᠯᠡᠭᠦᠯᠦᠨ ᠡᠨᠡ ᠶᠢᠷᠲᠢᠨᠴᠦ ᠶ᠋ᠢ
ᠬᠠᠷᠠᠭᠤᠯᠵᠤ ᠨᠢᠭᠤᠷ ᠬᠠᠭᠠᠷᠠᠭᠤᠯᠵᠤ ᠥᠭᠭᠦᠭᠰᠡᠨ
ᠺᠠᠰᠫᠢ ᠶ᠋ᠢᠨ ᠪᠦᠰᠡᠭᠦᠢ ᠲᠠᠨ᠎ᠠ ᠪᠠᠶᠠᠷᠯᠠᠯ᠎ᠠ!
ᠦᠭᠡ ᠳᠠᠭᠤ ᠴᠤ᠌ ᠦᠭᠡᠢ ᠬᠣᠶᠠᠭᠤᠯᠠᠬᠠᠨ ᠲᠡᠭᠡᠵᠦ
ᠦᠬᠦᠨ ᠦᠬᠦᠲᠡᠯ᠎ᠡ ᠪᠡᠨ ᠶᠠᠪᠤᠮᠠᠷ ᠰᠠᠨᠠᠭᠳᠠᠭᠰᠠᠨ ᠶᠤᠮ᠃
ᠣᠮᠣᠭ ᠲᠠᠢ ᠨᠢᠭᠡᠨ ᠡᠬᠡᠨᠡᠷ ᠢ᠋ ᠪᠢ ᠪᠠᠰᠠ
ᠣᠳᠣ ᠴᠤ᠌ ᠭᠡᠰᠡᠨ ᠬᠠᠢᠷᠠᠯᠠᠳᠠᠭ ᠶᠤᠮ
ᠠᠭᠤᠷ ᠨᠢ ᠰᠢᠲᠠᠬᠤ ᠳ᠋ᠠᠭᠠᠨ ᠰᠢᠯᠦᠭ ᠢ᠋ ᠮᠢᠨᠢ
ᠤᠷᠠᠭᠠᠳ ᠬᠠᠶᠠᠵᠤ ᠪᠠᠢᠵᠤ ᠪᠢᠯᠡ ᠯᠠ᠃
ᠬᠥᠭᠡᠷᠦᠬᠦᠢ ᠨᠢᠭᠡᠨ ᠵᠢᠭᠠᠯ ᠪᠦᠰᠡᠭᠦᠢ ᠶ᠋ᠢᠨ
ᠬᠥᠭᠵᠢᠭᠦᠨ ᠬᠠᠷᠠᠴᠠ ᠶ᠋ᠢ ᠬᠠᠢᠷᠠᠯᠠᠨᠠᠮ
ᠤᠷᠤᠯᠳᠤᠵᠤ ᠪᠢᠴᠢᠭᠰᠡᠨ ᠰᠢᠯᠦᠭ ᠢ᠋ ᠮᠢᠨᠢ ᠲᠡᠷᠡ
ᠣᠯᠠᠨ ᠣᠯᠠᠨ ᠭᠠᠢᠬᠠᠨ ᠱᠠᠭᠰᠢᠵᠤ ᠪᠢᠯᠡ ᠯᠠ᠃
ᠠᠭᠠᠰᠢ ᠲᠠᠢ ᠬᠡᠦᠬᠡᠨ ᠢ᠋ ᠴᠦ᠍ ᠬᠠᠢᠷᠠᠯᠠᠵᠤ
ᠠᠨᠠᠢ ᠳᠠᠷᠤᠤᠬᠠᠨ ᠢ᠋ ᠴᠦ᠍ ᠬᠠᠢᠷᠠᠯᠠᠵᠤ
ᠠᠢᠬᠤᠪᠲᠤᠷ ᠬᠠᠲᠠᠭᠤ ᠶ᠋ᠢ ᠨᠢ ᠴᠦ᠍ ᠬᠠᠢᠷᠠᠯᠠᠵᠤ
ᠠᠩᠭᠠᠷᠠᠢᠳᠠᠭᠰᠠᠨ ᠪᠠᠯᠴᠢᠷ ᠢ᠋ ᠴᠦ᠍ ᠬᠠᠢᠷᠠᠯᠠᠵᠤ
ᠳᠤᠮᠳᠠ ᠵᠡᠷᠭᠡ ᠶ᠋ᠢᠨ ᠬᠢ ᠶ᠋ᠢ ᠴᠦ᠍ ᠬᠠᠢᠷᠠᠯᠠᠵᠤ
ᠳᠠᠭᠤᠲᠠᠢ ᠱᠤᠤᠳᠠᠢ ᠶ᠋ᠢ ᠴᠦ᠍ ᠬᠠᠢᠷᠠᠯᠠᠵᠤ
ᠳᠤᠭᠤᠯᠭᠠᠪᠤᠷᠢᠲᠠᠢ ᠨᠣᠮᠣᠬᠠᠨ ᠢ᠋ ᠴᠦ᠍ ᠬᠠᠢᠷᠠᠯᠠᠵᠤ
ᠳᠤᠮᠳᠠᠭᠤᠷ ᠦᠭᠡᠢ ᠴᠥᠮ ᠢ᠋ ᠨᠢ ᠬᠠᠢᠷᠠᠯᠠᠯ᠎ᠠ᠃
ᠬᠣᠢᠰᠢ ᠣᠷᠣᠭᠰᠢ ᠠᠶᠠᠯᠠᠬᠤ ᠪᠦᠬᠦᠨ ᠳ᠋ᠡᠭᠡᠨ ᠬᠠᠢᠷᠠᠯᠠᠵᠤ
ᠬᠣᠯᠠ ᠣᠢᠷ᠎ᠠ ᠶ᠋ᠢᠨ ᠬᠣᠲᠠ ᠪᠦᠬᠦᠨ ᠳ᠋ᠦ᠍ ᠬᠠᠢᠷᠠᠯᠠᠵᠤ
ᠳᠡᠭᠡᠳᠦ ᠰᠤᠷᠭᠠᠭᠤᠯᠢ ᠶ᠋ᠢᠨ ᠠᠩᠭᠢ ᠪᠦᠬᠦᠨ ᠦ᠌
ᠳᠡᠪᠰᠢᠬᠦ ᠣᠶᠤᠲᠠᠨ ᠪᠦᠰᠡᠭᠦᠢ ᠪᠦᠬᠦᠨ ᠢ᠋ ᠬᠠᠢᠷᠠᠯᠠᠯ᠎ᠠ᠃
ᠬᠣᠣᠰ ᠦᠭᠡᠢ ᠳᠤᠷᠠᠯᠠᠯ ᠳ᠋ᠠᠭᠠᠨ ᠬᠥᠭᠡᠷᠴᠦᠭᠯᠡᠨ ᠨᠢᠰᠴᠦ
《ᠬᠣᠩᠭᠣᠷ ᠮᠢᠨᠢ》 ᠭᠡᠵᠦ ᠴᠥᠮ ᠢ᠋ ᠨᠢ ᠳᠠᠭᠤᠳᠠᠵᠤ
ᠵᠠᠭᠤᠷ᠎ᠠ ᠬᠣᠭᠣᠷᠣᠨᠳᠣ ᠨᠢ ᠠᠯᠠᠭ ᠴᠣᠭᠣᠭ ᠦᠭᠡᠢ
ᠵᠠᠭᠤᠨ ᠬᠡᠦᠬᠡᠨ ᠢ᠋ ᠠᠳᠠᠯᠢᠬᠠᠨ ᠬᠠᠢᠷᠠᠯᠠᠯ᠎ᠠ᠃
ᠡᠬᠡᠨᠡᠷ ᠦ᠋ᠨ ᠴᠢᠷᠠᠢ ᠬᠣᠪᠢᠰᠬᠢᠭᠡᠳ
ᠡᠷᠡᠰᠯᠡᠭᠡᠳ ᠪᠣᠰᠤᠭᠠᠳ ᠢᠷᠡᠯ᠎ᠡ ᠬᠥᠶᠢ
《ᠲᠡᠷᠡ ᠵᠠᠭᠤ ᠶ᠋ᠢᠨ ᠴᠢᠨᠢ ᠭᠠᠭᠴᠠ ᠨᠢ ᠪᠢ ᠤᠤ
ᠲᠡᠭᠦᠨ ᠢ᠋ ᠪᠡᠨ ᠬᠡᠯᠡᠭᠰᠡᠨ ᠳ᠋ᠦ᠍ ᠴᠢᠨᠢ ᠪᠠᠶᠠᠷᠯᠠᠯ᠎ᠠ!····》 ᠭᠡᠪᠡ᠃
ᠲᠡᠰᠴᠦ ᠦᠵᠡ᠂ ᠪᠢᠲᠡᠭᠡᠢ ᠠᠭᠤᠷᠯᠠ
ᠲᠡᠷᠡ ᠵᠠᠭᠤ ᠴᠢᠨᠢ ᠴᠢ ᠭᠠᠭᠴᠠᠭᠠᠷ ᠢ᠋ᠶ᠋ᠠᠨ ᠪᠠᠢᠬᠤ ᠦᠭᠡᠢ ᠶᠣ᠌
ᠵᠠᠭᠤᠨ ᠥᠩᠭᠡ ᠶ᠋ᠢ ᠪᠡᠶ᠎ᠡ ᠳ᠋ᠡᠭᠡᠨ ᠴᠣᠭᠴᠠᠯᠠᠭᠤᠯᠵᠤ
ᠵᠠᠭᠤᠷ᠎ᠠ ᠵᠠᠮ ᠳ᠋ᠤ᠌ ᠴᠢ ᠮᠢᠨᠢ ᠤᠴᠠᠷᠠᠭᠰᠠᠨ ᠶᠤᠮ᠃
ᠬᠥᠳᠡᠭᠡ ᠲᠣᠰᠬᠣᠨ ᠳ᠋ᠤ᠌ ᠮᠢᠨᠦ ᠪᠡᠶ᠎ᠡ
ᠬᠥᠯ ᠨᠢᠴᠦᠭᠦᠨ ᠭᠦᠶᠦᠵᠦ ᠶᠠᠪᠤᠬᠤ ᠳ᠋ᠤ᠌
ᠤᠰᠤᠨ ᠤ᠋ ᠰᠠᠪᠠ ᠪᠠᠷᠢᠭᠠᠳ ᠴᠢ ᠥᠪᠡᠷ ᠢ᠋ᠶ᠋ᠡᠨ
ᠤᠯᠪᠠᠭ᠎ᠠ ᠵᠠᠮ ᠳᠡᠭᠡᠷ᠎ᠡ ᠤᠴᠠᠷᠠᠭ᠎ᠠ ᠦᠭᠡᠢ ᠤᠤ?
ᠲᠠᠩᠭᠢᠰ ᠺᠠᠰᠫᠢ ᠲᠡᠯᠴᠢᠯᠡᠨ ᠬᠥᠷᠪᠡᠭᠡᠬᠦ
ᠲᠡᠷᠲᠡᠭᠡ ᠬᠣᠲᠠ ᠶ᠋ᠢᠨ ᠬᠥᠯ ᠬᠦᠰ ᠳᠤᠮᠳᠠ
ᠠᠷᠤ ᠡᠴᠡ ᠪᠠᠨ ᠮᠢᠨᠦ ᠳᠠᠭᠠᠵᠤ ᠶᠠᠪᠤᠭᠰᠠᠨ ᠢ᠋
ᠠᠵᠢᠭᠯᠠᠭ᠎ᠠ ᠦᠭᠡᠢ ᠭᠡᠵᠦ ᠤᠤ ᠴᠢ?
ᠳᠠᠷᠠᠭ᠎ᠠ ᠨᠢ ᠮᠣᠰᠺᠸᠠ ᠵᠣᠷᠢᠭᠰᠠᠨ ᠸᠠᠭᠣᠨ ᠤ᠋
ᠳᠠᠪᠬᠢᠭ᠎ᠠ ᠲᠦᠷᠴᠢᠭᠢᠨᠡᠭᠡ ᠶ᠋ᠢ ᠰᠠᠨᠠᠨ᠎ᠠ ᠤᠤ᠂ ᠣᠳᠣ?
ᠳᠠᠩᠴᠤ ᠰᠠᠢᠬᠠᠨ ᠵᠠᠭᠤᠨ ᠬᠡᠦᠬᠡᠨ ᠢ᠋
ᠳᠠᠩ ᠢ᠋ᠶ᠋ᠠᠷ ᠢ᠋ᠶ᠋ᠠᠨ ᠴᠢ ᠣᠷᠣᠯᠠᠭᠰᠠᠨ ᠪᠤᠰᠤ ᠤᠤ?
ᠠᠭᠤᠷᠯᠠᠬᠤ ᠬᠠᠢᠷᠠᠯᠠᠬᠤ ᠬᠣᠣᠰᠯᠠᠨ ᠪᠠᠢᠵᠤ
ᠤᠬᠢᠯᠠᠨ ᠢᠨᠢᠶᠡᠨ ᠳᠠᠰᠤᠭᠰᠠᠨ ᠪᠤᠰᠤ ᠤᠤ?
ᠵᠠᠷᠢᠮ ᠳ᠋ᠠᠭᠠᠨ ᠴᠢ ᠵᠥᠷᠢᠭᠦᠳᠯᠡᠨ ᠪᠠᠢᠵᠤ
ᠵᠠᠩᠨᠠᠵᠤ ᠬᠠᠷᠢᠶᠠᠭᠰᠠᠨ ᠢ᠋ ᠨᠢᠭᠤᠭᠠᠳ ᠶᠠᠭᠠᠬᠢᠬᠤ ᠪᠣᠢ?
ᠵᠠᠷᠢᠮ ᠳ᠋ᠠᠭᠠᠨ ᠪᠠᠰᠠ ᠭᠠᠷ ᠤ᠋ᠨ ᠠᠶᠠᠰ ᠢ᠋ᠶ᠋ᠠᠷ
ᠵᠠᠢ ᠦᠭᠡᠢ ᠬᠠᠢᠷᠠᠯᠠᠳᠠᠭ ᠢ᠋ ᠶᠠᠷᠢᠭᠠᠳ ᠶᠠᠭᠠᠬᠢᠬᠤ ᠪᠣᠢ?
ᠥᠪᠡᠷ ᠢ᠋ ᠴᠢᠨᠢ ᠬᠠᠮᠢᠭᠠᠰᠢ ᠪᠠᠨ ᠪᠣᠯ ᠪᠢ ᠲᠠᠢᠰᠢ ᠪᠠᠨ
ᠥᠭᠡᠷ᠎ᠡ ᠴᠦ᠍ ᠦᠭᠡᠢ ᠳᠠᠭᠠᠵᠤ ᠶᠠᠪᠤᠯ᠎ᠠ
ᠬᠦᠰᠡᠭᠰᠡᠨ ᠢ᠋ ᠴᠢᠨᠢ ᠪᠢ ᠪᠠᠰᠠ ᠬᠦᠰᠡᠵᠦ
ᠬᠥᠮᠦᠨ ᠦ᠌ ᠳᠠᠢᠲᠠᠢ ᠶᠠᠪᠤᠵᠠᠭᠠᠯ᠎ᠠ᠃
ᠡᠭᠦᠯᠡᠨ ᠰᠦᠷᠦᠭ ᠦᠳᠡᠯᠡᠨ ᠬᠤᠷᠠᠭᠰᠠᠨ
ᠠᠭᠤᠯᠠᠨ ᠳᠤᠮᠳᠠᠭᠤᠷ ᠬᠣᠶᠠᠭᠤᠯᠠ ᠠᠯᠬᠤᠵᠤ
ᠭᠠᠵᠠᠷ ᠭᠠᠵᠠᠷ ᠤ᠋ᠨ ᠬᠣᠲᠠ ᠪᠠᠷ ᠬᠣᠶᠠᠭᠤᠯᠠ
ᠭᠠᠷ ᠭᠠᠷ ᠡᠴᠡ ᠪᠠᠨ ᠬᠥᠲᠥᠯᠦᠯᠴᠡᠵᠦ ᠶᠠᠪᠤᠯ᠎ᠠ᠃
ᠵᠠᠭᠤᠷ᠎ᠠ ᠬᠣᠭᠣᠷᠣᠨᠳᠣ ᠨᠢ ᠠᠯᠠᠭ ᠴᠣᠭᠣᠭ ᠦᠭᠡᠢ
ᠵᠠᠭᠤᠨ ᠬᠡᠦᠬᠡᠨ ᠢ᠋ ᠠᠳᠠᠯᠢᠬᠠᠨ ᠬᠠᠢᠷᠠᠯᠠᠯ᠎ᠠ᠁
ᠵᠠᠭᠤᠷᠠᠳᠤ ᠶ᠋ᠢᠨ ᠪᠢᠰᠢ᠂ ᠡᠭᠦᠷᠢᠳᠡ ᠶ᠋ᠢᠨ ᠬᠠᠢᠷ᠎ᠠ ᠪᠠᠷ ᠢ᠋ᠶ᠋ᠠᠨ
ᠵᠠᠭᠤ ᠳᠠᠬᠢᠨ ᠴᠢᠮᠠᠶ᠋ᠢ 《ᠬᠣᠩᠭᠣᠷ ᠮᠢᠨᠢ》 ᠭᠡᠯᠡ᠃
ᠵᠠᠭᠤᠨ ᠳᠦᠷᠢ ᠴᠢᠮ᠎ᠠ ᠳ᠋ᠤ᠌ ᠴᠣᠭᠴᠠᠯᠠᠭᠳᠠᠭᠰᠠᠨ ᠪᠣᠯᠬᠤ ᠪᠠᠷ
ᠵᠠᠭᠤᠨ ᠳᠠᠪᠬᠤᠷ ᠬᠠᠢᠷᠠᠯᠠᠭᠰᠠᠨ ᠶᠤᠮ᠂ ᠴᠢᠮᠠᠶ᠋ᠢ ᠪᠠᠨ!
ᠰᠠᠢᠬᠠᠨ ᠬᠡᠦᠬᠡᠨ
ᠤᠷᠤᠯᠳᠤᠵᠤ ᠪᠢᠴᠢᠵᠦ ᠴᠠᠭᠠᠰᠤ ᠣᠩᠭᠢᠴᠢᠵᠤ
ᠣᠷᠣᠵᠤ ᠢᠷᠡᠭᠰᠡᠨ ᠬᠥᠮᠦᠨ ᠳᠠᠷᠤᠭ᠎ᠠ ᠤᠷᠤᠭᠤ ᠦᠰᠦᠴᠢᠵᠦ
ᠪᠢᠴᠢᠭᠡᠴᠢ ᠬᠡᠦᠬᠡᠨ ᠲᠣᠭᠲᠠᠭᠠᠯ ᠬᠤᠪᠢᠯᠵᠤ
ᠪᠢᠴᠢᠭ ᠬᠡᠷᠡᠭ᠂ ᠬᠡᠪᠯᠡᠯ ᠠᠪᠴᠤ
ᠪᠡᠶ᠎ᠡ ᠵᠠᠭᠤᠷ᠎ᠠ ᠪᠠᠨ ᠵᠠᠪ ᠦᠭᠡᠢ ᠪᠠᠢᠵᠠᠭᠠᠲᠠᠯᠠ᠁
ᠴᠣᠩᠬᠣᠨ ᠤ᠋ ᠳᠡᠷᠭᠡᠳᠡ ᠰᠠᠭᠤᠭᠰᠠᠨ ᠨᠢᠭᠡ ᠨᠢ
ᠴᠣᠴᠢᠭᠰᠠᠨ ᠶᠤᠮ ᠰᠢᠭ᠋ ᠭᠠᠷ ᠢ᠋ᠶ᠋ᠠᠨ ᠳᠣᠬᠢᠵᠤ
《ᠬᠠᠷᠠᠭᠠᠴᠢ ᠬᠥᠶᠢ᠂ ᠰᠣᠨᠣᠭᠠᠷ ᠬᠡᠦᠬᠡᠨ ᠠ᠋
ᠬᠠᠮᠢᠭ᠎ᠠ ᠭᠠᠵᠠᠷ ᠬᠣᠪᠣᠷᠬᠠᠨ ᠠᠮᠢᠲᠠᠨ ᠠ᠋》 ᠭᠡᠪᠡ᠃
ᠬᠢᠵᠦ ᠪᠠᠢᠭᠰᠠᠨ ᠠᠵᠢᠯ᠂ ᠣᠷᠣᠵᠤ ᠢᠷᠡᠭᠰᠡᠨ ᠬᠥᠮᠦᠨ
ᠬᠡᠷᠡᠭᠦᠯ᠂ ᠪᠢᠴᠢᠭ ᠦ᠋ᠨ ᠮᠠᠰᠢᠨ ᠢ᠋ᠶ᠋ᠠᠨ ᠴᠥᠮ
ᠣᠷᠬᠢᠭᠠᠳ ᠪᠣᠰᠴᠠᠭᠠᠪᠠ᠃ ᠲᠠᠮᠠᠬᠢᠨ ᠤ᠋ ᠳ᠋ᠢᠽᠢ ᠶ᠋ᠢ
ᠣᠩᠬᠣᠯᠢᠳᠤᠭᠤᠯᠵᠤ ᠴᠣᠩᠬᠣ ᠤᠷᠤᠭᠤ ᠵᠢᠳᠬᠦᠵᠡᠭᠡᠪᠡ᠃
ᠠᠮᠢ ᠠᠮᠢᠨ ᠳ᠋ᠠᠭᠠᠨ ᠶᠠᠭᠠᠷᠠᠵᠤ ᠰᠢᠬᠠᠴᠠᠯᠳᠤᠨ
ᠠᠮᠠ ᠠᠮᠠᠨ ᠳ᠋ᠠᠭᠠᠨ 《ᠶᠠᠮᠠᠷ ᠭᠠᠩᠭᠠᠩ ᠪᠣᠢ?》 ᠭᠡᠯᠳᠡᠪᠠ
ᠰᠠᠢᠨ ᠬᠠᠷᠠᠬᠤ ᠭᠡᠵᠦ ᠬᠥᠭᠰᠢᠨ ᠨᠢᠭᠲᠠᠯᠠᠨ
ᠰᠠᠨᠳᠠᠯᠢ ᠳᠡᠭᠡᠷ᠎ᠡ ᠭᠠᠷᠴᠤ ᠵᠣᠭᠰᠣᠪᠠ᠃
ᠪᠦᠭᠦᠳᠡ ᠴᠣᠩᠬᠣ ᠪᠠᠷ ᠭᠤᠳᠤᠮᠵᠢ ᠤᠷᠤᠭᠤ ᠰᠢᠷᠳᠡᠪᠡ
ᠪᠦᠲᠦᠨ ᠳᠣᠯᠣᠭ᠎ᠠ ᠬᠣᠨᠣᠭ ᠲᠤ᠌ ᠠᠩᠬ᠎ᠠ ᠤᠳᠠᠭ᠎ᠠ
ᠰᠠᠢᠳ ᠮᠠᠨᠢ ᠢᠳᠡ ᠠᠵᠢᠯ ᠢ᠋ᠶ᠋ᠠᠨ ᠵᠠᠪᠰᠠᠷᠯᠠᠵᠤ
ᠰᠠᠢᠬᠠᠨ ᠬᠡᠦᠬᠡᠨ ᠢ᠋ ᠪᠠᠰᠠ ᠰᠢᠷᠲᠡᠪᠡ᠃
ᠬᠡᠦᠬᠡᠮᠰᠦᠭ ᠨᠢᠭᠡᠨ ᠵᠠᠯᠠᠭᠤ ᠡᠷ᠎ᠡ ᠶ᠋ᠢᠨ
ᠬᠦᠵᠦᠭᠦᠦ ᠳᠥᠷᠪᠡᠨ ᠬᠤᠪᠢ ᠰᠤᠨᠪᠠ
ᠲᠡᠷᠡ ᠴᠣᠩᠬᠣ ᠤᠷᠤᠭᠤ ᠪᠢ ᠴᠦ᠍ ᠭᠦᠶᠦᠯ᠎ᠡ
ᠲᠡᠭᠡᠭᠡᠳ ᠲᠡᠭᠡᠭᠡᠳ ᠨᠡᠮᠡᠷᠢ ᠦᠭᠡᠢᠳᠡᠯᠡ
ᠠᠷᠠᠢ ᠭᠡᠵᠦ ᠵᠢᠳᠬᠦᠭᠡᠳ ᠴᠣᠩᠬᠣᠨ ᠳ᠋ᠤ᠌ ᠬᠦᠷᠪᠡ
ᠠᠭᠠᠬᠢᠯᠤᠭᠰᠠᠭᠠᠷ ᠥᠯᠢᠢᠪᠡ᠂ ᠠᠯᠢ ᠪᠣᠢ ᠲᠡᠭᠡᠭᠡᠳ
ᠠᠲᠤᠭᠠᠷ ᠡᠪᠦᠭᠡᠨ ᠡᠮᠡᠭᠡᠨ ᠲᠡᠢ ᠪᠡᠨ ᠶᠠᠪᠤᠨ᠎ᠠ
ᠠᠯᠪᠠᠨ ᠤ᠋ 《ᠽᠢᠮ》 ᠢ᠋ᠶ᠋ᠡᠨ ᠵᠢᠯᠣᠭᠣᠴᠢ ᠠᠷᠴᠢᠨ᠎ᠠ᠁
ᠠᠯᠢ ᠪᠣᠢ ᠭᠡᠵᠦ ᠴᠣᠩᠬᠣ ᠪᠠᠷ ᠬᠠᠰᠬᠢᠷᠪᠠᠰᠤ
ᠠᠯᠢ ᠬᠡᠳᠦᠢᠨ᠎ᠡ ᠶᠠᠪᠤᠴᠢᠬᠠᠭᠰᠠᠨ᠂ ᠵᠠᠢᠯᠠᠭᠤᠯ ᠴᠢ
《ᠠᠵᠠ ᠦᠭᠡᠢ ᠶᠡ ᠲᠡᠢᠮᠦ ᠶᠠᠭᠤᠮᠠᠨ ᠡᠴᠡ ᠬᠣᠴᠣᠷᠬᠤ⁈》 ᠭᠡᠵᠦ
ᠠᠩᠭᠠᠢᠲᠠᠯ᠎ᠠ ᠢᠨᠢᠶᠡᠵᠦ ᠵᠢᠯᠣᠭᠣᠴᠢ ᠬᠠᠷᠢᠭᠤᠯᠪᠠ᠃
ᠶᠠᠮᠠᠷ ᠬᠡᠦᠬᠡᠨ ᠬᠠᠮᠢᠭ᠎ᠠ ᠡᠴᠡ ᠢᠷᠡᠬᠦ ᠨᠢ ᠲᠡᠷᠡ ᠪᠣᠢ?
ᠢᠷᠠᠭᠤᠬᠠᠨ ᠬᠠᠪᠤᠷ ᠴᠣᠩᠬᠣ ᠪᠠᠷ ᠮᠢᠰᠢᠶᠡᠵᠦ
ᠢᠨᠠᠭ ᠤ᠋ᠨ ᠫᠠᠶᠠᠩ ᠢ᠋ᠶ᠋ᠠᠨ ᠬᠥᠮᠦᠨ ᠪᠦᠷᠢ ᠪᠣᠳᠣᠵᠤ
ᠭᠤᠳᠤᠮᠵᠢ ᠤᠷᠤᠭᠤ ᠬᠠᠷᠠᠮᠠᠲᠠᠭᠠᠢ ᠪᠤᠯᠵᠠᠭᠠᠪᠠ᠁
ᠨᠠᠮᠠᠶ᠋ᠢ ᠲᠡᠢᠨ ᠬᠦ᠌ ᠨᠢᠭᠡ ᠬᠠᠷᠠᠬᠤ ᠳ᠋ᠤ᠌
ᠨᠠᠢᠵᠠ ᠪᠦᠰᠡᠭᠦᠢᠴᠦᠦᠯ ᠳᠤᠮᠳᠠ ᠪᠠᠨ ᠴᠢ ᠮᠢᠨᠢ
ᠡᠩ ᠦᠭᠡᠢ ᠰᠠᠢᠬᠠᠨ ᠭᠤᠸᠠᠯᠢᠭ ᠬᠠᠷᠠᠭᠳᠠᠵᠤ ᠪᠢᠯᠡ᠂
《ᠡᠨᠡ ᠪᠠᠢᠨ᠎ᠠ!》 ᠭᠡᠵᠦ ᠪᠢ ᠬᠠᠰᠬᠢᠷᠴᠤ ᠪᠢᠯᠡ᠃
ᠳᠤᠷᠠᠯᠠᠯ ᠬᠠᠢᠷ᠎ᠠ
ᠳᠠᠬᠢᠭᠠᠳ ᠣᠯᠵᠠᠯᠠᠭᠳᠠᠪᠠ ᠠ᠋᠁
ᠳᠠᠩᠴᠤ ᠪᠠᠭ᠎ᠠ ᠳ᠋ᠠᠭᠠᠨ ᠪᠢ ᠤᠷᠢᠳᠤ
ᠳᠠᠭᠠᠭᠠᠮᠠᠢ ᠳᠤᠷᠠᠯᠠᠯ ᠲᠠᠢ ᠤᠴᠠᠷᠠᠵᠤ ᠴᠡᠴᠡᠭ ᠬᠥᠨᠳᠡᠵᠦ
ᠳᠠᠯᠳᠠ ᠨᠢᠭᠤᠴᠠ ᠪᠠᠨ ᠠᠯᠪᠠ ᠪᠠᠷ ᠨᠡᠭᠡᠭᠡᠵᠦ
ᠳᠠᠮᠵᠢᠭ ᠦᠭᠡᠢ ᠡᠷ᠎ᠡ ᠬᠥᠮᠦᠨ ᠪᠣᠯᠵᠤ ᠪᠢᠯᠡ᠃
ᠣᠳᠣ ᠪᠣᠯᠬᠤ ᠳ᠋ᠤ᠌ ᠨᠠᠰᠤ ᠪᠡᠶ᠎ᠡ ᠶ᠋ᠢᠨ ᠮᠢᠨᠢ
ᠣᠢᠯ ᠬᠢᠷ᠎ᠠ ᠳᠡᠭᠡᠷ᠎ᠡ ᠳᠠᠭᠢᠨᠢ ᠰᠢᠭ᠋ ᠪᠢᠰᠢ
ᠲᠠᠷᠬᠢᠶᠠᠲᠠᠢᠬᠠᠨ ᠭᠠᠯ ᠬᠡᠦᠬᠡᠨ ᠲᠠᠭᠠᠷᠠᠵᠤ
ᠳᠠᠬᠢᠭᠠᠳ ᠨᠠᠮᠠᠶ᠋ᠢ ᠬᠡᠦᠬᠡᠳ ᠪᠣᠯᠭᠠᠴᠢᠬᠠᠯᠠ᠃
ᠤᠯᠠᠢᠮ᠎ᠠ ᠴᠠᠢᠮ᠎ᠠ᠂ ᠬᠡᠢᠷᠬᠡᠦ ᠬᠣᠶᠠᠷ ᠨᠢ ᠵᠡᠷᠭᠡᠴᠡᠵᠦ
ᠤᠨᠲᠠᠷᠠᠭᠰᠠᠨ ᠢ᠋ ᠠᠰᠠᠭᠠᠪᠠ᠃ ᠵᠢᠷᠦᠬᠡ ᠮᠢᠨᠢ
ᠰᠠᠷᠠᠨ ᠤ᠋ ᠳᠣᠣᠷᠠᠬᠢ ᠬᠣᠷᠸ᠎ᠠ ᠳ᠋ᠤ᠌ ᠪᠦᠰᠡᠭᠦᠢ ᠬᠥᠮᠦᠨ ᠢ᠋
ᠰᠠᠬᠢᠭᠤᠰᠤ ᠰᠢᠲᠦᠭᠡᠨ ᠭᠡᠵᠦ ᠳᠦᠷᠰᠦᠯᠡᠨ ᠪᠢᠰᠢᠷᠡᠪᠡ᠃
ᠺᠣᠮᠠᠨᠳ᠋ᠯᠠᠭᠴᠢ ᠶ᠋ᠢᠨ ᠡᠨᠳᠡᠭᠦᠷᠡᠯ ᠢ᠋ᠶ᠋ᠡᠷ ᠵᠠᠷᠢᠮ ᠳ᠋ᠠᠭᠠᠨ
ᠬᠠᠢᠷ᠎ᠠ ᠳᠤᠷᠠᠯᠠᠯ ᠬᠠᠯᠠ ᠪᠠᠯ (ᠪᠡᠯᠡ) ᠪᠣᠯᠵᠤ
ᠦᠭᠡ ᠳᠠᠭᠤᠨ ᠦᠭᠡᠢ ᠲᠤᠰᠢᠶᠠᠯ ᠪᠡᠶᠡᠯᠡᠭᠦᠯᠦᠭᠰᠡᠨ
ᠦᠨᠡᠨᠴᠢ ᠴᠡᠷᠢᠭ ᠦ᠋ᠨ ᠭᠠᠪᠢᠶ᠎ᠠ ᠶ᠋ᠢ ᠭᠠᠷᠤᠵᠠᠳᠠᠳᠠᠭ᠃
ᠬᠠᠢᠷ᠎ᠠ ᠳᠤᠷᠠᠯᠠᠯ᠂ ᠬᠤᠪᠢ ᠵᠠᠶᠠᠭ᠎ᠠ ᠭᠡᠳᠡᠭ ᠮᠠᠨᠢ
ᠬᠠᠲᠠᠭᠤ ᠰᠢᠷᠦᠭᠦᠨ ᠲᠤᠯᠤᠯᠳᠤᠭᠠᠨ ᠲᠠᠢ ᠲᠥᠰᠦᠭᠡ ᠲᠡᠢ
ᠬᠠᠮᠢᠭᠠᠰᠢ ᠪᠠᠨ ᠴᠤ᠌ ᠭᠠᠷᠴᠠᠭ᠎ᠠ ᠦᠭᠡᠢ ᠰᠦᠢᠷᠡᠵᠦ ᠪᠠᠢᠲᠠᠯ᠎ᠠ
ᠬᠠᠷᠢᠨ᠂ ᠠᠢ ᠪᠠᠽᠠᠷᠪᠠᠨᠢ! ᠭᠡᠨᠡᠳᠲᠡ ᠢᠯᠠᠳᠠᠭ!
ᠢᠲᠡᠭᠡᠯ ᠰᠡᠳᠬᠢᠯ ᠭᠡᠳᠡᠭ ᠮᠠᠨᠢ
ᠢᠷᠮᠡᠭᠦᠨ ᠳᠣᠯᠣᠭᠠᠨ ᠲᠠᠢ ᠠᠳᠠᠯᠢᠬᠠᠨ
ᠰᠠᠨᠠᠭᠠᠨ ᠳ᠋ᠤ᠌ ᠦᠭᠡᠢ ᠪᠠᠢᠲᠠᠯ᠎ᠠ ᠮᠠᠭᠤ ᠮᠡᠳᠡᠭᠡ ᠢᠷᠡᠵᠦ
ᠰᠠᠯᠤᠮᠠ ᠨᠢᠷᠭᠡᠭᠦᠯᠬᠦ ᠴᠦ᠍ ᠡᠳᠦᠷ ᠪᠣᠢ᠃
ᠬᠠᠢᠷ᠎ᠠ ᠳᠤᠷᠠᠯᠠᠯ ᠭᠠᠢ ᠴᠢᠷᠴᠦ ᠢᠷᠡᠳᠡᠭ ᠴᠦ᠍
ᠬᠠᠶᠠ ᠪᠠᠰᠠ ᠶᠡᠬᠡ ᠰᠢᠷᠬ᠎ᠠ ᠬᠦᠨᠳᠡᠯ ᠦᠭᠡᠢ
ᠬᠡᠭᠡᠷ᠎ᠡ ᠲᠠᠯ᠎ᠠ ᠳ᠋ᠤ᠌ ᠨᠠᠮᠢᠷᠠᠭ᠎ᠠ ᠪᠣᠷᠣᠭᠠᠨ ᠢ᠋ᠶ᠋ᠠᠷ
ᠬᠡᠪᠡᠨᠡᠭ ᠦ᠋ᠨ ᠳᠣᠣᠷ᠎ᠠ ᠵᠡᠭᠦᠳᠦᠯᠡᠭᠰᠡᠨ ᠵᠡᠭᠦᠳᠦ ᠰᠢᠭ
ᠬᠡᠰᠡᠭᠬᠡᠨ᠂ ᠠᠮᠲᠠᠲᠠᠢᠬᠠᠨ ᠴᠤ᠌ ᠪᠣᠢ᠃
ᠠᠬᠤᠢ ᠨᠠᠰᠤᠨ ᠤ᠋ ᠮᠢᠨᠢ ᠦᠳᠡ ᠬᠡᠯᠪᠡᠢᠵᠦ
ᠠᠶᠤᠬᠤ ᠢᠴᠢᠬᠦ ᠪᠡᠨ ᠥᠩᠭᠡᠷᠡᠭᠰᠡᠨ ᠡᠷ᠎ᠡ ᠬᠥᠮᠦᠨ
ᠳᠠᠭᠤᠯᠠᠵᠤ ᠰᠢᠯᠦᠭᠯᠡᠬᠦ ᠨᠢ ᠡᠴᠦᠰ ᠦ᠋ᠨ ᠬᠢ ᠰᠢᠭ ᠪᠠᠢᠲᠠᠯ᠎ᠠ
ᠳᠤᠷᠠᠯᠠᠵᠤ ᠣᠷᠬᠢᠭᠰᠠᠨ ᠴᠢᠨᠢ᠂ ᠡᠬᠢᠨ ᠦ᠌ ᠬᠢ ᠡᠴᠡ ᠥᠭᠡᠷ᠎ᠡ ᠴᠦ᠍ ᠦᠭᠡᠢ ᠪᠠᠢᠨ᠎ᠠ᠃
ᠴᠠᠰᠤᠨ ᠳ᠋ᠤ᠌ ᠭᠡᠭᠡᠭᠰᠡᠨ ᠮᠥᠷ
ᠡᠪᠦᠯ ᠦ᠋ᠨ ᠣᠢ ᠶ᠋ᠢᠨ ᠴᠠᠰᠤᠨ ᠳᠤᠮᠳᠠᠭᠤᠷ ᠴᠢ ᠪᠢᠳᠡᠨ
ᠡᠳᠦᠷᠵᠢᠨ ᠭᠤᠩᠬᠠᠯᠠ ᠭᠡᠰᠡᠨ ᠴᠢᠨᠢ᠂ ᠪᠤᠤ ᠮᠡᠳᠡ ᠳᠠ
ᠶᠠᠭᠠᠬᠢᠵᠤ ᠴᠣᠬᠣᠮ ᠭᠤᠩᠬᠠᠭᠠ ᠶᠤᠮ ᠪᠣᠯ᠂ ᠮᠢᠨᠦ ᠳᠡᠷᠭᠡᠳᠡ
ᠢᠨᠠᠭᠬᠠᠨ ᠲᠠᠨ ᠤ᠋ ᠮᠥᠷ ᠠᠯᠠᠭ᠎ᠠ ᠪᠠᠢᠬᠤ ᠴᠢᠨᠢ ᠶᠠᠭᠤ ᠪᠣᠢ?
ᠦᠪᠡᠳᠡᠭᠰᠢ ᠢᠷᠠᠭᠤᠬᠠᠨ ᠳᠠᠭᠤᠨ ᠢ᠋ ᠡᠨᠳᠡ ᠪᠢ ᠴᠢᠩᠨᠠᠭᠰᠠᠨ ᠰᠠᠨ
ᠥᠪᠡᠷ ᠲᠦ᠍ ᠮᠢᠨᠢ ᠴᠢ ᠳᠠᠭᠤᠯᠠᠵᠤ ᠣᠢ ᠬᠥᠪᠴᠢ ᠲᠦᠷᠢᠵᠦ ᠪᠠᠢᠭᠰᠠᠨ ᠰᠠᠨ
ᠡᠪᠦᠯ ᠦ᠋ᠨ ᠵᠢᠪᠠᠷ ᠲᠤ᠌ ᠪᠡᠭᠡᠷᠡᠭᠰᠡᠨ ᠬᠤᠷᠤᠭᠤ ᠭᠠᠷ ᠢ᠋ ᠴᠢᠨᠢ ᠪᠢ
ᠥᠷᠭᠡᠨ ᠠᠯᠠᠭᠠᠨ ᠳ᠋ᠠᠭᠠᠨ ᠳᠤᠯᠠᠭᠠᠴᠠᠭᠤᠯᠵᠤ ᠪᠠᠢᠭ᠎ᠠ ᠦᠭᠡᠢ ᠪᠢᠯᠡ ᠤᠤ?
ᠬᠦᠷᠦᠵᠦ ᠲᠠᠭᠠᠷᠠᠵᠤ ᠤᠯᠠᠢᠭᠠᠳ ᠲᠡᠷᠡ ᠯᠠ ᠭᠠᠴᠤᠷ᠎ᠠ ᠶ᠋ᠢᠨ ᠴᠠᠭᠠᠨ᠎ᠠ ᠡᠴᠡ
《ᠬᠥᠭᠡᠭᠡᠭᠡᠳ ᠪᠡᠷᠢ ᠯᠠ ᠳᠠ᠂ ᠶᠠᠭᠠᠬᠢᠳᠠᠭ ᠶᠤᠮ!》 ᠭᠡᠵᠦ ᠥᠳᠥᠭᠡᠭᠰᠡᠨ ᠢ᠋ᠶ᠋ᠡᠨ ᠴᠢ ᠮᠢᠨᠢ
ᠬᠥᠭᠡᠷᠦᠬᠦᠢ ᠡᠳᠦᠢ ᠳ᠋ᠦ᠍᠂ ᠴᠢᠮ᠎ᠠ ᠳ᠋ᠤ᠌ ᠡᠰᠡ ᠪᠣᠯ ᠥᠭᠡᠷ᠎ᠡ ᠬᠡᠨ ᠳ᠋ᠡᠭᠡᠨ ᠪᠢ
ᠭᠥᠭᠯᠡᠨ ᠲᠦᠭᠳᠡᠷᠡᠨ ᠪᠠᠢᠵᠤ ᠰᠢᠯᠦᠭ ᠴᠡᠭᠡᠵᠢ ᠪᠡᠷ ᠤᠩᠰᠢᠬᠤ ᠪᠢᠯᠡ?
ᠡᠨᠡ ᠬᠡᠰᠡᠭ ᠢ᠋ ᠪᠤᠷᠤᠭᠤ ᠤᠩᠰᠢᠯ᠎ᠠ ᠭᠡᠵᠦ ᠨᠠᠮᠠᠶ᠋ᠢ ᠪᠠᠨ ᠴᠢ
ᠡᠯᠡᠭᠯᠡᠨ ᠢᠨᠢᠶᠡᠵᠦ ᠱᠣᠣᠯᠠᠨ ᠵᠢᠮᠡᠯᠡᠭᠡ ᠦᠭᠡᠢ ᠰᠠᠨ ᠪᠢᠯᠡ ᠤᠤ?
ᠬᠠᠢᠯᠤᠭᠰᠠᠨ ᠲᠤᠭᠤᠯᠭ᠎ᠠ ᠰᠢᠭ᠋ ᠠᠭᠠᠰᠢᠨ ᠳ᠋ᠤ᠌ ᠴᠢᠨᠢ ᠬᠥᠯ ᠠᠯᠳᠠᠵᠤ
ᠬᠠᠯᠠᠭᠤᠨ ᠮᠠᠷᠭᠤᠭᠠᠨ ᠳ᠋ᠤ᠌ ᠴᠢᠨᠢ ᠪᠢ ᠭᠠᠷᠳᠠᠭᠠ ᠦᠭᠡᠢ ᠰᠠᠨ ᠪᠢᠯᠡ ᠤᠤ?
ᠠᠮᠢᠲᠠᠨ ᠬᠥᠳᠡᠭᠡ ᠦᠭᠡᠢ ᠴᠠᠰᠤᠨ ᠳ᠋ᠤ᠌ ᠨᠠᠳᠠ ᠲᠠᠢ ᠴᠢ ᠶᠠᠪᠤᠭᠰᠠᠨ ᠰᠠᠨ
ᠠᠷᠢᠭᠤᠨ ᠮᠥᠷ ᠴᠢᠨᠢ ᠶᠠᠭᠠᠬᠢᠪᠠ ᠪᠣᠢ? ᠮᠡᠳᠡᠬᠦ ᠶ᠋ᠢ ᠪᠣᠯᠢᠯ᠎ᠠ····
ᠠᠯᠲᠠ ᠪᠡᠶ᠎ᠡ ᠭᠠᠭᠴᠠᠭᠠᠷ ᠢ᠋ᠶ᠋ᠠᠨ···· ᠰᠡᠳᠬᠢᠯ ᠵᠥᠪᠬᠡᠨ ᠬᠦᠭᠡᠷᠦᠴᠢᠭᠡᠵᠡᠢ
ᠠᠮᠲᠠᠲᠤ ᠪᠣᠳᠣᠯ ᠤ᠋ᠨ ᠮᠥᠷ ᠭᠡᠵᠦ ᠴᠠᠰᠤᠨ ᠳ᠋ᠤ᠌ ᠶᠠᠭᠤ ᠨᠢ ᠦᠯᠡᠳᠡᠬᠦ ᠪᠣᠢ!
※※※
ᠭᠣᠮᠣᠳᠠᠯ ᠭᠤᠨᠢᠭ ᠢ᠋ᠶ᠋ᠠᠨ ᠪᠢ ᠬᠡᠨ ᠲᠡᠢ ᠪᠡᠨ ᠬᠤᠪᠢᠶᠠᠵᠤ
ᠭᠣᠣᠯ ᠤ᠋ᠨ ᠢ᠋ᠶ᠋ᠠᠨ ᠤᠢᠳᠬᠠᠷ ᠢ᠋ ᠪᠢ ᠬᠡᠨ ᠳ᠋ᠡᠭᠡᠨ ᠲᠣᠭᠠᠴᠢᠶ᠎ᠠ ᠳᠠ?
ᠬᠠᠪᠤᠷ ᠭᠡᠭᠴᠢ ᠵᠢᠯ ᠡᠴᠡ ᠵᠢᠯ ᠳ᠋ᠦ᠍ ᠴᠡᠩᠭᠡᠭᠦᠨ ᠪᠣᠯᠵᠤ
ᠬᠠᠢᠷᠠᠯᠠᠨ ᠰᠢᠯᠦᠭᠯᠡᠬᠦ ᠮᠢᠨᠢ ᠣᠨ ᠡᠴᠡ ᠣᠨ ᠳ᠋ᠤ᠌ ᠴᠥᠭᠡᠷᠡᠪᠡ ᠯᠡ᠃
ᠭᠣᠮᠣᠳᠠᠯ ᠭᠤᠨᠢᠭ ᠢ᠋ᠶ᠋ᠠᠨ ᠪᠢ ᠬᠡᠨ ᠲᠡᠢ ᠪᠡᠨ ᠬᠤᠪᠢᠶᠠᠵᠤ
ᠭᠣᠣᠯ ᠤ᠋ᠨ ᠢ᠋ᠶ᠋ᠠᠨ ᠤᠢᠳᠬᠠᠷ ᠢ᠋ ᠪᠢ ᠬᠡᠨ ᠳ᠋ᠡᠭᠡᠨ ᠲᠣᠭᠠᠴᠢᠶ᠎ᠠ ᠳᠠ?
ᠬᠠᠪᠤᠷ ᠭᠡᠭᠴᠢ ᠵᠢᠯ ᠡᠴᠡ ᠵᠢᠯ ᠳ᠋ᠦ᠍ ᠴᠡᠩᠭᠡᠭᠦᠨ ᠪᠣᠯᠵᠤ
ᠬᠠᠢᠷᠠᠯᠠᠨ ᠰᠢᠯᠦᠭᠯᠡᠬᠦ ᠮᠢᠨᠢ ᠣᠨ ᠡᠴᠡ ᠣᠨ ᠳ᠋ᠤ᠌ ᠴᠥᠭᠡᠷᠡᠪᠡ ᠯᠡ᠃
ᠭᠣᠮᠣᠳᠠᠯ ᠭᠤᠨᠢᠭ ᠢ᠋ᠶ᠋ᠠᠨ ᠪᠢ ᠬᠡᠨ ᠲᠡᠢ ᠪᠡᠨ ᠬᠤᠪᠢᠶᠠᠵᠤ
ᠭᠣᠣᠯ ᠤ᠋ᠨ ᠢ᠋ᠶ᠋ᠠᠨ ᠤᠢᠳᠬᠠᠷ ᠢ᠋ ᠪᠢ ᠬᠡᠨ ᠳ᠋ᠡᠭᠡᠨ ᠲᠣᠭᠠᠴᠢᠶ᠎ᠠ ᠳᠠ?
ᠬᠡᠦᠬᠡᠨ ᠭᠡᠭᠴᠢ ᠣᠨ ᠡᠴᠡ ᠣᠨ ᠳ᠋ᠤ᠌ ᠡᠩᠬᠦᠷᠡᠢ ᠪᠣᠯᠵᠤ
ᠬᠦᠰᠡᠨ ᠰᠢᠯᠦᠭᠯᠡᠬᠦ ᠮᠢᠨᠢ ᠵᠢᠯ ᠡᠴᠡ ᠵᠢᠯ ᠳ᠋ᠦ᠍ ᠪᠠᠭᠤᠷᠠᠪᠠ ᠯᠠ᠃
ᠥᠪᠡᠷ ᠦ᠋ᠨ ᠭᠤᠨᠢᠭ ᠢ᠋ ᠪᠢ ᠬᠡᠨ ᠲᠡᠢ ᠪᠡᠨ ᠬᠤᠪᠢᠶᠠᠶᠠ ᠳᠠ? ᠭᠡᠵᠦ
ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠵᠤ ᠶᠠᠪᠤᠨᠠᠮ
ᠡᠴᠢᠨᠡᠭᠡᠨ ᠶᠡᠬᠡ ᠬᠠᠢᠷ᠎ᠠ ᠶ᠋ᠢᠨ ᠢ᠋ᠶ᠋ᠡᠨ ᠲᠤᠬᠠᠢ ᠰᠢᠯᠦᠭ ᠢ᠋
ᠬᠠᠮᠤᠭ ᠤ᠋ᠨ ᠰᠡᠭᠦᠯᠴᠢ ᠶ᠋ᠢᠨ ᠬᠠᠭᠤᠳᠠᠰᠤᠨ ᠳ᠋ᠤ᠌ ᠭᠠᠷᠭᠠᠬᠤ ᠤᠤ ᠳᠠ᠃
※※※
ᠭᠤᠷᠪᠠᠨ ᠴᠡᠴᠡᠭ ᠲᠠᠯᠪᠢᠴᠢᠬᠠᠭᠠᠳ
ᠴᠢᠨᠦ ᠲᠤᠬᠠᠢ ᠰᠢᠯᠦᠭ ᠢ᠋ᠶ᠋ᠡᠨ ᠡᠬᠢᠯᠡᠪᠡ
ᠭᠤᠷᠪᠠᠨ ᠴᠠᠭ ᠲᠠᠯᠪᠢᠴᠢᠬᠠᠭᠠᠳ
ᠴᠢᠨᠦ ᠲᠤᠬᠠᠢ ᠰᠢᠯᠦᠭ ᠢ᠋ᠶ᠋ᠡᠨ ᠵᠠᠪᠰᠠᠷᠯᠠᠪᠠ᠃
ᠠᠷᠪᠠᠨ ᠣᠨ ᠤ᠋ ᠬᠤᠸᠠᠩᠯᠢ ᠡᠯᠡᠭᠡᠵᠦ
ᠠᠨᠳᠠᠭᠤ ᠨᠢ ᠦᠭᠡᠢ ᠢᠢᠨ ᠬᠦ᠌ ᠪᠢᠴᠢᠯ᠎ᠡ᠂
ᠠᠬᠢᠭᠠᠳ ᠪᠠᠰᠠ ᠡᠴᠢᠨᠡᠭᠡᠨ ᠰᠢᠯᠦᠭ ᠢ᠋ᠶ᠋ᠡᠨ
ᠡᠨᠳᠡᠭᠦᠦ ᠨᠢ ᠦᠭᠡᠢ ᠢᠩᠭᠢᠵᠦ ᠪᠢᠴᠢᠨ᠎ᠡ ᠠ᠋᠃
ᠢᠩᠭᠢᠵᠦ ᠪᠢᠴᠢᠴᠢᠬᠡᠭᠡᠳ ᠭᠠᠷᠴᠠᠭ ᠲᠠᠯᠪᠢᠭᠰᠠᠨ ᠦᠭᠡᠢ᠂
ᠢᠯᠡᠷᠬᠡᠢᠯᠡᠵᠦ ᠲᠡᠳᠡᠨ ᠢ᠋ᠶ᠋ᠡᠨ ᠭᠠᠷᠴᠠᠭᠯᠠᠶᠠ ᠭᠡᠪᠡᠯ
ᠴᠤᠪᠤᠷᠠᠭ᠎ᠠ ᠭᠤᠷᠪᠠᠨ ᠴᠡᠴᠡᠭ ᠲᠤᠨᠢ ᠪᠣᠯ ᠳᠠ
ᠴᠣᠭ ᠢ᠋ᠶ᠋ᠠᠷ ᠢ᠋ᠶ᠋ᠠᠨ ᠨᠡᠷ᠎ᠡ ᠰᠢᠩᠭᠡᠭᠡᠰᠦᠲᠡᠢ ᠪᠠᠢᠨ᠎ᠠ ᠯᠠ····
ᠪᠢᠲᠡᠭᠦᠯᠡᠵᠦ ᠴᠢᠭᠯᠡᠭᠰᠡᠨ ᠭᠤᠷᠪᠠᠬᠠᠨ ᠦᠭᠡ
ᠪᠢᠳᠡᠨ ᠡᠴᠡ ᠡᠷᠲᠡᠨ ᠦ᠌ ᠪᠠᠢᠲᠠᠯ᠎ᠠ ᠪᠠᠨ ᠪᠢᠳᠡᠨ ᠦ᠌ ᠦᠭᠡ᠂
ᠬᠡᠨ ᠪᠣᠯᠪᠠᠴᠤ ᠨᠠᠰᠤᠨ ᠳ᠋ᠠᠭᠠᠨ ᠭᠠᠭᠴᠠᠬᠠᠨ ᠬᠡᠯᠡᠳᠡᠭ
ᠬᠡᠯᠡᠬᠦ ᠳ᠋ᠦ᠍ ᠲᠡᠭᠡᠭᠡᠳ ᠬᠡᠴᠡᠭᠦᠦ ᠭᠡᠳᠡᠭ ᠵᠢᠭᠲᠡᠢᠬᠡᠨ᠃
ᠪᠠᠳᠠᠷᠠᠵᠤ ᠶᠠᠪᠤᠭᠰᠠᠨ ᠨᠠᠰᠤᠨ ᠤ᠋ ᠮᠢᠨᠢ
ᠳᠦᠷᠢ ᠨᠢ ᠪᠣᠯᠤᠭᠰᠠᠨ ᠭᠤᠷᠪᠠᠨ ᠴᠠᠭ᠂
ᠪᠠᠶᠠᠷ ᠪᠣᠯᠤᠭᠠᠳ ᠭᠤᠨᠢᠭ ᠤ᠋ᠨ ᠮᠢᠨᠢ
ᠳ᠋ᠦᠩ ᠨᠢ ᠪᠣᠯᠤᠭᠰᠠᠨ ᠭᠤᠷᠪᠠᠨ ᠴᠠᠭ᠃
ᠡᠭᠴᠡ ᠤᠷᠭᠤᠭᠰᠠᠨ ᠠᠪᠤᠷᠭᠤ ᠮᠣᠳᠣᠨ ᠤ᠋
ᠥᠪᠴᠢ ᠪᠦᠷᠬᠦᠭᠰᠡᠨ ᠴᠡᠴᠡᠭ ᠨᠠᠮᠠᠭ᠎ᠠ ᠰᠢᠭ᠋
ᠡᠨᠡ ᠦᠭᠡᠨ ᠦ᠌ ᠡᠷᠭᠢᠨ ᠲᠣᠭᠣᠷᠢᠨ ᠳ᠋ᠤ᠌
ᠡᠷᠬᠢᠮ ᠪᠣᠳᠣᠯ ᠤ᠋ᠳ᠂ ᠦᠢᠯᠡ ᠶᠠᠪᠤᠳᠠᠯ ᠤ᠋ᠳ ᠮᠢᠨᠢ ᠪᠣᠢ᠃
ᠲᠤᠭ ᠨᠣᠢᠷ ᠢ᠋ᠶ᠋ᠠᠨ ᠮᠠᠷᠲᠠᠭᠰᠠᠨ ᠠᠷᠢᠭᠤᠨ ᠬᠦᠰᠡᠯ ᠮᠢᠨᠢ
ᠳᠤᠷᠠᠰᠤᠨ ᠳᠤᠷᠠᠰᠤᠭᠠᠳ ᠬᠠᠨᠤᠰᠢ ᠦᠭᠡᠢ ᠠᠮᠲᠠᠲᠤ ᠵᠡᠭᠦᠳᠦ ᠮᠢᠨᠢ
ᠡᠩᠬᠦᠷᠡᠢ ᠴᠢᠨᠦ ᠮᠢᠨᠢ ᠮᠡᠳᠡᠬᠦ ᠬᠢᠷᠢ ᠪᠡᠷ
ᠡᠨᠡ ᠴᠠᠭ ᠤ᠋ᠳ ᠲᠤ᠌ ᠣᠷᠣᠰᠢᠨ ᠪᠠᠢᠨ᠎ᠠ ᠯᠠ᠃
ᠴᠢᠩᠬ᠎ᠠ ᠳᠡᠭᠡᠷᠡᠬᠢ ᠲᠡᠷᠡ ᠭᠤᠷᠪᠠᠨ ᠴᠠᠭ
《ᠴᠢᠮ᠎ᠠ ᠳ᠋ᠤ᠌ ᠪᠢ ᠬᠠᠢᠷᠠᠲᠠᠢ》 ᠭᠡᠵᠦ ᠪᠠᠢᠨ᠎ᠠ᠃
※ ※ ※
ᠬᠠᠢᠷ᠎ᠠ ᠳᠤᠷᠠᠯᠠᠯ ᠪᠢᠳᠡᠨ ᠳ᠋ᠦ᠍ ᠥᠰᠬᠦ ᠵᠠᠪ ᠥᠭᠭᠦᠭᠰᠡᠨ ᠦᠭᠡᠢ
ᠬᠠᠷ᠎ᠠ ᠨᠢᠯᠬ᠎ᠠ ᠪᠠᠷ ᠢ᠋ᠶ᠋ᠠᠨ ᠯᠠ ᠪᠠᠢᠵᠠᠭᠠᠨ᠎ᠠ ᠰᠢᠦ ᠳᠡ᠃
ᠬᠠᠮᠠᠷᠯᠠᠭᠰᠠᠨ ᠬᠠᠰᠢᠶ᠎ᠠ ᠮᠠᠨᠢ ᠴᠡᠴᠡᠷᠯᠢᠭ ᠢ᠋ᠶ᠋ᠡᠷ ᠨᠡᠢᠯᠡᠵᠦ
ᠬᠠᠷ᠎ᠠ ᠪᠠᠭ᠎ᠠ ᠡᠴᠡ ᠮᠠᠨᠢ ᠠᠢᠯ ᠠᠢᠮᠠᠭ ᠪᠠᠢᠵᠠᠭᠠᠯᠠ
ᠪᠠᠢᠭᠰᠠᠨ ᠲᠡᠷᠡ ᠴᠠᠭ ᠡᠴᠡ ᠣᠳᠣ ᠴᠤ᠌ ᠭᠡᠰᠡᠨ ᠳᠡ
ᠪᠠᠯᠴᠢᠷ ᠬᠡᠪ ᠢ᠋ᠶ᠋ᠡᠷ ᠯᠡ ᠶᠠᠪᠤᠬᠤ ᠰᠢᠭ᠋ ᠰᠠᠨᠠᠭᠳᠠᠬᠤ ᠶᠤᠮ᠃
ᠬᠠᠮᠤᠭ ᠤ᠋ᠨ ᠴᠣᠪᠣᠭᠣ ᠮᠠᠨᠢ ᠴᠤ᠌ ᠪᠠᠢᠵᠤ ᠪᠢᠯᠡ᠂
ᠬᠠᠴᠢᠨ ᠬᠡᠪᠯᠡᠬᠦᠨ ᠠᠭᠤᠷᠯᠠᠳᠠᠭ ᠰᠠᠨ᠂ ᠪᠠᠰᠠ
ᠳᠡᠰ ᠳᠡᠰ ᠬᠥᠬᠥᠷᠡᠳᠡᠭ ᠰᠠᠨ᠂ ᠣᠳᠣ ᠴᠤ᠌ ᠭᠡᠰᠡᠨ
ᠲᠠᠴᠢᠭᠢᠨᠠᠭᠰᠠᠨ ᠢᠨᠢᠶᠡᠳᠦ ᠶ᠋ᠢ ᠪᠢ ᠳᠠᠭᠤᠷᠢᠶᠠᠵᠠᠢ᠃
ᠨᠠᠢᠵᠠᠬᠠᠨ ᠬᠣᠩᠭᠣᠷ ᠮᠢᠨᠢ ᠴᠢ ᠥᠨᠥ ᠬᠢᠷᠢ ᠨᠢ
ᠨᠠᠰᠤᠨ ᠪᠠᠭ᠎ᠠ ᠶ᠋ᠢᠨ ᠲᠣᠭᠯᠠᠭᠠᠮ ᠡᠴᠡ ᠪᠠᠨ ᠰᠠᠯᠤᠭᠰᠠᠨ ᠦᠭᠡᠢ
ᠲᠣᠮᠣᠭ᠎ᠠ ᠦᠭᠡᠢ ᠵᠢᠭᠠᠬᠠᠨ ᠰᠢᠭ᠋ ᠢ᠋ᠶ᠋ᠡᠨ ᠯᠡ ᠬᠡᠪᠢᠰ ᠦ᠋ᠨ ᠳᠡᠭᠡᠷ᠎ᠡ
ᠲᠣᠯᠣᠭᠠᠢ ᠳᠣᠣᠷ᠎ᠠ ᠪᠠᠨ ᠭᠠᠷ ᠢ᠋ᠶ᠋ᠠᠨ ᠬᠢᠭᠡᠳ ᠤᠨᠲᠠᠴᠢᠬᠠᠬᠤ ᠶᠤᠮ᠃
ᠲᠠᠩᠭᠢᠰ ᠤ᠋ᠨ ᠡᠯᠡᠰᠦ ᠪᠡᠷ ᠤᠰᠤᠨ ᠣᠩᠭᠣᠴᠠ ᠪᠠᠷᠢᠵᠤ
ᠲᠡᠨᠳᠡ ᠶᠠᠪᠤᠭ᠎ᠠ ᠰᠢᠪᠠᠭᠤᠨ ᠳ᠋ᠤ᠌ ᠣᠯᠵᠠ | ᠣᠮᠣᠭ ᠢᠷᠦᠭᠡᠵᠦ
ᠦᠬᠦᠭᠡᠷᠲᠦᠮᠡ ᠭᠠᠷ ᠲᠠᠭᠠᠨ ᠠᠯᠢᠮ᠎ᠠ ᠠᠳᠬᠤᠭᠰᠠᠨ ᠨᠢ
ᠥᠨᠥᠬᠢ ᠯᠡ ᠵᠢᠭᠠᠬᠠᠨ ᠪᠥᠮᠪᠥᠭᠡ ᠰᠢᠭ ᠨᠢ ᠬᠠᠷᠠᠭᠳᠠᠨ᠎ᠠ᠃
ᠴᠡᠩᠭᠡᠭᠦᠨ ᠰᠠᠢᠬᠠᠨ ᠳ᠋ᠡᠬᠸᠰᠲ᠋ᠠᠨ ᠤ᠋ ᠬᠠᠪᠤᠷ ᠳᠠᠬᠢᠭᠠᠳ ᠴᠢ
ᠴᠡᠩᠬᠡᠷ ᠬᠠᠪᠴᠢᠯ ᠡᠴᠡ ᠴᠡᠴᠡᠭ ᠦ᠋ᠨ ᠰᠠᠢᠬᠠᠨ ᠢ᠋ ᠲᠡᠭᠦᠵᠦ
ᠬᠥᠬᠡ ᠨᠣᠭᠣᠭᠠᠨ ᠳ᠋ᠤ᠌ ᠬᠤᠷᠠᠭ᠎ᠠ ᠪᠠᠨ ᠢᠳᠡᠰᠢᠯᠡᠭᠦᠯᠵᠦ
ᠬᠥᠭᠡᠷᠦᠬᠦᠨ ᠢᠰᠢᠭᠡ ᠶ᠋ᠢ ᠬᠦᠢᠲᠡᠨ ᠤᠰᠤ ᠪᠠᠷ ᠤᠮᠳᠠᠯᠠᠨ᠎ᠠ᠃
ᠮᠥᠩᠬᠡ ᠰᠠᠷᠢᠳᠠᠭ ᠲᠤᠨᠢ ᠰᠠᠯᠬᠢ ᠰᠦᠩᠭᠢᠨᠡᠭᠰᠡᠨ
ᠮᠥᠩᠭᠥᠨ ᠭᠣᠷᠣᠬ᠎ᠠ ᠤᠷᠤᠭᠤ ᠬᠥᠲᠥᠯᠦᠯᠴᠡᠨ ᠣᠴᠢᠶ᠎ᠠ ᠬᠦ
ᠬᠡᠦᠬᠡᠳ ᠦᠶ᠎ᠡ ᠶ᠋ᠢᠨ ᠬᠢ ᠰᠢᠭ ᠢ᠋ᠶ᠋ᠡᠨ ᠡᠵᠢ ᠶ᠋ᠢ ᠳᠠᠭᠤᠷᠢᠶᠠᠵᠤ
ᠬᠦᠵᠦᠭᠦᠦ ᠪᠡᠷ ᠮᠢᠨᠢ ᠠᠯᠴᠢᠭᠤᠷ ᠢ᠋ᠶ᠋ᠠᠨ ᠨᠥᠮᠥᠷᠭᠡᠭᠡᠴᠢ᠁
ᠬᠠᠷ᠎ᠠ ᠨᠢᠯᠬ᠎ᠠ ᠪᠠᠷ ᠢ᠋ᠶ᠋ᠠᠨ ᠯᠠ ᠪᠠᠢᠵᠠᠭᠠᠨ᠎ᠠ ᠰᠢᠦ ᠳᠡ᠃
ᠬᠠᠢᠷ᠎ᠠ ᠳᠤᠷᠠᠯᠠᠯ ᠪᠢᠳᠡᠨ ᠳ᠋ᠦ᠍ ᠥᠰᠬᠦ ᠵᠠᠪ ᠥᠭᠭᠦᠭᠰᠡᠨ ᠦᠭᠡᠢ!
※ ※ ※
ᠦᠦᠷ ᠴᠦᠦᠷ ᠢ᠋ᠶ᠋ᠡᠷ ᠪᠢ ᠴᠢᠨᠢ ᠪᠣᠰᠤᠶ᠎ᠠ᠂ ᠴᠢ ᠮᠢᠨᠢ ᠤᠨᠲᠠᠵᠤ ᠪᠠᠢ
ᠡᠭᠦᠳᠡ ᠬᠠᠭᠠᠯᠭ᠎ᠠ ᠪᠠᠨ ᠪᠢ ᠴᠢᠨᠢ ᠴᠠᠯᠠᠢᠲᠠᠯ᠎ᠠ ᠨᠡᠭᠡᠭᠡᠶ᠎ᠡ
ᠠᠭᠤᠯᠠ ᠶ᠋ᠢᠨ ᠴᠠᠭᠠᠨ᠎ᠠ ᠡᠴᠡ ᠨᠠᠮᠠᠶ᠋ᠢ᠂ ᠤᠷᠭᠤᠭ᠎ᠠ ᠮᠣᠳᠣ᠂ ᠴᠡᠴᠡᠭᠡᠰ ᠢ᠋
ᠤᠭᠲᠤᠵᠤ ᠲᠡᠷᠡ ᠪᠦᠬᠦᠨ ᠢ᠋ ᠴᠢᠨᠢ᠂ ᠤᠷᠢᠲᠠᠵᠤ ᠪᠢ ᠰᠢᠯᠭᠠᠶ᠎ᠠ᠃
ᠠᠯᠳᠠᠩᠬᠠᠨ ᠬᠠᠷᠢᠶᠠᠴᠠᠢ ᠡᠭᠦᠷ ᠲᠡᠭᠡᠨ ᠪᠠᠢᠨ᠎ᠠ ᠤᠤ᠂ ᠬᠠᠷᠠᠶ᠎ᠠ
(ᠠᠯᠢ ᠪᠠᠭ᠎ᠠ ᠡᠴᠡ ᠪᠠᠨ ᠴᠢ ᠮᠢᠨᠢ ᠡᠨᠡ ᠰᠢᠪᠠᠭᠤᠬᠠᠢ ᠶ᠋ᠢᠨ ᠳᠠᠭᠤᠨ ᠳ᠋ᠤ᠌ ᠳᠤᠷᠠᠲᠠᠢ ᠰᠠᠨ)
ᠠᠷᠢᠭᠤᠬᠠᠨ ᠭᠣᠷᠣᠬ᠎ᠠ ᠶ᠋ᠢᠨ ᠤᠰᠤᠨ ᠳ᠋ᠤ᠌ ᠪᠤᠯᠠᠩᠭᠢᠷ ᠪᠠᠢᠨ᠎ᠠ ᠤᠤ᠂ ᠦᠵᠡᠶ᠎ᠡ
ᠠᠯᠠᠭ᠎ᠠ ᠪᠠᠷ ᠢ᠋ᠶ᠋ᠠᠨ ᠤᠳᠬᠤᠵᠤ ᠴᠢ ᠮᠢᠨᠢ ᠤᠤᠭᠤᠨ᠎ᠠ ᠰᠢᠦ ᠳᠡ᠂ ᠲᠡᠭᠦᠨ ᠡᠴᠡ᠃
ᠣᠭᠲᠠᠷᠭᠤᠢ ᠴᠡᠯᠮᠡᠭ ᠪᠠᠢᠨ᠎ᠠ ᠤᠤ᠂ ᠪᠢ ᠬᠠᠷᠠᠴᠢᠬᠠᠶᠠ
ᠣᠢ ᠮᠣᠳᠣ ᠴᠡᠴᠡᠭᠯᠡᠬᠦ ᠳᠥᠭᠥᠵᠦ ᠪᠠᠢᠨ᠎ᠠ ᠤᠤ᠂ ᠦᠵᠡᠴᠢᠬᠡᠶᠡ
ᠥᠨᠳᠡᠢᠵᠦ ᠬᠣᠩᠭᠣᠷ ᠴᠢᠨᠦ ᠮᠢᠨᠢ ᠣᠷᠣ ᠡᠴᠡ ᠪᠠᠨ ᠪᠣᠰᠲᠠᠯ᠎ᠠ
ᠡᠪᠡᠰᠦᠨ ᠦ᠌ ᠰᠢᠭᠦᠳᠡᠷᠢ ᠪᠤᠤ ᠬᠠᠳᠠᠭᠠᠰᠠᠢ ᠭᠡᠵᠦ ᠪᠢ ᠬᠦᠰᠡᠨᠡᠮ
ᠠᠩᠬᠢᠯᠤᠭᠤᠨ ᠥᠷᠯᠥᠭᠡ ᠡᠷᠲᠡ ᠶ᠋ᠢᠨ ᠡᠨᠡᠬᠡᠨ ᠴᠠᠭ ᠢ᠋ᠶ᠋ᠠᠷ
ᠠᠭᠤᠤ ᠪᠠᠢᠭᠠᠯᠢ ᠪᠡᠯᠡᠭ ᠳᠤᠷᠠᠰᠬᠠᠯ ᠤ᠋ᠨ ᠳᠡᠯᠭᠡᠭᠦᠷ ᠰᠢᠭ ᠰᠠᠨᠠᠭᠳᠠᠨᠠᠮ
ᠠᠸᠠᠷ ᠪᠦᠰᠡᠭᠦᠢᠲᠡᠨ ᠳ᠋ᠦ᠍ ᠶᠠᠭᠤ ᠨᠢ ᠲᠠᠭᠠᠯᠠᠭᠳᠠᠬᠤ ᠪᠣᠯ? ᠭᠡᠵᠦ ᠰᠢᠯᠢᠵᠦ ᠰᠣᠩᠭᠣᠨ
ᠠᠬᠢᠨ ᠳᠠᠬᠢᠨ ᠪᠢ ᠯᠠᠩᠭᠦᠢ ᠶ᠋ᠢᠨ ᠬᠢᠨᠢ ᠡᠮᠦᠨ᠎ᠡ ᠡᠷᠭᠢᠯᠳᠦᠬᠦ ᠰᠢᠭ ᠪᠤᠳᠤᠭᠳᠠᠨᠠᠮ᠃
᠁ ᠲᠡᠭᠡᠭᠰᠡᠭᠡᠷ ᠪᠢ ᠬᠠᠯᠢᠯ ᠬᠠᠳᠠᠨ ᠤ᠋ ᠥᠨᠳᠥᠷ ᠢ᠋ ᠨᠢ ᠰᠣᠩᠭᠣᠯ᠎ᠠ
ᠲᠩᠷᠢ ᠪᠡᠷ ᠬᠠᠯᠢᠬᠤ ᠪᠦᠷᠭᠦᠳ ᠦ᠋ᠨ ᠨᠣᠮᠣᠨ ᠵᠠᠮ ᠢ᠋ ᠰᠢᠯᠢᠯᠡ
ᠲᠡᠨᠳᠡ ᠡᠴᠡ ᠭᠡᠢᠬᠦ ᠦᠦᠷ ᠦ᠋ᠨ ᠭᠡᠭᠡ | ᠲᠤᠶᠠᠭ᠎ᠠ ᠶ᠋ᠢ ᠬᠦᠷᠲᠡᠯ᠎ᠡ
ᠲᠡᠩᠰᠡᠵᠦ ᠰᠢᠯᠢᠭᠡᠳ ᠪᠢ ᠥᠪᠡᠷ ᠢ᠋ᠶ᠋ᠡᠨ ᠪᠣᠳᠣᠭᠰᠠᠨ ᠶᠤᠮ ᠰᠢᠭ᠋ ᠪᠡᠶᠡᠰᠦᠯᠡ᠃
ᠬᠡᠨᠡᠭᠡᠨ ᠢᠨᠢᠶᠡᠮᠰᠦᠭᠯᠡᠯ ᠤᠷᠤᠭᠤᠯ ᠳ᠋ᠠᠭᠠᠨ ᠲᠣᠳᠣᠷᠠᠭᠤᠯᠵᠤ ᠴᠢ ᠰᠡᠷᠡᠯ᠎ᠡ
ᠭᠡᠭᠡᠪᠴᠢ ᠴᠣᠩᠬᠣ ᠪᠠᠨ ᠵᠢᠭᠦᠷᠲᠡᠨ ᠦ᠌ ᠳᠡᠯᠢ ᠰᠢᠭ᠋ ᠳᠡᠯᠭᠡᠨ ᠨᠡᠭᠡᠭᠡᠯ᠎ᠡ
ᠭᠡᠮ ᠦᠭᠡᠢᠬᠡᠨ ᠮᠡᠯᠮᠡᠢ ᠳ᠋ᠦ᠍ ᠴᠢᠨᠢ ᠴᠣᠭᠴᠠᠯᠠᠨ ᠲᠣᠯᠢᠯᠠᠭᠤᠯᠵᠤ
ᠭᠡᠷᠡᠯᠲᠦ ᠶᠢᠷᠲᠢᠨᠴᠦ ᠶ᠋ᠢ ᠲᠡᠷᠡ ᠴᠢᠭ ᠢ᠋ᠶ᠋ᠡᠷ ᠨᠢ ᠴᠢᠮ᠎ᠠ ᠳ᠋ᠠᠭᠠᠨ ᠪᠢ ᠲᠡᠨᠢᠢᠯᠭᠡᠯᠡ᠃
ᠤᠷᠤᠰᠤᠨ ᠥᠩᠭᠡᠷᠡᠬᠦ ᠵᠢᠯ ᠦ᠋ᠳ ᠦ᠋ᠨ ᠣᠪᠣᠷ ᠪᠦᠬᠦᠨ ᠢ᠋ ᠰᠢᠩᠭᠡᠭᠡᠭᠰᠡᠨ
ᠤᠯᠢᠶᠠᠩᠭᠠᠷ ᠮᠣᠳᠣᠨ ᠤ᠋ ᠡᠩᠨᠡᠭᠡ ᠴᠢᠮᠠᠶ᠋ᠢ ᠮᠢᠨᠢ ᠬᠦᠷᠢᠶᠡᠯᠡᠵᠦ
ᠤᠶᠠᠰᠤᠨ ᠪᠢᠰᠢᠷᠡᠨ ᠬᠠᠢᠷᠠᠯᠠᠭᠰᠠᠨ ᠨᠠᠷᠠᠨ ᠡᠷᠳᠡᠨᠢ ᠥᠪᠡᠷ ᠢ᠋ᠶ᠋ᠡᠨ
ᠤᠷᠠᠨ ᠴᠠᠭᠠᠨ ᠭᠠᠷ ᠳᠡᠭᠡᠷ᠎ᠡ ᠴᠢᠨᠢ ᠰᠠᠴᠤᠷᠠᠭ ᠮᠣᠳᠣᠷ ᠢ᠋ᠶ᠋ᠠᠨ ᠲᠠᠯᠪᠢᠯ᠎ᠠ᠃
ᠠᠵᠠ ᠵᠢᠷᠭᠠᠯ ᠢ᠋ ᠴᠢᠨᠢ ᠪᠦᠲᠦᠭᠡᠯᠴᠡᠯᠠ᠂ ᠪᠠᠬᠠᠷᠬᠠᠯ᠎ᠠ
ᠠᠭᠠᠰᠢ ᠳᠠᠷᠤᠤ᠂ ᠠᠯᠳᠠᠷ ᠪᠦᠲᠦᠨ ᠶᠠᠪᠤᠭᠠᠷᠠᠢ ᠳᠠ
ᠠᠭᠤᠤ ᠬᠣᠷᠸ᠎ᠠ ᠨᠠᠳᠠ ᠲᠠᠢ ᠨᠠᠳᠠ ᠦᠭᠡᠢ ᠲᠠᠩᠰᠤᠭ ᠰᠠᠢᠬᠠᠨ ᠪᠢᠯᠡ᠂
ᠠᠷᠢᠭᠤᠨ ᠦᠵᠡᠮᠵᠢ ᠳ᠋ᠦ᠍ᠨᠢ ᠮᠢᠨᠦ ᠨᠡᠮᠡᠷᠢᠯᠡᠭᠰᠡᠨ ᠨᠢ ᠨᠢᠭᠡᠬᠡᠨ ᠢ᠋ᠶ᠋ᠡᠷ ᠦᠭᠡᠢ ᠠ᠋᠃
(ᠣᠷᠣᠰ ᠡᠬᠡ ᠪᠣᠯᠤᠨ ᠣᠷᠴᠢᠭᠤᠯᠤᠭᠴᠢ ᠶ᠋ᠢᠨ ᠭᠠᠷ ᠤ᠋ᠨ ᠪᠢᠴᠢᠯᠭᠡ ᠪᠣᠢ)
ᠴᠢᠨᠦ ᠲᠥᠷᠥᠭᠰᠡᠨ ᠡᠳᠦᠷ
ᠠᠷᠪᠠᠨ ᠬᠣᠶᠠᠷ ᠰᠠᠷ᠎ᠠ ᠶ᠋ᠢᠨ ᠴᠠᠰᠤᠨ ᠴᠠᠢᠪᠠᠯᠵᠠᠵᠤ
ᠠᠮᠠ ᠪᠦᠬᠦᠨ ᠡᠴᠡ ᠬᠦᠢᠲᠡᠨ ᠦ᠌ ᠠᠮᠢᠰᠬᠤᠯ ᠰᠠᠪᠰᠠᠨ᠎ᠠ᠂
ᠠᠭᠤᠯᠠ ᠶ᠋ᠢᠨ ᠵᠢᠪᠠᠷ᠂ ᠲᠠᠩᠭᠢᠰ ᠤ᠋ᠨ ᠰᠠᠯᠬᠢ ᠬᠣᠶᠠᠷ
ᠤᠷᠢᠳᠤ ᠤᠷᠢᠳᠤ ᠡᠴᠡ ᠪᠠᠨ ᠴᠣᠩᠬᠣᠨ ᠴᠠᠭᠠᠨ᠎ᠠ ᠮᠥᠷᠭᠥᠯᠳᠦᠨᠡ᠃
ᠬᠣᠩᠭᠣᠷ ᠴᠢ ᠮᠢᠨᠢ ᠡᠢᠮᠦ ᠰᠠᠷ᠎ᠠ ᠳ᠋ᠤ᠌ ᠲᠥᠷᠥᠵᠡᠢ᠂
ᠬᠣᠷᠸ᠎ᠠ ᠭᠡᠳᠡᠭ ᠪᠠᠷᠢᠴᠠ ᠲᠠᠯᠪᠢᠴᠠ ᠦᠭᠡᠢᠶᠤᠮ ᠠ᠋᠃
ᠰᠠᠢᠬᠠᠨ ᠴᠡᠴᠡᠭ ᠡᠳᠦᠢ ᠳ᠋ᠦ᠍ ᠡᠬᠢᠯᠡᠨ ᠤᠷᠭᠤᠬᠤ ᠶ᠋ᠢ
ᠰᠠᠨᠠᠭ᠎ᠠ | ᠰᠠᠪᠠᠨ ᠳ᠋ᠤ᠌ ᠣᠷᠣᠭ᠎ᠠ ᠨᠢ ᠦᠭᠡᠢ ᠶᠠᠪᠤᠯ᠎ᠠ᠄
ᠠᠩᠬᠢᠯᠤᠭᠤᠨ ᠨᠣᠭᠣᠭ᠎ᠠ ᠡᠪᠦᠯ ᠢ᠋ᠶ᠋ᠡᠷ ᠴᠦ᠍ ᠭᠠᠷᠳᠠᠭ ᠪᠠᠢᠨ᠎ᠠ᠂
ᠠᠯᠲᠠᠨ ᠬᠠᠷᠢᠶᠠᠴᠠᠢ ᠡᠪᠦᠯ ᠢ᠋ᠶ᠋ᠡᠷ ᠴᠦ᠍ ᠲᠥᠷᠥᠳᠡᠭ ᠪᠠᠢᠨ᠎ᠠ᠃
※ ※ ※
《ᠬᠣᠩᠭᠣᠷ ᠮᠢᠨᠢ ᠠ᠋᠂ ᠴᠣᠬᠣᠮ ᠬᠡᠳᠦᠢ ᠳ᠋ᠦ᠍
ᠬᠣᠶᠠᠭᠤᠯᠠ ᠭᠡᠷᠡᠯᠲᠦᠯᠡ?》 ᠭᠡᠵᠦ ᠡᠬᠡᠨᠡᠷ ᠠᠰᠠᠭᠤᠪᠠ᠃
| 《 ᠬᠣᠶᠠᠷ ᠪᠡᠶ᠎ᠡ ᠳ᠋ᠦ᠍ ᠮᠠᠨᠢ ᠬᠡᠷᠡᠭ ᠦᠭᠡᠢ ᠲᠡᠭᠦᠨ ᠢ᠋
ᠬᠣᠭ ᠳᠡᠭᠡᠷ᠎ᠡ ᠬᠠᠶᠠᠴᠢᠬᠠᠭᠰᠠᠨ ᠠ᠋ 》 ᠭᠡᠵᠦ ᠪᠢ ᠬᠠᠷᠢᠭᠤᠯᠪᠠ᠃
※ ※ ※
ᠴᠡᠪᠳᠡᠭᠰᠡᠨ ᠠᠶᠠᠰᠲᠤ ᠨᠠᠮᠤᠷ ᠤ᠋ᠨ ᠰᠠᠯᠬᠢ
ᠴᠡᠴᠡᠭ ᠨᠣᠭᠣᠭ᠎ᠠ ᠶ᠋ᠢ ᠦᠬᠦᠭᠦᠯᠦᠩᠭᠡᠨ ᠰᠠᠯᠬᠢᠯᠠᠪᠠ ᠯᠠ
ᠴᠡᠪᠡᠷᠬᠡᠨ ᠲᠥᠷᠥᠭᠰᠡᠨ ᠴᠢᠮᠠᠶ᠋ᠢ ᠪᠠᠨ ᠪᠢ ᠴᠢᠨᠢ
ᠴᠡᠴᠡᠭ ᠲᠡᠢ ᠵᠦᠢᠷᠯᠡᠬᠦ ᠪᠡᠨ ᠪᠣᠯᠢᠶ᠎ᠠ ᠳᠠ ᠪᠠᠢᠵᠠ᠂ ᠶᠡᠷᠦ ᠨᠢ᠃
※ ※ ※
ᠠᠵᠠ ᠵᠢᠷᠭᠠᠯ ᠴᠢᠨᠢ ᠬᠡᠵᠢᠶ᠎ᠡ ᠡᠬᠢᠯᠡᠭᠰᠡᠨ ᠪᠣᠢ?
ᠠᠭᠠᠷ ᠲᠩᠷᠢ ᠶ᠋ᠢᠨ ᠬᠠᠶᠠᠭᠠᠨ ᠳ᠋ᠤ᠌ ᠦᠦᠷ ᠭᠡᠢᠵᠦ
ᠠᠷᠢᠭᠤᠬᠠᠨ ᠨᠠᠷᠠᠨ ᠴᠣᠩᠬᠣ ᠪᠠᠷ ᠮᠢᠰᠢᠶᠡᠵᠦ
ᠠᠯᠳᠠᠩᠬᠠᠨ ᠲᠤᠶᠠᠭ᠎ᠠ ᠨᠢ ᠭᠢᠯᠪᠠᠬᠤ ᠦᠶ᠎ᠡ ᠪᠡᠷ ᠤᠤ?
ᠬᠠᠷᠢᠨ ᠮᠢᠨᠦ ᠬᠤᠪᠢ ᠳ᠋ᠤ᠌ ᠠᠩᠬᠠᠨ
ᠬᠠᠢᠷ᠎ᠠ ᠶ᠋ᠢᠨ ᠬᠠᠷᠠᠴᠠ ᠪᠠᠷ ᠨᠠᠮᠠᠶ᠋ᠢ ᠬᠠᠷᠠᠭᠰᠠᠨ
ᠬᠠᠷᠠᠬᠠᠨ ᠨᠢᠳᠦᠲᠦ ᠮᠢᠨᠢ ᠠᠪᠴᠢᠷᠠᠭᠰᠠᠨ ᠶᠤᠮ᠃
※ ※ ※
ᠴᠢ ᠪᠢᠳᠡ ᠥᠭᠡᠷ᠎ᠡ ᠥᠭᠡᠷ᠎ᠡ ᠪᠡᠷ ᠪᠠᠶᠠᠷᠯᠠᠬᠤ ᠶᠤᠮ
ᠴᠢᠭ ᠴᠢᠭ ᠲᠡᠭᠡᠨ ᠪᠠᠰᠠ ᠥᠭᠡᠷ᠎ᠡ ᠪᠡᠷ ᠭᠤᠨᠢᠬᠠᠷᠠᠬᠤ ᠶᠤᠮ᠁
ᠳᠠᠩ ᠪᠡᠶ᠎ᠡ ᠶ᠋ᠢᠨ ᠢ᠋ᠶ᠋ᠡᠨ ᠵᠢᠷᠭᠠᠯ ᠢ᠋ ᠪᠣᠯᠳᠠᠭ ᠰᠠᠨ ᠪᠣᠯ
ᠳᠠᠶᠠᠭᠠᠷ ᠣᠯᠠᠨ ᠤ᠋ ᠵᠣᠪᠠᠯᠲᠠ ᠪᠠᠷ ᠰᠣᠯᠢᠬᠤ ᠶᠤᠮᠰᠠᠨ!
※ ※ ※
ᠮᠡᠾᠮᠦ᠋ᠳ᠋ ᠦ᠋ᠨ ᠰᠢᠯᠦᠭ ᠦ᠋ᠳ ᠢ᠋ ᠪᠢ ᠴᠡᠭᠡᠵᠢ ᠪᠡᠷ ᠮᠡᠳᠡᠨ᠎ᠡ
ᠮᠭᠠᠡᠣᠡᠯᠠᠵᠣ ᠬᠠᠷᠢᠨ ᠨᠢᠭᠡ ᠯᠡ ᠶᠠᠭᠤᠮ᠎ᠠ ᠶ᠋ᠢ ᠨᠢ ᠭᠠᠢᠬᠠᠨᠠᠮ᠄
ᠨᠠᠮᠠᠶ᠋ᠢ ᠳᠥᠷᠥᠭᠡ ᠴᠦ᠍ ᠦᠭᠡᠢ ᠪᠠᠢᠬᠤ ᠳ᠋ᠤ᠌ ᠲᠡᠷᠡ ᠰᠢᠯᠦᠭᠴᠢ᠄
ᠨᠠᠨᠳᠢᠨ ᠬᠠᠢᠷ᠎ᠠ ᠶ᠋ᠢ ᠮᠢᠨᠢ ᠶᠠᠭᠠᠬᠢᠵᠤ ᠶᠣᠰᠣᠭᠠᠷ ᠨᠢ ᠪᠢᠴᠢᠭᠡ ᠶᠦ᠍ᠮ ᠪᠣᠯ?
※ ※ ※
ᠭᠠᠯᠲᠤ ᠲᠡᠷᠭᠡᠨ ᠦ᠌ ᠮᠠᠰᠢᠨᠴᠢ ᠶ᠋ᠢ ᠬᠠᠷᠢᠶᠠᠵᠤ
ᠭᠠᠷ ᠤ᠋ᠨ ᠴᠠᠭ ᠢ᠋ᠶ᠋ᠠᠨ ᠬᠢᠯᠠᠯᠵᠠᠭᠤᠯᠤᠭᠰᠠᠭᠠᠷ ᠳᠠᠬᠢᠭᠠᠳ ᠯᠠ ᠪᠢ
ᠭᠠᠭᠴᠠᠬᠠᠨ ᠴᠢᠮ᠎ᠠ ᠳ᠋ᠠᠭᠠᠨ ᠶᠠᠭᠠᠷᠠᠨ ᠣᠴᠢᠵᠤ ᠶᠠᠪᠤᠨ᠎ᠠ |
ᠭᠠᠩ ᠴᠣᠪᠣᠭᠠᠨ ᠤ᠋ ᠤᠳᠠᠭᠠᠨ ᠭᠡᠳᠡᠭ ᠢ᠋ ᠶᠠᠭᠠᠬᠢᠨ᠎ᠠ!
ᠭᠠᠯᠠᠭᠤ ᠰᠢᠪᠠᠭᠤ ᠰᠢᠭ᠋ ᠨᠢᠰᠳᠡᠭ ᠴᠦ᠍ ᠪᠣᠯᠤᠭᠠᠰᠠᠢ
ᠭᠠᠯᠵᠠᠭᠤ ᠰᠢᠭᠤᠷᠭ᠎ᠠ ᠰᠢᠭ᠋ ᠬᠡᠢᠰᠳᠡᠭ ᠴᠦ᠍ ᠪᠣᠯᠤᠭᠠᠰᠠᠢ
ᠭᠠᠨᠢᠬᠠᠷᠠᠭᠰᠠᠨ ᠪᠣᠳᠣᠯ ᠡᠴᠡ ᠮᠢᠨᠢ ᠲᠡᠷᠢᠭᠦᠯᠡᠳᠡᠭ ᠴᠦ᠍ ᠪᠣᠯᠤᠭᠠᠰᠠᠢ!᠁
ᠭᠠᠷ ᠢ᠋ᠶ᠋ᠠᠷ ᠰᠢᠨ᠎ᠠ ᠪᠠᠨ ᠲᠤᠯᠵᠤ ᠴᠣᠩᠬᠣᠨ ᠤ᠋ ᠳᠡᠷᠭᠡᠳᠡ ᠪᠢ
ᠭᠠᠵᠠᠷ ᠤ᠋ᠨ ᠬᠣᠯᠠ᠂ ᠵᠠᠮ ᠤᠷᠲᠤ ᠶ᠋ᠢ ᠵᠥᠭᠡᠵᠦ ᠰᠠᠭᠤᠨ᠎ᠠ
ᠭᠠᠷᠴᠤ ᠯᠠ ᠪᠠᠢᠨ᠎ᠠ ᠨᠠᠷᠠ᠂ ᠰᠢᠩᠭᠡᠵᠦ ᠯᠡ ᠪᠠᠢᠨ᠎ᠠ ᠨᠠᠷᠠ
ᠭᠠᠷᠴᠠᠭ᠎ᠠ ᠦᠭᠡᠢ ᠦᠳᠡ ᠳᠤᠮᠳᠠ᠂ ᠭᠠᠵᠢᠭ ᠦᠭᠡᠢ ᠰᠥᠨᠢ ᠳᠦᠯᠢ᠁
ᠭᠠᠯ ᠭᠣᠯᠣᠮᠲᠠ ᠳ᠋ᠠᠭᠠᠨ ᠴᠢᠮ᠎ᠠ ᠲᠠᠢ ᠪᠠᠨ ᠪᠠᠢᠬᠤ ᠳ᠋ᠠᠭᠠᠨ
ᠭᠠᠷᠬᠤ ᠣᠷᠣᠬᠤ ᠨᠠᠷᠠ ᠶ᠋ᠢ ᠬᠠᠷᠠᠵᠤ ᠠᠮᠵᠢᠭ᠎ᠠ ᠦᠭᠡᠢ ᠪᠢᠯᠡ᠁
ᠭᠠᠨᠢᠬᠠᠨ ᠵᠢᠷᠦᠬᠡ ᠮᠢᠨᠢ ᠪᠣᠱᠣᠭᠠᠨ ᠳᠡᠭᠡᠷ᠎ᠡ ᠪᠡᠨ
ᠭᠠᠭᠴᠠᠬᠠᠨ ᠪᠡᠶ᠎ᠡ ᠮᠢᠨᠢ ᠸᠠᠭᠣᠨ ᠳᠣᠲᠣᠷ᠎ᠠ ᠪᠠᠨ᠁
ᠭᠠᠵᠠᠷ ᠬᠣᠯᠠ ᠶ᠋ᠢᠨ ᠣᠳᠣᠳ ᠰᠢᠭᠤᠭᠳᠠᠬᠤ ᠳᠤᠷ᠎ᠠ ᠦᠭᠡᠢ
ᠭᠠᠷᠭᠠᠵᠤ ᠥᠭᠴᠦ ᠶᠠᠪᠤᠨ᠎ᠠ᠂ ᠨᠠᠮᠠᠶ᠋ᠢ ᠴᠢᠮ᠎ᠠ ᠤᠷᠤᠭᠤ
ᠭᠠᠯ ᠭᠡᠷᠡᠯ ᠢ᠋ᠶ᠋ᠡᠨ ᠢᠷᠠᠢᠯᠭᠠᠭᠰᠠᠨ ᠲᠣᠮᠣ ᠬᠣᠲᠠ ᠨᠤᠭᠤᠳ
ᠭᠠᠷ ᠳᠡᠯᠭᠡᠨ ᠤᠷᠢᠵᠤ ᠪᠠᠢᠨ᠎ᠠ᠂ ᠨᠠᠮᠠᠶ᠋ᠢ ᠴᠢᠮ᠎ᠠ ᠤᠷᠤᠭᠤ
ᠭᠠᠳᠠᠨ᠎ᠠ ᠴᠣᠩᠬᠣᠨ ᠤ᠋ ᠴᠠᠭᠠᠨ᠎ᠠ ᠮᠠᠨᠠᠨ ᠤᠬᠢᠯᠠᠩᠨᠠᠨᠠ᠃
《ᠭᠠᠷᠤᠭᠰᠠᠭᠠᠷ ᠲᠡᠷᠡ ᠮᠢᠨᠢ ᠶᠠᠭᠠᠬᠢᠵᠤ ᠰᠠᠭᠤᠭ᠎ᠠ ᠪᠣᠯ ᠳᠠ?》
ᠭᠠᠳᠠᠨ᠎ᠠ ᠡᠴᠡ ᠴᠣᠩᠬᠣ ᠪᠠᠷ ᠨᠠᠷᠠᠨ ᠤ᠋ ᠭᠡᠷᠡᠯ ᠭᠢᠯᠪᠠᠨ᠎ᠠ
《ᠭᠠᠭᠴᠠᠭᠠᠷ ᠲᠡᠷᠡ ᠮᠢᠨᠢ ᠶᠠᠮᠠᠷ ᠪᠠᠢᠭ᠎ᠠ ᠪᠣᠯ ᠳᠠ?》
ᠭᠠᠢᠬᠠᠬᠤ ᠴᠥᠬᠥᠬᠦ ᠳ᠋ᠡᠭᠡᠨ ᠥᠪᠡᠷ ᠵᠠᠭᠤᠷ᠎ᠠ ᠪᠠᠨ ᠪᠢ ᠦᠭᠡᠯᠡᠨ᠎ᠡ
《ᠭᠠᠷᠴᠠᠭ᠎ᠠ ᠦᠭᠡᠢ ᠲᠡᠷᠡ ᠮᠢᠨᠢ ᠨᠠᠮᠠᠶ᠋ᠢ ᠪᠠᠰᠠ ᠬᠦᠯᠢᠶᠡᠭᠡ ᠰᠢᠦ ᠪᠠᠢᠭ᠎ᠠ ᠳᠠ?》
※ ※ ※
ᠴᠣᠩᠬᠣ ᠴᠢᠨᠢ ᠳᠠᠩᠭᠢᠨᠠᠲᠠᠯ᠎ᠠ ᠬᠠᠭᠠᠯᠲᠠᠲᠠᠢ
ᠴᠢᠩᠬ᠎ᠠ ᠳᠣᠣᠷ᠎ᠠ ᠨᠢ ᠡᠪᠡᠰᠦ ᠨᠣᠭᠣᠭ᠎ᠠ ᠤᠷᠭᠤᠵᠠᠢ
ᠨᠣᠭᠣᠭ᠎ᠠ ᠭᠡᠳᠡᠭ ᠴᠢᠨᠢ ᠲᠣᠬᠣᠢ ᠭᠠᠷᠤᠨ ᠥᠨᠳᠥᠷ
ᠨᠣᠭᠣᠭᠠᠨ ᠭᠡᠳᠡᠭ ᠺᠦᠢᠰᠦ᠋ ᠭᠣᠣᠯ ᠰᠢᠭ᠋ ᠬᠠᠷᠠᠭᠳᠠᠨ᠎ᠠ᠃
《ᠬᠥᠶᠢ᠂ ᠴᠣᠩᠬᠣ ᠪᠠᠨ!》 ᠭᠡᠵᠦ ᠠᠮᠠ ᠠᠩᠭᠠᠢᠭᠰᠠᠨ ᠴᠢᠨᠢ
ᠬᠥᠮᠦᠨ ᠲᠡᠭᠦᠨ ᠢ᠋ ᠨᠡᠭᠡᠭᠡᠵᠦ ᠥᠭᠬᠦ ᠰᠢᠨᠵᠢ ᠦᠭᠡᠢ
ᠡᠪᠡᠰᠦ ᠨᠣᠭᠣᠭ᠎ᠠ ᠥᠳᠬᠡᠨ ᠭᠡᠭᠴᠢ ᠨᠢ ᠤᠷᠭᠤᠵᠠᠢ
ᠡᠳᠦᠷ ᠬᠣᠨᠣᠭ ᠲᠦᠷᠭᠡᠨ ᠭᠡᠭᠴᠢ ᠨᠢ ᠤᠯᠠᠷᠢᠵᠠᠢ!
ᠤᠷᠭᠤᠭᠤᠯᠤᠭᠠ ᠦᠭᠡᠢ ᠨᠣᠭᠣᠭ᠎ᠠ ᠮᠢᠨᠢ ᠤᠷᠭᠤ ᠳᠠ᠂ ᠣᠳᠣ
ᠤᠷᠢᠳᠤ ᠨᠢ ᠪᠢ ᠥᠷᠯᠥᠭᠡ ᠦᠳᠡᠰᠢ ᠡᠳᠦᠷ ᠰᠥᠨᠢ ᠦᠭᠡᠢ
ᠭᠠᠵᠠᠷ ᠰᠢᠷᠣᠢ ᠶ᠋ᠢ ᠨᠢ ᠬᠥᠯ ᠬᠠᠢᠷ᠎ᠠ ᠦᠭᠡᠢ ᠭᠢᠰᠬᠢᠯᠡᠭᠰᠡᠨᠶᠤᠮ᠃
ᠭᠠᠭᠴᠠᠬᠠᠨ ᠮᠢᠨᠦ ᠮᠥᠷ ᠯᠡ ᠳᠦᠭᠦᠷᠡᠩ ᠦᠯᠡᠳᠡᠭᠰᠡᠨᠶᠤᠮ᠃
※※※
ᠠᠶᠠᠨ ᠵᠠᠮ ᠡᠴᠡ ᠡᠷᠭᠢᠵᠦ ᠢᠷᠡᠩᠭᠦᠲᠡ ᠪᠡᠨ ᠪᠢ
ᠠᠮᠠᠷᠠᠭᠬᠠᠨ ᠬᠠᠷᠠᠴᠠ ᠲᠠᠢ ᠴᠢᠨᠢ ᠲᠤᠯᠭᠠᠷᠠᠪᠠ
ᠠᠩᠬᠠᠨ ᠤ᠋ ᠠᠩᠬ᠎ᠠ ᠯᠠ ᠰᠢᠷᠳᠡᠯᠴᠡᠵᠦ ᠪᠠᠢᠭ᠎ᠠ ᠶᠤᠮ ᠰᠢᠭ᠋
ᠠᠯᠠᠭᠬᠠᠨ ᠨᠢᠳᠦᠨ ᠦ᠌ ᠴᠢᠨᠢ ᠬᠥᠭᠡᠷᠦᠬᠦᠨ ᠢ᠋ ᠶᠠᠭᠠᠬᠢᠶ᠎ᠠ ᠯᠠ!
ᠠᠶᠠᠨ ᠵᠠᠮ ᠡᠴᠡ ᠡᠷᠭᠢᠵᠦ ᠢᠷᠡᠩᠭᠦᠲᠡ ᠪᠡᠨ ᠪᠢ
ᠠᠮᠠᠷᠠᠭ ᠢ᠋ᠶ᠋ᠠᠨ ᠭᠡᠭᠰᠡᠭᠡᠷ ᠬᠠᠭᠠᠯᠭ᠎ᠠ ᠪᠠᠨ ᠲᠠᠲᠠᠪᠠ
ᠠᠩᠬᠠᠨ ᠠᠮᠢᠳᠤᠷᠠᠯ ᠳ᠋ᠤ᠌ ᠵᠣᠯᠭᠠᠵᠤ ᠪᠠᠢᠭ᠎ᠠ ᠶᠤᠮ ᠰᠢᠭ᠋
ᠠᠷᠢᠭᠤᠬᠠᠨ ᠭᠠᠷ ᠤ᠋ᠨ ᠴᠢᠨᠢ ᠬᠠᠯᠠᠭᠤᠬᠠᠨ ᠢ᠋ ᠶᠠᠭᠠᠬᠢᠶ᠎ᠠ ᠯᠠ!
ᠠᠮᠰᠠᠵᠤ ᠬᠡᠵᠢᠶ᠎ᠡ ᠴᠦ᠍ ᠴᠢᠩᠨᠠᠭᠠ ᠦᠭᠡᠢᠶᠤᠮ ᠰᠢᠭ
ᠠᠭᠠᠯᠢᠬᠠᠨ ᠢᠨᠢᠶᠡᠳᠦ ᠶ᠋ᠢᠨ ᠴᠢᠨᠢ ᠨᠠᠮᠤᠭᠤᠬᠠᠨ ᠢ᠋ ᠶᠠᠭᠠᠬᠢᠶ᠎ᠠ ᠯᠠ!
ᠠᠷᠭ᠎ᠠ ᠦᠭᠡᠢ ᠴᠢᠮᠠᠶ᠋ᠢ ᠪᠠᠨ ᠰᠣᠳᠣᠨ ᠬᠠᠨᠢ ᠭᠡᠵᠦ
ᠠᠬᠤᠢ ᠰᠡᠳᠬᠢᠯ ᠮᠢᠨᠢ ᠪᠢᠰᠢᠷᠡᠬᠦ ᠶ᠋ᠢ ᠶᠠᠭᠠᠬᠢᠶ᠎ᠠ ᠯᠠ!
ᠠᠮᠢᠬᠠᠨ ᠳ᠋ᠠᠭᠠᠨ ᠬᠣᠶᠠᠭᠤᠯᠠ ᠵᠢᠷᠭᠠᠵᠤ ᠪᠠᠢᠭ᠎ᠠ ᠪᠠᠨ
ᠠᠬᠢᠨ ᠳᠠᠬᠢᠨ ᠪᠠᠬᠠᠷᠬᠠᠬᠤ ᠶ᠋ᠢ ᠶᠠᠭᠠᠬᠢᠶ᠎ᠠ ᠯᠠ!
ᠠᠮᠲᠠ ᠶ᠋ᠢ ᠨᠢ ᠠᠪᠬᠤ ᠭᠠᠭᠴᠠᠬᠠᠨ ᠰᠠᠷ᠎ᠠ ᠰᠢᠭ
ᠠᠮᠢᠳᠤᠷᠠᠯ ᠢ᠋ ᠬᠤᠪᠢ ᠵᠠᠶᠠᠭ᠎ᠠ ᠬᠠᠢᠷᠠᠯᠠᠵᠠᠢ
ᠠᠩᠬᠢᠯᠤᠭᠤᠨ ᠬᠠᠪᠤᠷ ᠢ᠋ ᠬᠣᠶᠠᠭᠤᠯᠠ ᠤᠭᠲᠤᠵᠤ
ᠠᠮᠤᠭᠤᠯᠠᠩ ᠲᠠᠯ᠎ᠠ ᠳ᠋ᠤ᠌ ᠴᠡᠴᠡᠭ ᠲᠡᠭᠦᠶ᠎ᠡ ᠯᠡ᠂
ᠠᠶ᠎ᠠ᠂ ᠪᠢ ᠡᠷᠲᠡᠳᠡᠭᠰᠡᠨ ᠦᠭᠡᠢ᠂ ᠴᠢ ᠣᠷᠣᠢᠲᠠᠭᠰᠠᠨ ᠦᠭᠡᠢ
ᠠᠮᠠᠷᠠᠭᠯᠠᠨ ᠵᠠᠶᠠᠭᠠᠵᠠᠢ᠂ ᠪᠡᠶ᠎ᠡ ᠪᠡᠶ᠎ᠡ ᠳ᠋ᠡᠭᠡᠨ᠃
( ᠣᠷᠣᠰ ᠡᠬᠡ ᠪᠣᠯᠤᠨ ᠣᠷᠴᠢᠭᠤᠯᠤᠭᠴᠢ ᠶ᠋ᠢᠨ ᠭᠠᠷ ᠤ᠋ᠨ ᠪᠢᠴᠢᠯᠭᠡ ᠪᠣᠢ )
ᠭᠡᠵᠢᠭᠡ
ᠨᠢᠳᠦ ᠪᠣᠯᠤᠭᠠᠳ ᠬᠥᠮᠥᠰᠬᠡ ᠰᠢᠭ ᠢ᠋ᠶ᠋ᠡᠨ ᠲᠠᠰᠤ ᠬᠠᠷ᠎ᠠ
ᠨᠦᠰᠡᠷ ᠡᠢᠮᠦ ᠭᠡᠵᠢᠭᠡ ᠥᠭᠡᠷ᠎ᠡ ᠬᠥᠮᠦᠨ ᠳ᠋ᠦ᠍ ᠪᠠᠢᠬᠤ ᠦᠭᠡᠢ ᠠ᠋
ᠤᠷᠠᠨ ᠨᠠᠷᠢᠨ ᠬᠢᠯᠭᠠᠰᠤ ᠨᠢ ᠰᠢᠷᠬᠡᠭ ᠲᠠᠲᠠᠵᠤ
ᠠᠭᠤᠯᠠ ᠶ᠋ᠢᠨ ᠭᠣᠣᠯ ᠰᠢᠭ᠋ ᠲᠡᠷᠡ ᠳᠣᠷᠣᠭᠰᠢ ᠪᠠᠨ ᠡᠷᠴᠢᠯᠡᠵᠡᠢ᠃
ᠰᠠᠨᠳᠠᠯᠢ ᠳ᠋ᠤ᠌ ᠰᠠᠭᠤᠬᠤ ᠳ᠋ᠤ᠌ ᠴᠢᠨᠢ ᠥᠰᠥᠭᠡᠢ ᠶᠦ᠍ᠭᠡᠨ ᠳᠠᠪᠠᠵᠤ
ᠰᠠᠢᠬᠠᠨ ᠬᠠᠷ᠎ᠠ ᠳᠣᠯᠭᠢᠶᠠᠨ ᠱᠠᠯᠠᠨ ᠳᠡᠭᠡᠷ᠎ᠡ ᠲᠤᠨᠤᠷᠠᠨ᠎ᠠ
ᠰᠠᠮᠨᠠᠭ᠎ᠠ ᠰᠦᠯᠵᠢᠶ᠎ᠡ ᠶ᠋ᠢ ᠨᠢ ᠵᠠᠳᠠᠯᠤᠩᠬᠠᠨ ᠤᠨᠲᠠᠬᠤ ᠴᠠᠭ ᠲᠤ᠌
ᠰᠠᠬᠤᠯᠢᠭ ᠬᠡᠪᠢᠰ ᠪᠣᠯᠵᠤ ᠣᠷᠣᠨ ᠪᠠᠢᠷᠢ ᠶ᠋ᠢ ᠪᠦᠷᠬᠦᠮᠡᠷ᠃
ᠦᠵᠡᠭᠡᠳ ᠥᠩᠭᠡᠷᠡᠬᠦ ᠣᠨ ᠴᠠᠭ ᠤ᠋ᠨ ᠤᠷᠤᠰᠬᠠᠯ ᠳ᠋ᠤ᠌
ᠦᠰᠦ ᠭᠡᠵᠢᠭᠡ ᠯᠡ ᠤᠨᠠᠭᠠᠨ ᠥᠩᠭᠡ ᠪᠡᠨ ᠠᠯᠳᠠᠳᠠᠭ ᠶᠤᠮ
ᠠᠶ᠎ᠠ᠂ ᠨᠠᠢᠵᠠᠬᠠᠨ ᠪᠦᠰᠡᠭᠦᠢ ᠮᠢᠨᠢ ᠴᠢᠮᠠᠶ᠋ᠢ ᠪᠠᠨ ᠪᠢ
ᠠᠯᠢᠪᠠ ᠭᠤᠨᠢᠭ ᠲᠦᠭᠰᠢᠭᠦᠷᠢ ᠪᠦᠬᠦᠨ ᠡᠴᠡ ᠠᠪᠤᠷᠠᠬᠤ ᠰᠠᠨ
ᠣᠩᠭᠣᠨ ᠦᠰᠦ ᠶ᠋ᠢᠨ ᠴᠢᠨᠢ ᠰᠥᠨᠢ ᠶ᠋ᠢᠨ ᠬᠠᠷ᠎ᠠ ᠥᠩᠭᠡ ᠶ᠋ᠢ
ᠣᠯᠠᠨ ᠣᠯᠠᠨ ᠵᠢᠯ ᠬᠡᠪ ᠢ᠋ᠶ᠋ᠡᠷ ᠨᠢ ᠪᠠᠢᠯᠭᠠᠬᠤ ᠰᠠᠨ᠃
※※※
ᠭᠠᠴᠠᠭ᠎ᠠ | ᠰᠠᠭᠤᠷᠢᠨ ᠳ᠋ᠤ᠌ ᠨᠢᠭᠡ ᠡᠪᠦᠭᠡᠨ ᠲᠡᠢ ᠠᠢᠯ ᠪᠠᠢᠯ᠎ᠠ
ᠭᠠᠳᠠᠭᠠᠯᠠᠵᠤ ᠪᠢᠳᠡ ᠬᠣᠶᠠᠷ ᠨᠢᠭᠡ ᠡᠳᠦᠷ ᠭᠣᠣᠯ ᠳᠡᠭᠡᠷ᠎ᠡ ᠰᠠᠭᠤᠯ᠎ᠠ
《ᠬᠡᠳᠦ ᠬᠦᠷᠴᠦ ᠪᠠᠢᠵᠤ ᠳᠤᠷ᠎ᠠ ᠰᠡᠳᠬᠢᠯ ᠳᠤᠮᠳᠠᠷᠠᠬᠤ ᠪᠣᠯ ᠠ᠋
ᠬᠡᠯᠡᠵᠦ ᠥᠭᠭᠦᠨ᠎ᠡ ᠤᠤ?》 ᠭᠡᠵᠦ ᠪᠢ᠂ ᠡᠪᠦᠭᠡᠨ ᠡᠴᠡ ᠠᠰᠠᠭᠤᠯ᠎ᠠ
ᠦᠰᠦ ᠲᠡᠢ ᠲᠣᠯᠣᠭᠠᠢ ᠨᠢ ᠲᠤᠩ ᠴᠠᠭᠠᠨ ᠪᠣᠯᠤᠭᠰᠠᠨ ᠮᠥᠷᠲᠡᠯ᠎ᠡ ᠪᠡᠨ
《ᠡᠭᠦᠨ ᠢ᠋ ᠴᠢᠨᠢ ᠪᠢ ᠮᠡᠳᠡᠬᠦ ᠦᠭᠡᠢᠶᠤᠮ᠂ ᠪᠣᠳᠣᠪᠠᠯ
ᠥᠲᠡᠭᠦᠰ ᠶᠡᠬᠡᠰ ᠦ᠋ᠳ ᠮᠡᠳᠡᠬᠦ ᠪᠠᠢᠯᠭᠦᠢ》 ᠭᠡᠵᠦ ᠪᠢᠯᠡ᠁
《ᠥᠨᠥ ᠪᠣᠯᠲᠠᠯ᠎ᠠ ᠪᠢ᠂ ᠬᠡᠯᠡᠵᠦ ᠥᠭᠬᠦ ᠬᠥᠮᠦᠨ ᠣᠯᠤᠭ᠎ᠠ ᠦᠭᠡᠢ ᠪᠢᠯᠡ
ᠲᠤᠩ ᠴᠠᠭᠠᠨ ᠡᠪᠦᠭᠡ ᠪᠣᠯᠤᠭ ᠯᠠ ᠳᠠ᠂ ᠪᠢ ᠶᠠᠭᠠᠬᠢᠬᠤ ᠪᠣᠢ
ᠳᠤᠷ᠎ᠠ ᠬᠠᠢᠷ᠎ᠠ ᠮᠢᠨᠢ ᠬᠡᠵᠢᠶ᠎ᠡ ᠴᠦ᠍ ᠡᠪᠦᠭᠡᠨ ᠪᠣᠯᠤᠯ ᠦᠭᠡᠢ
ᠳᠤᠯᠠᠭᠠᠬᠠᠨ ᠢᠯᠴᠢ ᠪᠡᠷ ᠢ᠋ᠶ᠋ᠡᠨ ᠨᠠᠮᠠᠶ᠋ᠢ ᠴᠢᠮᠠᠶ᠋ᠢ ᠶ᠋ᠢ ᠲᠥᠭᠡᠨᠡᠵᠦ
ᠳᠠᠭᠤᠰᠤᠰᠢ ᠦᠭᠡᠢ ᠡᠷᠬᠡ ᠪᠡᠷ ᠢ᠋ᠶ᠋ᠡᠨ ᠮᠥᠩᠬᠡᠳᠡ ᠵᠠᠯᠠᠭᠤ ᠶᠠᠪᠤᠭ
ᠢᠨᠠᠭ ᠬᠠᠢᠷ᠎ᠠ ᠭᠡᠭᠴᠢ ᠬᠡᠳᠦᠨ ᠨᠠᠰᠤ ᠶ᠋ᠢ ᠬᠦᠷᠲᠡᠯ᠎ᠡ
ᠢᠷᠠᠭᠤᠬᠠᠨ ᠭᠡᠷᠡᠯ ᠢ᠋ᠶ᠋ᠡᠷ ᠢ᠋ᠶ᠋ᠡᠨ ᠰᠣᠶᠣᠷᠬᠠᠬᠤ ᠪᠣᠯ? ᠭᠡᠵᠦ ᠬᠥᠮᠦᠨ ᠠᠰᠠᠭᠤᠭ
ᠠᠢᠯ ᠤ᠋ᠨ ᠢ᠋ᠶ᠋ᠠᠨ ᠡᠪᠦᠭᠡᠨ ᠰᠢᠭ ᠠᠵᠢᠭ ᠴᠤ᠌ ᠦᠭᠡᠢ ᠪᠢ
ᠠᠬ᠎ᠠ ᠨᠢ ᠮᠡᠳᠡᠬᠦ ᠦᠭᠡᠢᠶᠤᠮ ᠳᠡ᠂ ᠠᠭᠤᠴᠢᠯᠠᠭᠠᠷᠠᠢ᠂
ᠠᠵᠠᠢ ᠪᠤᠭᠤᠷᠤᠯ ᠤ᠋ᠳ ᠡᠴᠡ ᠠᠰᠠᠭᠤ ᠳᠠ᠁》 ᠭᠡᠵᠦ ᠪᠦᠭᠦᠳᠡ ᠳ᠋ᠦ᠍ ᠬᠡᠯᠡᠨ᠎ᠡ᠃
※ ※ ※
ᠥᠴᠥᠭᠡᠳᠦᠷ ᠪᠢ ᠭᠠᠪ ᠭᠠᠭᠴᠠᠭᠠᠷ ᠢ᠋ᠶ᠋ᠠᠨ ᠲᠡᠨᠦᠵᠦ
ᠥᠪᠡᠷ ᠵᠠᠭᠤᠷ᠎ᠠ ᠪᠠᠨ᠂ 《ᠵᠠᠢᠯᠠᠶ᠎ᠠ》 ᠭᠡᠵᠦ ᠦᠭᠡᠯᠡᠪᠡ᠄
ᠵᠠᠢᠯᠠᠬᠤ ᠯᠠ ᠶᠤᠮ ᠪᠣᠯ ᠪᠦᠷᠢᠮᠦᠰᠦᠨ ᠵᠠᠢᠯᠠᠨ᠎ᠠ
ᠵᠠᠶᠠᠭ᠎ᠠ ᠨᠢ ᠡᠭᠦᠪᠡᠷ ᠡᠷᠭᠢᠵᠦ ᠢᠷᠡᠬᠦ ᠦᠭᠡᠢ ᠵᠠᠢᠯᠠᠨ᠎ᠠ
ᠴᠢᠩ ᠦᠨᠡᠨ ᠢ᠋ ᠬᠡᠯᠡᠬᠦ ᠳ᠋ᠦ᠍ ᠴᠢᠨᠦ ᠪᠤᠷᠤᠭᠤ! ᠭᠡᠵᠦ
ᠴᠢᠨᠦ ᠦᠭᠡ ᠪᠦᠬᠦᠨ ᠢ᠋ ᠳᠣᠲᠣᠷ᠎ᠠ ᠪᠠᠨ ᠮᠤᠰᠬᠢᠵᠦ
ᠴᠢᠮ᠎ᠠ ᠲᠠᠢ ᠴᠢᠮ᠎ᠠ ᠦᠭᠡᠢ ᠦᠦᠷ ᠴᠡᠢᠨᠡ ᠠ᠋ ᠭᠡᠵᠦ
ᠴᠢᠮ᠎ᠠ ᠡᠴᠡ ᠥᠭᠡᠷ᠎ᠡ ᠶᠠᠭᠤᠮ᠎ᠠ ᠣᠯᠳᠠᠨ᠎ᠠ ᠠ᠋ ᠭᠠᠢᠭᠤᠢ ᠭᠡᠵᠦ
ᠠᠮᠠᠨ ᠳ᠋ᠤ᠌ ᠪᠠᠨ ᠦᠭᠡᠯᠡᠵᠦ ᠪᠢ ᠠᠯᠬᠤᠭᠰᠠᠭᠠᠷ ᠪᠠᠢᠪᠠ
ᠠᠯᠬᠤᠭᠰᠠᠭᠠᠷ ᠬᠠᠭᠠᠯᠭᠠᠨ ᠳᠡᠭᠡᠷ᠎ᠡ ᠴᠢᠨᠢ ᠢᠷᠡᠭᠰᠡᠨ ᠪᠠᠢᠪᠠ᠃
※※※
ᠲᠤᠯᠭ᠎ᠠ ᠲᠣᠭᠣᠷᠢᠭᠰᠠᠨ ᠬᠡᠷᠡᠭᠦᠯᠬᠡᠨ ᠢ᠋
ᠲᠤᠯᠭᠠᠵᠤ ᠬᠦᠯᠢᠶᠡᠯᠭᠡᠬᠦ ᠶᠠᠷᠢᠶᠠᠬᠠᠨ ᠢ᠋
ᠪᠡᠶ᠎ᠡ ᠪᠡᠶ᠎ᠡ ᠪᠡᠨ ᠰᠢᠷᠦᠭᠦᠨ ᠬᠠᠷᠠᠬᠤ ᠶ᠋ᠢ ᠴᠦ᠍
ᠪᠢᠳᠡ ᠬᠣᠶᠠᠷ ᠰᠤᠷᠤᠭ᠎ᠠ ᠨᠢ ᠦᠭᠡᠢ
ᠬᠡᠷᠪᠡ ᠦᠭᠡ ᠵᠥᠷᠢᠮᠡᠷ ᠪᠣᠯ
ᠬᠡᠳᠦᠨ ᠮᠥᠴᠡ ᠶ᠋ᠢᠨ ᠳᠠᠷᠠᠭ᠎ᠠ
ᠲᠠᠭ ᠮᠠᠷᠲᠠᠵᠤ ᠬᠠᠷᠠᠴᠠ ᠪᠠᠷ ᠢ᠋ᠶ᠋ᠠᠨ
ᠲᠠᠯ᠎ᠠ ᠲᠠᠲᠠᠵᠤ ᠮᠢᠰᠢᠶᠡᠯᠵᠡᠨᠡᠮ
ᠤᠶᠠᠬᠠᠨ ᠬᠠᠢᠷ᠎ᠠ ᠡᠯᠪᠡᠭ ᠠᠬᠤᠢ ᠳ᠋ᠤ᠌
ᠤᠬᠢᠯᠠᠬᠤ ᠶ᠋ᠢᠨ ᠵᠣᠪᠠᠯᠠᠩ ᠦᠭᠡᠢ ᠴᠦ᠍ ᠭᠡᠯᠡ
ᠰᠢᠪᠰᠢᠬᠦ ᠲᠡᠳᠦᠢ ᠰᠠᠯᠬᠢ ᠨᠢ ᠬᠦ
ᠰᠢᠷᠦᠭᠦᠨ ᠪᠣᠷᠣᠭ᠎ᠠ ᠶ᠋ᠢ ᠤᠷᠢᠳᠠᠭ ᠶᠣᠰᠣ ᠪᠣᠢ
ᠦᠭᠡᠢ ᠴᠦ᠍ ᠭᠡᠬᠦᠨ᠎ᠡ᠂ ᠬᠠᠶᠠ ᠪᠠᠰᠠ
ᠦᠢᠯᠡ ᠶ᠋ᠢᠨ ᠦᠷ᠎ᠡ ᠦᠭᠡᠢ ᠬᠠᠢᠷ᠎ᠠ | ᠨᠠᠢᠷ ᠡᠴᠡ
ᠵᠠᠯᠠᠭᠤ ᠬᠣᠣᠰ ᠤ᠋ᠨ ᠵᠢᠷᠦᠬᠡ ᠥᠪᠡᠷ ᠢ᠋ᠶ᠋ᠡᠨ
ᠵᠠᠯᠬᠠᠵᠤ ᠬᠠᠩᠬᠤ ᠪᠠᠨ ᠶᠠᠳᠠᠬᠤ ᠦᠭᠡᠢ ᠲᠠᠭ᠃
※※※
ᠲᠤᠭᠤᠷᠭᠠᠨ ᠳ᠋ᠠᠬᠢ ᠪᠢᠴᠢᠬᠠᠨ ᠵᠢᠶᠠᠵᠠ ᠳᠣᠲᠣᠷ᠎ᠠ ᠡᠴᠡ
ᠲᠤᠵᠢ ᠢᠨᠢᠶᠡᠭᠰᠡᠭᠡᠷ ᠨᠠᠮᠠᠶ᠋ᠢ ᠵᠢᠯ ᠰᠢᠷᠳᠡᠯ᠎ᠡ ᠴᠢ
ᠪᠦᠰᠡᠭᠦᠢ ᠴᠢᠨᠦ ᠬᠥᠬᠢᠭᠦᠨ ᠴᠣᠪᠣᠭᠣ ᠢᠨᠢᠶᠡᠳᠦ
ᠪᠦᠯᠢᠶᠡᠴᠡᠭᠦᠯᠬᠦᠶᠤᠮ᠂ ᠡᠯᠦᠢ ᠬᠤᠯᠤᠢ ᠥᠷᠥᠭᠡ ᠶ᠋ᠢ ᠮᠢᠨᠢ᠃
ᠮᠠᠶᠢᠭ ᠤ᠋ᠨ ᠢᠨᠢᠶᠡᠳᠦ ᠴᠢᠨᠢ ᠭᠡᠪᠡᠴᠦ ᠪᠠᠭᠠᠳᠠᠭᠠᠳ ᠪᠠᠢᠨ᠎ᠠ ᠠ᠋
ᠮᠢᠬᠠᠨ ᠪᠡᠶ᠎ᠡ ᠴᠢᠨᠢ ᠨᠠᠳᠠ ᠳ᠋ᠤ᠌ ᠳᠤᠲᠠᠭᠠᠳ ᠪᠠᠢᠨ᠎ᠠ ᠠ᠋
ᠡᠷᠡᠭᠡ ᠪᠠᠷᠢᠶ᠎ᠠ ᠦᠭᠡᠢ ᠦᠨᠡᠨ ᠢ᠋ᠶ᠋ᠡᠨ ᠬᠡᠯᠡ ᠯᠡ ᠳᠡ᠄
ᠡᠨᠡ ᠵᠢᠶᠠᠵᠠ ᠴᠢᠨᠢ ᠳᠠᠪᠴᠢᠳᠠᠬᠤ ᠦᠭᠡᠢ ᠪᠠᠢᠨ᠎ᠠ ᠤᠤ?
ᠥᠪᠡᠷ ᠢ᠋ᠶ᠋ᠡᠷ ᠴᠢᠨᠢ ᠳᠤᠲᠠᠭᠰᠠᠨ ᠨᠠᠮᠠᠶ᠋ᠢ ᠬᠠᠷᠠᠨ ᠬᠠᠷᠠᠭᠰᠠᠭᠠᠷ
ᠥᠷᠦᠪᠳᠦᠵᠦ ᠵᠠᠯᠬᠠᠬᠤ ᠦᠭᠡᠢ ᠪᠠᠢᠨ᠎ᠠ ᠭᠡᠵᠦ ᠤᠤ?
ᠠᠪᠤ ᠡᠵᠢ ᠶ᠋ᠢᠨ ᠵᠠᠶᠠᠭᠠᠭᠰᠠᠨ ᠪᠡᠶ᠎ᠡ ᠪᠡᠷ ᠢ᠋ᠶ᠋ᠡᠨ ᠢᠨᠢᠶᠡᠭᠰᠡᠭᠡᠷ
ᠠᠮᠢᠯᠠᠭᠠᠳ ᠴᠢ ᠵᠢᠶᠠᠵᠠ ᠡᠴᠡ ᠪᠠᠨ ᠭᠠᠷᠤᠭᠠᠳ ᠢᠷᠡᠭᠡᠴᠢ!
ᠴᠡᠴᠡᠷᠯᠢᠭ᠂ ᠭᠤᠲᠤᠮ᠂ ᠭᠦᠦᠷ᠂ ᠲᠡᠶᠠᠲ᠋ᠷ
ᠴᠡᠩᠭᠡᠯᠲᠦ ᠮᠣᠰᠺᠸᠠ ᠶ᠋ᠢ ᠴᠢᠮ᠎ᠠ ᠳ᠋ᠠᠭᠠᠨ ᠦᠵᠡᠭᠦᠯᠦᠶ᠎ᠡ᠁
ᠭᠡᠵᠦ ᠪᠢ ᠬᠡᠴᠢᠨᠡᠭᠡᠨ ᠬᠦᠰᠡᠨᠡᠮ ᠪᠣᠢ!
ᠭᠡᠪᠡᠴᠦ ᠴᠢ ᠬᠡᠪ ᠢ᠋ᠶ᠋ᠡᠷ ᠢ᠋ᠶ᠋ᠡᠨ ᠢᠨᠢᠶᠡᠵᠦ ᠰᠠᠭᠤᠨ᠎ᠠ᠃
ᠡᠷᠭᠢᠭᠡᠳ ᠮᠡᠨᠳᠦ ᠴᠦ᠍ ᠦᠭᠡᠢ ᠵᠢᠯ ᠪᠣᠯᠴᠢᠬᠠᠳᠠᠭ
ᠡᠨᠡ ᠵᠢᠷᠤᠭ ᠰᠢᠭ᠋ ᠬᠡᠦᠬᠡᠨ ᠪᠠᠢᠳᠠᠭ ᠯᠠ ᠳᠠ
ᠡᠷᠬᠢᠮ ᠮᠢᠨᠢ ᠴᠢ ᠲᠡᠢᠮᠦ ᠬᠥᠮᠦᠨ ᠪᠢᠰᠢ ᠪᠢᠵᠡ?᠁
ᠡᠭᠡᠭᠡ ᠦᠭᠡᠢ ᠪᠠᠢᠬ᠎ᠠ ᠠ᠋᠂ ᠴᠢ ᠪᠣᠯ ᠥᠭᠡᠷ᠎ᠡ ᠬᠥᠮᠦᠨ!
※※※
ᠥᠪᠡᠷ ᠦ᠋ᠨ ᠴᠢᠨᠢ ᠲᠤᠬᠠᠢ ᠪᠣᠳᠣᠯ ᠪᠦᠬᠦᠨ ᠢ᠋ ᠮᠢᠨᠢ
ᠦᠷᠦᠬᠦ ᠰᠢᠯᠦᠭ ᠦ᠋ᠨ ᠮᠥᠷ ᠪᠣᠯᠭᠠᠭᠰᠠᠨ ᠪᠣᠯ
ᠦᠷᠦ ᠵᠢᠷᠦᠬᠡᠨ ᠦ᠌ ᠬᠠᠢᠷ᠎ᠠ ᠪᠠᠷ ᠳᠦᠭᠦᠷᠡᠩ
ᠥᠭᠡᠷ᠎ᠡ ᠵᠤᠵᠠᠭᠠᠨ ᠨᠣᠮ ᠬᠠᠮᠢᠭ᠎ᠠ ᠡᠴᠡ ᠴᠤ᠌ ᠴᠢ ᠣᠯᠬᠤ ᠦᠭᠡᠢ᠃
ᠲᠡᠭᠡᠲᠡᠯ᠎ᠡ ᠡᠨᠡ ᠨᠣᠮ ᠠᠪᠰᠠᠷᠬᠠᠨ᠂ ᠵᠢᠵᠢᠩᠬᠡᠨ
ᠲᠡᠷᠡ ᠪᠣᠯᠭᠠᠨ ᠪᠢ ᠰᠢᠯᠦᠭ ᠲᠡᠢ ᠪᠡᠨ ᠨᠣᠴᠣᠯᠳᠤᠭᠠ ᠦᠭᠡᠢ
ᠴᠢᠮ᠎ᠠ ᠲᠠᠢ ᠥᠩᠭᠡᠷᠡᠭᠡᠬᠦ ᠴᠠᠭ ᠢ᠋ᠶ᠋ᠠᠨ ᠰᠢᠯᠦᠭ ᠤᠷᠤᠭᠤ
ᠴᠢᠩᠳᠠᠯᠠᠨ ᠰᠢᠯᠵᠢᠭᠦᠯᠬᠦ ᠪᠡᠨ ᠬᠠᠷᠠᠮᠯᠠᠭᠰᠠᠨ ᠶᠤᠮ᠃
ᠴᠢᠨᠦ ᠬᠠᠷᠠᠴᠠ
ᠴᠢᠨᠦ ᠬᠠᠷᠠᠴᠠ ᠣᠯᠠᠨ ᠶᠠᠩᠵᠤ ᠬᠠᠷᠠᠭᠳᠠᠨᠠᠮ᠃
ᠴᠢᠮᠡᠭᠡ ᠦᠭᠡᠢ ᠲᠦᠩᠰᠦᠢᠵᠦ ᠠᠶᠤᠩᠭ᠎ᠠ ᠭᠢᠯᠪᠠᠵᠤ
ᠬᠠᠯᠠᠭᠤᠨ ᠡᠳᠦᠷ ᠰᠢᠭ ᠭᠡᠷᠡᠯ ᠴᠡᠯᠮᠡᠵᠦ
ᠬᠠᠷᠠᠩᠭᠤᠢ ᠰᠥᠨᠢ ᠰᠢᠭ ᠰᠡᠭᠦᠳᠡᠷ ᠳᠠᠮᠨᠠᠵᠤ
ᠠᠭᠤᠯᠠ ᠶ᠋ᠢᠨ ᠨᠠᠭᠤᠷ ᠰᠢᠭ᠋ ᠮᠡᠯᠮᠡᠯᠵᠡᠩᠭᠡᠨ
ᠤᠷᠠᠨ ᠬᠥᠮᠦᠰᠬᠡᠨ ᠳᠣᠣᠷ᠎ᠠ ᠡᠴᠡ ᠲᠤᠨᠤᠮᠠᠯ ᠬᠠᠷᠠᠴᠠ ᠪᠠᠷ ᠰᠢᠷᠲᠡᠨᠡᠮ᠃
ᠤᠷᠲᠤ ᠰᠣᠷᠮᠤᠤᠰᠤ ᠪᠠᠷ ᠢ᠋ᠶ᠋ᠠᠨ ᠬᠥᠰᠢᠭᠡ ᠲᠡᠳᠡᠨ ᠬᠠᠭᠠᠬᠤ ᠨᠢ
ᠤᠴᠢᠷᠲᠠᠢ ᠨᠢᠭᠡ ᠶᠠᠭᠤᠮ᠎ᠠ᠂ ᠳᠠᠯᠳᠠ ᠶ᠋ᠢᠨ ᠳᠠᠯᠳᠠ ᠳ᠋ᠤ᠌ ᠨᠢᠭᠤᠴᠢᠬᠠᠬᠤ ᠰᠢᠭ᠋
ᠲᠡᠭᠡᠲᠡᠯ᠎ᠡ᠂ ᠢᠨᠢᠶᠡᠳᠦ ᠬᠥᠷ ᠪᠢᠯᠬᠠᠬᠤ ᠴᠤ᠌ ᠰᠢᠭ᠋
ᠭᠡᠰᠡᠨ ᠢ᠋ᠶ᠋ᠡᠨ ᠤᠢᠳᠴᠤ ᠡᠴᠡᠭᠰᠡᠨ ᠴᠦ᠍ ᠪᠠᠢᠬᠤ ᠰᠢᠭ᠋᠁
ᠰᠢᠯᠦᠭ ᠦ᠋ᠨ ᠮᠢᠨᠢ ᠮᠥᠷ ᠦ᠋ᠳ ᠳᠡᠭᠡᠷ᠎ᠡ ᠲᠣᠩᠭᠣᠢᠨᠠᠮ
ᠠᠮᠤᠷᠯᠢᠩᠭᠤᠢ ᠪᠣᠯᠤᠭᠠᠳ ᠲᠣᠪ ᠲᠣᠳᠣᠷᠬᠠᠢ ᠥᠩᠭᠡ ᠪᠡᠷ
ᠠᠮᠤᠭᠤᠯᠠᠩ ᠢ᠋ ᠵᠠᠶᠠᠭᠠᠭᠰᠠᠨ ᠡᠨᠡ ᠬᠠᠷᠠᠴᠠ ᠶ᠋ᠢ ᠪᠢ
ᠠᠬᠢᠨ ᠳᠠᠬᠢᠨ ᠳᠤᠷᠠᠰᠤᠨ ᠳᠠᠭᠤᠯᠠᠭᠰᠠᠭᠠᠷ ᠪᠠᠢᠨ᠎ᠠ ᠃
※ ※ ※
ᠬᠠᠵᠠᠭᠤ ᠪᠠᠷ ᠳᠠᠪ ᠴᠦ᠍ ᠦᠭᠡᠢ ᠯᠡ ᠥᠩᠭᠡᠷᠡᠵᠡᠭᠡᠬᠦᠶᠤᠮ᠂
ᠬᠠᠢᠬᠤᠷᠬᠤ ᠦᠭᠡᠢ ᠪᠠᠢᠨ᠎ᠠ ᠤᠤ ᠳᠠ᠂ ᠴᠢᠨᠦ ᠮᠢᠨᠢ ᠦᠵᠡᠮᠵᠢ ᠶ᠋ᠢ
ᠬᠠᠷᠠᠭ᠎ᠠ ᠲᠠᠢ ᠮᠥᠷᠳᠡᠯ᠎ᠡ ᠪᠡᠨ ᠬᠠᠷᠠᠯᠭᠠᠨ ᠤᠯᠤᠰ ᠪᠠᠢᠬᠤ ᠶᠤᠮ
ᠬᠠᠷ᠎ᠠ ᠨᠢᠳᠦ ᠪᠡᠨ ᠥᠭᠴᠦ᠂ ᠴᠢᠮᠠᠶ᠋ᠢ ᠪᠠᠨ ᠬᠠᠷᠠᠭᠤᠯᠬᠤ ᠰᠠᠨ᠃
※ ※ ※
ᠥᠰᠦᠭᠰᠡᠨ ᠭᠠᠴᠠᠭ᠎ᠠ ᠪᠠᠷ ᠢ᠋ᠶ᠋ᠠᠨ ᠰᠠᠶᠢᠬᠠᠨ ᠪᠢ ᠣᠴᠢᠯ᠎ᠠ
ᠥᠪᠡᠷ ᠦ᠋ᠨ ᠳ᠋ᠡᠭᠡᠨ ᠬᠡᠳᠦ ᠬᠣᠨᠣᠯ᠎ᠠ᠂ ᠲᠠᠨ ᠤ᠋ ᠬᠢ ᠪᠡᠷ ᠣᠷᠣᠯ᠎ᠠ
ᠦᠷ᠎ᠡ ᠪᠢᠳᠡ ᠨᠢ ᠳᠡᠭᠳᠡᠭᠡᠬᠡᠢ ᠰᠢᠭ ᠨᠢᠰᠦᠭᠡᠳ ᠶᠠᠪᠤᠴᠢᠬᠠᠭᠰᠠᠨ ᠬᠣᠢᠨ᠎ᠠ
ᠡᠭᠦᠷ | ᠭᠡᠷ ᠮᠢᠨᠢ ᠡᠯᠦᠢ ᠬᠤᠯᠤᠢ᠂ ᠪᠥᠷᠥᠭᠬᠡᠨ ᠪᠠᠢᠨ᠎ᠠ᠃
ᠲᠠᠨ ᠤ᠋ ᠮᠠᠨ ᠤ᠋ ᠬᠣᠶᠠᠷ ᠂ ᠠᠢᠯ ᠬᠠᠮᠠᠷ |
ᠲᠠᠷᠢᠭᠰᠠᠨ ᠴᠡᠴᠡᠷᠯᠢᠭ ᠨᠡᠢᠯᠡᠵᠦ ᠠᠮᠠᠷ |
ᠬᠣᠭᠣᠷᠣᠨᠳᠣ ᠨᠢ ᠮᠣᠷᠢ ᠪᠠᠷ ᠶᠠᠪᠤᠵᠤ᠂ ᠮᠣᠳᠣ ᠪᠠᠷ ᠬᠡᠮᠵᠢᠬᠦ ᠪᠢᠰᠢ
ᠬᠣᠷᠢ ᠭᠤᠴᠢᠭᠠᠳ ᠯᠠ ᠠᠯᠬᠤᠮ ᠪᠢᠵᠡ ᠰᠠᠢᠨ ᠳ᠋ᠠᠭᠠᠨ᠁
ᠬᠠᠷᠢᠨ ᠴᠢᠮ᠎ᠠ ᠳ᠋ᠤ᠌ ᠬᠦᠷᠬᠦ ᠮᠢᠨᠦ ᠵᠠᠮ ᠬᠡᠴᠡᠭᠦᠦ
ᠬᠠᠩᠬᠠᠷ ᠠᠭᠤᠯᠠ᠂ ᠬᠠᠨᠠᠭᠠᠷ ᠬᠥᠨᠳᠡᠢ ᠶ᠋ᠢ ᠭᠠᠲᠤᠯᠵᠤ
ᠬᠠᠷ᠎ᠠ ᠪᠡᠶ᠎ᠡ ᠳ᠋ᠡᠭᠡᠨ ᠵᠣᠪᠠᠯ ᠵᠢᠷᠭᠠᠯ ᠠᠮᠰᠠᠵᠤ
ᠬᠠᠢᠷᠠᠲᠤ ᠮᠢᠨᠢ ᠠ᠋᠂ ᠵᠥᠩᠳᠡᠭᠡᠨ ᠯᠡ ᠶᠠᠭᠤᠮ᠎ᠠ ᠦᠵᠡᠪᠡ ᠰᠢᠦ ᠳᠡ
ᠲᠡᠷᠲᠡᠭᠡᠬᠢ ᠠᠢᠯ ᠤ᠋ᠨ ᠢ᠋ᠶ᠋ᠠᠨ ᠪᠦᠰᠡᠭᠦᠢ ᠶ᠋ᠢ ᠣᠯᠣᠯ ᠦᠭᠡᠢ
ᠳᠡᠯᠡᠬᠡᠢ ᠶ᠋ᠢᠨ ᠬᠡᠴᠢᠨᠡᠭᠡᠨ ᠲᠣᠮᠣ ᠬᠣᠲᠠ ᠶ᠋ᠢ ᠡᠷᠭᠢᠭᠦᠯᠪᠡ ᠠ᠋!
ᠦᠢᠯᠡ ᠶ᠋ᠢ ᠮᠢᠨᠢ ᠦᠵᠡᠵᠦ ᠪᠠᠢᠵᠤ ᠴᠢ ᠨᠠᠳᠠ ᠳ᠋ᠤ᠌ ᠣᠯᠳᠠᠭᠰᠠᠨ ᠶᠤᠮ
ᠡᠭᠦᠨ ᠢ᠋ ᠪᠢ ᠮᠠᠷᠲᠠᠬᠤ ᠦᠭᠡᠢ᠂ ᠬᠠᠢᠷᠠᠯᠠᠵᠤ ᠭᠠᠮᠨᠠᠵᠤ ᠪᠠᠢᠳᠠᠭ ᠶᠤᠮ ᠃
( ᠣᠷᠣᠰ ᠡᠬᠡ ᠪᠣᠯᠤᠨ ᠣᠷᠴᠢᠭᠤᠯᠤᠭᠴᠢ ᠶ᠋ᠢᠨ ᠭᠠᠷ ᠤ᠋ᠨ ᠪᠢᠴᠢᠯᠭᠡ ᠪᠣᠢ )
※ ※ ※
ᠪᠢ ᠴᠢᠮᠠᠶ᠋ᠢ ᠭᠠᠷᠬᠤ ᠵᠢᠯ
ᠪᠢᠰᠢᠭᠦᠢ ᠳ᠋ᠡᠭᠡᠨ ᠲᠣᠮᠣ ᠪᠣᠯᠴᠢᠬᠠᠭᠰᠠᠨ
ᠨᠡᠯᠦᠩᠬᠡᠢ ᠭᠠᠴᠠᠭ᠎ᠠ ᠪᠠᠨ ᠠᠨᠳᠠᠬᠤ ᠪᠠᠨ ᠪᠤᠯᠢᠴᠢᠬᠠᠭᠰᠠᠨ
ᠨᠢᠭᠡᠳᠦᠭᠡᠷ ᠠᠩᠭᠢ ᠳ᠋ᠤ᠌ ᠭᠦᠶᠦᠵᠦ ᠶᠠᠪᠤᠪᠠ ᠠ᠋᠃
ᠵᠠᠷᠢᠮ ᠳ᠋ᠠᠭᠠᠨ ᠴᠢᠨᠦ ᠡᠵᠢ
ᠵᠠᠪ ᠮᠠᠭᠤ ᠲᠠᠢ ᠪᠣᠯᠬᠤ ᠪᠠᠷ ᠢ᠋ᠶ᠋ᠠᠨ
ᠴᠢᠮᠠᠶ᠋ᠢ ᠰᠠᠭᠠᠲᠠᠭᠤᠯᠵᠤ ᠪᠠᠢ ᠭᠡᠵᠦ
ᠨᠠᠮᠠᠶ᠋ᠢ ᠳᠠᠭᠤᠳᠠᠳᠠᠭ ᠰᠠᠨ
ᠥᠬᠢᠨ ᠢ᠋ ᠮᠢᠨᠢ ᠰᠠᠭᠠᠲᠠᠭᠤᠯᠤᠭᠰᠠᠨ ᠭᠡᠵᠦ ᠨᠠᠳᠠ
ᠣᠪᠣᠭ᠎ᠠ ᠱᠠᠩ ᠥᠭᠳᠡᠭ ᠬᠢᠷᠢ ᠨᠢ
ᠦᠨᠡᠨ ᠳ᠋ᠡᠭᠡᠨ ᠪᠢ᠂ ᠥᠯᠥᠭᠡᠢ ᠶ᠋ᠢᠨ ᠬᠢᠨᠢ ᠳᠡᠷᠭᠡᠳᠡ
ᠦᠬᠦᠲᠡᠯ᠎ᠡ ᠪᠡᠨ ᠤᠢᠳᠴᠤ ᠰᠠᠭᠤᠳᠠᠭ ᠰᠠᠨ᠁
ᠣᠨ ᠵᠢᠯ ᠳᠠᠯᠠᠢᠵᠤ ᠥᠭᠴᠡᠢ
ᠣᠳᠣ ᠪᠢ ᠭᠠᠴᠠᠭᠠᠨ ᠳ᠋ᠠᠭᠠᠨ ᠢᠷᠡᠯ᠎ᠡ
ᠥᠬᠢᠨ ᠴᠦ᠍ ᠥᠰᠴᠦ᠂ ᠭᠡᠵᠢᠭᠡ ᠨᠢ ᠴᠦ᠍ ᠤᠷᠭᠤᠵᠠᠢ ᠳᠠ
ᠣᠷᠴᠢᠯᠠᠩ ᠭᠡᠳᠡᠭ ᠮᠥᠨ ᠠᠮᠠᠷᠬᠠᠨ ᠠ᠋ ᠳᠠ!
ᠲᠣᠮᠣᠭ᠎ᠠ ᠦᠭᠡᠢ ᠪᠠᠭ᠎ᠠ ᠶ᠋ᠢᠨ ᠬᠢ ᠰᠢᠭ ᠢ᠋ᠶ᠋ᠡᠨ ᠪᠢ
ᠡᠵᠢ ᠶ᠋ᠢᠨ ᠴᠢᠨᠢ ᠳᠠᠭᠤᠳᠠᠬᠤ ᠶ᠋ᠢ ᠬᠦᠯᠢᠶᠡᠨᠡᠮ
ᠥᠬᠢᠨ ᠢ᠋ ᠮᠢᠨᠢ ᠰᠠᠭᠠᠲᠠᠭᠤᠯᠵᠤ ᠠᠯᠢ ᠭᠡᠳ
ᠣᠷᠣᠭᠠᠳ ᠢᠷᠡᠳᠡᠭ ᠦᠭᠡᠢ ᠯᠡᠶᠤᠮ ᠪᠠᠢᠬ᠎ᠠ ᠳᠠ
ᠡᠵᠢ ᠶ᠋ᠢ ᠴᠢᠨᠢ ᠲᠡᠭᠡᠪᠡᠯ ᠡᠳᠦᠭᠡ
ᠡᠭᠡᠯᠵᠢᠨ ᠳ᠋ᠡᠭᠡᠨ ᠪᠢ ᠱᠠᠩᠨᠠᠮᠠᠷ ᠪᠠᠢᠨ᠎ᠠ ᠠ᠋᠁
ᠲᠠᠨ ᠤ᠋ ᠬᠢ ᠵᠥᠪᠬᠡᠨ ᠬᠠᠭᠠᠯᠭ᠎ᠠ ᠪᠠᠨ ᠯᠠ
ᠲᠠᠢᠯᠵᠤ ᠥᠭᠭᠦᠭᠡᠰᠡᠢ ᠨᠠᠳᠠ ᠳ᠋ᠤ᠌ |
ᠬᠠᠯᠠᠭ ᠭᠡᠵᠦ᠂ ᠣᠳᠣ ᠪᠣᠯ ᠪᠢ ᠴᠢᠮᠠᠶ᠋ᠢ
ᠬᠠᠴᠢᠨ ᠰᠠᠢᠬᠠᠨ ᠰᠠᠭᠠᠲᠠᠭᠤᠯᠤᠨᠠ ᠳᠠ!
※ ※ ※
ᠠᠮᠠᠷᠠᠭ ᠤ᠋ᠨ ᠲᠤᠬᠠᠢ ᠰᠢᠯᠦᠭ ᠢ᠋ ᠮᠢᠨᠢ ᠰᠡᠳᠬᠦᠯ ᠳ᠋ᠦ᠍ ᠳᠠᠬᠢᠭᠠᠳ ᠯᠠ ᠠᠪᠤᠭᠰᠠᠨ ᠦᠭᠡᠢ
ᠠᠷᠠᠳ ᠲᠦᠮᠡᠨ ᠤᠩᠰᠢᠬᠤ ᠦᠭᠡᠢ ᠪᠢᠵᠡ ᠭᠡᠵᠦ ᠷᠧᠳᠡᠺᠲ᠋ᠣᠷ ᠨᠢ ᠬᠡᠯᠡᠵᠦ ᠪᠠᠢᠨ᠎ᠠ
ᠠᠨᠠᠢ ᠲᠡᠭᠡᠭᠡᠳ ᠨᠥᠭᠦᠭᠡ ᠰᠢᠯᠦᠭ ᠢ᠋ ᠮᠢᠨᠢ ᠡᠷᠭᠢᠭᠦᠯᠵᠦ ᠨᠠᠳᠠ ᠳ᠋ᠤ᠌ ᠥᠭᠭᠦᠭᠰᠡᠨ ᠦᠭᠡᠢ
ᠠᠪᠠᠭᠠᠢ ᠳ᠋ᠠᠭᠠᠨ ᠠᠪᠠᠴᠢᠵᠤ ᠤᠩᠰᠢᠵᠤ ᠥᠭᠭᠦᠶ᠎ᠡ ᠭᠡᠵᠦ ᠷᠧᠳᠡᠺᠲ᠋ᠣᠷ ᠮᠢᠨᠢ ᠬᠡᠯᠡᠪᠡ ᠪᠠᠢᠨ᠎ᠠ᠃
(ᠣᠷᠣᠰ ᠡᠬᠡ ᠪᠣᠯᠤᠨ ᠣᠷᠴᠢᠭᠤᠯᠤᠭᠴᠢ ᠶ᠋ᠢᠨ ᠭᠠᠷ ᠤ᠋ᠨ ᠪᠢᠴᠢᠯᠭᠡ ᠪᠣᠢ)
※ ※ ※
ᠲᠣᠬᠣᠭᠤ ᠲᠠᠢ ᠰᠢᠷᠲᠡᠬᠦ ᠳ᠋ᠦ᠍ ᠴᠢᠨᠢ ᠪᠢ ᠳᠤᠷ᠎ᠠ ᠦᠭᠡᠢ ᠴᠢᠩᠭᠢᠵᠦ ᠪᠤᠤ ᠰᠢᠷᠲᠡᠭᠡᠴᠢ
ᠲᠣᠷᠬᠤ ᠨᠢᠭᠤᠴᠠ ᠲᠣᠬᠢᠶᠠᠬᠤ ᠳᠠᠯᠳᠠ ᠶ᠋ᠢ ᠴᠢ ᠮᠡᠳᠡᠴᠢᠬᠡᠭᠰᠡᠨ ᠴᠦ᠍ᠶᠤᠮ ᠰᠢᠭ
ᠲᠣᠯᠣᠭᠠᠢ ᠳ᠋ᠤ᠌ ᠣᠷᠣᠭᠰᠠᠨ ᠮᠥᠷᠦᠭᠡᠰᠦᠯ ᠢ᠋ ᠮᠢᠨᠢ ᠠᠯᠢ ᠬᠡᠳᠦᠢ ᠨᠢ ᠬᠠᠷᠠᠴᠢᠬᠠᠭᠰᠠᠨ ᠴᠤ᠌ ᠶᠤᠮ ᠰᠢᠭ᠋
ᠲᠣᠩᠭᠣᠴᠢᠵᠤ ᠪᠠᠢᠭ᠎ᠠ ᠵᠢᠷᠦᠬᠡ ᠶ᠋ᠢ ᠮᠢᠨᠢ ᠠᠯᠠᠭᠠᠨ ᠳᠡᠭᠡᠷ᠎ᠡ ᠪᠡᠨ ᠲᠠᠯᠪᠢᠴᠢᠬᠠᠭᠰᠠᠨ ᠴᠤ᠌ ᠶᠤᠮ ᠰᠢᠭ᠋
ᠥᠭᠡᠷ᠎ᠡ ᠶᠠᠭᠤ ᠤᠷᠤᠭᠤ ᠴᠤ᠌ ᠪᠢ ᠲᠡᠮᠡᠦᠯᠵᠦ ᠬᠠᠮᠢᠭᠠᠭᠤᠷ ᠴᠤ᠌ ᠶᠠᠪᠤᠯ᠎ᠠ ᠭᠡᠰᠡᠨ
ᠡᠳᠦᠷ ᠪᠦᠬᠦᠨ ᠢ᠋ ᠮᠢᠨᠢ᠂ ᠠᠯᠬᠤᠮ ᠪᠦᠷᠢ ᠶ᠋ᠢ ᠮᠢᠨᠢ ᠮᠡᠳᠡᠴᠢᠬᠡᠭᠰᠡᠨ ᠰᠢᠭ ᠰᠠᠨᠠᠭᠳᠠᠬᠤ ᠶᠤᠮ
ᠥᠷᠥᠵᠦ ᠴᠣᠭᠴᠠᠯᠠᠬᠤ ᠰᠢᠯᠦᠭ ᠦ᠋ᠨ ᠮᠢᠨᠢ ᠲᠣᠯᠣᠭᠠᠢ ᠳ᠋ᠤ᠌ ᠣᠷᠣᠪᠠ ᠤᠤ᠂ ᠦᠭᠡᠢ ᠤᠤ
ᠥᠴᠥᠭᠡᠳᠦᠷ ᠰᠢᠬᠠᠭᠤ ᠴᠢ ᠤᠩᠰᠢᠴᠢᠬᠠᠭᠠᠳ ᠲᠣᠭᠣᠬᠤ ᠦᠭᠡᠢ ᠪᠠᠢᠬᠤ ᠰᠢᠭ᠋ ᠰᠠᠨᠠᠭᠳᠠᠬᠤ ᠶᠤᠮ
ᠶᠠᠭᠤᠮ᠎ᠠ ᠪᠦᠬᠦᠨ ᠢ᠋ ᠮᠢᠨᠢ ᠴᠢ ᠤᠷᠢᠲᠠᠵᠤ ᠮᠡᠳᠡᠴᠢᠬᠡᠭᠰᠡᠨ ᠪᠣᠯᠬᠤ ᠪᠠᠷ
ᠶᠠᠭᠤ ᠪᠠᠨ ᠴᠤ᠌ ᠶᠠᠷᠢᠬᠤ ᠪᠢᠯᠡ ᠭᠡᠳ ᠵᠤᠤᠮᠠᠯᠵᠠᠵᠤ ᠪᠠᠢᠬᠤ ᠰᠢᠭ᠋ ᠰᠠᠨᠠᠭᠳᠠᠬᠤ ᠶᠤᠮ
ᠬᠠᠷᠠᠴᠠ ᠶ᠋ᠢᠨ ᠴᠢᠨᠢ ᠡᠯ᠎ᠡ ᠲᠣᠬᠣᠭᠤᠷᠬᠠᠯ ᠳ᠋ᠤ᠌ ᠠᠶ᠎ᠠ ᠪᠢ ᠶᠠᠭᠤᠲᠠᠢ ᠳᠤᠷ᠎ᠠ ᠦᠭᠡᠢ ᠪᠣᠢ!
ᠬᠠᠮᠤᠭ ᠤ᠋ᠨ ᠰᠢᠨ᠎ᠡ ᠰᠢᠯᠦᠭ ᠰᠣᠨᠣᠰᠤᠭᠠᠴᠢ | ᠰᠠᠶᠢ ᠪᠢ ᠪᠢᠴᠢᠴᠡᠬᠡᠯᠠ᠃
※ ※ ※
ᠬᠤᠷ᠎ᠠ ᠪᠣᠷᠣᠭᠠᠨ ᠢ᠋ᠶ᠋ᠠᠷ ᠰᠠᠴᠠᠭᠤ ᠬᠡᠷᠡᠯᠳᠦᠵᠦ
ᠬᠠᠷ᠎ᠠ ᠪᠠᠷᠠᠭᠠᠨ ᠪᠣᠯᠲᠠᠯ᠎ᠠ ᠪᠠᠨ ᠴᠢᠨᠦᠷᠡᠵᠡᠢ!
《ᠬᠡᠵᠢᠶ᠎ᠡ ᠴᠦ᠍ ᠤᠴᠢᠷ ᠢ᠋ᠶ᠋ᠠᠨ ᠣᠯᠤᠯᠴᠠᠬᠤ ᠦᠭᠡᠢ ᠨᠢ!
ᠬᠡᠯᠡᠭᠡᠳ ᠬᠡᠯᠡᠨ ᠦ᠌ ᠭᠠᠷᠤᠵᠠ!》 ᠭᠡᠯᠴᠡᠵᠦ
ᠠᠮᠢᠰᠬᠤᠭ᠎ᠠ᠂ ᠵᠢᠷᠦᠬᠡ ᠲᠣᠳᠣᠷᠠᠵᠤ
ᠠᠮᠠ ᠲᠠᠩᠭᠠᠷᠢᠭ ᠲᠠᠰᠤᠷᠠᠵᠤ
ᠥᠨᠥᠳᠥᠷ ᠯᠡ ᠶᠡᠷᠦ ᠳ᠋ᠡᠭᠡᠨ ᠪᠣᠯᠢᠶ᠎ᠠ ᠭᠡᠵᠦ
ᠦᠰᠲᠡᠨ ᠳᠠᠢᠰᠤᠨ ᠪᠣᠯᠵᠤ ᠲᠠᠷᠠᠪᠠ ᠠ᠋᠃
ᠣᠷᠣᠬᠤ ᠪᠣᠷᠣᠭᠠᠨ ᠢ᠋ᠶ᠋ᠠᠷ ᠰᠠᠴᠠᠭᠤ ᠪᠡᠶ᠎ᠡ ᠪᠡᠶ᠎ᠡ ᠪᠡᠨ
ᠬᠠᠷᠠᠬᠤ ᠴᠤ᠌ ᠦᠭᠡᠢ ᠨᠠᠮᠵᠤᠷᠳᠠᠵᠠᠭᠠᠵᠤ
ᠪᠠᠷᠠᠭᠤᠨ ᠲᠠᠢᠰᠢ ᠪᠢ᠂ ᠵᠡᠭᠦᠨ ᠲᠠᠢᠰᠢ ᠴᠢ
ᠪᠠᠶᠠᠷᠲᠠᠢ ᠴᠤ᠌ ᠭᠡᠯ ᠦᠭᠡᠢ ᠰᠠᠯᠵᠠᠭᠠᠪᠠ᠃
ᠭᠠᠷ ᠪᠠᠷᠢᠬᠤ ᠲᠠᠢ ᠮᠠᠨ᠎ᠠ ᠲᠠᠢ ᠪᠢ
ᠬᠡᠢ ᠥᠭᠡᠳᠡ ᠪᠡᠨ ᠠᠷᠢᠯᠵᠤ ᠥᠭᠭᠦᠯ᠎ᠡ᠁
ᠪᠣᠳᠣᠭᠠᠳ ᠴᠤ᠌ ᠶᠠᠭᠠᠬᠢᠬᠤ ᠪᠣᠢ ᠵᠥᠪ ᠪᠤᠷᠤᠭᠤ ᠪᠠᠨ
ᠪᠣᠯᠢᠵᠤ ᠯᠠ ᠠᠮᠠᠷᠠᠶ᠎ᠠ ᠵᠦᠭᠡᠷ!᠁
ᠬᠠᠷ᠎ᠠ ᠠᠭᠤᠷ ᠲᠠᠭᠠᠨ ᠪᠢ ᠢᠩᠭᠢᠵᠦ ᠬᠠᠷᠢᠭᠠᠳ
ᠬᠠᠭᠠᠯᠭ᠎ᠠ ᠪᠠᠨ ᠳᠠᠩᠭᠢᠨᠠᠲᠠᠯ᠎ᠠ ᠲᠦᠭᠵᠢᠪᠡ
ᠬᠦᠢᠲᠡᠨ ᠪᠣᠷᠣᠭᠠᠨ ᠴᠣᠩᠬᠣ ᠪᠠᠯᠪᠠᠵᠤ
ᠬᠦᠨᠳᠦ ᠡᠭᠦᠯᠡᠰ ᠤᠯᠠᠮ ᠵᠤᠵᠠᠭᠠᠷᠠᠪᠠ᠃
ᠠᠢ᠂ ᠡᠨᠡ ᠴᠢᠨᠢ ᠶᠠᠭᠤ ᠪᠢᠯᠡ ᠥᠨᠥᠬᠢ ᠴᠢᠨᠢ
ᠠᠯᠴᠢᠭᠤᠷ ᠴᠤ᠌ ᠦᠭᠡᠢ ᠲᠣᠯᠣᠭᠠᠢ ᠨᠢᠴᠦᠭᠦᠨ
ᠰᠢᠪᠠᠬᠠᠢ ᠳᠤᠮᠳᠠ ᠬᠠᠯᠤᠱ ᠴᠤ᠌ ᠦᠭᠡᠢ ᠶᠠᠪᠤᠭ᠎ᠠ
ᠱᠠᠯᠳᠠᠩ ᠰᠢᠬᠠᠭᠤ᠂ ᠴᠤᠪᠠ ᠴᠤ᠌ ᠦᠭᠡᠢ ᠶᠠᠪᠤᠭ᠎ᠠ!
ᠭᠡᠵᠦ ᠪᠣᠳᠣᠩᠭᠤᠲᠠ ᠪᠠᠨ ᠴᠤᠪᠠ ᠶ᠋ᠢ ᠨᠢ ᠠᠪᠴᠤ
ᠭᠡᠷ ᠡᠴᠡ ᠪᠡᠨ ᠦᠰᠦᠷᠦᠨ ᠭᠠᠷᠤᠯ᠎ᠠ
ᠬᠠᠳᠬᠤᠯᠭ᠎ᠠ ᠲᠣᠰᠴᠤ ᠣᠷᠬᠢᠬᠤ ᠪᠣᠢ ᠭᠡᠵᠦ
ᠬᠠᠷ᠎ᠠ ᠪᠣᠷᠣᠭᠠᠨ ᠢ᠋ᠶ᠋ᠠᠷ ᠴᠢᠮ᠎ᠠ ᠣᠷᠣᠨᠠᠤ ᠭᠦᠶᠦᠯ᠎ᠡ᠃
ᠬᠠᠷᠢᠭᠤ ᠵᠠᠬᠢᠳᠠᠯ
ᠥᠨᠥᠳᠥᠷ ᠦ᠋ᠨ ᠰᠢᠤᠳᠠᠨ ᠢ᠋ᠶ᠋ᠠᠷ ᠵᠠᠬᠢᠳᠠᠯ ᠢ᠋ ᠴᠢᠨᠢ ᠠᠪᠤᠯ᠎ᠠ
ᠥᠳᠬᠡᠨ ᠨᠣᠭᠣᠭ᠎ᠠ ᠬᠠᠯᠢᠭᠤᠷᠠᠭᠰᠠᠨ ᠴᠠᠳ ᠤ᠋ᠨ ᠬᠢᠷ᠎ᠠ ᠳᠡᠭᠡᠷ᠎ᠡ
ᠬᠠᠵᠠᠭᠤᠯᠳᠠᠨ ᠬᠡᠪᠲᠡᠵᠦ ᠤᠩᠰᠢᠯ᠎ᠠ᠂ ᠪᠠᠶᠠᠷᠯᠠᠯ᠎ᠠ ᠴᠢᠮ᠎ᠠ ᠳ᠋ᠠᠭᠠᠨ
ᠬᠠᠢᠷᠠᠯᠠᠨ ᠰᠠᠨᠠᠵᠤ ᠠᠯᠳᠠᠷ ᠨᠡᠷ᠎ᠡ ᠢᠷᠥᠭᠡᠭᠰᠡᠨ ᠳ᠋ᠦ᠍ ᠴᠢᠨᠢ
ᠨᠡᠷ᠎ᠡ ᠮᠢᠨᠢ ᠰᠣᠨᠢᠨ ᠤ᠋ ᠨᠢᠭᠤᠷ᠂ ᠵᠢᠷᠤᠭᠲᠤ ᠬᠠᠭᠤᠳᠠᠰᠤᠨ ᠡᠴᠡ
ᠨᠡᠪᠲᠡᠷᠡᠭᠦᠯᠦᠭᠴᠢ ᠶ᠋ᠢᠨ ᠠᠮᠠ᠂ ᠵᠦᠴᠦᠭᠡ ᠶ᠋ᠢᠨ ᠵᠠᠷᠯᠠᠯ ᠡᠴᠡ
《ᠲᠡᠳᠦᠢ ᠴᠠᠭ ᠲᠤ᠌ ᠲᠡᠢᠮᠦ ᠵᠦᠴᠦᠭᠡ᠂ ᠵᠣᠬᠢᠶᠠᠭᠴᠢ ᠨᠢ ᠭᠠᠮᠽᠠᠲ᠋ᠤᠸ》 ᠭᠡᠵᠦ ᠪᠠᠢᠬᠤ ᠶ᠋ᠢ
ᠲᠡᠰᠬᠡᠯ ᠦᠭᠡᠢ ᠬᠦᠰᠡᠩᠭᠡᠨ ᠪᠠᠢᠵᠤ ᠴᠢ ᠪᠢᠴᠢᠭᠰᠡᠨ ᠪᠠᠢᠨ᠎ᠠ᠃
ᠠᠲᠠᠷ ᠬᠢᠷ᠎ᠠ ᠶ᠋ᠢ ᠤᠰᠤ ᠬᠠᠭᠠᠯᠵᠤ ᠪᠠᠢᠨ᠎ᠠ᠂ ᠭᠡᠲᠡᠯ᠎ᠡ ᠴᠢ
ᠠᠭᠤᠤ ᠶᠡᠬᠡ ᠤᠯᠤᠰ ᠲᠠᠢ ᠨᠠᠮᠠᠶ᠋ᠢ ᠵᠢᠲᠥᠭᠡᠷᠬᠡᠵᠦ
ᠠᠬᠢᠭᠤᠯᠵᠤ ᠵᠦᠴᠦᠭᠡ ᠶ᠋ᠢᠨ ᠵᠣᠬᠢᠶᠠᠯ ᠢ᠋ᠶ᠋ᠠᠨ ᠪᠠᠵᠠᠭᠠᠭᠰᠠᠨ ᠦᠭᠡᠢ ᠭᠡᠬᠦᠶᠤᠮ
ᠠᠶᠠᠭ᠎ᠠ ᠴᠠᠢ᠂ ᠨᠠᠢᠷᠠᠭᠤᠯᠤᠭᠴᠢ ᠲᠠᠢ ᠪᠠᠨ ᠤᠤᠭᠤᠭᠰᠠᠨ ᠦᠭᠡᠢ ᠭᠡᠬᠦᠶᠤᠮ᠃
ᠬᠣᠩᠭᠣᠷ ᠮᠢᠨᠢ᠂ ᠣᠷᠴᠢᠯᠠᠩ ᠡᠴᠡ ᠪᠢ ᠡᠳᠦᠢᠬᠡᠨ ᠶᠠᠭᠤᠮ᠎ᠠ ᠬᠦᠰᠡᠨ᠎ᠡ ᠠ᠋
ᠬᠣᠷᠸ᠎ᠠ ᠶ᠋ᠢᠨ ᠡᠭᠡᠯ ᠠᠵᠢᠯᠴᠢᠳ ᠲᠠᠢ ᠠᠳᠠᠯᠢᠬᠠᠨ ᠪᠠᠢᠬᠤ ᠶ᠋ᠢ ᠬᠦᠰᠡᠨ᠎ᠡ
ᠡᠨᠡ ᠯᠡ ᠠᠭᠠᠷ ᠢ᠋ᠶ᠋ᠠᠷ ᠠᠮᠢᠰᠬᠤᠯᠯᠠᠵᠤ ᠪᠤᠭᠤᠷᠤᠯ ᠣᠷᠣᠭᠰᠠᠨ ᠦᠰᠦ ᠶ᠋ᠢ ᠮᠢᠨᠢ
ᠡᠩᠬᠦᠷᠡᠢᠯᠡᠵᠦ ᠴᠢ ᠮᠢᠨᠢ ᠢᠯᠪᠢᠵᠦ ᠪᠠᠢᠭᠠᠰᠠᠢ ᠭᠡᠵᠦ ᠬᠦᠰᠡᠨ᠎ᠡ᠃
ᠡᠳᠦᠭᠡ ᠴᠢ ᠪᠢᠳᠡ᠂ ᠬᠡᠦᠬᠡᠳ ᠪᠢᠰᠢ᠂ ᠬᠥᠭᠰᠢᠳ ᠪᠢᠰᠢ
ᠡᠨᠡᠭᠦᠪᠡᠷ ᠵᠢᠮᠡᠯᠡᠵᠦ ᠠᠭᠤᠷᠰᠠᠨ ᠠᠯᠠᠭᠠᠳᠠᠬᠤ ᠶᠤᠮ ᠪᠣᠯ
ᠡᠷᠡᠭᠦᠯ ᠤᠬᠠᠭᠠᠨ ᠢ᠋ᠶ᠋ᠠᠨ ᠲᠠᠷᠢᠶ᠎ᠠ ᠮᠡᠲᠦ ᠠᠭᠤᠯᠤᠭᠰᠠᠨ ᠠᠮᠪᠠᠷ᠎ᠠ ᠪᠠᠨ
ᠡᠪᠳᠡᠯᠡᠵᠦ ᠬᠣᠭᠣᠰᠣᠯᠠᠨᠠ ᠭᠡᠰᠡᠨ ᠦᠭᠡ ᠰᠢᠦ᠃
ᠴᠡᠭᠡᠵᠢ ᠳᠡᠭᠡᠭᠦᠷ᠂ ᠰᠡᠳᠬᠢᠯ ᠥᠨᠳᠥᠷ ᠨᠤᠲᠤᠭ ᠤ᠋ᠨ ᠬᠢᠨ ᠡᠴᠡ ᠪᠡᠨ
ᠴᠡᠴᠡᠨ ᠴᠡᠯᠮᠡᠭ ᠠᠭᠤᠯᠠ ᠶ᠋ᠢᠨ ᠬᠢᠨ ᠡᠴᠡ ᠪᠡᠨ᠂ ᠲᠠᠷᠢᠶᠠᠴᠢᠳ ᠡᠴᠡ ᠪᠠᠨ
ᠬᠠᠳᠠᠨ ᠬᠠᠨ᠎ᠠ ᠶ᠋ᠢ ᠪᠤᠲᠠᠯᠬᠤ ᠴᠢᠯᠠᠭᠤᠴᠢᠨ ᠨᠤᠭᠤᠳ ᠡᠴᠡ ᠪᠢ ᠢᠯᠡᠭᠦᠦ ᠭᠡᠵᠦ ᠤᠤ
ᠬᠠᠳᠧᠬᠠᠨ ᠳ᠋ᠤ᠌ ᠰᠠᠭᠤᠭ᠎ᠠ ᠡᠪᠦᠭᠡᠴᠦᠦᠯ ᠡᠴᠡ ᠪᠡᠨ ᠪᠢ ᠳᠠᠪᠠᠭᠤ ᠭᠡᠵᠦ ᠤᠤ
ᠠᠬᠠᠨ ᠳᠡᠭᠦᠦᠰ ᠳᠤᠮᠳᠠ ᠪᠠᠨ ᠠᠷᠢᠭᠤᠨ ᠳᠤᠷᠠᠰᠬᠠᠯ ᠢ᠋ᠶ᠋ᠠᠨ ᠦᠯᠡᠳᠡᠭᠡᠵᠦ
ᠠᠶᠠᠷᠬᠠᠨ ᠴᠤ᠌ ᠭᠡᠰᠡᠨ ᠠᠯᠳᠠᠷ ᠨᠡᠷ᠎ᠡ ᠪᠡᠨ᠂ ᠰᠠᠢᠨ ᠦᠢᠯᠡᠰ ᠢ᠋ᠶ᠋ᠡᠨ
ᠠᠯᠲᠠ ᠬᠦᠷᠬᠦ ᠦᠭᠡᠢ ᠫᠠᠢᠯᠤᠤᠷ ᠳᠡᠭᠡᠷ᠎ᠡ ᠰᠡᠢᠯᠦᠭᠦᠯᠦᠭᠡᠳ
ᠠᠵᠠᠢ ᠪᠤᠭᠤᠷᠤᠯ ᠴᠢᠯᠠᠭᠤᠨ ᠳᠣᠣᠷ᠎ᠠ᠂ ᠬᠠᠷᠠᠩᠭᠤᠢ ᠳ᠋ᠤ᠌ ᠬᠡᠪᠲᠡᠭᠡ
ᠠᠭᠤᠤ ᠰᠤᠤ ᠨᠢ ᠳᠦᠷᠬᠢᠷᠡᠭᠡ ᠦᠭᠡᠢ ᠨᠦ᠍ᠭᠦᠳ ᠡᠴᠡ ᠪᠡᠨ ᠪᠢ ᠢᠯᠡᠭᠦᠦ ᠭᠡᠵᠦ ᠤᠤ
ᠬᠣᠭᠣᠰᠣᠨ ᠠᠯᠳᠠᠷ ᠢ᠋ᠶ᠋ᠠᠷ ᠬᠡᠢᠷᠬᠡᠵᠦ ᠶᠠᠪᠤᠯ᠎ᠠ! ᠣᠳᠣ ᠰᠠᠨᠠᠬᠤ ᠳ᠋ᠤ᠌ ᠢᠴᠢᠮᠡᠷ
ᠬᠣᠷᠢᠭᠠᠳ ᠨᠠᠰᠤ ᠮᠢᠨᠢ ᠬᠣᠯᠠ ᠶ᠋ᠢᠨ ᠬᠣᠯᠠ ᠦᠯᠡᠳᠡᠵᠡᠢ
ᠲᠡᠷᠡ ᠠᠯᠳᠠᠷ ᠭᠡᠭᠴᠢ ᠶᠠᠭᠤ ᠪᠣᠢ? ᠬᠥᠯ ᠦᠭᠡᠢ ᠭᠠᠩᠭ᠎ᠠ ᠳᠡᠭᠡᠷ᠎ᠡ ᠲᠠᠲᠠᠭᠰᠠᠨ ᠣᠯᠣᠰᠣ
ᠲᠡᠩᠴᠡᠭᠡᠳ ᠭᠠᠷᠴᠤ ᠴᠤ᠌ ᠮᠡᠳᠡᠨ᠎ᠡ᠂ ᠨᠢᠰᠴᠦ ᠦᠬᠦᠵᠦ ᠴᠦ᠍ ᠮᠡᠳᠡᠨ᠎ᠡ᠃
ᠠᠵᠢᠯ ᠦᠢᠯᠡᠰ ᠢ᠋ ᠬᠦᠰᠡᠬᠦ ᠡᠴᠡ ᠥᠭᠡᠷ᠎ᠡ ᠶᠠᠭᠤ ᠶ᠋ᠢ ᠪᠢ ᠬᠦᠰᠡᠬᠦ ᠪᠣᠢ?
ᠠᠷᠪᠠᠨ ᠬᠤᠷᠤᠭᠤ ᠮᠢᠨᠢ ᠬᠣᠭᠣᠰᠣᠨ ᠦᠵᠡᠮᠵᠢ ᠪᠦᠦ ᠪᠠᠢᠭᠠᠰᠠᠢ
ᠠᠯᠳᠠᠷ ᠶᠠᠭᠠᠬᠢᠬᠤ ᠪᠣᠢ᠂ ᠲᠡᠷᠡ ᠬᠦ ᠥᠨᠳᠥᠷ ᠲᠦ᠍ ᠪᠢᠳᠡᠨ ᠢ᠋
ᠠᠮᠢᠳᠤᠷᠠᠭᠤᠯᠵᠤ᠂ ᠲᠡᠵᠢᠭᠡᠵᠦ ᠶᠠᠪᠤᠭ᠎ᠠ ᠬᠥᠮᠦᠰ ᠯᠡ ᠬᠦᠷᠳᠡᠭ᠃
ᠬᠥᠷᠥᠯ ᠦᠭᠡᠢ᠂ ᠬᠡᠯᠡᠭᠰᠡᠨ ᠢ᠋ᠶ᠋ᠡᠨ ᠮᠠᠷᠲᠠᠪᠠᠯ ᠨᠢ ᠨᠠᠮᠠᠶ᠋ᠢ
ᠬᠥᠮᠦᠰ ᠮᠢᠨᠢ ᠰᠡᠭᠰᠦᠷᠴᠦ ᠰᠡᠭᠡᠭᠡ ᠣᠷᠣᠭᠤᠯᠤᠭᠠᠷᠠᠢ
ᠠᠢᠯ ᠤ᠋ᠨ ᠬᠤᠷᠢᠮ ᠳ᠋ᠤ᠌ ᠪᠥᠵᠢᠬᠦ ᠡᠴᠡ ᠪᠡᠨ ᠬᠡᠲᠦᠷᠡᠭᠰᠡᠨ ᠵᠢᠭᠠᠯ ᠮᠡᠲᠦ
ᠠᠷᠠᠰᠤ ᠶ᠋ᠢ ᠮᠢᠨᠢ ᠬᠠᠭᠤᠯᠤᠭᠠᠳ ᠥᠭᠭᠦᠭᠡᠷᠡᠢ᠂ ᠭᠡᠮ ᠦᠭᠡᠢ᠃
※※※
ᠰᠠᠢᠨ ᠬᠥᠮᠦᠨ ᠢ᠋ ᠴᠦ᠍ ᠰᠠᠯᠭᠠᠳᠠᠭ ᠤᠳᠠᠭ᠎ᠠ ᠲᠠᠢ
ᠰᠠᠨᠠᠭ᠎ᠠ ᠮᠠᠭᠤᠳᠠᠨ ᠰᠠᠯᠬᠢᠨ ᠤᠯᠠᠭ᠎ᠠ ᠲᠠᠢ
ᠰᠠᠢᠬᠠᠨ ᠴᠢᠮ᠎ᠠ ᠳ᠋ᠤ᠌ ᠮᠢᠨᠢ ᠲᠡᠳᠡᠨ ᠦ᠌ ᠬᠣᠪ ᠵᠢᠪ
ᠰᠠᠨᠠᠭᠰᠠᠨ ᠨᠠᠳᠠ ᠡᠴᠡ ᠲᠡᠷᠢᠭᠦᠯᠡᠨ ᠬᠦᠷᠴᠡᠢ᠃
ᠣᠪᠣᠢᠵᠤ ᠲᠡᠳᠡ ᠨᠠᠷ ᠳᠡᠭᠡᠭᠰᠢ ᠪᠡᠨ ᠲᠠᠬᠢᠭᠳᠠᠭᠠᠳ
ᠣᠪᠵᠢᠨ ᠴᠤᠤᠷᠬᠠᠯ ᠨᠢ ᠦᠨᠡᠨ ᠰᠠᠨᠠᠭᠳᠠᠭᠠᠳ
ᠣᠷᠣᠨ ᠳ᠋ᠤᠨᠢ ᠪᠢ᠂ ᠮᠠᠭᠤ ᠬᠥᠮᠦᠨ ᠬᠠᠷᠠᠭᠳᠠᠭᠠᠳ
ᠣᠭᠲᠣ ᠶ᠋ᠢᠨ ᠤᠷᠢᠯᠭ᠎ᠠ ᠦᠭᠡᠢ ᠠᠢᠯᠴᠢᠨ ᠰᠢᠭ᠋ ᠬᠠᠶᠠᠭᠳᠠᠭᠠᠳ
ᠨᠣᠮ ᠱᠠᠭᠠᠢᠵᠤ ᠴᠢ ᠪᠤᠯᠤᠩ ᠳ᠋ᠤ᠌ ᠴᠣᠮᠴᠣᠢᠨᠠ
ᠲᠣᠮᠣ ᠵᠠᠩ ᠢ᠋ᠶ᠋ᠠᠷ ᠴᠢ ᠥᠪᠡᠷ ᠲᠡᠭᠡᠨ ᠴᠡᠮᠴᠡᠢᠨᠡ
ᠠᠷᠴᠠᠭ᠎ᠠ ᠦᠭᠡᠢ ᠳᠠᠩᠬᠤᠨ ᠳ᠋ᠤ᠌ ᠬᠣᠷᠣ ᠰᠢᠷ᠎ᠠ ᠪᠠᠨ ᠭᠠᠷᠭᠠᠭᠰᠠᠭᠠᠷ
ᠠᠶᠠᠭ᠎ᠠ ᠴᠠᠢ ᠭᠠᠯ ᠳᠡᠭᠡᠷ᠎ᠡ ᠪᠡᠨ ᠲᠠᠯᠪᠢᠪᠠ᠃
ᠠᠪᠴᠢᠷᠠᠭᠰᠠᠨ ᠪᠡᠯᠡᠭ ᠢ᠋ ᠮᠢᠨᠢ ᠦᠯᠦ ᠲᠣᠭᠣᠪᠠ ᠯᠠ
ᠠᠭᠠᠳᠠᠷ ᠳᠤᠰᠤᠯᠠᠵᠤ ᠪᠠᠢᠭ᠎ᠠ ᠮᠡᠲᠦ ᠦᠷᠴᠢᠢᠪᠡ ᠯᠡ
ᠮᠤᠤᠷ ᠢ᠋ ᠨᠢ ᠢᠯᠪᠢᠪᠡᠰᠦ ᠣᠢᠰᠢᠶᠠᠮᠵᠢᠲᠠᠢ ᠲᠡᠷᠡ ᠠᠮᠢᠲᠠᠨ
ᠮᠠᠭᠤᠬᠠᠨ ᠬᠢᠨᠤᠵᠤ ᠰᠠᠢᠬᠠᠨ ᠬᠡᠷᠴᠢᠭᠢᠨᠡᠪᠡ ᠯᠡ᠃
ᠡᠭᠦᠳᠡ ᠪᠡᠷ ᠨᠢ ᠭᠠᠷᠤᠯ᠎ᠠ᠂ ᠨᠣᠬᠠᠢ ᠨᠢ ᠡᠷᠬᠡᠯᠡᠨ ᠬᠤᠴᠠᠵᠤ
ᠦᠰᠦᠷᠦᠨ ᠢᠷᠡᠵᠦ ᠰᠢᠷᠪᠠᠭᠠᠨᠠᠨ ᠴᠣᠷᠣᠢᠪᠠ
ᠡᠯ᠎ᠡ ᠠᠢᠯ ᠳ᠋ᠤ᠌ ᠪᠢ᠂ ᠬᠥᠮᠦᠨ ᠦ᠌ ᠬᠥᠮᠦᠨ ᠪᠣᠯᠵᠤ ᠭᠦᠢᠴᠡᠵᠡᠢ
ᠡᠨᠡ ᠨᠣᠬᠠᠢ ᠡᠴᠡ ᠪᠤᠰᠤᠳ ᠨᠢ ᠬᠠᠢᠬᠤᠷᠬᠤ ᠦᠭᠡᠢ ᠪᠣᠯᠵᠠᠢ
ᠠᠶ᠎ᠠ᠂ ᠬᠥᠮᠦᠨ ᠦ᠌ ᠮᠥᠰᠥ ᠦᠭᠡᠢ ᠬᠦᠢᠲᠡᠨ ᠴᠠᠪᠳᠠᠭ ᠢ᠋ᠶ᠋ᠠᠷ
ᠠᠷᠢᠭᠤᠨ ᠴᠠᠭᠠᠨ ᠬᠥᠮᠦᠨ ᠢ᠋ ᠶᠠᠭᠤᠨ ᠳ᠋ᠤ᠌ ᠲᠠᠷᠴᠢᠯᠠᠭᠠᠨᠠ ᠪᠣᠢ?
ᠡᠨᠡ ᠪᠦᠬᠦᠨ ᠬᠤᠳᠠᠯ ᠭᠡᠰᠡᠨ ᠵᠢᠭᠠᠬᠠᠨ ᠦᠭᠡ ᠯᠡ
ᠡᠷᠭᠢᠭᠦᠯᠦᠨ᠎ᠡ ᠰᠢᠦ ᠳᠡ᠂ ᠮᠢᠨᠦ ᠠᠵᠠ ᠵᠢᠷᠭᠠᠯ ᠢ᠋!
ᠴᠢᠮᠠᠶ᠋ᠢ ᠶᠠᠪᠤᠬᠤ ᠪᠠᠷ
ᠠᠭᠤᠯᠠᠨ ᠳ᠋ᠤ᠌ ᠵᠤᠰᠠᠬᠤ ᠪᠠᠷ ᠴᠢᠮᠠᠶ᠋ᠢ ᠶᠠᠪᠤᠬᠤ ᠳ᠋ᠤ᠌
ᠠᠭᠠᠵᠢᠭᠤ ᠲᠠᠢᠪᠤᠩ ᠪᠠᠢᠭ᠎ᠠ ᠬᠥᠮᠦᠨ ᠪᠣᠯᠵᠤ ᠪᠢ
ᠦᠳᠡ ᠶ᠋ᠢᠨ ᠨᠠᠷᠠ ᠰᠢᠭ᠋ ᠥᠩᠭᠡ ᠣᠷᠣᠭᠰᠠᠨ ᠴᠢᠮᠠᠶ᠋ᠢ ᠪᠠᠨ
ᠦᠳᠡᠵᠦ᠄《 ᠰᠠᠢᠨ ᠶᠠᠪᠤᠭᠠᠷᠠᠢ 》 ᠭᠡᠪᠡ᠃
ᠬᠠᠷᠢᠨ ᠲᠡᠭᠡᠲᠡᠯ᠎ᠡ ᠲᠡᠷᠡ ᠣᠷᠣᠢ ᠳ᠋ᠠᠭᠠᠨ
ᠬᠠᠵᠢᠨ ᠳ᠋ᠤ᠌ ᠣᠷᠣᠭᠰᠠᠨ ᠭᠥᠷᠥᠭᠡᠰᠦ ᠰᠢᠭ ᠪᠣᠯᠵᠤ
ᠬᠠᠴᠢᠨ ᠬᠥᠩᠭᠡᠨ ᠵᠠᠩᠨᠠᠭᠰᠠᠨ ᠢ᠋ᠶ᠋ᠠᠨ ᠤᠬᠠᠭᠠᠷᠠᠵᠤ
ᠬᠠᠷᠠᠮᠰᠠᠨ ᠰᠢᠨᠠᠯᠵᠤ ᠡᠬᠢᠯᠡᠬᠦ ᠨᠢ ᠲᠡᠷᠡ᠃
ᠰᠠᠷᠢᠳᠠᠭ ᠤ᠋ᠨ ᠨᠤᠷᠠᠯᠲᠠ ᠳ᠋ᠤ᠌ ᠵᠠᠮ ᠨᠢ ᠰᠦᠢᠷᠡᠭᠡᠳ
ᠰᠠᠢᠵᠢᠷᠠᠭᠤᠯᠬᠤ ᠠᠵᠢᠯᠴᠢᠳ ᠨᠢ ᠱᠠᠯ ᠰᠣᠭᠲᠣᠭᠠᠳ
ᠰᠠᠭᠠᠲᠠᠯ ᠡᠴᠡ ᠪᠣᠯᠵᠤ᠂ ᠴᠠᠭᠠᠰᠢ ᠪᠤᠤ ᠶᠠᠪᠤᠭᠠᠰᠠᠢ ᠭᠡᠵᠦ
ᠰᠠᠨᠠᠭᠠᠨ ᠳ᠋ᠤ᠌ ᠬᠠᠴᠢᠨ ᠪᠣᠳᠣᠯ ᠴᠤ᠌ ᠲᠥᠷᠥᠬᠦ ᠰᠢᠭ᠃
ᠠᠭᠠᠳᠠᠷ ᠪᠣᠷᠣᠭᠠᠨ ᠳ᠋ᠤ᠌ ᠭᠦᠦᠷ ᠨᠢ ᠡᠪᠳᠡᠷᠡᠭᠡᠳ
ᠠᠭᠰᠤᠷᠤᠨ ᠪᠤᠴᠠᠯᠬᠤ ᠺᠦᠢᠰᠦ᠋ ᠭᠣᠣᠯ ᠳᠡᠭᠡᠷ᠎ᠡ
ᠠᠷᠭ᠎ᠠ ᠪᠠᠨ ᠪᠠᠷᠠᠭᠠᠳ ᠵᠣᠭᠰᠣᠭᠠᠰᠠᠢ ᠭᠡᠰᠡᠨ
ᠠᠷᠴᠠᠭ᠎ᠠ ᠦᠭᠡᠢ ᠶᠠᠭᠤᠮ᠎ᠠ ᠴᠤ᠌ ᠰᠠᠨᠠᠭᠠᠨ ᠳ᠋ᠤ᠌ ᠣᠷᠣᠬᠤ ᠰᠢᠭ᠋
ᠥᠪᠡᠷ ᠦ᠋ᠨ ᠴᠢᠨᠢ ᠤᠷᠤᠭ ᠲᠥᠷᠥᠯ ᠲᠡᠭᠡᠭᠡᠳ
ᠡᠳᠦᠷ ᠦ᠋ᠨ ᠳᠠᠭᠤᠰᠤᠨ ᠥᠭᠡᠯᠡᠨ ᠵᠢᠮᠡᠯᠡᠵᠦ
ᠡᠷᠭᠢᠭᠦᠯᠦᠭᠡᠳ ᠬᠦᠷᠭᠡᠵᠦ ᠠᠯᠢ ᠭᠡᠵᠦ ᠴᠢ ᠮᠢᠨᠢ
ᠡᠯᠳᠡᠪ ᠢ᠋ᠶ᠋ᠡᠷ ᠭᠤᠶᠤᠵᠤ ᠪᠠᠢᠭᠠᠰᠠᠢ᠂ ᠡᠳᠦᠢ ᠳ᠋ᠦ᠍᠃
ᠡᠯᠡᠷ ᠪᠠᠯᠠᠷ ᠤ᠋ᠨ ᠵᠢᠷᠭᠤᠳᠤᠭᠠᠷ ᠵᠠᠭᠤᠨ ᠳ᠋ᠤ᠌
ᠡᠷᠲᠡᠨ ᠦ᠌ ᠬᠢᠲᠠᠳ ᠤ᠋ᠨ ᠭᠠᠷᠭᠠᠭᠰᠠᠨ ᠳᠠᠭᠤᠤ ᠰᠢᠭ᠋
ᠡᠯᠢᠭᠡ ᠵᠢᠷᠦᠬᠡᠨ ᠦ᠌ ᠭᠡᠬᠢᠯᠵᠡᠭᠰᠡᠨ ᠭᠤᠨᠢᠭ
ᠡᠳᠦᠭᠡ ᠦᠳᠡᠰᠢ ᠪᠡᠷ ᠤᠯᠠᠮ ᠵᠤᠵᠠᠭᠠᠷᠠᠪᠠ᠃
ᠦᠶ᠎ᠡ ᠦᠶᠡᠷᠬᠡᠨ ᠭᠣᠮᠣᠷᠬᠠᠵᠤ ᠶᠠᠪᠤᠭᠰᠠᠨ ᠴᠤ᠌ ᠭᠡᠯᠡ
ᠦᠢ ᠵᠠᠢ ᠦᠭᠡᠢ ᠴᠢᠮ᠎ᠠ ᠳ᠋ᠠᠭᠠᠨ ᠬᠠᠢᠷᠠᠲᠠᠢ ᠶᠤᠮᠰᠠᠨᠵᠠᠢ
ᠦᠶᠡᠷ ᠪᠣᠷᠣᠭ᠎ᠠ᠂ ᠵᠠᠮ ᠭᠦᠦᠷ ᠮᠡᠲᠦᠰ ᠲᠦ᠍
ᠶᠠᠮᠠᠷ ᠰᠠᠢᠨ ᠳ᠋ᠠᠭᠠᠨ ᠵᠠᠯᠪᠠᠷᠢᠵᠤ ᠰᠠᠭᠤᠬᠤ ᠪᠣᠢ᠃
ᠶᠠᠪᠤᠯ᠎ᠠ ᠪᠢ ᠴᠢᠨᠢ
ᠠᠯᠳᠠᠷᠠᠢ ᠮᠢᠨᠢ᠂ ᠶᠠᠪᠤᠯ᠎ᠠ ᠪᠢ ᠴᠢᠨᠢ
ᠠᠪᠴᠤ ᠶᠠᠪᠤᠬᠤ ᠠᠴᠢᠶ᠎ᠠ ᠦᠭᠡᠢ᠂ ᠬᠠᠷᠢᠨ ᠴᠢᠮ᠎ᠠ ᠳ᠋ᠠᠭᠠᠨ
ᠠᠷᠢᠭᠤᠬᠠᠨ ᠥᠷᠯᠥᠭᠡᠨ ᠦ᠌ ᠰᠢᠪᠠᠭᠤᠨ ᠱᠤᠯᠤᠭᠠᠨᠠᠭᠠ ᠶ᠋ᠢ
ᠠᠩᠬᠢᠯᠤᠭᠤᠨ ᠬᠠᠪᠤᠷ ᠤ᠋ᠨ ᠡᠨᠡ ᠰᠠᠯᠬᠢ ᠶ᠋ᠢ ᠤᠷᠭᠢᠶ᠎ᠠ᠃
ᠳᠠᠯᠠᠢ ᠶ᠋ᠢ ᠵᠣᠷᠢᠭᠰᠠᠨ ᠺᠦᠢᠰᠦ᠋ ᠭᠣᠣᠯ ᠤ᠋ᠨ ᠤᠷᠤᠰᠬᠠᠯ ᠢ᠋
ᠳᠠᠪᠠᠯᠭᠠᠨᠲᠤ ᠺᠠᠰᠫᠢ ᠶ᠋ᠢᠨ ᠠᠯᠤᠰ ᠤᠷᠤᠰᠬᠤ ᠳᠠᠭᠤᠷᠢᠰᠬᠤ ᠳᠠᠭᠤᠨ ᠢ᠋
ᠰᠠᠭᠯᠠᠭᠠᠷ ᠣᠢ ᠶ᠋ᠢᠨ ᠣᠩᠭᠣᠨ ᠴᠡᠴᠡᠭᠡᠰ ᠢ᠋
ᠰᠠᠷᠠᠨ ᠤ᠋ ᠮᠥᠩᠭᠥᠨ ᠲᠤᠶᠠᠭ᠎ᠠ ᠶ᠋ᠢ ᠴᠢᠮ᠎ᠠ ᠳ᠋ᠠᠭᠠᠨ ᠤᠷᠭᠢᠶ᠎ᠠ᠃
ᠠᠰᠬᠠᠬᠤ ᠬᠤᠷ᠎ᠠ᠂ ᠱᠠᠭᠠᠬᠢᠬᠣ ᠪᠣᠷᠣᠭᠠᠨ ᠤ᠋ ᠵᠦᠮᠪᠦᠷ ᠲᠡᠢ
ᠠᠪᠤᠷᠭᠤ ᠴᠣᠬᠢᠶ᠎ᠠ ᠮᠥᠷᠥᠯᠡᠭᠰᠡᠨ ᠥᠨᠳᠥᠷ ᠲᠠᠰᠢᠯᠠᠩ ᠢ᠋
ᠠᠮᠠᠷᠠᠬᠤ ᠨᠣᠢᠷ ᠢ᠋ᠶ᠋ᠠᠨ ᠬᠤᠭᠤᠰᠯᠠᠭᠰᠠᠨ ᠡᠵᠢ ᠶ᠋ᠢᠨ ᠨᠢᠳᠦᠨ᠂
ᠠᠷᠢᠭᠤᠨ ᠬᠠᠴᠠᠷ ᠳᠡᠭᠡᠷᠡᠬᠢ ᠳᠣᠭᠣᠯᠠᠩ ᠨᠢᠯᠪᠤᠰᠤ ᠨᠢ ᠨᠢ ᠦᠯᠡᠳᠡᠭᠡᠶ᠎ᠡ᠃
ᠰᠣᠯᠠᠺᠢ ᠶ᠋ᠢᠨ ᠢ᠋ᠶ᠋ᠡᠨ ᠤᠷᠤᠰᠬᠠᠯ ᠢ᠋ ᠪᠢ ᠠᠪᠴᠤ ᠶᠠᠪᠤᠬᠤ ᠦᠭᠡᠢ
ᠰᠤᠭᠰᠤᠷᠴᠤ ᠮᠥᠷᠥ ᠪᠡᠷ ᠲᠠᠲᠠᠭᠰᠠᠨ ᠨᠣᠭᠣᠭ᠎ᠠ ᠶ᠋ᠢ ᠨᠢ ᠴᠦ᠍
ᠰᠤᠯᠠ ᠠᠰᠬᠠᠷᠠᠵᠤ ᠴᠢᠮᠠᠶ᠋ᠢ ᠮᠢᠨᠢ ᠡᠭᠡᠭᠡᠭᠰᠡᠨ ᠭᠡᠷᠡᠯ ᠢ᠋ ᠨᠢ ᠴᠦ᠍
ᠰᠤᠷ ᠳᠡᠭᠡᠰᠦ ᠪᠡᠷ ᠪᠠᠭᠯᠠᠭᠠᠳ ᠶᠠᠪᠤᠴᠢᠬᠠᠵᠤ ᠪᠣᠯᠬᠤ ᠪᠢᠰᠢ᠃
ᠤᠨᠠᠭᠠᠨ ᠪᠠᠭ᠎ᠠ ᠡᠴᠡ ᠰᠡᠳᠬᠢᠯ ᠢᠳᠡᠭᠡᠰᠢᠵᠦ ᠥᠰᠦᠭᠰᠡᠨ
ᠠᠭᠤᠯᠠ ᠣᠷᠢᠶᠠᠭᠰᠠᠨ ᠰᠤᠷ ᠤ᠋ᠨ ᠪᠦᠰᠡ ᠰᠢᠭ ᠵᠢᠮ ᠢ᠋
ᠤᠷᠢ ᠬᠠᠩᠬᠤᠯᠬᠤ ᠨᠠᠮᠤᠷ ᠤ᠋ᠨ ᠬᠠᠳᠤᠯᠠᠩ ᠤ᠋ᠨ ᠰᠢᠮ᠎ᠡ ᠶ᠋ᠢ
ᠤᠷᠲᠤ ᠶ᠋ᠢᠨ ᠵᠠᠮ ᠳ᠋ᠤ᠌ ᠪᠢ ᠠᠪᠤᠭᠠᠳ ᠶᠠᠪᠤᠴᠢᠬᠠᠵᠤ ᠴᠢᠳᠠᠬᠤ ᠦᠭᠡᠢ᠃
ᠬᠤᠷ᠎ᠠ ᠪᠣᠷᠣᠭ᠎ᠠ᠂ ᠬᠤᠷᠴᠠ ᠨᠠᠷᠠ ᠲᠠᠢ ᠴᠡᠩᠬᠡᠷ ᠲᠩᠷᠢ ᠪᠡᠨ
ᠬᠣᠷᠭᠣᠵᠤ ᠨᠢᠰᠦᠭᠰᠡᠨ ᠲᠣᠭᠣᠷᠤᠤ ᠶ᠋ᠢᠨ ᠴᠤᠪᠤᠭ᠎ᠠ ᠲᠠᠢ ᠨᠢ ᠤᠷᠭᠢᠶ᠎ᠠ᠁
ᠬᠤᠪᠢ ᠳ᠋ᠠᠭᠠᠨ ᠪᠢ ᠭᠡᠪᠡᠴᠦ᠂ ᠬᠠᠮᠤᠭ ᠤ᠋ᠨ ᠶᠡᠬᠡ ᠶᠠᠭᠤᠮ᠎ᠠ ᠠᠪᠴᠤ ᠶᠠᠪᠤᠶ᠎ᠠ
ᠬᠤᠪᠢᠷᠠᠰᠢ ᠦᠭᠡᠢ ᠬᠠᠢᠷ᠎ᠠ ᠶ᠋ᠢᠨ ᠰᠡᠳᠬᠢᠯ ᠢ᠋ᠶ᠋ᠡᠨ ᠠᠪᠴᠤ ᠶᠠᠪᠤᠶ᠎ᠠ᠃
※ ※ ※
ᠳᠠᠭᠠᠭᠠᠮᠠᠢ ᠲᠠᠨᠢᠯ ᠴᠤ᠌ ᠶᠤᠮ ᠊ᠤᠤ᠂ ᠳᠠᠭᠠᠷᠢᠯᠳᠤᠭᠰᠠᠨ ᠬᠥᠮᠦᠨ ᠴᠦ᠍ᠶᠤᠮ ᠊ᠤᠤ
ᠳᠠᠩᠴᠤ ᠴᠢᠮᠠᠶ᠋ᠢ ᠮᠢᠨᠢ ᠲᠤᠭᠤᠯ ᠦᠭᠡᠢ᠂ ᠪᠦᠷ ᠬᠠᠷᠠᠬᠤ ᠴᠤ᠌ ᠦᠭᠡᠢ ᠥᠩᠭᠡᠷᠡᠵᠦ
ᠠᠢᠬᠤᠪᠲᠤᠷ ᠭᠣᠮᠣᠳᠠᠬᠤ ᠶ᠋ᠢᠨ ᠲᠡᠷᠡ ᠠᠶᠤᠯ ᠡᠴᠡ ᠴᠢᠮᠠᠶ᠋ᠢ ᠪᠠᠨ
ᠠᠪᠤᠷᠠᠵᠤ ᠴᠢᠳᠠᠬᠤ ᠦᠭᠡᠢ ᠪᠣᠯ ᠊ᠤᠤ ᠭᠡᠵᠦ ᠠᠶᠤᠬᠤ ᠶᠤᠮ
ᠠᠶᠤᠬᠤ ᠶ᠋ᠢᠨ ᠴᠠᠭᠠᠭᠤᠷ ᠠᠶᠤᠬᠤ ᠶᠤᠮ᠃
ᠬᠣᠷᠣᠮᠬᠠᠨ ᠢ᠋ᠶ᠋ᠠᠨ ᠳᠡᠭᠳᠡᠭᠰᠡᠨ ᠰᠠᠯᠬᠢ᠂ ᠴᠢ ᠪᠢᠳᠡᠨ ᠦ᠌
ᠬᠣᠯᠪᠣᠭᠠᠰᠤ ᠤᠲᠠᠰᠤ ᠶ᠋ᠢ ᠲᠠᠰᠤ ᠦᠯᠢᠶᠡᠬᠦ ᠪᠣᠢ ᠭᠡᠵᠦ ᠠᠶᠤᠨᠠᠮ
ᠬᠣᠪᠣᠷᠬᠠᠨ ᠵᠢᠷᠭᠠᠯ ᠮᠠᠨᠢ ᠨᠢᠮᠭᠡᠨ ᠰᠢᠯ ᠶᠦ᠍ᠮ
ᠬᠣᠣᠰ ᠦᠭᠡᠢ ᠨᠢᠮᠭᠡᠨ ᠲᠣᠰᠤᠮ ᠢ᠋ᠶ᠋ᠠᠨ ᠬᠠᠭ᠎ᠠ ᠲᠤᠰᠬᠤ ᠨᠢ ᠢᠯᠡ ᠶᠤᠮ᠃
ᠠᠶᠤᠬᠤ ᠵᠣᠪᠠᠨᠢᠬᠤ ᠶ᠋ᠢᠨ ᠮᠢᠨᠢ ᠶᠡᠬᠡ ᠳᠠᠯᠠᠢ
ᠠᠮᠠᠷᠠᠭ ᠴᠢᠮᠠᠶ᠋ᠢ ᠡᠷᠭᠢᠭᠦᠯᠦᠨ ᠤᠷᠤᠰᠬᠠᠬᠤ ᠪᠣᠢ ᠭᠡᠵᠦ
ᠠᠷᠪᠢᠨ ᠲᠡᠭᠦᠨ ᠦ᠌ ᠭᠠᠰᠢᠭᠤᠨ ᠨᠢᠰᠤᠭᠤᠨ ᠳᠣᠯᠭᠢᠰ ᠳᠤᠮᠳᠠ
ᠠᠯᠠᠭ ᠨᠢᠳᠦᠨ ᠳ᠋ᠦ᠍ ᠴᠢᠨᠢ ᠨᠢᠯᠪᠤᠰᠤ ᠤᠨᠠᠬᠤ ᠪᠣᠢ ᠭᠡᠵᠦ
ᠠᠶᠤᠨᠠᠮ᠂ ᠠᠶᠤᠨᠠᠮ᠂ ᠶᠠᠭᠠᠬᠢᠨᠠᠮ | ᠡᠢᠨᠡᠮ᠃᠃
※ ※ ※
ᠠᠯᠳᠠᠷᠲᠤ ᠺᠡᠦ᠋ᠺᠡᠽ ᠦ᠋ᠨ ᠰᠠᠢᠬᠠᠨ ᠪᠦᠰᠡᠭᠦᠢ
ᠠᠷᠴᠢᠵᠤ ᠥᠩᠭᠡᠯᠡᠭᠡᠳ ᠲᠡᠨᠢᠢᠯᠭᠡᠨ ᠲᠠᠲᠠᠭᠰᠠᠨ ᠶᠤᠮ ᠰᠢᠭ᠋
ᠠᠯᠤᠰᠯᠠᠬᠤ ᠬᠥᠨᠳᠡᠢ᠂ ᠵᠦᠯᠭᠡ ᠨᠤᠭᠤ ᠰᠡᠷᠭᠦᠭᠡᠳ
ᠠᠷᠢᠭᠤᠬᠠᠨ ᠨᠣᠭᠣᠭᠠᠨ ᠢ᠋ᠶ᠋ᠠᠷ ᠨᠢᠳᠦ ᠪᠤᠯᠢᠶᠠᠨ ᠴᠠᠯᠠᠢᠪᠠ᠃
ᠬᠠᠷᠢᠨ ᠂ ᠨᠣᠭᠣᠭ᠎ᠠ ᠭᠠᠷᠬᠤ ᠶ᠋ᠢᠨ ᠲᠣᠭᠠᠯᠠᠩ ᠢ᠋ᠶ᠋ᠠᠷ
ᠬᠠᠢᠷᠠᠲᠤ ᠨᠥᠬᠥᠷ ᠮᠢᠨᠢ᠂ ᠴᠢ ᠪᠢᠳᠡ ᠪᠤᠭᠤᠷᠤᠯᠲᠤᠪᠠ ᠠ᠋᠃
ᠦᠦᠷ ᠦ᠋ᠨ ᠭᠡᠭᠡ ᠤᠯᠠᠢᠷᠠᠨ ᠤᠯᠠᠢᠷᠠᠨ ᠬᠦ
ᠡᠭᠦᠯᠡ ᠶ᠋ᠢᠨ ᠪᠡᠶ᠎ᠡ ᠶ᠋ᠢ ᠶᠠᠭᠠᠷᠠᠭᠤᠯᠤᠨ ᠭᠤᠶᠤᠪᠠ ᠠ᠋
ᠪᠤᠬ᠎ᠠ ᠶ᠋ᠢᠨ ᠣᠷᠣᠢ ᠳ᠋ᠤ᠌ ᠬᠦᠷᠡᠩ ᠤᠯᠠᠭᠠᠨ
ᠪᠣᠳᠣᠭ ᠰᠢᠭ᠋ ᠥᠩᠭᠡ ᠶ᠋ᠢ ᠰᠤᠷᠮᠠᠭ ᠬᠠᠶᠠᠪᠠ ᠠ᠋᠃
ᠦᠦᠷ ᠦ᠋ᠨ ᠭᠡᠭᠡ ᠤᠯᠠᠢᠷᠠᠨ ᠤᠯᠠᠢᠷᠠᠨ ᠪᠦᠷ
ᠦᠰᠦ ᠮᠢᠨᠢ ᠴᠠᠢᠷᠠᠨ ᠴᠠᠢᠷᠠᠪᠠ᠂ ᠨᠠᠢᠵᠠ ᠮᠢᠨᠢ
ᠬᠥᠬᠡᠷᠡᠨ ᠴᠡᠩᠬᠡᠷᠳᠡᠪᠡ ᠠ᠋᠂ ᠬᠠᠨ ᠬᠤᠷᠮᠤᠰᠲᠠ
ᠬᠥᠪᠥᠩ ᠡᠭᠦᠯᠡ ᠲᠡᠢ ᠴᠡᠩᠬᠡᠷ ᠠᠲᠠᠷ
ᠬᠣᠯᠠ ᠶ᠋ᠢᠨ ᠠᠭᠤᠯᠠᠰ ᠬᠦᠷᠲᠡᠯ᠎ᠡ ᠴᠡᠩᠬᠡᠷ ᠢ᠋ᠶ᠋ᠡᠷ ᠬᠦᠦᠰᠢᠯᠡᠵᠦ
ᠬᠣᠩᠬᠣᠯᠠᠢ ᠪᠢᠴᠢᠬᠠᠨ ᠴᠡᠩᠬᠡᠷ ᠢ᠋ᠶ᠋ᠡᠷ ᠵᠢᠩᠭᠢᠨᠡᠪᠡ ᠠ᠋᠃
ᠬᠠᠨ ᠬᠤᠷᠮᠤᠰᠲᠠ ᠶ᠋ᠢᠨ ᠬᠥᠬᠡᠷᠡᠨ ᠴᠡᠯᠡᠢᠬᠦ ᠪᠦᠷᠢ
ᠬᠠᠷ᠎ᠠ ᠦᠰᠦ ᠮᠢᠨᠢ ᠴᠠᠢᠷᠠᠨ ᠪᠠᠭᠣᠷᠠᠢᠪᠠ ᠠ᠋ ᠬᠦ
ᠠᠭᠤᠵᠢᠮ ᠲᠠᠯ᠎ᠠ ᠬᠥᠨᠳᠡᠢ ᠵᠠᠯᠠᠭᠣᠰᠠᠵᠣ ᠪᠠᠢᠨ᠎ᠠ᠁
ᠤᠷᠠᠨ ᠦᠭᠡ ᠬᠡᠯᠡᠬᠦ ᠨᠢ ᠪᠤᠰᠤ᠂ ᠲᠡᠭᠦᠪᠡᠷ ᠶᠠᠭᠠᠬᠢᠬᠤ ᠪᠣᠢ
ᠤᠯᠢᠶᠠᠩᠭᠠᠷ ᠤ᠋ᠨ ᠴᠠᠭᠠᠨ ᠨᠣᠣᠭᠣᠯᠣᠷ ᠭᠡᠵᠦ ᠠᠨᠳᠠᠭᠤᠷᠠᠯᠲᠠ ᠦᠭᠡᠢ
ᠤᠨᠠᠭᠠᠨ ᠰᠠᠨᠴᠢᠭ ᠲᠤ᠌ ᠮᠠᠨᠢ ᠴᠠᠰᠤ ᠪᠤᠰᠤ ᠦᠰᠦ ᠴᠠᠢᠪᠠ᠃
ᠴᠢ ᠪᠢᠳᠡ ᠬᠣᠶᠠᠷ ᠬᠡᠭᠡᠷ᠎ᠡ ᠲᠠᠯ᠎ᠠ ᠪᠤᠰᠤ
ᠴᠢᠭᠢᠭᠲᠦ ᠵᠤᠨ ᠢ᠋ᠶ᠋ᠠᠷ ᠴᠤ᠌ ᠴᠠᠢᠷᠠᠬᠤ ᠣᠷᠭᠢᠯ ᠤ᠋ᠳ ᠪᠤᠶᠤ᠃
※ ※ ※
ᠬᠡᠳᠦ ᠨᠣᠵᠣᠭᠣᠷᠠᠬᠤ ᠳᠦᠩᠰᠦᠭᠡᠷᠬᠡᠨ ᠰᠥᠨᠢ ᠪᠡᠷ
ᠬᠡᠴᠡ ᠥᠨᠳᠥᠷ ᠦ᠋ᠨ ᠳᠠᠷᠬᠠᠨ ᠪᠣᠱᠣᠭ᠎ᠠ ᠶ᠋ᠢ ᠠᠯᠬᠤᠵᠤ
ᠪᠦᠯᠦᠭ ᠴᠦᠯᠦᠭ ᠣᠳᠣ ᠲᠠᠢ ᠦᠦᠷ ᠴᠦᠦᠷ ᠦ᠋ᠨ ᠵᠥᠷᠢᠭ ᠢ᠋ᠶ᠋ᠡᠷ
ᠰᠢᠯᠦᠭ ᠨᠣᠢᠷ ᠤ᠋ᠨ ᠳᠤᠮᠳᠠ ᠮᠢᠨᠢ ᠪᠠᠭᠤᠵᠤ ᠨᠢᠭᠡᠨ ᠢᠷᠡᠭᠡᠷᠡᠢ
ᠬᠠᠮᠤᠭ ᠤ᠋ᠨ ᠳᠥᠮᠥᠬᠡᠷ ᠪᠢᠴᠢᠭᠰᠡᠨ ᠮᠥᠷ ᠦ᠋ᠳ ᠢ᠋ᠶ᠋ᠡᠷ ᠮᠢᠨᠢ
ᠬᠠᠮᠢᠭᠠᠬᠢ ᠶ᠋ᠢᠨ ᠴᠦ᠍ ᠯᠠᠩᠭᠦᠢ ᠳ᠋ᠦ᠍ ᠪᠠᠢᠬᠤ ᠦᠭᠡᠢ ᠪᠠᠭᠤᠪᠴᠢ ᠳᠠᠪᠲᠠᠵᠤ ᠵᠡᠭᠦᠭᠡᠷᠡᠢ
ᠤᠶᠠᠷᠠᠯ ᠰᠠᠨᠠᠭᠠᠰᠢᠷᠠᠯ ᠪᠦᠬᠦᠨ ᠢ᠋ᠶ᠋ᠡᠷ ᠮᠢᠨᠢ ᠮᠢᠨᠳᠠᠰᠤᠨ ᠲᠦᠭᠦᠳᠡᠭ ᠵᠡᠬᠡᠵᠦ
ᠤᠲᠠᠰᠤ ᠪᠣᠯᠭᠠᠵᠤ ᠨᠡᠢᠳᠬᠡᠨ᠂ ᠭᠣᠶᠣᠯᠠᠯ ᠶᠤᠭᠠᠨ ᠣᠶᠣᠭᠠᠷᠠᠢ᠃
ᠵᠢᠷᠦᠬᠡᠨ ᠪᠣᠳᠣᠯ ᠤ᠋ᠨ ᠳᠠᠭᠤᠤ ᠰᠢᠩᠭᠡᠭᠰᠡᠨ ᠪᠠᠳᠠᠭ ᠢ᠋ᠶ᠋ᠠᠷ ᠮᠢᠨᠢ
ᠵᠦᠯᠭᠦᠨ ᠵᠦᠯᠭᠦᠨ ᠡᠭᠡᠮᠦᠭ ᠶᠦ᠍ᠭᠡᠨ ᠵᠡᠬᠡᠭᠡᠷᠡᠢ ᠰᠢᠯᠢᠭᠡᠷᠡᠢ
ᠵᠦᠮᠪᠦᠷᠢᠯᠡᠵᠦ ᠲᠤᠰᠤᠭᠰᠠᠨ ᠨᠢᠯᠪᠤᠰᠤ ᠶ᠋ᠢ ᠮᠢᠨᠢ ᠬᠡᠯᠬᠢᠨ ᠬᠡᠯᠬᠢᠨ
ᠵᠡᠭᠦᠵᠦ ᠦᠵᠡᠭᠡᠷᠡᠢ᠂ ᠬᠤᠨ ᠴᠠᠭᠠᠨ ᠬᠦᠵᠦᠭᠦᠨ ᠳ᠋ᠡᠭᠡᠨ᠂ ᠰᠤᠪᠤᠳ ᠤ᠋ᠨ ᠮᠡᠲᠦ ᠯᠡ᠃
ᠡᠭᠡᠯ ᠭᠠᠤᠯᠢᠨ ᠲᠦᠯᠬᠢᠭᠦᠷ ᠪᠢᠰᠢ᠂ ᠢᠳᠡ ᠰᠢᠳᠢ ᠶ᠋ᠢᠨ ᠲᠦᠯᠬᠢᠭᠦᠷ ᠢ᠋ᠶ᠋ᠡᠷ ᠢ᠋ᠶ᠋ᠡᠨ
ᠡᠷᠭᠢᠵᠦ ᠬᠥᠷᠪᠡᠭᠡᠬᠦ ᠬᠣᠨᠣᠭ ᠤ᠋ᠨ ᠠᠯᠢ ᠳᠤᠷᠠᠲᠠᠢ ᠴᠠᠭ ᠲᠠᠭᠠᠨ
ᠡᠨᠡᠬᠡᠨ ᠮᠢᠨᠦ ᠴᠡᠭᠡᠵᠢᠨ ᠦ᠌ ᠭᠦᠨ ᠳ᠋ᠦ᠍ ᠨᠢᠭᠤᠨ ᠨᠢᠭᠤᠭᠰᠠᠨ
ᠡᠷᠳᠡᠨᠢ ᠳᠦᠭᠦᠷᠡᠩ ᠬᠠᠢᠷᠴᠠᠭ ᠢ᠋ ᠨᠡᠭᠡᠭᠡᠨ ᠨᠡᠭᠡᠭᠡᠭᠡᠷᠡᠢ ᠯᠡ ᠳᠡ᠃
ᠣᠷᠭᠢᠯ ᠳ᠋ᠤᠨᠢ ᠪᠢ᠂ ᠠᠮᠢᠳᠤ ᠶ᠋ᠢᠨ ᠵᠢᠷᠭᠠᠯ ᠪᠦᠬᠦᠨ ᠢ᠋ ᠭᠤᠶᠤᠬᠤ ᠦᠭᠡᠢ᠂
ᠣᠷᠴᠢᠯᠠᠩ ᠡᠴᠡ ᠬᠠᠯᠢᠬᠤ ᠡᠳᠦᠷ ᠢ᠋ ᠮᠢᠨᠢ ᠬᠦᠷᠲᠡᠯ᠎ᠡ ᠵᠥᠪᠬᠡᠨ
ᠬᠠᠨ ᠠᠭᠤᠯᠠ ᠮᠢᠨᠢ᠂ ᠦᠵᠦᠭ ᠴᠠᠭᠠᠰᠤ ᠮᠢᠨᠢ ᠯᠡ ᠪᠠᠢᠵᠤ ᠪᠠᠢᠭ
ᠬᠠᠷᠠᠩᠭᠤᠢ ᠰᠥᠨᠢ ᠰᠢᠭ ᠬᠡᠪᠡᠨᠡᠭ᠂ ᠨᠢᠭᠡ ᠦᠦᠷ ᠦ᠋ᠨ ᠭᠡᠭᠡ ᠰᠢᠭ ᠴᠢ ᠮᠢᠨᠢ ᠯᠡ ᠪᠠᠢᠵᠤ ᠪᠠᠢᠭ᠃
※ ※ ※
ᠦᠨᠡᠬᠡᠷ ᠢᠩᠭᠢᠵᠦ ᠪᠣᠯᠳᠠᠭ ᠰᠠᠨ ᠪᠣᠯ ᠬᠦ
ᠡᠭᠦᠳᠡᠨ ᠳ᠋ᠦ᠍ ᠴᠢᠨᠢ ᠬᠠᠷᠠᠭᠤᠯ ᠪᠣᠯᠤᠨ ᠵᠣᠭᠰᠣᠭᠠᠳ
ᠦᠦᠷ ᠡᠴᠡ᠂ ᠦᠦᠷ ᠴᠠᠢᠲᠠᠯ᠎ᠠ ᠵᠣᠷᠴᠢᠬᠤ ᠪᠦᠬᠦᠨ ᠢ᠋
ᠦᠵᠡᠵᠦ ᠨᠢᠭᠲᠠᠯᠠᠵᠤ ᠣᠷᠣᠭᠤᠯᠬᠤ ᠶᠤᠮᠰᠠᠨ᠃
ᠬᠠᠮᠤᠭ ᠤ᠋ᠨ ᠲᠦᠷᠦᠭᠦᠨ ᠳ᠋ᠦ᠍ ᠭᠡᠷᠡᠯᠲᠦ ᠴᠠᠭᠠᠨ ᠮᠣᠷᠢᠲᠠᠢ
ᠬᠠᠯᠠᠭᠤᠨ ᠨᠦᠰᠡᠷ ᠦᠨᠡᠮᠯᠡᠭᠦᠲᠦ ᠡᠳᠦᠷ ᠢ᠋ ᠣᠷᠣᠭᠤᠯᠤᠨ᠎ᠠ᠂
ᠬᠠᠪᠢᠷᠭᠠᠨ ᠰᠠᠷᠠᠨ ᠫᠢᠶᠣᠣᠲᠤ᠂ ᠣᠳᠣᠲᠤ ᠲᠣᠷᠭᠠᠨ ᠨᠥᠮᠥᠷᠭᠡ ᠲᠡᠢ
ᠬᠠᠷ᠎ᠠ ᠬᠢᠯᠢᠩ ᠮᠣᠷᠢᠲᠤ ᠰᠥᠨᠢ ᠶ᠋ᠢ ᠪᠠᠰᠠ ᠣᠷᠣᠭᠤᠯᠤᠨ᠎ᠠ
ᠠᠷᠢᠭᠤᠬᠠᠨ ᠬᠠᠪᠤᠷ ᠤ᠋ᠨ ᠨᠠᠷᠠ ᠶ᠋ᠢ ᠪᠢ ᠪᠠᠰᠠ ᠣᠷᠣᠭᠤᠯᠤᠨ᠎ᠠ
ᠠᠮᠤᠭᠤᠯᠠᠩ ᠰᠥᠨᠢ ᠳᠦᠯᠢ ᠶ᠋ᠢ ᠪᠠᠰᠠ ᠶᠠᠭᠠᠷᠠᠨ ᠣᠷᠣᠭᠤᠯᠤᠨ᠎ᠠ
ᠠᠮᠠᠷᠠᠭ ᠴᠢᠨᠦ ᠴᠣᠩᠬᠣᠨ ᠲᠤᠰᠢᠶ᠎ᠠ ᠡᠭᠦᠷ ᠢ᠋ᠶ᠋ᠡᠨ ᠵᠠᠰᠠᠵᠤ
ᠠᠶ᠎ᠠ ᠬᠥᠭ ᠡᠷᠭᠦᠵᠦ ᠰᠢᠪᠠᠭᠤ ᠵᠢᠷᠭᠢᠬᠦ ᠶ᠋ᠢ ᠪᠢ ᠵᠥᠪᠰᠢᠶᠡᠷᠡᠨ᠎ᠡ
ᠠᠯᠲᠠᠨ ᠭᠤᠷᠭᠤᠤᠯᠳᠠᠢ ᠤᠯᠢᠶᠠᠩᠭᠠᠷ ᠤ᠋ᠨ ᠮᠥᠴᠢᠷ ᠲᠦ᠍ ᠰᠠᠭᠤᠭ
ᠠᠳᠠᠭ ᠤ᠋ᠨ ᠬᠡᠷᠢᠶ᠎ᠡ ᠤᠯᠠ ᠮᠥᠷ ᠦᠭᠡᠢ ᠵᠠᠢᠯᠠᠭ
ᠪᠦᠯᠢᠶᠡᠬᠡᠨ ᠪᠣᠷᠣᠭ᠎ᠠ ᠭᠠᠵᠠᠷ ᠪᠣᠯᠤᠭᠠᠳ ᠳᠡᠭᠡᠪᠦᠷ ᠳᠡᠭᠡᠷ᠎ᠡ
ᠪᠦᠬᠦᠯᠢ ᠰᠥᠨᠢ ᠳ᠋ᠡᠭᠡᠨ ᠠᠭᠤᠯᠠ ᠶ᠋ᠢᠨ ᠪᠥᠵᠢᠭ ᠲᠣᠪᠰᠢᠭ᠃
ᠡᠷᠲᠡ ᠪᠣᠰᠴᠤ ᠪᠢ᠂ ᠴᠠᠭ ᠠᠭᠠᠷ ᠲᠤ᠌ ᠵᠠᠬᠢᠷᠤᠮᠵᠢ ᠥᠭᠭᠦᠨ᠎ᠡ
ᠡᠩᠬᠦᠷᠡᠢ ᠴᠢᠨᠦ ᠡᠭᠦᠳᠡ ᠤᠷᠤᠭᠤ ᠭᠣᠷᠣᠬ᠎ᠠ ᠶ᠋ᠢᠨ ᠤᠰᠤ ᠶ᠋ᠢ ᠶᠠᠭᠠᠷᠠᠭᠤᠯᠤᠨᠠ᠃
ᠠᠯᠲᠠᠨ ᠨᠠᠷᠠᠨ ᠤ᠋ ᠰᠠᠴᠤᠷᠠᠭ ᠢ᠋ᠶ᠋ᠠᠷ ᠱᠦᠭᠦᠷ ᠬᠢᠵᠦ
ᠠᠭᠠᠳᠠᠷ ᠤ᠋ᠨ ᠡᠭᠦᠯᠡ ᠰᠡᠯᠲᠡ ᠶ᠋ᠢ ᠵᠠᠢᠯᠠᠭᠤᠯᠤᠨ ᠠᠷᠴᠢᠨ᠎ᠠ᠃
ᠤᠷᠢᠬᠠᠨ ᠨᠠᠮᠤᠷ ᠢ᠋ ᠳᠦᠭᠦᠷᠡᠩ ᠳᠣᠮᠪᠣ ᠲᠠᠢ ᠨᠢ
ᠤᠳᠠᠭᠠᠨ ᠰᠠᠭᠠᠲᠠᠭᠤᠯᠤᠯ ᠦᠭᠡᠢ ᠴᠢᠮ᠎ᠠ ᠳ᠋ᠠᠭᠠᠨ ᠣᠴᠢᠭᠤᠯᠤᠨ᠎ᠠ
ᠤᠶᠠᠬᠠᠨ ᠬᠠᠪᠤᠷ ᠤ᠋ᠨ ᠢᠲᠡᠭᠡᠯ | ᠪᠠᠶᠠᠷ ᠡᠪᠦᠷᠯᠡᠭᠰᠡᠨ
ᠠᠭᠤᠷ ᠴᠠᠭᠠᠨ ᠡᠪᠦᠯ ᠢ᠋ ᠰᠠᠭᠰᠤ ᠲᠠᠢ ᠨᠢ ᠣᠷᠣᠭᠤᠯᠤᠨ᠎ᠠ᠃
ᠴᠠᠩ ᠬᠢᠷᠠᠭᠤ᠂ ᠬᠢᠷᠢ ᠬᠡᠮᠵᠢᠶ᠎ᠡ ᠳ᠋ᠡᠭᠡᠨ ᠪᠠᠢᠭ
ᠴᠠᠰᠤ ᠶᠠᠭᠠᠬᠢᠬᠤ ᠪᠣᠢ᠂ ᠡᠯᠡᠰᠦᠨ ᠰᠢᠬᠢᠷ ᠰᠢᠭ ᠴᠡᠢᠭ
ᠡᠳᠦᠷ ᠴᠢᠮᠠᠶ᠋ᠢ ᠭᠡᠷ ᠡᠴᠡ ᠪᠡᠨ ᠭᠠᠷᠤᠨ ᠭᠤᠩᠬᠠᠬᠤ ᠳ᠋ᠤ᠌
ᠥᠯᠮᠡᠢ ᠳᠣᠣᠷ᠎ᠠ ᠨᠢ ᠴᠠᠬᠢᠷ ᠴᠠᠬᠢᠷ ᠲᠣᠭᠠᠷᠳᠠᠭ᠃
ᠭᠡᠨᠡᠬᠡᠨ ᠬᠣᠩᠭᠣᠷ ᠴᠢᠨᠦ ᠮᠢᠨᠢ ᠡᠭᠦᠳᠡ ᠤᠷᠤᠭᠤ
ᠭᠡᠨᠡᠳᠡᠵᠦ ᠢᠷᠡᠭᠰᠡᠨ ᠭᠠᠢ ᠲᠣᠳᠬᠠᠷ ᠪᠦᠬᠦᠨ ᠦ᠌
ᠭᠡᠮ ᠦᠭᠡᠢ ᠴᠠᠷᠠᠢᠯᠠᠵᠣ ᠦᠵᠡᠭᠦᠯᠬᠦ ᠬᠢᠮᠡᠯ ᠫᠢᠶᠣᠣ ᠶ᠋ᠢ ᠨᠢ
ᠭᠡᠳᠡᠷᠭᠦ ᠨᠢ ᠪᠢ ᠬᠠᠰᠢᠶᠠᠨ ᠤ᠋ ᠡᠭᠦᠳᠡᠨ ᠡᠴᠡ ᠪᠤᠴᠠᠭᠠᠨ᠎ᠠ᠃
ᠰᠢᠨᠤᠯ ᠭᠤᠸᠠᠢ ᠶ᠋ᠢ ᠪᠠᠰᠠ᠂ ᠠᠴᠢᠵᠤ ᠢᠷᠡᠭᠰᠡᠨ ᠠᠴᠢᠶ᠎ᠠ ᠲᠠᠢ ᠨᠢ
ᠱᠤᠯᠤᠮ ᠴᠢᠳᠬᠥᠷ ᠤᠷᠤᠭᠤ ᠨᠢ ᠦᠯᠳᠡᠨ ᠬᠥᠭᠡᠭᠡᠨ᠎ᠡ᠃
ᠰᠢᠩᠬᠤᠨ ᠠᠯᠲᠠᠨ ᠮᠠᠨᠳᠠᠳᠣ ᠲᠠᠢ ᠬᠠᠷ᠎ᠠ ᠬᠣᠷᠣᠨ ᠰᠠᠨᠠᠭ᠎ᠠ ᠶ᠋ᠢ
ᠰᠢᠳᠤᠷᠭᠤ ᠪᠠᠷ ᠲᠤᠯᠵᠤ ᠣᠷᠣᠭᠣᠯᠣᠯ ᠦᠭᠡᠢ ᠨᠢᠴᠤᠭᠠᠨᠠ᠃
ᠦᠨᠡᠬᠡᠷ ᠴᠢᠨᠦ ᠪᠡᠨ ᠵᠠᠶᠠᠭ᠎ᠠ ᠲᠠᠪᠢᠯᠠᠩ ᠢ᠋ ᠳᠠᠮᠵᠢᠯᠠᠵᠤ
ᠡᠭᠦᠳᠡᠨ ᠳ᠋ᠦ᠍ ᠴᠢᠨᠢ ᠴᠤᠷᠠᠮ ᠬᠢᠯ ᠦᠭᠡᠢ ᠬᠠᠷᠠᠭᠤᠯ ᠬᠠᠷᠠᠵᠤ
ᠦᠦᠷ ᠡᠴᠡ ᠦᠦᠷ ᠴᠠᠢᠲᠠᠯ᠎ᠠ ᠵᠣᠷᠴᠢᠬᠤ ᠪᠦᠬᠦᠨ ᠢ᠋
ᠦᠵᠡᠵᠦ ᠨᠢᠭᠲᠠᠯᠠᠵᠤ ᠣᠷᠣᠭᠤᠯᠬᠤ ᠶᠤᠮᠰᠠᠨ᠃
ᠥᠰᠦᠭᠰᠡᠨ ᠳᠣᠪᠣᠨ ᠳᠡᠭᠡᠷ᠎ᠡ
ᠬᠠᠢᠷᠠᠲᠤ ᠴᠢᠨᠦ ᠮᠢᠨᠢ ᠲᠥᠷᠥᠭᠰᠡᠨ ᠬᠠᠭᠤᠴᠢᠨ ᠪᠠᠢᠰᠢᠩ
ᠬᠠᠮᠢᠭᠠᠬᠢ ᠶ᠋ᠢᠨ ᠴᠦ᠍ ᠣᠷᠳᠣᠨ ᠡᠴᠡ ᠬᠠᠪᠢ ᠦᠭᠡᠢ ᠢᠯᠡᠭᠦᠦ ᠰᠠᠨᠠᠭᠳᠠᠨᠠᠮ
ᠨᠠᠮᠬᠠᠨ ᠬᠣᠶᠠᠷ ᠯᠢᠷ ᠦ᠋ᠨ ᠮᠣᠳᠣ ᠴᠣᠩᠬᠣᠨ ᠳᠣᠣᠷ᠎ᠠ ᠴᠢᠨᠢ ᠬᠠᠷᠠᠭᠳᠠᠨᠠᠮ
ᠨᠠᠮᠠᠶ᠋ᠢ ᠴᠢᠭᠯᠡᠭᠰᠡᠨ ᠨᠦᠰᠡᠷ ᠴᠡᠴᠢᠷᠯᠢᠭ ᠰᠢᠭ ᠰᠠᠨᠠᠭᠳᠠᠨᠠᠮ᠃
ᠦᠦᠷ ᠢ᠋ ᠤᠭᠲᠤᠨ ᠲᠣᠷᠣᠭᠰᠢᠯᠠᠭᠰᠠᠨᠨ ᠬᠠᠨᠠᠨ ᠬᠠᠳᠠᠨ ᠳᠡᠭᠡᠷ᠎ᠡ ᠡᠴᠡ
ᠦᠵᠡᠲᠡᠯ᠎ᠡ ᠨᠠᠷᠢᠬᠠᠨ ᠲᠠᠬᠢᠷ ᠭᠤᠲᠤᠮ ᠢ᠋ ᠬᠠᠷᠠᠵᠤ ᠪᠠᠢᠨᠠᠮ
ᠠᠮᠰᠠᠵᠤ ᠥᠩᠭᠡᠷᠡᠭᠰᠡᠨ ᠠᠬᠤᠢ ᠶᠢᠷᠲᠢᠨᠴᠦ ᠶ᠋ᠢ ᠮᠢᠨᠢ ᠠᠭᠤᠯᠤᠭᠰᠠᠨ
ᠠᠭᠤᠤ ᠨᠠᠨᠳᠢᠨ ᠦᠨᠡᠲᠦ ᠮᠦᠽᠧᠢ ᠭᠡᠭᠴᠢ ᠡᠨᠡ ᠪᠠᠢᠨ᠎ᠠ᠃
ᠡᠨᠡᠬᠡᠨ ᠬᠠᠪᠢᠴᠠᠭ᠎ᠠ ᠴᠢ ᠮᠢᠨᠢ ᠬᠥᠯ ᠨᠢᠴᠦᠭᠦᠨ ᠭᠦᠶᠦᠳᠡᠭ ᠰᠠᠨ
ᠡᠩᠭᠡᠷ ᠦ᠋ᠨ ᠵᠦᠯᠭᠡᠨ ᠳ᠋ᠦ᠍ ᠴᠢ ᠮᠢᠨᠢ ᠬᠤᠷᠠᠭ᠎ᠠ ᠰᠢᠭ᠋ ᠲᠣᠩᠭᠣᠴᠢᠳᠠᠭ ᠰᠠᠨ
ᠠᠯᠠᠭ ᠴᠡᠴᠡᠭ ᠲᠡᠭᠦᠵᠦ ᠤᠰᠤᠨ ᠳ᠋ᠤ᠌ ᠴᠢ ᠤᠮᠪᠠᠳᠠᠭ ᠰᠠᠨ᠁
ᠠᠶ᠎ᠠ᠂ ᠬᠡᠨ ᠦ᠌ ᠯᠡ ᠦᠷ᠎ᠡ᠂ ᠣᠳᠣ ᠲᠡᠨᠳᠡ ᠴᠡᠴᠡᠭ ᠲᠡᠭᠦᠨᠡᠮ ᠪᠣᠢ?
ᠠᠩᠭᠢ ᠴᠢᠨᠢ ᠡᠨᠡ ᠪᠠᠢᠨ᠎ᠠ᠂ ᠰᠢᠷᠡᠭᠡ ᠨᠤᠬᠥᠳ ᠨᠢ ᠬᠤᠷᠢᠶᠠᠯᠲᠠᠲᠠᠢ
ᠠᠯᠢᠨ ᠳ᠋ᠤ᠌ ᠴᠢ ᠮᠢᠨᠢ ᠰᠠᠭᠤᠵᠤ᠂ ᠬᠠᠮᠢᠭᠠᠬᠠᠨ ᠨᠢ ᠪᠠᠢᠯ᠎ᠠ ᠳᠠ?
ᠰᠠᠮᠪᠠᠷ᠎ᠠ ᠶ᠋ᠢᠨ ᠬᠢᠨᠢ ᠡᠮᠦᠨ᠎ᠡ ᠣᠴᠢᠯ᠎ᠠ᠂ ᠭᠠᠷ ᠲᠠᠭᠠᠨ ᠴᠠᠷᠳ᠋ ᠠᠪᠤᠯ᠎ᠠ
ᠰᠠᠢᠨ ᠬᠠᠨᠢ ᠴᠢᠮᠠᠶ᠋ᠢ ᠪᠠᠨ ᠳᠠᠭᠤᠷᠢᠶᠠᠯ᠎ᠠ᠂ ᠭᠡᠪᠡᠴᠦ ᠪᠢᠴᠢᠭᠰᠡᠨ ᠦᠭᠡᠢ
ᠠᠷᠠᠢ ᠭᠡᠵᠦ ᠲᠡᠨᠳᠡ ᠡᠴᠡ ᠨᠠᠮᠠᠶ᠋ᠢ ᠭᠠᠷᠤᠭᠠᠳ ᠶᠠᠪᠤᠲᠠᠯ᠎ᠠ
ᠠᠩᠭᠢ ᠳ᠋ᠠᠭᠠᠨ ᠴᠢ ᠮᠢᠨᠢ ᠣᠷᠣᠵᠤ ᠶᠠᠪᠤᠬᠤ ᠰᠢᠭ᠋ ᠰᠠᠨᠠᠭᠳᠠᠪᠠ᠃
ᠭᠠᠭᠴᠠᠬᠠᠨ ᠲᠥᠭᠡ ᠭᠡᠵᠢᠭᠡ ᠨᠢ ᠰᠡᠷᠪᠡᠭᠡᠨ ᠳᠡᠭᠡᠷ᠎ᠡ ᠪᠡᠨ ᠭᠣᠳᠣᠭᠣᠨᠠᠵᠤ
ᠭᠠᠯᠰᠲ᠋ᠤᠺ ᠨᠢ ᠭᠠᠯ ᠳᠥᠯᠥ ᠰᠢᠭ ᠤᠯᠠᠯᠵᠠᠨ ᠬᠠᠷᠠᠭᠳᠠᠪᠠ᠂
ᠬᠠᠢᠷᠠᠲᠠᠢ ᠴᠢᠨᠦ ᠪᠡᠨ ᠪᠠᠭ᠎ᠠ ᠨᠠᠰᠤ ᠶ᠋ᠢ ᠡᠷᠭᠢᠨ ᠬᠠᠷᠠᠵᠤ
ᠬᠠᠷᠠᠭ᠎ᠠ ᠶᠤᠭᠠᠨ ᠰᠠᠯᠭᠠᠵᠤ ᠴᠢᠳᠠᠯ ᠦᠭᠡᠢ ᠤᠳᠠᠲᠠᠯ᠎ᠠ ᠵᠣᠭᠰᠣᠯ᠎ᠠ᠃
※ ※ ※
ᠳᠠᠰᠤᠭᠰᠠᠨ ᠴᠢᠨᠦ ᠪᠡᠨ ᠡᠩᠬᠡ ᠶ᠋ᠢᠨ ᠲᠥᠯᠥᠭᠡ ᠤᠤᠭᠤᠪᠠ
ᠳᠠᠩᠴᠤ ᠰᠣᠭᠣᠭ ᠦᠭᠡᠢ ᠪᠠᠢᠭᠠᠰᠠᠢ ᠭᠡᠵᠦ ᠤᠤᠭᠤᠪᠠ
ᠲᠠᠰᠢᠷᠠᠮ ᠳ᠋ᠤᠨᠢ ᠰᠢᠯ ᠦ᠋ᠨ ᠠᠶᠠᠭ᠎ᠠ ᠪᠠᠨ ᠬᠠᠭ᠎ᠠ ᠤᠤᠭᠤᠪᠠ ᠯᠠ
ᠳᠠᠪ ᠬᠢᠵᠦ ᠴᠢ ᠠᠢᠬᠤᠪᠲᠤᠷ ᠮᠠᠭᠤᠬᠠᠢ ᠬᠠᠷᠠᠪᠠ᠃
ᠵᠢᠷ ᠦ᠋ᠨ ᠰᠢᠯ ᠪᠢᠰᠢ᠂ ᠪᠢ ᠥᠪᠡᠷ ᠢ᠋ᠶ᠋ᠡᠨ
ᠵᠢᠵᠢᠭ ᠵᠢᠵᠢᠭ ᠢ᠋ᠶ᠋ᠡᠷ ᠪᠤᠲᠠ ᠦᠰᠦᠷᠦᠭᠰᠡᠨ ᠰᠢᠭ
ᠵᠢᠩᠬᠢᠨᠢ ᠵᠢᠷᠦᠬᠡ ᠮᠢᠨᠢ ᠬᠠᠭ᠎ᠠ ᠤᠨᠠᠵᠤ᠂ ᠴᠢ
ᠵᠢᠱᠢᠮ ᠦᠭᠡᠢ ᠪᠠᠢᠬᠤ ᠰᠢᠭ᠋ ᠰᠠᠨᠠᠭᠳᠠᠪᠠ ᠯᠠ᠃
ᠴᠢ ᠮᠡᠳᠡᠭᠡ ᠦᠭᠡᠢ ᠨᠢ ᠪᠣᠯᠬᠤ ᠡᠴᠡ᠂ ᠡᠨᠡ
ᠴᠢᠩ ᠵᠢᠷᠦᠬᠡ ᠰᠢᠦ᠂ ᠪᠣᠰᠢᠭᠣ ᠲᠡᠭᠦᠵᠦ ᠠᠪ
ᠴᠢᠬᠢᠨ ᠦ᠌ ᠪᠡᠨ ᠡᠭᠡᠮᠦᠭ ᠢ᠋ ᠠᠪᠴᠤ ᠲᠠᠯᠪᠢᠴᠢᠬᠠᠭᠠᠳ
ᠴᠢᠮᠡᠭᠡ ᠲᠦᠭᠰᠢᠶᠡ ᠶ᠋ᠢ ᠨᠢ ᠴᠢᠩᠨᠠᠵᠤ ᠠᠪ᠃
ᠳᠤᠭᠤᠯᠳᠠᠨ᠎ᠠ ᠤᠤ? ᠴᠣᠬᠢᠯᠲᠠ ᠪᠦᠬᠦᠨ ᠢ᠋ᠶ᠋ᠡᠷ ᠢ᠋ᠶ᠋ᠡᠨ
ᠳᠤᠷᠠᠳᠴᠤ 《ᠠᠶ᠎ᠠ ᠶᠠᠭᠤᠮᠠᠨ ᠤ᠋ ᠤᠴᠢᠷ ᠮᠡᠳᠡᠬᠦ ᠦᠭᠡᠢ
ᠠᠯᠳᠠᠷᠠᠢ ᠮᠢᠨᠢ ᠳᠡ᠂ ᠪᠢ ᠴᠢᠨᠢ ᠭᠣᠮᠣᠳᠠᠭᠠᠳ
ᠠᠶᠠᠭ᠎ᠠ ᠰᠢᠭ᠋ ᠬᠠᠭ᠎ᠠ ᠦᠰᠦᠷᠦᠯᠡ》 ᠭᠡᠵᠦ ᠪᠠᠢᠨ᠎ᠠ᠃
ᠠᠶᠠᠭ᠎ᠠ ᠶᠠᠭᠠᠬᠢᠬᠤ ᠪᠣᠢ᠂ ᠬᠠᠭᠠᠷᠠᠭᠠ ᠯᠠ ᠪᠢᠵᠡ
ᠠᠬᠢᠭᠠᠳ ᠰᠢᠨ᠎ᠡ ᠶ᠋ᠢ ᠠᠪᠴᠤ ᠪᠣᠯᠤᠨ᠎ᠠ ᠰᠢᠦ ᠳᠡ
ᠠᠯᠠᠭ ᠵᠢᠷᠦᠬᠡ ᠪᠡᠨ ᠪᠤᠲᠠ ᠤᠨᠠᠭᠠᠵᠤ ᠣᠷᠬᠢᠪᠠᠯ
ᠠᠯᠢ ᠭᠠᠵᠠᠷ ᠤ᠋ᠨ ᠳᠠᠷᠬᠠᠨ ᠬᠢᠵᠦ ᠥᠭᠬᠦᠶᠤᠮ ᠪᠣᠯ?
※ ※ ※
ᠥᠨᠥᠳᠥᠷ ᠠᠨᠠᠢ ᠯᠠ ᠴᠠᠰᠤ
ᠡᠪᠦᠯ ᠦ᠋ᠨ ᠴᠣᠩᠬᠢᠭᠠᠷ ᠨᠠᠷᠠ
ᠬᠣᠩᠭᠣᠷ ᠮᠢᠨᠢ ᠳᠤᠯᠠᠭᠠᠨ ᠠᠯᠴᠢᠭᠤᠷ ᠪᠤᠭᠤ
ᠬᠣᠶᠠᠭᠤᠯᠠ ᠡᠳᠦᠷ ᠦ᠋ᠨ ᠳᠠᠭᠤᠰᠤᠨ ᠶᠠᠪᠤᠶ᠎ᠠ᠂
ᠬᠣᠯᠠ ᠶ᠋ᠢᠨ ᠨᠠᠷᠠᠰᠤᠨ ᠣᠢ ᠳ᠋ᠤ᠌ ᠣᠴᠢᠶ᠎ᠠ᠃
ᠴᠢᠮᠡᠭᠡ ᠲᠡᠳᠦᠢ ᠴᠦ᠍ ᠰᠠᠯᠬᠢ ᠦᠭᠡᠢ
ᠴᠢᠬᠢ ᠬᠤᠯᠤᠭᠤ ᠳ᠋ᠤ᠌ ᠠᠵᠢᠷᠠᠶᠠ
ᠨᠠᠮ ᠭᠦᠮ ᠢ᠋ ᠨᠢ ᠡᠪᠳᠡᠬᠦ ᠦᠭᠡᠢ ᠭᠡᠵᠦ
ᠨᠠᠢᠯᠵᠠᠭᠤᠷ ᠮᠥᠴᠢᠷ ᠢ᠋ ᠨᠢ ᠬᠥᠨᠳᠡᠬᠦ ᠦᠭᠡᠢ ᠭᠡᠵᠦ
ᠨᠠᠷᠢᠬᠠᠨ ᠵᠥᠷᠢᠭ ᠢ᠋ᠶ᠋ᠡᠨ ᠲᠠᠬᠢᠷᠯᠠᠶᠠ᠃
ᠴᠠᠭᠠᠨ ᠬᠢᠯᠠᠭ᠎ᠠ ᠭᠡᠵᠢᠭᠡᠨ ᠳᠡᠭᠡᠷ᠎ᠡ ᠪᠦᠷᠬᠦᠪᠡᠴᠦ
ᠴᠠᠰᠤᠨ ᠰᠡᠪᠰᠢᠶ᠎ᠡ ᠮᠥᠷᠦᠨ ᠳᠡᠭᠡᠷ᠎ᠡ ᠪᠥᠵᠢᠪᠡᠴᠦ
ᠳᠤᠯᠠᠭᠠᠨ ᠭᠡᠷ ᠲᠡᠭᠡᠨ ᠣᠷᠣᠬᠤ ᠶ᠋ᠢᠨ ᠴᠠᠭ ᠲᠤ᠌
ᠳᠠᠭᠤᠲᠠᠢ ᠵᠤᠤᠬᠠᠨ ᠳ᠋ᠤ᠌ ᠣᠢᠷᠠᠳᠬᠤ ᠶ᠋ᠢᠨ ᠦᠶ᠎ᠡ ᠳ᠋ᠦ᠍
ᠲᠣᠰᠣᠨ ᠲᠣᠰᠣᠨ ᠬᠠᠢᠯᠬᠤ ᠨᠢ ᠯᠠᠪ
ᠠᠯᠲᠠ ᠭᠡᠵᠢᠭᠡ ᠴᠢᠨᠢ ᠬᠠᠷ᠎ᠠ ᠪᠠᠢᠭ ᠭᠡᠵᠦ
ᠠᠷᠢᠭᠤᠨ ᠢᠨᠢᠶᠡᠳᠦ ᠴᠢᠨᠢ ᠲᠣᠳᠣ ᠪᠠᠢᠭ ᠭᠡᠵᠦ
ᠠᠯᠠᠭ᠎ᠠ ᠪᠠᠷ ᠢ᠋ᠶ᠋ᠠᠨ ᠪᠢ ᠴᠠᠰᠤ ᠶ᠋ᠢ ᠨᠢ ᠬᠠᠢᠯᠤᠭᠤᠯᠪᠠᠰᠤ
ᠥᠩᠬᠥᠷᠢᠭᠰᠡᠨ ᠡᠨᠡ ᠬᠠᠢᠯᠤᠮᠠᠭ ᠳᠤᠰᠤᠯ
ᠪᠥᠮᠪᠥᠷᠢᠭᠰᠡᠨ ᠨᠢᠯᠪᠤᠰᠤ ᠶ᠋ᠢ ᠰᠠᠨᠠᠭᠳᠠᠭᠤᠯᠪᠠ᠃
ᠣᠷᠴᠢᠨ ᠲᠣᠭᠣᠷᠢᠨ ᠲᠤᠩ ᠴᠠᠭᠠᠨ
ᠣᠢ ᠴᠠᠰᠤᠨ ᠳ᠋ᠤ᠌ ᠭᠦᠨ ᠵᠤᠵᠠᠭᠠᠨ᠁
ᠡᠪᠦᠯ ᠦ᠋ᠨ ᠴᠠᠰᠤ ᠮᠥᠩᠬᠡ ᠶᠠᠭᠤᠮ᠎ᠠ ᠪᠢᠰᠢ᠂
ᠥᠭᠡᠷ᠎ᠡ ᠨᠢᠭᠡ ᠴᠠᠭᠠᠨ ᠰᠢᠷᠬᠡᠭ ᠯᠡ
ᠥᠩᠭᠡᠲᠦ ᠦᠰᠦᠨ ᠳ᠋ᠦ᠍ ᠴᠢᠨᠢ ᠪᠤᠤ ᠤᠨᠠᠭᠠᠰᠠᠢ᠃
※ ※ ※
ᠳᠠᠭᠤᠲᠠᠢ ᠱᠤᠤᠳᠠᠢ ᠭᠤᠳᠤᠮᠵᠢ ᠨᠤᠭᠤᠳ
ᠳᠠᠭᠤ ᠪᠠᠨ ᠬᠤᠷᠢᠶᠠᠪᠠ᠂ ᠴᠢᠮᠠᠶ᠋ᠢ ᠶᠠᠪᠤᠴᠢᠬᠠᠬᠤ ᠪᠠᠷ᠂
ᠲᠤᠤᠯᠢᠮ᠎ᠠ ᠺᠠᠰᠫᠢ ᠶ᠋ᠢᠨ ᠤᠰᠤᠨ ᠪᠠᠭᠤᠳᠠᠯ
ᠬᠥᠯ ᠢ᠋ᠶ᠋ᠡᠨ ᠲᠠᠲᠠᠪᠠ᠂ ᠴᠢᠮᠠᠶ᠋ᠢ ᠶᠠᠪᠤᠴᠢᠬᠠᠬᠤ ᠪᠠᠷ᠃
ᠳᠤᠯᠠᠭᠠᠨ ᠴᠡᠩᠭᠡᠭᠦᠨ ᠥᠷᠥᠭᠡ ᠭᠡᠷ
ᠬᠠᠩᠬᠠᠢᠵᠤ ᠬᠥᠩᠬᠥᠢᠪᠡ ᠯᠡ᠂ ᠴᠢᠮᠠᠶ᠋ᠢ ᠶᠠᠪᠤᠴᠢᠬᠠᠬᠤ ᠪᠠᠷ᠃
ᠬᠥᠭᠵᠢᠮ ᠪᠠᠷᠢᠵᠤ ᠳᠠᠭᠤ ᠭᠠᠷᠭᠠᠪᠠᠴᠤ
ᠴᠢ ᠰᠣᠨᠣᠰᠬᠤ ᠪᠠᠷ ᠪᠢᠰᠢ᠂
ᠬᠥᠨᠳᠡᠭᠦᠷ ᠵᠢᠷᠦᠬᠡᠨ ᠦ᠌ ᠭᠤᠨᠢᠯ ᠳᠠᠭᠤᠤ ᠶ᠋ᠢ ᠮᠢᠨᠢ
ᠴᠢ ᠰᠣᠨᠣᠰᠬᠤ ᠪᠠᠷ ᠪᠢᠰᠢ
ᠬᠥᠭ | ᠫᠠᠶᠠᠩ ᠢ᠋ᠶ᠋ᠠᠨ ᠳᠡᠯᠭᠡᠨ ᠳᠠᠭᠤᠯᠠᠪᠠᠴᠤ
ᠴᠢ ᠰᠣᠨᠣᠰᠬᠤ ᠪᠠᠷ ᠪᠢᠰᠢ ᠳᠡ᠃
ᠡᠷᠭᠢᠭᠡᠳ ᠲᠠᠮᠠᠬᠢᠨ ᠳ᠋ᠠᠭᠠᠨ ᠣᠷᠣᠶ᠎ᠠ
ᠴᠢ ᠯᠡ ᠡᠵᠡᠭᠦᠢ ᠡᠴᠡ ᠬᠣᠢᠰᠢ᠂
ᠡᠨᠡ ᠠ᠋ ᠲᠡᠷᠡ ᠠ᠋ ᠦᠭᠡᠢ ᠠᠮᠤᠷ ᠬᠡᠪᠲᠡᠶ᠎ᠡ
ᠴᠢ ᠯᠡ ᠡᠵᠡᠭᠦᠢ ᠡᠴᠡ ᠬᠣᠢᠰᠢ᠂
ᠡᠬᠡᠨᠡᠷ ᠬᠡᠦᠬᠡᠨ ᠨᠤᠬᠥᠳ ᠬᠠᠷᠠᠶ᠎ᠠ
ᠴᠢ ᠯᠡ ᠡᠵᠡᠭᠦᠢ ᠡᠴᠡ ᠬᠣᠢᠰᠢ᠃
ᠪᠠᠭᠤᠳᠠᠯ ᠴᠢᠭᠯᠡᠭᠡᠳ ᠯᠡ ᠣᠴᠢᠬᠤ ᠶᠤᠮ
ᠴᠢ ᠠᠯᠠᠭ᠎ᠠ ᠯᠠ ᠪᠠᠢᠨ᠎ᠠ᠁
ᠰᠠᠭᠤᠳᠠᠯ ᠲᠣᠰᠤᠭᠠᠳ ᠯᠠ ᠣᠴᠢᠬᠤ ᠶᠤᠮ
ᠴᠢ ᠠᠯᠠᠭ᠎ᠠ ᠯᠠ ᠪᠠᠢᠨ᠎ᠠ᠁
ᠰᠢᠭᠤᠳ ᠯᠠ ᠸᠠᠭᠣᠨ ᠤᠷᠤᠭᠤ ᠠᠪᠠᠷᠢᠬᠤ ᠶᠤᠮ
ᠴᠢ ᠠᠯᠠᠭ᠎ᠠ ᠯᠠ ᠪᠠᠢᠨ᠎ᠠ᠁
ᠭᠠᠢᠬᠠᠬᠤ ᠳ᠋ᠠᠭᠠᠨ ᠴᠡᠴᠡᠭ ᠲᠠᠰᠤᠯᠤᠩᠬᠠᠨ
ᠬᠦᠯᠢᠶᠡᠨ᠎ᠡ᠂ ᠬᠦᠯᠢᠶᠡᠨ᠎ᠡ
ᠭᠠᠩᠭᠠᠩ ᠳᠡᠯᠪᠢ ᠶ᠋ᠢ ᠨᠢ ᠤᠷᠠᠩᠬᠠᠨ
ᠬᠦᠯᠢᠶᠡᠨ᠎ᠡ᠂ ᠬᠦᠯᠢᠶᠡᠨ᠎ᠡ᠁
ᠭᠠᠵᠠᠷ ᠭᠡᠳᠡᠭ ᠶᠠᠭᠠᠬᠢᠭᠰᠠᠨ ᠠᠯᠤᠰ ᠪᠣᠢ
ᠬᠦᠯᠢᠶᠡᠨ᠎ᠡ᠂ ᠬᠦᠯᠢᠶᠡᠨᠡᠮ!
ᠬᠣᠯᠪᠣᠭᠠᠨ ᠤ᠋ ᠡᠭᠦᠳᠡ ᠶ᠋ᠢ ᠡᠯᠡᠲᠡᠯ᠎ᠡ
ᠴᠢ ᠪᠢᠴᠢᠬᠦ ᠦᠭᠡᠢᠶᠤᠮ
ᠬᠣᠶᠠᠷᠬᠠᠨ ᠦᠭᠡ ᠴᠦ᠍ ᠭᠡᠯᠡ
ᠴᠢ ᠪᠢᠴᠢᠬᠦ ᠦᠭᠡᠢᠶᠤᠮ
ᠬᠣᠩᠭᠣᠷ ᠢ᠋ ᠪᠡᠨ ᠭᠠᠭᠴᠠᠭᠠᠷ ᠢ᠋ ᠶᠠᠷᠢᠭᠤᠯᠤᠭᠠᠳ ᠯᠠ
ᠴᠢ ᠪᠢᠴᠢᠬᠦ ᠦᠭᠡᠢᠶᠤᠮ᠃
ᠠᠵᠠ ᠵᠢᠷᠭᠠᠯ ᠶᠠᠪᠤᠴᠢᠬᠠᠭᠰᠠᠨ ᠰᠢᠭ᠋ ᠪᠠᠢᠨ᠎ᠠ
ᠴᠢᠮᠠᠶ᠋ᠢ ᠶᠠᠪᠤᠴᠢᠬᠠᠬᠤ ᠪᠠᠷ
ᠠᠢᠯ ᠤ᠋ᠨ ᠪᠦᠰᠡᠭᠦᠢ ᠴᠣᠩᠬᠣ ᠪᠠᠷ ᠬᠠᠷᠠᠵᠤ ᠪᠠᠢᠨ᠎ᠠ
ᠴᠢᠮᠠᠶ᠋ᠢ ᠶᠠᠪᠤᠭᠰᠠᠨ ᠪᠣᠯᠬᠤ ᠪᠠᠷ
ᠠᠷᠭ᠎ᠠ ᠦᠭᠡᠢ ᠶ᠋ᠢᠨ ᠡᠷᠬᠡᠨ ᠳ᠋ᠦ᠍ ᠢᠨᠢᠶᠡᠭᠴᠢ ᠪᠡᠨ ᠪᠣᠯᠪᠠ
ᠴᠢᠮᠠᠶ᠋ᠢ ᠶᠠᠪᠤᠴᠢᠬᠠᠭᠰᠠᠨ ᠪᠣᠯᠬᠤ ᠪᠠᠷ!
ᠠᠯᠲᠠᠨ ᠪᠣᠱᠣᠭ᠎ᠠ ᠴᠢᠨᠢ ᠴᠢᠯᠥᠭᠡᠲᠡᠢ ᠪᠠᠢᠨ᠎ᠠ
ᠬᠡᠵᠢᠶ᠎ᠡ ᠴᠢ ᠮᠢᠨᠢ ᠢᠷᠡᠬᠦᠶᠤᠮ ᠪᠣᠯ?᠁
ᠠᠢᠯ ᠤ᠋ᠨ ᠬᠡᠦᠬᠡᠨ ᠦ᠌ ᠳᠡᠷᠭᠡᠳᠡᠭᠦᠷ ᠭᠤᠩᠬᠠᠶᠠ
ᠬᠡᠵᠢᠶ᠎ᠡ ᠢᠷᠡᠭᠰᠡᠨ ᠴᠠᠭ ᠲᠤ᠌ ᠴᠢᠨᠢ!
ᠠᠷᠢᠭᠤᠨ ᠲᠠᠩᠭᠢᠰ ᠲᠤ᠌ ᠬᠣᠶᠠᠭᠤᠯᠠ ᠵᠣᠷᠴᠢᠶᠠ᠁
ᠬᠡᠵᠢᠶ᠎ᠡ ᠴᠢ ᠮᠢᠨᠢ ᠢᠷᠡᠬᠦᠶᠤᠮ ᠪᠣᠢ?
※ ※ ※
ᠠᠭᠤᠷᠯᠠᠵᠤ ᠵᠢᠮᠡᠯᠡᠬᠦ ᠭᠡᠳ ᠴᠢᠮ᠎ᠠ ᠤᠷᠤᠭᠤ ᠪᠣᠷᠣᠭ᠎ᠠ ᠰᠢᠭ᠋ ᠭᠠᠷᠤᠯ᠎ᠠ
ᠠᠭᠤᠯᠠ ᠶ᠋ᠢᠨ ᠴᠠᠭᠠᠨ᠎ᠠ ᠡᠴᠡ ᠬᠤᠷ᠎ᠠ ᠪᠣᠷᠣᠭ᠎ᠠ ᠠᠢᠰᠤᠢᠬᠤ ᠳ᠋ᠠᠭᠠᠨ
ᠠᠭᠤᠵᠢᠮ ᠲᠩᠷᠢ ᠳ᠋ᠦ᠍ ᠴᠠᠭᠠᠨ ᠡᠭᠦᠯᠡ ᠪᠠᠢᠭᠠᠳ
ᠤᠴᠢᠷ ᠦᠭᠡᠢ ᠥᠨᠳᠥᠷ ᠡᠴᠡ ᠴᠠᠰᠤᠨ ᠪᠣᠯᠵᠤ ᠤᠨᠠᠭᠠᠳ
ᠤᠨᠠᠬᠤ ᠭᠠᠵᠠᠷ ᠢ᠋ᠶ᠋ᠠᠨ ᠬᠦᠷᠦᠯ ᠦᠭᠡᠢ ᠬᠠᠢᠯᠳᠠᠭ ᠰᠢᠦ ᠳᠡ᠃
ᠡᠢᠨ ᠬᠦ᠌ ᠣᠯᠠᠨ ᠶᠠᠪᠤᠭᠰᠠᠨ ᠬᠥᠮᠦᠨ ᠰᠢᠭ ᠢᠷᠡᠯ᠎ᠡ
ᠢᠷᠡᠬᠦ ᠳ᠋ᠡᠭᠡᠨ ᠣᠮᠣᠭ ᠵᠣᠷᠢᠭ ᠶᠡᠬᠡᠲᠡᠢᠬᠡᠨ ᠢᠷᠡᠯ᠎ᠡ
ᠢᠩᠭᠢᠭᠰᠡᠨ ᠴᠢᠨᠢ ᠠᠯᠠᠭᠬᠠᠨ ᠨᠢᠳᠦᠨ ᠦ᠌ ᠬᠢᠨᠢ ᠠᠯᠳᠠᠩᠬᠠᠨ ᠨᠢᠯᠪᠤᠰᠤ
ᠠᠮᠠᠷᠬᠠᠨ ᠠᠮᠠᠷᠬᠠᠨ ᠪᠥᠮᠪᠥᠷᠢᠨᠡᠮ ᠪᠣᠯᠬᠤ ᠪᠠᠷ ᠨᠢ
ᠠᠮᠠᠷᠠᠭ ᠴᠢᠨᠦ ᠣᠷᠣᠨ ᠳ᠋ᠤ᠌ ᠪᠢ ᠥᠪᠡᠷ ᠢ᠋ᠶ᠋ᠡᠨ ᠬᠠᠬᠠᠨ ᠴᠠᠴᠤᠨ ᠮᠡᠩᠳᠡᠪᠡ
ᠰᠡᠩᠳᠡ ᠮᠡᠩᠳᠡ ᠴᠢᠮ᠎ᠠ ᠥᠭᠡᠳᠡ ᠪᠡᠨ ᠤᠬᠤᠰᠬᠢᠵᠦ
ᠰᠠᠢᠬᠠᠨ ᠦᠭᠡ ᠨᠢᠭᠡᠬᠡᠨ ᠢ᠋ ᠴᠦ᠍ ᠬᠡᠯᠡᠶ᠎ᠡ ᠭᠡᠬᠦᠨ᠎ᠡ
ᠰᠠᠴᠢᠢ ᠬᠦᠷᠦᠭᠰᠡᠨ ᠦᠭᠡᠢ᠂ ᠮᠡᠯᠮᠡᠢ ᠶᠦ᠍ᠭᠡᠨ ᠳ᠋ᠦ᠍ ᠴᠢᠨᠢ
ᠠᠰᠤᠷᠤ ᠭᠦᠨᠵᠡᠭᠡᠢ ᠲᠣᠭᠲᠠᠭᠰᠠᠨ ᠲᠠᠩᠭᠢᠰ ᠯᠤᠭ᠎ᠠ
ᠠᠪᠢᠶ᠎ᠠ ᠴᠢᠮᠡᠭᠡ ᠦᠭᠡᠢ ᠣᠢᠵᠤ ᠯᠠ ᠤᠨᠠᠬᠤ ᠨᠢ ᠲᠡᠷᠡ᠃
ᠠᠷᠭ᠎ᠠ ᠲᠠᠰᠤᠷᠠᠵᠤ ᠵᠢᠪᠴᠦ ᠳᠠᠭᠤᠰᠬᠤ ᠶ᠋ᠢᠨ ᠲᠡᠨᠳᠡ
ᠠᠪᠤᠷᠠᠬᠤ ᠪᠦᠰᠡ ᠴᠢ ᠮᠢᠨᠢ ᠨᠠᠳᠠ ᠳ᠋ᠤ᠌ ᠰᠢᠲᠠᠪᠠ ᠠ᠋
ᠠᠶᠤᠬᠤ ᠠᠶᠤᠯ᠂ ᠵᠣᠪᠠᠬᠤ ᠵᠣᠪᠠᠯᠠᠩ ᠦᠭᠡᠢ ᠪᠣᠯᠪᠠ ᠠ᠋
ᠠᠮᠢᠳᠤᠷᠠᠯ ᠢ᠋ ᠮᠢᠨᠢ ᠡᠷᠭᠢᠭᠦᠯᠦᠭᠰᠡᠨ ᠶᠡᠬᠡ ᠬᠥᠮᠦᠨ ᠴᠢᠨᠦ ᠪᠡᠨ
ᠠᠮᠠ ᠶ᠋ᠢ ᠬᠠᠷᠠᠵᠤ ᠪᠢ ᠴᠢᠨᠢ ᠬᠦᠯᠢᠶᠡᠨ ᠰᠠᠭᠤᠨᠠᠮ᠃
※ ※ ※
ᠢᠳᠡ ᠰᠢᠳᠢ᠂ ᠵᠡᠭᠦᠳᠦ ᠵᠦᠩ ᠳ᠋ᠦ᠍ ᠪᠢ ᠦᠨᠡᠮᠰᠢᠳᠡᠭ ᠦᠭᠡᠢ
ᠢᠷᠡᠬᠦ ᠨᠢ ᠪᠣᠯᠤᠭᠰᠠᠨ ᠪᠣᠯ ᠦᠬᠦᠯ ᠥᠪᠡᠷ ᠢ᠋ᠶ᠋ᠡᠨ ᠢᠷᠡᠭ
ᠬᠣᠷᠸ᠎ᠠ ᠡᠴᠡ ᠨᠠᠮᠠᠶ᠋ᠢ ᠠᠪᠠᠴᠢᠪᠠᠯ ᠠᠪᠠᠴᠢᠭ
ᠬᠣᠶᠠᠷ ᠵᠢᠯ ᠦ᠋ᠨ ᠳᠠᠷᠠᠭ᠎ᠠ ᠪᠤᠴᠠᠭᠠᠵᠤ ᠨᠢᠭᠡ ᠶᠠᠪᠤᠭᠤᠯᠤᠭ
ᠦᠯᠡᠳᠡᠭᠡᠭᠰᠡᠨ ᠪᠦᠬᠦᠨ ᠢ᠋ᠶ᠋ᠡᠨ ᠡᠷᠭᠢᠵᠦ ᠬᠠᠷᠠᠬᠤ ᠭᠡᠵᠦ ᠪᠢ
ᠦᠯᠡᠮᠵᠢ ᠶ᠋ᠢᠨ ᠬᠣᠯᠠ ᠡᠴᠡ ᠢᠷᠡᠬᠦ ᠶ᠋ᠢᠨ ᠴᠠᠭ ᠲᠠᠭᠠᠨ
ᠭᠠᠰᠢᠭᠤᠳᠠᠭᠰᠠᠭᠠᠷ ᠪᠠᠢᠪᠠᠯ ᠴᠢᠨᠢ ᠴᠢᠮ᠎ᠠ ᠳ᠋ᠠᠭᠠᠨ ᠦᠯᠡᠳᠡᠨ᠎ᠡ
ᠭᠠᠢᠭᠤᠢ ᠪᠠᠢᠪᠠᠯ ᠴᠢᠨᠢ ᠪᠤᠴᠠᠭᠠᠳ ᠶᠠᠪᠤᠴᠢᠬᠠᠨ᠎ᠠ᠃
※ ※ ※
ᠭᠡᠷᠭᠡᠢ ᠳ᠋ᠡᠭᠡᠨ ᠢᠷᠠᠭᠤ ᠨᠠᠢᠷᠠᠭᠴᠢ ᠰᠢᠯᠦᠭᠯᠡᠨ᠎ᠡ᠄
《ᠭᠡᠷᠡᠯ ᠭᠡᠭᠡ᠂ ᠣᠳᠣᠨ ᠴᠣᠯᠮᠣᠨ ᠮᠡᠯᠮᠡᠢ ᠮᠢᠨᠢ
ᠲᠦᠰᠢᠩᠬᠡᠨ ᠰᠠᠭᠤᠬᠤ ᠡᠴᠡ ᠢᠯᠡᠭᠦᠦ ᠵᠢᠷᠭᠠᠯ ᠦᠭᠡᠢ》 ᠭᠡᠨ᠎ᠡ
《ᠲᠦᠷ ᠴᠦ᠍ ᠭᠡᠰᠡᠨ ᠰᠠᠯᠬᠤ ᠡᠴᠡ ᠢᠯᠡᠭᠦᠦ ᠵᠣᠪᠠᠯᠠᠩ ᠦᠭᠡᠢ ᠯᠡ》 ᠭᠡᠨ᠎ᠡ
ᠭᠡᠷᠡᠯ ᠭᠡᠭᠡ᠂ ᠣᠳᠣᠨ ᠴᠣᠯᠮᠣᠨ ᠨᠢ ᠪᠣᠯᠤᠭᠰᠠᠨ
ᠭᠡᠷᠭᠡᠢ ᠨᠢ ᠲᠡᠭᠡᠲᠡᠯ᠎ᠡ ᠬᠠᠭᠠᠯᠭ᠎ᠠ ᠲᠠᠲᠠᠪᠠ ᠭᠡᠨ᠎ᠡ
《ᠶᠠᠭᠤ ᠪᠠᠨ ᠬᠢᠵᠦ ᠴᠢ ᠰᠡᠭᠦᠳᠡᠭᠡᠨᠡᠭᠡᠳ ᠪᠠᠢᠨ᠎ᠠ ᠠ᠋
ᠶᠠᠭᠤᠮ᠎ᠠ ᠬᠢᠯᠭᠡᠭᠡᠴᠢ!》 ᠭᠡᠵᠦ ᠢᠷᠠᠭᠤ ᠨᠠᠢᠷᠠᠭᠴᠢ ᠬᠠᠰᠬᠢᠷᠪᠠ ᠯᠠ
※ ※ ※
ᠦᠷ᠎ᠡ ᠳ᠋ᠦᠩ ᠦᠭᠡᠢ ᠴᠢ ᠨᠠᠮᠠᠶ᠋ᠢ ᠰᠡᠷᠡᠳᠡᠵᠦ
ᠦᠨᠳᠦᠰᠦ ᠪᠠᠢᠬᠤ ᠦᠭᠡᠢ ᠵᠢᠮᠡᠯᠡᠬᠦᠶᠤᠮ ᠳᠡ
ᠬᠠᠶᠠ ᠴᠢ ᠨᠠᠮᠠᠶ᠋ᠢ ᠭᠣᠮᠣᠳᠠᠭᠠᠬᠤ ᠳ᠋ᠤ᠌
ᠬᠠᠷᠢᠨ ᠪᠢ ᠲᠡᠷᠡ ᠪᠦᠰᠡᠭᠦᠢ ᠶ᠋ᠢ ᠳᠤᠷᠠᠰᠳᠠᠭ ᠪᠠᠢᠬ᠎ᠠ᠃
ᠮᠠᠷᠲᠠᠬᠤ ᠦᠭᠡᠢ ᠴᠦ᠍ ᠭᠡᠯᠡ ᠴᠢ ᠢᠲᠡᠭᠡᠭᠡᠷᠡᠢ
ᠮᠠᠭᠠᠳ ᠲᠡᠷᠡ ᠪᠦᠰᠡᠭᠦᠢ᠂ ᠪᠢᠳᠡᠨ ᠳ᠋ᠦ᠍ ᠭᠠᠢ ᠲᠠᠷᠢᠬᠤ ᠦᠭᠡᠢ
ᠲᠠᠰᠤ ᠬᠥᠨᠳᠡᠯᠡᠨ ᠡᠴᠡ ᠥᠭᠡᠷ᠎ᠡ ᠬᠥᠮᠦᠨ ᠵᠣᠪᠠᠭᠠᠬᠤ ᠴᠠᠭ ᠲᠤ᠌
ᠲᠡᠷᠡ ᠪᠦᠰᠡᠭᠦᠢ ᠨᠠᠮᠠᠶ᠋ᠢ ᠬᠠᠶᠠ ᠰᠠᠨᠠᠳᠠᠭ ᠪᠠᠢᠬ᠎ᠠ᠃
※ ※ ※
《ᠡᠷᠲᠡ ᠢᠷᠡᠭᠰᠡᠨ ᠵᠣᠴᠢᠨ ᠤᠳᠠᠳᠠᠭ ᠦᠭᠡᠢ》 ᠭᠡᠵᠦ
ᠡᠨᠳᠡᠬᠢ ᠨᠤᠲᠤᠭ ᠤ᠋ᠨ ᠬᠢᠨ ᠬᠡᠯᠡᠯᠴᠡᠳᠡᠭᠶᠤᠮ
ᠰᠡᠳᠬᠢᠯ ᠦ᠋ᠨ ᠴᠡᠴᠡᠷᠯᠢᠭ ᠲᠦ᠍ ᠥᠷᠯᠥᠭᠡ ᠢᠷᠡᠭᠰᠡᠨ ᠬᠠᠢᠷ᠎ᠠ ᠳᠤᠷᠠᠯᠠᠯ
ᠰᠡᠷᠢᠭᠦᠨ ᠦᠳᠡᠰᠢ ᠪᠣᠯᠬᠤ ᠳ᠋ᠤ᠌ ᠪᠤᠴᠠᠭ᠎ᠠ ᠦᠭᠡᠢ ᠯᠡ ᠪᠠᠢᠨ᠎ᠠ ᠰᠢᠦ ᠳᠡ
《ᠳᠠᠷᠠᠰᠤ᠂ ᠲᠠᠯᠬ᠎ᠠ ᠪᠠᠨ ᠵᠣᠴᠢᠨ ᠲᠠᠨ᠎ᠠ ᠪᠠᠷᠢᠯ᠎ᠠ
ᠳᠠᠩ ᠤᠳᠠᠯ ᠦᠭᠡᠢ ᠥᠨᠳᠥᠷᠯᠡᠨ᠎ᠡ ᠰᠢᠦ ᠳᠡ》 ᠭᠡᠵᠦ ᠪᠢ ᠬᠡᠯᠡᠯ᠎ᠡ
《ᠢᠯᠡᠭᠦᠦ ᠵᠣᠴᠢᠨ ᠪᠢᠰᠢ᠂ ᠭᠡᠷ ᠦ᠋ᠨ ᠴᠢᠨᠢ ᠡᠵᠡᠭᠲᠡᠢ ᠪᠠᠢᠨ᠎ᠠ》 ᠭᠡᠵᠦ
ᠢᠨᠢᠶᠡᠮᠰᠦᠭᠯᠡᠭᠰᠡᠭᠡᠷ ᠲᠡᠷᠡ᠂ ᠬᠠᠷᠢᠭᠤ ᠬᠡᠯᠡᠳᠡᠭ ᠪᠠᠢᠨ᠎ᠠ᠃
※ ※ ※
ᠵᠢᠭᠦᠷᠲᠡᠨ ᠤᠷᠤᠭᠤ᠂ ᠲᠡᠷᠡ ᠳᠤᠮᠳᠠ ᠪᠠᠨ ᠠᠯᠲᠠᠨ ᠭᠤᠷᠭᠤᠤᠯᠳᠠᠢ ᠤᠷᠤᠭᠤ
ᠵᠢᠵᠢᠭ ᠴᠦ᠍ ᠭᠡᠰᠡᠨ᠂ ᠴᠢᠯᠠᠭᠤ ᠪᠢᠲᠡᠭᠡᠢ ᠰᠢᠳᠡᠵᠦ ᠪᠠᠢ
ᠵᠢᠷ ᠦ᠋ᠨ ᠠᠮᠠᠷᠠᠭ ᠤ᠋ᠨ ᠢ᠋ᠶ᠋ᠠᠨ ᠵᠢᠷᠦᠬᠡ ᠶ᠋ᠢ ᠬᠡᠦᠬᠡᠨ ᠨᠦ᠍ᠭᠦᠳ ᠮᠢᠨᠢ
ᠵᠢᠬᠡᠭᠦᠴᠡᠭᠦᠯᠵᠦ ᠬᠡᠵᠢᠶ᠎ᠡ ᠴᠦ᠍ ᠪᠢᠲᠡᠭᠡᠢ ᠵᠣᠪᠠᠭᠠᠵᠤ ᠪᠠᠢ!
ᠬᠣᠩᠭᠣᠷ ᠮᠢᠨᠢ ᠴᠢ ᠬᠠᠲᠠᠭᠤᠬᠠᠨ ᠪᠠᠢᠭ᠎ᠠ ᠨᠢ ᠡᠨᠡ ᠭᠡᠳ
ᠬᠣᠢᠲᠤᠬᠢ ᠤᠷᠢᠳᠤᠬᠢ ᠪᠠᠨ ᠪᠣᠳᠣᠯ ᠦᠭᠡᠢ ᠦᠭᠡ ᠬᠠᠶᠠ ᠠᠯᠳᠠᠬᠤ ᠶᠤᠮ
ᠰᠢᠷᠦᠭᠦᠨ ᠲᠡᠷᠡ ᠦᠭᠡ ᠴᠢᠨᠢ ᠠᠮᠠᠷᠠᠭ ᠬᠥᠮᠦᠨ ᠦ᠌ ᠵᠢᠷᠦᠬᠡ ᠶ᠋ᠢ
ᠰᠢᠳᠡᠭᠰᠡᠨ ᠴᠢᠯᠠᠭᠤ ᠡᠴᠡ ᠥᠭᠡᠷ᠎ᠡ ᠴᠦ᠍ ᠦᠭᠡᠢ ᠰᠢᠷᠬᠠᠯᠠᠭᠤᠯᠳᠠᠭ ᠶᠤᠮ ᠰᠢᠦ!
※ ※ ※
ᠳᠤᠷ᠎ᠠ ᠰᠡᠳᠬᠢᠯ ᠢ᠋ᠶ᠋ᠡᠨ ᠪᠢ ᠶᠠᠭᠠᠬᠢᠬᠤ ᠶᠤᠮ ᠪᠢᠯᠡ ᠳᠠ?
ᠳᠤᠭᠤᠢ ᠴᠢᠮ᠎ᠠ ᠳ᠋ᠤ᠌ ᠵᠠᠬᠢᠷᠤᠭᠳᠠᠨᠠᠮ ᠪᠢᠰᠢ ᠤᠤ ᠲᠡᠷᠡ
ᠲᠡᠭᠡᠬᠦ ᠳ᠋ᠡᠭᠡᠨ ᠪᠦᠷᠢᠨ ᠵᠠᠬᠢᠷᠬᠤ ᠳ᠋ᠤ᠌ ᠴᠢᠮ᠎ᠠ ᠳ᠋ᠤ᠌ ᠮᠢᠨᠢ ᠬᠡᠴᠡᠭᠦᠦ ᠳᠡ
ᠲᠡᠷᠡ ᠳᠤᠮᠳᠠ ᠪᠠᠨ ᠨᠠᠳᠠ ᠳ᠋ᠤ᠌ ᠪᠦᠷ ᠴᠦ᠍ ᠬᠡᠴᠡᠭᠦᠦ ᠶᠦ᠍ᠮ ᠴᠢᠨᠢ
ᠬᠦᠰᠡᠯ ᠶᠦ᠍ᠭᠡᠨ ᠢ᠋ ᠮᠢᠨᠢ ᠴᠢ ᠪᠠᠯᠴᠢᠷ ᠬᠡᠦᠬᠡᠳ ᠰᠢᠭ
ᠬᠡᠦᠬᠡᠨ ᠵᠢᠭᠠᠬᠠᠨ ᠭᠠᠷ ᠲᠠᠭᠠᠨ ᠰᠠᠶᠢ ᠡᠴᠡ ᠲᠡᠪᠡᠷᠢᠯ᠎ᠡ
ᠲᠡᠪᠡᠷᠢᠭᠡᠳ ᠲᠡᠪᠡᠷᠢᠭᠡᠳ ᠪᠦᠷᠢᠮᠦᠰᠦᠨ ᠪᠠᠷᠢᠵᠤ ᠦᠯᠡᠳᠡᠬᠦ ᠦᠭᠡᠢ
ᠲᠡᠭᠦᠨ ᠢ᠋ ᠴᠢᠨᠢ ᠬᠠᠷᠢᠨ ᠪᠢ ᠯᠡ ᠠᠷᠠᠢ ᠡᠷᠲᠡᠨ ᠡᠴᠡ ᠪᠠᠷᠢᠭᠰᠠᠨ ᠶᠤᠮ᠃
※ ※ ※
ᠪᠤᠭᠤᠳᠠᠢ ᠶ᠋ᠢᠨ ᠲᠠᠷᠢᠶ᠎ᠠ ᠤᠷᠤᠭᠤ ᠭᠠᠭᠴᠠ ᠲᠤᠭᠤᠯ ᠠᠯᠳᠠᠴᠢᠬᠠᠭᠠᠳ
ᠪᠤᠳᠤᠯᠢᠵᠤ ᠡᠳᠦᠷ ᠦ᠋ᠨ ᠳᠠᠭᠤᠰᠤᠨ ᠡᠷᠢᠬᠦ ᠬᠦᠷᠲᠡᠯ᠎ᠡ ᠪᠡᠨ
ᠪᠤᠬᠢᠮᠳᠤᠬᠤ ᠬᠣᠷᠣᠰᠬᠤ ᠶ᠋ᠢ ᠣᠭᠲᠣ ᠮᠡᠳᠡᠬᠦ ᠦᠭᠡᠢ
ᠪᠤᠵᠠᠭᠠᠢ ᠶᠠᠪᠤᠭᠰᠠᠨ ᠶᠤᠮ ᠭᠡᠨ᠎ᠡ ᠯᠡ᠂ ᠮᠠᠯᠴᠢᠨ ᠬᠥᠮᠦᠨ ᠃
ᠵᠦᠭ ᠦᠭᠡᠢᠳᠡᠵᠦ ᠵᠤᠯᠢᠬᠳᠠᠵᠤ ᠶᠠᠪᠤᠭᠰᠠᠭᠠᠷ ᠪᠢ
ᠵᠢᠷᠦᠬᠡ ᠪᠡᠨ ᠴᠢᠮ᠎ᠠ ᠤᠷᠤᠭᠤ ᠠᠯᠳᠠᠴᠢᠬᠠᠬᠤ ᠬᠦᠷᠲᠡᠯ᠎ᠡ ᠪᠡᠨ
ᠵᠦᠳᠡᠷᠡᠯ ᠰᠠᠨᠳᠤᠷᠤᠯ ᠭᠡᠭᠴᠢ ᠶ᠋ᠢ ᠣᠭᠲᠣ ᠮᠡᠳᠡᠬᠦ ᠦᠭᠡᠢ
ᠵᠦᠭᠡᠷ ᠰᠠᠢᠬᠠᠨ ᠶᠠᠪᠤᠯ᠎ᠠ ᠳᠠ ᠪᠢ ᠴᠦ᠍ ᠪᠠᠰᠠ ᠃
※ ※ ※
ᠬᠢᠲᠤᠭ᠎ᠠ ᠲᠠᠯᠪᠢᠯ ᠦᠭᠡᠢ ᠮᠢᠬ᠎ᠠ ᠢᠳᠡᠵᠦ ᠬᠤᠨᠳᠠᠭ᠎ᠠ ᠲᠠᠯᠪᠢᠯ ᠦᠭᠡᠢ ᠳᠠᠷᠠᠰᠤ ᠬᠦᠷᠲᠡᠬᠦ
ᠬᠤᠷᠢᠮ ᠤ᠋ᠨ ᠰᠢᠷᠡᠭᠡ | ᠡᠨᠡ ᠵᠢᠷᠦᠬᠡ ᠮᠢᠨᠢ ᠪᠢᠯᠡ ᠃
ᠬᠤᠷᠠᠨ ᠴᠡᠩᠭᠡᠶ᠎ᠡ ᠭᠡᠵᠦ ᠨᠠᠢᠵᠠ ᠨᠥᠬᠥᠳ ᠢ᠋ᠶ᠋ᠡᠨ ᠠᠪᠴᠢᠷᠠᠯ᠎ᠠ ᠂
ᠬᠤᠪᠢᠬᠠᠨ ᠢ᠋ᠶ᠋ᠠᠷ ᠢ᠋ᠶ᠋ᠠᠨ ᠴᠢ᠂ ᠤᠷᠢᠯᠭ᠎ᠠ ᠵᠠᠯᠠᠯᠭ᠎ᠠ ᠦᠭᠡᠢ ᠢᠷᠡᠴᠢᠬᠡᠯ᠎ᠡ ᠃
ᠥᠨᠳᠥᠷ ᠵᠠᠭᠠᠨ ᠤ᠋ ᠡᠷᠡᠮᠪᠡ ᠪᠡᠷ ᠬᠤᠨᠳᠠᠭ᠎ᠠ ᠡᠷᠭᠦᠵᠦ
ᠡᠮᠦᠨ᠎ᠡ ᠴᠢᠨᠢ ᠪᠢᠳᠡ ᠪᠣᠰᠤᠨ ᠪᠣᠰᠤᠨ ᠬᠦᠨᠳᠦᠯᠡᠯᠡ
ᠥᠪᠡᠷ ᠢ᠋ᠶ᠋ᠡᠨ ᠴᠢ ᠨᠠᠢᠷ ᠳᠠᠷᠤᠭᠠᠯᠠᠭᠰᠠᠨ ᠡᠵᠡᠭᠲᠡᠢ ᠪᠣᠯᠵᠤ
ᠥᠴᠦᠬᠡᠨ ᠪᠢ ᠵᠣᠴᠢᠳ ᠳᠤᠮᠳᠠ ᠡᠴᠡ ᠢᠯᠡᠭᠦᠳᠡᠪᠡ ᠠ᠋᠃
※ ※ ※
ᠴᠢ ᠪᠢᠳᠡ ᠬᠣᠶᠠᠷ ᠢ᠋ ᠬᠣᠷᠸ᠎ᠠ ᠳ᠋ᠤ᠌ ᠠᠩᠬ᠎ᠠ ᠤᠴᠠᠷᠠᠬᠤ ᠳ᠋ᠤ᠌
ᠴᠢᠮᠬᠢᠭᠦᠨ ᠡᠪᠦᠯ ᠦ᠋ᠨ ᠣᠷᠣᠬᠤ ᠴᠠᠰᠤᠨ ᠵᠣᠭᠰᠣᠵᠤ
ᠪᠡᠶ᠎ᠡ ᠪᠡᠶ᠎ᠡ ᠪᠡᠨ ᠡᠷᠢᠭᠰᠡᠭᠡᠷ ᠠᠩᠬᠠᠨ ᠣᠯᠤᠭᠰᠠᠨ
ᠪᠢᠳᠡᠨ ᠬᠣᠶᠠᠷ ᠰᠢᠭ᠋ ᠬᠠᠪᠤᠷ ᠤ᠋ᠨ ᠴᠡᠴᠡᠭ ᠳᠡᠯᠭᠡᠷᠡᠭᠰᠡᠨ ᠠ᠋᠃
ᠠᠩᠬᠢᠯᠤᠭᠤᠨ ᠬᠠᠪᠤᠷ ᠵᠢᠯ ᠪᠦᠷᠢ ᠴᠡᠴᠡᠷᠯᠢᠭ ᠳᠣᠲᠣᠷ᠎ᠠ
ᠠᠯᠢᠮ᠎ᠠ ᠶ᠋ᠢᠨ ᠮᠣᠳᠣ ᠴᠠᠪ ᠴᠠᠭᠠᠨ ᠴᠡᠴᠡᠭ ᠢ᠋ᠶ᠋ᠡᠨ ᠮᠥᠷᠦᠨ ᠳᠡᠭᠡᠷ᠎ᠡ ᠮᠠᠨᠢ ᠬᠠᠶᠠᠯᠠᠪᠠ
ᠠᠩᠬᠠᠯᠠᠨ ᠴᠢ ᠪᠢᠳᠡᠨ ᠢ᠋ ᠤᠴᠠᠷᠠᠬᠤ ᠶ᠋ᠢ ᠬᠦᠷᠲᠡᠯ᠎ᠡ ᠬᠣᠷᠸ᠎ᠠ ᠳ᠋ᠤ᠌
ᠠᠢᠬᠤᠪᠲᠤᠷ ᠬᠦᠢᠲᠡᠨ ᠡᠪᠦᠯ ᠪᠠᠢᠵᠠᠢ ᠳᠠ ᠭᠡᠵᠦ ᠰᠡᠳᠬᠢᠯ ᠳ᠋ᠦ᠍ ᠣᠷᠣᠨᠠᠮ ᠃
※ ※ ※
ᠠᠮᠠᠨ ᠡᠴᠡ ᠴᠢᠨᠢ ᠭᠠᠷᠬᠤ ᠠᠮᠲᠠᠲᠠᠢᠬᠠᠨ ᠦᠭᠡ
ᠠᠯᠠᠭ ᠵᠢᠷᠦᠬᠡ ᠤᠷᠤᠭᠤ ᠮᠢᠨᠢ ᠶᠠᠭ ᠯᠠ
ᠠᠷᠪᠠᠲᠤ ᠶ᠋ᠢᠨ ᠵᠣᠭᠣᠰ ᠣᠰᠤᠨ᠎ᠠ ᠣᠷᠬᠢᠬᠤ ᠮᠡᠲᠦ
ᠠᠯᠤᠰ ᠢᠷᠣᠭᠠᠯ ᠢ᠋ ᠨᠢ ᠬᠦᠷᠲᠡᠯ᠎ᠡ ᠣᠷᠣᠬᠤ ᠶᠤᠮ ᠃
ᠪᠤᠯᠲᠠᠵᠤ ᠵᠠᠢᠮᠤᠷᠠᠭᠰᠠᠨ ᠨᠢᠳᠦᠨ ᠦ᠌ ᠴᠢᠨᠢ
ᠪᠤᠯᠤᠩ ᠤ᠋ᠨ ᠨᠢᠯᠪᠤᠰᠤ᠂ ᠮᠢᠨᠦ ᠬᠠᠷᠠᠬᠤ ᠳ᠋ᠤ᠌
ᠪᠤᠯᠠᠭ ᠤᠰᠤᠨ ᠤ᠋ ᠲᠡᠨᠳᠡ ᠴᠠᠭᠠᠨ ᠬᠥᠳᠡᠬᠥᠤ ᠰᠢᠪᠠᠭᠤ
ᠪᠤᠲᠠᠨ ᠳᠤᠮᠳᠠ ᠪᠠᠨ ᠪᠤᠯᠲᠠᠯᠵᠠᠬᠤ ᠰᠢᠭ᠋ ᠰᠠᠨᠠᠭᠳᠠᠬᠤ ᠶᠤᠮ ᠃
※ ※ ※
ᠨᠠᠮᠠᠶ᠋ᠢ ᠪᠤᠭᠤᠷᠤᠯ᠂ ᠴᠢᠮᠠᠶ᠋ᠢ ᠵᠠᠯᠠᠭᠤ ᠭᠡᠵᠦ ᠲᠣᠳᠣᠷᠠᠭᠤᠯᠬᠤ ᠭᠡᠰᠡᠨ ᠪᠢᠰᠢ
ᠨᠠᠰᠤ ᠪᠠᠨ ᠲᠣᠭᠠᠴᠢᠭᠠᠳ ᠴᠤ᠌ ᠶᠠᠭᠠᠬᠢᠬᠤ ᠪᠣᠢ᠂ ᠮᠠᠷᠲᠠᠶ᠎ᠠ ᠲᠦᠪᠡᠭ
ᠡᠨᠡ ᠪᠤᠭᠤᠷᠤᠯ ᠪᠣᠯᠳᠠᠭ ᠲᠤ᠌ ᠮᠢᠨᠢ ᠳᠡᠩᠳᠡᠭᠦᠦ ᠵᠠᠯᠠᠭᠤ ᠨᠠᠰᠤ ᠴᠢᠨᠢ
ᠡᠷᠬᠡᠪᠰᠢ ᠨᠥᠯᠥᠭᠡᠯᠡᠭᠰᠡᠨ ᠯᠡ ᠶᠦ᠍ᠮ ᠪᠢᠯᠡ ᠤᠤ ᠬᠡᠨ ᠮᠡᠳᠡᠯ᠎ᠡ᠃
ᠥᠲᠡᠯᠦᠨ᠎ᠡ ᠠ᠋ ᠭᠡᠳᠡᠭ ᠭᠡᠮ ᠪᠢᠰᠢ ᠶᠣᠰᠣ ᠬᠣᠢᠨ᠎ᠠ
ᠥᠪᠡᠷ ᠲᠦ᠍ ᠮᠢᠨᠢ᠂ ᠨᠠᠰᠤ ᠶ᠋ᠢ ᠮᠢᠨᠢ ᠪᠢᠲᠡᠭᠡᠢ ᠬᠡᠯᠡᠵᠦ ᠪᠠᠢ
ᠡᠳᠡᠭᠡᠰᠢ ᠦᠭᠡᠢ ᠰᠢᠷᠬᠠᠳᠤᠭᠰᠠᠨ ᠬᠥᠮᠦᠨ ᠳ᠋ᠦ᠍ ᠬᠡᠨ ᠴᠦ᠍ ᠭᠡᠰᠡᠨ
ᠡᠨᠡ ᠰᠢᠷᠬᠠᠨ ᠡᠴᠡ ᠪᠠᠨ ᠦᠬᠦᠨ᠎ᠡ ᠰᠢᠦ ᠴᠢ ᠭᠡᠵᠦ ᠬᠡᠯᠡᠳᠡᠭ ᠦᠭᠡᠢ ᠰᠢᠦ ᠳᠡ᠃
※ ※ ※
ᠥᠪᠡᠷ ᠢ᠋ ᠴᠢᠨᠢ ᠲᠠᠢᠪᠤᠩ ᠨᠣᠢᠷᠰᠤᠭᠤᠯᠬᠤ ᠭᠡᠵᠦ
ᠥᠯᠥᠭᠡᠢ ᠶ᠋ᠢᠨ ᠳᠠᠭᠤᠤ ᠳᠠᠭᠤᠯᠠᠭᠠᠳ ᠪᠢ ᠶᠠᠭᠠᠬᠢᠬᠤ ᠪᠣᠢ
ᠥᠷᠯᠥᠭᠡᠨ ᠦ᠌ ᠭᠡᠭᠡ ᠣᠷᠣᠨ ᠣᠷᠣᠲᠠᠯ᠎ᠠ ᠡᠮᠦᠨ᠎ᠡ ᠴᠢᠨᠢ
ᠥᠪᠡᠷ ᠢ᠋ᠶ᠋ᠡᠨ ᠪᠢ ᠨᠣᠮᠣᠬᠠᠨ ᠵᠣᠭᠰᠣᠮᠠᠷ ᠪᠠᠢᠨ᠎ᠠ ᠃
ᠴᠢᠭᠢᠭᠲᠦ ᠨᠠᠮᠤᠷ ᠤ᠋ᠨ ᠤᠷᠲᠤ ᠶ᠋ᠢᠨ ᠤᠷᠲᠤ ᠰᠥᠨᠢᠵᠢᠨ ᠪᠢ
ᠴᠢᠨᠦ ᠪᠡᠨ ᠠᠮᠤᠷ ᠲᠠᠢᠪᠤᠩ ᠢ᠋ ᠬᠠᠮᠠᠭᠠᠯᠠᠨ ᠵᠣᠭᠰᠣᠬᠤ ᠰᠠᠨ
ᠴᠢᠮᠡᠭᠡ ᠦᠭᠡᠢ ᠴᠣᠩᠬᠣᠨ ᠳᠡᠭᠡᠷ᠎ᠡ᠂ ᠮᠥᠷᠡᠨ ᠦ᠌ ᠤᠰᠤ ᠤᠷᠤᠭᠤ ᠪᠥᠬᠥᠢᠰᠬᠡᠵᠤ
ᠴᠢᠯᠡᠬᠰᠡᠨ ᠠᠭᠴᠢ ᠮᠣᠳᠣᠨ ᠲᠡᠭᠡᠵᠦ ᠬᠠᠷᠠᠭᠳᠠᠳᠠᠭ ᠠ᠋ ᠳᠠ ⁈
ᠣᠯᠠᠨ ᠡᠴᠡ ᠣᠨᠴᠠᠭᠠᠢ ᠴᠢᠨᠦ ᠪᠡᠨ ᠲᠤᠬᠠᠢ ᠪᠢ
ᠣᠨᠴᠠᠯᠠᠨ ᠪᠢᠴᠢᠬᠦ ᠡᠴᠡ ᠪᠡᠨ ᠠᠶᠤᠬᠤ ᠶᠤᠮ ᠂ ᠲᠡᠭᠦᠨ ᠢ᠋ ᠮᠠᠨᠢ
ᠣᠯᠵᠤ ᠤᠩᠰᠢᠴᠢᠬᠠᠭᠠᠳ᠂ ᠨᠠᠳᠠ ᠡᠴᠡ ᠳᠡᠭᠡᠷ᠎ᠡ᠂ ᠨᠠᠳᠠ ᠡᠴᠡ ᠰᠠᠢᠬᠠᠨ ᠨᠢ
ᠣᠭᠣᠰᠣᠷᠯᠠᠴᠢᠬᠠᠬᠤ ᠪᠣᠢ ᠴᠢᠮᠠᠶ᠋ᠢ ᠮᠢᠨᠢ᠂ ᠨᠡᠭᠡᠷᠡᠨ ᠰᠢᠦ᠃
ᠣᠯᠠᠨ ᠡᠴᠡ ᠣᠨᠴᠠᠭᠠᠢ ᠴᠢᠨᠦ ᠪᠡᠨ ᠲᠤᠬᠠᠢ ᠪᠢ
ᠤᠷᠤᠯᠳᠤᠵᠤ ᠪᠢᠴᠢᠭᠡᠳ ᠴᠦ᠍ ᠶᠠᠭᠠᠬᠢᠬᠤ ᠪᠣᠢ᠂ ᠬᠡᠨ ᠨᠢᠭᠡ ᠨᠢ ᠦᠵᠡᠴᠢᠬᠡᠭᠡᠳ
ᠣᠯᠵᠤ ᠴᠢᠮ᠎ᠠ ᠳ᠋ᠠᠭᠠᠨ ᠲᠡᠭᠦᠭᠰᠡᠨ ᠮᠢᠨᠦ ᠲᠡᠷᠡ ᠦᠭᠡᠰ ᠢ᠋
ᠣᠨᠳᠣᠣ ᠨᠢᠭᠡ ᠢᠨᠠᠭ ᠲᠠᠭᠠᠨ ᠬᠡᠯᠡᠵᠦ ᠶᠠᠪᠤᠬᠤ ᠪᠣᠢ ᠭᠡᠨᠡᠮ ᠃
※ ※ ※
ᠠᠩᠬ᠎ᠠ ᠬᠠᠨᠢᠯᠠᠬᠤ ᠶ᠋ᠢᠨ ᠶᠠᠭᠤᠮ᠎ᠠ ᠪᠦᠬᠦᠨ ᠨᠢ ᠠᠷᠢᠯᠵᠤ
ᠠᠭᠠᠰᠢ ᠨᠢ ᠬᠤᠪᠢᠷᠠᠵᠠᠢ ᠭᠡᠵᠦ ᠴᠢ ᠦᠨᠡᠨ ᠬᠡᠯᠡᠯ᠎ᠡ
ᠠᠩᠬ᠎ᠠ ᠬᠠᠨᠢᠯᠠᠬᠤ ᠳ᠋ᠠᠭᠠᠨ ᠪᠢ ᠴᠢᠮ᠎ᠠ ᠲᠠᠢ ᠪᠠᠨ
ᠠᠵᠠᠲᠠᠢ ᠵᠠᠯᠠᠭᠤ ᠨᠠᠰᠤᠨ ᠤ᠋ ᠪᠠᠨ ᠪᠠᠶᠠᠷ ᠪᠦᠬᠦᠨ ᠢ᠋ ᠬᠤᠪᠢᠶᠠᠵᠤ ᠶᠠᠪᠤᠯ᠎ᠠ᠃
ᠬᠣᠩᠭᠣᠷ ᠮᠢᠨᠢ ᠦᠨᠡᠮᠰᠢ᠂ ᠳᠣᠲᠣᠷ ᠮᠢᠨᠢ ᠬᠥᠷᠥᠬᠰᠡᠨ ᠶᠦ᠍ᠮ ᠪᠢᠰᠢ
ᠬᠣᠷᠸ᠎ᠠ ᠡᠴᠡ ᠬᠦᠷᠲᠡᠬᠦ ᠶᠠᠭᠤᠮ᠎ᠠ ᠪᠦᠬᠦᠨ ᠢ᠋ᠶ᠋ᠡᠨ ᠬᠤᠪᠢᠶᠠᠶᠠ ᠭᠡᠬᠦ ᠳ᠋ᠦ᠍
ᠤᠷᠮ᠎ᠠ ᠵᠣᠷᠢᠭ ᠢ᠋ ᠴᠢᠨᠢ ᠭᠤᠲᠤᠭᠠᠬᠤ ᠪᠣᠢ ᠭᠡᠮᠡᠨ ᠵᠣᠪᠠᠯ᠎ᠠ
ᠤᠢᠳᠬᠠᠷ ᠭᠤᠨᠢᠭ ᠢ᠋ᠶ᠋ᠠᠨ ᠬᠤᠪᠢᠶᠠᠯᠴᠠᠬᠤ ᠡᠴᠡ ᠪᠠᠨ ᠲᠦᠳᠡᠭᠡᠯᠵᠡᠯᠡ!
※ ※ ※
ᠲᠡᠭᠷᠢᠯᠢᠭ ᠨᠢᠳᠦ ᠪᠡᠨ ᠨᠠᠳᠠ ᠳᠡᠭᠡᠷ᠎ᠡ ᠳᠤᠰᠬᠠᠵᠤ ᠦᠭᠡ ᠬᠠᠢᠷᠠᠯᠠᠭᠠᠴᠢ
ᠲᠡᠮᠳᠡᠭ ᠳᠣᠬᠢᠶ᠎ᠠ ᠥᠭᠪᠡᠯ ᠴᠢᠨᠢ ᠪᠢ᠂ ᠣᠷᠭᠢᠯ ᠤ᠋ᠨ ᠣᠷᠭᠢᠯ ᠳ᠋ᠤ᠌ ᠭᠠᠷᠤᠶ᠎ᠠ
ᠲᠡᠭᠡ ᠭᠡᠪᠡᠯ ᠴᠢᠨᠢ ᠪᠢ ᠤᠯᠠᠭᠠᠨ ᠭᠠᠯ ᠤᠷᠤᠭᠤ ᠣᠷᠣᠶ᠎ᠠ
ᠲᠠᠩᠭᠢᠰ ᠳᠠᠯᠠᠢ ᠶ᠋ᠢᠨ ᠤᠰᠤᠨ ᠡᠷᠭᠢᠭᠦᠯᠭᠡ ᠤᠷᠤᠭᠤ ᠦᠰᠦᠷᠦᠶᠡ᠃
ᠬᠣᠷᠸ᠎ᠠ ᠳᠡᠯᠡᠬᠡᠢ ᠶ᠋ᠢᠨ ᠲᠡᠩᠭᠡᠯᠢᠭ ᠬᠤᠪᠢᠶᠠᠨ ᠳᠣᠭᠣᠯᠤᠶ᠎ᠠ
ᠬᠣᠩᠭᠣᠷ ᠲᠠᠨ ᠤ᠋ ᠠᠷᠢᠭᠤᠨ ᠨᠡᠷ᠎ᠡ ᠶ᠋ᠢ ᠠᠯᠳᠠᠷᠰᠢᠭᠤᠯᠤᠶ᠎ᠠ
ᠴᠢᠳᠠᠬᠤ ᠪᠦᠬᠦᠨ ᠢ᠋ᠶ᠋ᠡᠨ ᠬᠢᠶ᠎ᠡ᠂ ᠵᠠᠷᠯᠢᠭ ᠢ᠋ᠶ᠋ᠠᠨ ᠲᠠ ᠪᠠᠭᠤᠯᠭᠠᠵᠤ
ᠴᠢᠩᠭᠠᠬᠠᠨ ᠦᠨᠦᠰᠦᠭᠡᠳ ᠨᠠᠮᠠᠶ᠋ᠢ ᠭᠠᠷᠭᠠᠵᠤ ᠥᠭ᠃
※ ※ ※
ᠢᠩᠲᠣᠣᠷ ᠤ᠋ᠨ ᠠᠷᠬᠠᠭ ᠮᠥᠴᠢᠷ ᠳᠣᠣᠷ᠎ᠠ ᠬᠣᠣᠰ ᠵᠠᠯᠠᠭᠤ ᠦᠨᠦᠰᠦᠯᠳᠦᠨᠡ
ᠶᠡᠬᠡ ᠪᠦᠳᠡᠭᠢᠬᠡᠨ ᠰᠢᠪᠡᠨᠡᠭᠡ ᠨᠢ ᠦᠳᠡᠰᠢ ᠪᠡᠷ ᠨᠠᠳᠠ ᠳ᠋ᠤ᠌ ᠰᠣᠨᠣᠰᠤᠭᠳᠠᠨ᠎ᠠ
ᠢᠩᠭᠢᠵᠦ ᠶᠠᠪᠤᠭᠰᠠᠨ ᠴᠠᠭ᠂ ᠰᠢᠪᠡᠨᠡᠵᠦ ᠬᠡᠯᠡᠭᠰᠡᠨ ᠠᠨᠳᠠᠭᠠᠢ ᠮᠢᠨᠢ
ᠢᠪ ᠢᠯᠡᠬᠡᠨ ᠰᠠᠨᠠᠭᠳᠠᠪᠠᠴᠤ ᠬᠣᠯᠠ ᠶ᠋ᠢᠨ ᠬᠣᠯᠠ ᠦᠯᠡᠳᠡᠵᠡᠢ!
ᠳᠡᠯᠡᠬᠡᠢ ᠰᠡᠷᠭᠦᠬᠦ ᠬᠠᠪᠤᠷ ᠤ᠋ᠨ ᠬᠢᠯᠢᠩ ᠬᠠᠷ᠎ᠠ ᠰᠥᠨᠢ
ᠳᠡᠩᠳᠡᠭᠦᠦ ᠣᠩᠭᠣᠨ ᠪᠡᠶᠡᠰ ᠮᠢᠨᠢ ᠭᠬᠢᠷ ᠰᠠᠭᠤᠭ᠎ᠠ ᠦᠭᠡᠢ ᠶᠠᠪᠤᠯ᠎ᠠ
ᠤᠤᠭᠠᠨ ᠲᠠᠩᠭᠠᠷᠢᠭ ᠶᠤᠭᠠᠨ ᠤᠷᠤᠭᠤᠯ ᠮᠡᠳᠡᠨ ᠰᠢᠪᠡᠨᠡᠭᠰᠡᠨ
ᠤᠷᠭᠤᠭ᠎ᠠ ᠮᠣᠳᠣᠨ ᠤ᠋ ᠴᠢᠯᠥᠭᠡᠨ ᠳ᠋ᠦ᠍ ᠥᠰᠪᠥᠷᠢ ᠨᠠᠰᠤᠨ ᠥᠲᠡᠯᠵᠡᠢ᠃
※ ※ ※
《ᠡᠢᠮᠦ ᠵᠠᠯᠠᠭᠤ ᠳ᠋ᠠᠭᠠᠨ ᠶᠠᠭᠠᠬᠢᠭᠠᠳ ᠪᠤᠭᠤᠷᠤᠯᠲᠤᠪᠠ ᠢᠨᠠᠭ ᠮᠢᠨᠢ!》 ᠭᠡᠵᠦ
ᠢᠯᠡᠷᠬᠡᠢ ᠭᠠᠢᠬᠠᠵᠤ ᠴᠢ ᠮᠢᠨᠢ ᠠᠰᠠᠭᠤᠬᠤ ᠶᠤᠮ ᠳᠠ
ᠢᠳᠡ ᠵᠤᠨ ᠤ᠋ ᠥᠷᠯᠥᠭᠡ᠂ ᠴᠣᠩᠬᠣ ᠪᠠᠷ ᠢ᠋ᠶ᠋ᠠᠨ ᠰᠠᠨᠠᠭᠠᠨ ᠳ᠋ᠤ᠌ ᠦᠭᠡᠢ ᠱᠠᠭᠠᠢᠵᠤ
ᠶᠡᠬᠡ ᠴᠠᠰᠤ ᠬᠠᠷᠠᠭᠰᠠᠨ ᠬᠥᠮᠦᠨ ᠰᠢᠭ ᠯᠡ ᠭᠠᠢᠬᠠᠬᠤ ᠶᠤᠮ ᠳᠠ᠂
ᠢᠨᠠᠭᠬᠠᠨ ᠮᠢᠨᠢ ᠪᠢ ᠥᠪᠡᠷ ᠢ᠋ᠶ᠋ᠡᠨ ᠴᠦ᠍ ᠤᠴᠢᠷ ᠢ᠋ ᠡᠰᠡ ᠮᠡᠳᠡᠨ᠎ᠡ ᠠ᠋
ᠶᠠᠭᠠᠬᠢᠭᠠᠳ ᠴᠣᠬᠣᠮ ᠴᠠᠪ ᠴᠠᠭᠠᠨ ᠵᠢᠭᠦᠷᠲᠦ ᠰᠢᠪᠠᠭᠤᠬᠠᠢ
ᠤᠨᠠᠭᠠᠨ ᠦᠰᠦᠨ ᠳ᠋ᠦ᠍ ᠮᠢᠨᠢ ᠠᠰᠠᠭᠤᠯ ᠦᠭᠡᠢ ᠣᠷᠣᠵᠤ ᠢᠷᠡᠭᠡᠳ
ᠤᠷᠲᠤ ᠤᠳᠠᠭᠠᠨ ᠣᠷᠣᠩᠨᠠᠬᠤ ᠪᠣᠯᠤᠭᠰᠠᠨ ᠤ᠋ ᠤᠴᠢᠷ ᠶᠠᠭᠤ ᠶᠤᠮ ᠪᠣᠯ ᠠ᠋
ᠦᠭᠡᠢ ᠠ᠋᠂ ᠡᠨᠡ ᠥᠲᠡᠯᠦᠯᠲᠡ ᠪᠢᠰᠢ᠂ ᠢᠳᠡᠭᠡ ᠴᠢ ᠮᠢᠨᠢ
ᠦᠰᠦ ᠪᠤᠭᠤᠷᠤᠯᠲᠤᠬᠤ ᠨᠠᠰᠤ ᠴᠤ᠌ ᠪᠢᠰᠢ ᠴᠠᠭ ᠴᠤ᠌ ᠪᠢᠰᠢ
ᠵᠦᠢᠲᠡᠢᠬᠡᠨ ᠰᠢᠯᠦᠭ ᠦ᠋ᠨ ᠢ᠋ᠶ᠋ᠡᠨ ᠠᠮᠢᠨ ᠡᠴᠡ ᠭᠠᠷᠬᠤ ᠪᠢᠯᠡ ᠭᠡᠵᠦ
ᠵᠡᠭᠦᠳᠦᠯᠡᠭᠰᠡᠨ ᠦᠭᠡᠢ ᠶᠠᠪᠤᠯ᠎ᠠ ᠬᠦ᠂ ᠠᠢ ᠪᠤᠤ ᠦᠵᠡᠭᠳᠡ
ᠰᠡᠮᠡᠬᠡᠨ ᠴᠦ᠍ ᠭᠡᠯᠡ ᠨᠢ ᠦᠷᠭᠦᠯᠵᠢᠯᠡᠭᠰᠡᠨ ᠦᠭᠡ ᠪᠡᠷ ᠨᠣᠴᠣᠯᠳᠤᠭᠰᠠᠨ ᠦᠭᠡᠢ
ᠰᠡᠳᠬᠢᠯᠭᠡ ᠪᠡᠷ ᠢ᠋ᠶ᠋ᠡᠨ ᠪᠢ ᠴᠢᠨᠢ ᠱᠠᠯ ᠬᠡᠦᠬᠡᠳ ᠶᠠᠪᠤᠯ᠎ᠠ ᠯᠠ
ᠠᠭᠠᠷ ᠲᠤ᠌ ᠴᠤ᠌᠂ ᠴᠠᠰᠤᠨ ᠳᠡᠭᠡᠷ᠎ᠡ ᠴᠦ᠍ ᠬᠠᠮᠢᠭ᠎ᠠ ᠯᠠ ᠪᠣᠯ ᠬᠠᠮᠢᠭ᠎ᠠ
ᠠᠮᠢᠰᠬᠤᠯᠯᠠᠭᠰᠠᠨ᠂ ᠶᠠᠪᠤᠭᠰᠠᠨ ᠭᠠᠵᠠᠷ ᠲᠠᠭᠠᠨ ᠰᠢᠯᠦᠭ ᠢ᠋ᠶ᠋ᠡᠷ ᠬᠡᠯᠬᠢᠯᠡ ᠯᠡ
ᠥᠨᠥ ᠯᠡ ᠳᠡᠪᠡᠷᠡᠭᠦᠨ ᠪᠣᠳᠣᠯ ᠥᠨᠳᠥᠷ ᠬᠦᠰᠡᠯᠡᠩ ᠬᠡᠪ ᠢ᠋ᠶ᠋ᠡᠷ
ᠥᠪᠡᠷ ᠢ᠋ ᠴᠢᠨᠢ ᠳᠠᠭᠤᠳᠠᠨ ᠰᠢᠪᠡᠨᠡᠭᠰᠡᠭᠡᠷ ᠤᠨᠲᠠᠵᠤ ᠬᠣᠴᠣᠷᠳᠠᠭ ᠴᠤ᠌ ᠬᠡᠪ ᠢ᠋ᠶ᠋ᠡᠷ᠁
ᠥᠳᠬᠡᠨ ᠴᠡᠴᠡᠷᠯᠢᠭ ᠲᠦ᠍ ᠭᠡᠲᠡᠯ᠎ᠡ᠂ ᠤᠷᠭᠤᠵᠤ ᠪᠠᠢᠭ᠎ᠠ ᠠᠯᠢᠮ᠎ᠠ ᠶ᠋ᠢ
ᠥᠩᠭᠡ ᠴᠠᠭᠠᠨ ᠴᠠᠰᠤ ᠬᠤᠴᠢᠳᠠᠭ ᠰᠢᠦ ᠳᠡ ᠵᠠᠷᠢᠮ ᠳ᠋ᠠᠭᠠᠨ᠃
ᠦᠰᠦ ᠮᠢᠨᠢ ᠢᠩᠭᠢᠵᠦ ᠪᠤᠭᠤᠷᠤᠯᠲᠤᠳᠠᠭ ᠤ᠋ᠨ ᠤᠴᠢᠷ
ᠦᠬᠦᠲᠡᠯ᠎ᠡ ᠪᠡᠨ ᠴᠢᠮ᠎ᠠ ᠳ᠋ᠤ᠌ ᠳᠤᠷᠠᠯᠠᠭᠰᠠᠨ ᠤ᠋ ᠬᠢ ᠴᠦ᠍ ᠪᠠᠢᠵᠤ ᠮᠠᠭᠠᠳ ᠦᠭᠡᠢ
ᠦᠨᠡᠬᠡᠷ ᠦ᠋ᠨ ᠪᠢ ᠬᠠᠢᠷᠠᠲᠠᠢ ᠶᠠ! ᠡᠭᠦᠷᠢᠳᠡ ᠴᠢᠮ᠎ᠠ ᠳ᠋ᠠᠭᠠᠨ ᠰᠡᠳᠬᠢᠯᠲᠡᠢ ᠶᠡ!
ᠦᠢᠯᠡ ᠶ᠋ᠢᠨ ᠦᠷ᠎ᠡ ᠦᠭᠡᠢ ᠬᠠᠢᠷ᠎ᠠ ᠡᠴᠡ ᠯᠠᠪ ᠪᠤᠭᠤᠷᠤᠯᠲᠤᠭᠰᠠᠨ ᠰᠢᠦ ᠡᠨᠡ!
ᠡᠰᠡᠪᠡᠯ᠂ ᠪᠢ ᠠᠯᠵᠢᠶᠠᠯ ᠤᠢᠳᠬᠠᠷ ᠡᠴᠡ ᠪᠣᠯᠤᠭᠰᠠᠨ ᠪᠠᠢᠬ᠎ᠠ
ᠡᠨᠳᠡ ᠲᠡᠨᠳᠡᠬᠢ ᠶ᠋ᠢᠨ ᠠᠶᠠᠨ ᠵᠠᠮ ᠳ᠋ᠤ᠌ ᠪᠤᠭᠤᠷᠤᠯᠲᠤᠭᠰᠠᠨ ᠪᠠᠢᠬ᠎ᠠ
ᠰᠠᠯᠤᠯᠲᠠ ᠨᠢ ᠶᠡᠬᠡ᠂ ᠠᠭᠤᠯᠵᠠᠯᠲᠠ ᠨᠢ ᠪᠠᠭ᠎ᠠ ᠪᠠᠢᠭᠰᠠᠨ ᠪᠣᠯᠬᠤ ᠪᠠᠷ
ᠰᠠᠯᠤᠯᠲᠠ ᠡᠴᠡ ᠪᠣᠯᠵᠤ ᠦᠰᠦ ᠮᠢᠨᠢ ᠴᠠᠢᠵᠠᠢ ᠰᠢᠦ᠂ ᠪᠠᠽᠠᠷᠪᠠᠨᠢ!
ᠪᠠᠰᠠ᠂ ᠲᠡᠷᠡ ᠪᠦᠷᠢ ᠴᠢ ᠨᠠᠮᠠᠶ᠋ᠢ ᠪᠠᠨ ᠬᠠᠢᠷᠠᠯᠠᠭᠰᠠᠨ ᠦᠭᠡᠢ
ᠪᠠᠷᠤᠭᠲᠠᠢᠬᠠᠨ ᠬᠠᠨᠳᠤᠵᠤ ᠪᠠᠢᠭᠰᠠᠨ ᠦᠶ᠎ᠡ ᠪᠣᠢ ᠰᠢᠦ
ᠮᠠᠭᠠᠳ ᠦᠭᠡᠢ ᠥᠴᠥᠭᠡᠳᠦᠷ ᠦ᠋ᠨ ᠴᠢᠨᠢ ᠡᠪ ᠦᠭᠡᠢ ᠦᠭᠡᠨ ᠡᠴᠡ ᠪᠣᠯᠵᠤ
ᠮᠠᠩᠨᠠᠢ ᠡᠴᠡ ᠪᠠᠨ ᠪᠤᠭᠤᠷᠤᠯᠲᠤᠵᠤ ᠴᠤ᠌ ᠪᠠᠢᠭ᠎ᠠ ᠶᠤᠮ ᠪᠢᠯᠡ ᠤᠤ᠃
ᠡᠭᠦᠯᠡᠨ ᠳᠡᠭᠡᠭᠦᠷ ᠵᠠᠯᠠᠷᠠᠭ᠎ᠠ ᠦᠭᠡᠢ ᠲᠣᠭᠣᠰᠣᠲᠤ ᠬᠣᠷᠸ᠎ᠠ ᠳ᠋ᠤ᠌ ᠶᠠᠪᠤᠭᠰᠠᠨ ᠪᠣᠯᠬᠤ ᠪᠠᠷ
ᠦᠵᠡᠭᠰᠡᠨ ᠠᠮᠰᠠᠭᠰᠠᠨ ᠡᠴᠡ ᠪᠠᠨ ᠪᠣᠯᠤᠭᠠᠳ ᠴᠤ᠌ ᠪᠤᠭᠤᠷᠤᠯᠲᠤᠭᠰᠠᠨ ᠪᠠᠢᠵᠤ ᠮᠠᠭᠠᠳ ᠦᠭᠡᠢ
ᠦᠵᠡᠯ ᠦ᠋ᠨ ᠳᠠᠢᠰᠤᠨ ᠢ᠋ᠶ᠋ᠠᠨ ᠲᠠᠨᠢᠯ ᠦᠭᠡᠢ᠂ ᠠᠯᠳᠠᠷ ᠢ᠋ ᠨᠢ ᠡᠷᠭᠦᠭᠰᠡᠨ ᠨᠢ ᠪᠣᠢ
ᠦᠶ᠎ᠡ ᠶ᠋ᠢᠨ ᠨᠠᠢᠵᠠ ᠮᠢᠨᠢ ᠨᠠᠮᠠᠶ᠋ᠢ ᠠᠷᠤ ᠪᠠᠷ ᠲᠠᠯᠪᠢᠭᠰᠠᠨ ᠴᠤ᠌ ᠴᠠᠭ ᠪᠣᠢ ᠃
ᠭᠡᠪᠡᠴᠦ ᠳᠠᠢᠰᠤᠨ ᠤ᠋ ᠬᠣᠣᠷ᠂ ᠨᠥᠬᠥᠳ ᠦ᠋ᠨ ᠬᠬᠢᠷ ᠡᠴᠡ ᠪᠢᠰᠢ
ᠭᠡᠬᠢᠯᠵᠡᠵᠦ ᠴᠢᠮᠠᠶ᠋ᠢ ᠭᠠᠨᠢᠬᠠᠷᠠᠬᠤ ᠳ᠋ᠤ᠌ ᠡᠯᠢᠭᠡ ᠵᠢᠷᠦᠬᠡ ᠮᠢᠨᠢ
ᠭᠡᠲᠦᠯᠦᠰᠢ ᠦᠭᠡᠢ ᠵᠣᠪᠠᠭᠤᠷᠢ ᠳ᠋ᠤ᠌ ᠤᠨᠠᠬᠤ ᠰᠢᠭ᠋ ᠪᠣᠯᠳᠠᠭ ᠤ᠋ᠨ ᠤᠴᠢᠷ
ᠴᠢᠨᠦ ᠪᠡᠨ ᠭᠤᠨᠢᠭ ᠡᠴᠡ ᠮᠢᠨᠦ ᠴᠢᠨᠢ ᠦᠰᠦ ᠴᠠᠢᠪᠠ ᠤᠤ ᠳᠠ᠃
ᠦᠭᠡᠢ ᠪᠣᠯ ᠠᠵᠠ ᠵᠢᠷᠭᠠᠯ ᠡᠴᠡ ᠪᠠᠨ ᠪᠤᠭᠤᠷᠤᠯᠲᠤᠭᠠ ᠪᠢᠵᠡ
ᠡᠭᠦᠷᠢᠳᠡ ᠴᠢ ᠮᠢᠨᠢ ᠮᠢᠨᠦ ᠪᠡᠨ ᠳᠡᠷᠭᠡᠳᠡ ᠭᠡᠢᠭᠦᠯᠵᠦ
ᠨᠠᠳᠠ ᠡᠴᠡ ᠥᠭᠡᠷ᠎ᠡ ᠬᠥᠮᠦᠨ᠂ ᠵᠠᠭᠤᠨ ᠵᠢᠯ ᠬᠥᠯ ᠦᠭᠡᠢ ᠬᠥᠭᠡᠷᠦᠮᠡᠷ
ᠨᠠᠰᠤᠨ ᠤ᠋ ᠮᠢᠨᠢ ᠪᠠᠶᠠᠰᠬᠤᠯᠠᠩ ᠢ᠋ ᠵᠠᠶᠠᠭᠠᠭᠰᠠᠨ ᠪᠠᠢᠨᠠᠮ᠃
ᠵᠤᠨ ᠤ᠋ ᠴᠡᠴᠡᠷᠯᠢᠭ ᠢ᠋ ᠰᠡᠪᠰᠡᠭᠡᠷᠬᠡᠨ ᠬᠥᠨᠵᠢᠯᠡ ᠪᠡᠷ ᠢ᠋ᠶ᠋ᠡᠨ
ᠵᠤᠭᠤᠬᠠᠨ ᠬᠠᠶᠠᠯᠠᠬᠤ ᠴᠠᠰᠤ ᠪᠦᠷᠬᠦᠨ ᠪᠦᠲᠡᠭᠡᠬᠦ ᠴᠦ᠍ ᠪᠣᠢ᠃
ᠳᠤᠷᠠᠯᠠᠯᠲᠤ ᠴᠢᠨᠦᠬᠢ ᠪᠡᠨ ᠳᠡᠷᠭᠡᠳᠡ ᠪᠤᠭᠤᠷᠤᠯ ᠡᠪᠦᠭᠡᠨ ᠪᠣᠯᠤᠯ ᠦᠭᠡᠢ
ᠲᠤᠩ ᠴᠠᠭᠠᠨ ᠲᠣᠯᠣᠭᠠᠢ ᠲᠠᠢ ᠪᠠᠯᠴᠢᠷ ᠬᠥᠪᠡᠭᠦᠨ ᠪᠠᠢᠶ᠎ᠠ ᠯᠠ᠃
ᠪᠠᠰᠠ ᠨᠢᠭᠡ ᠴᠠᠭ
ᠰᠠᠢᠨ ᠬᠥᠮᠦᠨ ᠴᠦ᠍ ᠶᠦ᠍ᠮ ᠪᠢᠯᠡ ᠤᠤ ᠪᠢ᠂ ᠨᠢᠭᠡ ᠴᠦ᠍ ᠤᠳᠠᠭ᠎ᠠ ᠮᠡᠳᠡᠭᠰᠡᠨ ᠦᠭᠡᠢ
ᠰᠠᠢᠷᠬᠠᠵᠤ ᠴᠢ ᠡᠨᠡ ᠲᠤᠬᠠᠢ ᠨᠢᠭᠡ ᠴᠦ᠍ ᠭᠡᠯᠡ᠂ ᠶᠠᠷᠢᠭᠰᠠᠨ ᠦᠭᠡᠢ
ᠰᠠᠢᠷᠬᠠᠬᠤ ᠦᠭᠡ ᠴᠢᠨᠢ ᠵᠣᠬᠢᠶᠠᠮᠠᠯ ᠪᠠᠢᠭ ᠯᠠ ᠳᠠ
ᠰᠠᠢᠷᠬᠠᠬᠤ ᠪᠠᠨ ᠬᠠᠳᠠ ᠶᠥᠭᠡᠳᠡᠮᠡᠯ ᠪᠠᠢᠭ ᠯᠠ ᠳᠠ
ᠰᠠᠢᠨ ᠭᠡᠵᠦ ᠶᠠᠷᠢ ᠯᠠ ᠳᠠ᠂ ᠶᠠᠭᠠᠬᠢᠬᠤ ᠪᠣᠢ!
ᠮᠠᠭᠤ ᠬᠥᠮᠦᠨ ᠴᠦ᠍ᠶᠤᠮ ᠪᠢᠯᠡ ᠤᠤ ᠪᠢ᠂ ᠭᠠᠭᠴᠠ ᠤᠳᠠᠭ᠎ᠠ ᠮᠡᠳᠡᠭᠰᠡᠨ ᠦᠭᠡᠢ
ᠮᠠᠭᠤᠰᠢᠶᠠᠵᠤ ᠴᠢ ᠡᠨᠡ ᠲᠤᠬᠠᠢ ᠭᠠᠭᠴᠠ ᠴᠤ᠌ ᠭᠡᠯᠡ ᠶᠠᠷᠢᠭᠰᠠᠨ ᠦᠭᠡᠢ
ᠮᠠᠭᠤᠰᠢᠶᠠᠬᠤ ᠦᠭᠡ ᠴᠢᠨᠢ ᠵᠣᠬᠢᠶᠠᠮᠠᠯ ᠪᠠᠢᠭ ᠯᠠ ᠳᠠ
ᠮᠠᠭᠤᠰᠢᠶᠠᠬᠤ ᠪᠠᠨ ᠬᠠᠳᠠ᠂ ᠢᠨᠢᠶᠡᠳᠦᠮ ᠲᠡᠢ ᠴᠦ᠍ ᠪᠠᠢᠭ
ᠮᠠᠭᠤ ᠭᠡᠵᠦ ᠶᠠᠷᠢ ᠯᠠ ᠳᠠ ᠶᠠᠭᠠᠬᠢᠬᠤ ᠪᠣᠢ!
ᠨᠠᠮᠠᠶ᠋ᠢ ᠭᠡᠵᠦ ᠶᠠᠪᠤᠭᠠᠳ ᠴᠢ ᠴᠠᠭ ᠬᠣᠵᠢᠭᠰᠠᠨ ᠪᠥᠭᠡᠰᠦ
ᠨᠠᠮᠠᠶ᠋ᠢ ᠪᠤᠰᠤ᠂ ᠲᠡᠷᠡ ᠰᠠᠢᠬᠠᠨ ᠴᠠᠭ ᠢ᠋ ᠯᠡ ᠮᠠᠭᠲᠠᠬᠤ ᠶᠤᠮ᠂
ᠨᠠᠮᠠᠶ᠋ᠢ ᠭᠡᠵᠦ ᠶᠠᠪᠤᠭᠠᠳ ᠴᠢ ᠴᠠᠭ ᠠᠯᠳᠠᠭᠰᠠᠨ ᠠᠪᠠᠰᠤ
ᠨᠠᠮᠠᠶ᠋ᠢ ᠪᠤᠰᠤ᠂ ᠲᠡᠷᠡ ᠥᠭᠡᠳᠡ ᠦᠭᠡᠢ ᠴᠠᠭ ᠢ᠋ ᠯᠡ ᠮᠠᠭᠤᠯᠠᠬᠤ ᠶᠤᠮ᠃
ᠡᠷᠬᠡᠪᠰᠢ ᠴᠢ ᠮᠢᠨᠢ ᠮᠡᠳᠡᠭᠦᠰᠢᠲᠡᠢ ᠪᠠᠰᠠ ᠨᠢᠭᠡᠨ ᠴᠠᠭ ᠪᠣᠢ
ᠡᠨᠡ ᠴᠠᠭ ᠤ᠋ᠨ ᠬᠣᠷᠣᠮ ᠪᠦᠬᠦᠨ ᠨᠢ ᠤᠳᠬ᠎ᠠ ᠤᠴᠢᠷ ᠲᠠᠢ᠂
ᠡᠨᠡ ᠴᠠᠭ ᠪᠣᠯ ᠪᠢ ᠪᠠᠢᠨ᠎ᠠ᠂ ᠪᠣᠯᠬᠤ ᠰᠠᠢᠨ ᠳ᠋ᠠᠭᠠᠨ ᠴᠤ᠌ ᠪᠣᠯᠤᠭᠰᠠᠨ ᠦᠭᠡᠢ
ᠡᠳᠦᠭᠡ ᠪᠣᠯᠲᠠᠯ᠎ᠠ ᠴᠢ᠂ ᠵᠢᠩᠬᠢᠨᠢ ᠤᠳᠬ᠎ᠠ ᠶ᠋ᠢ ᠨᠢ ᠣᠢᠯᠠᠭᠠᠭᠰᠠᠨ ᠦᠭᠡᠢ᠃
※ ※ ※
ᠥᠪᠡᠷ ᠦ᠋ᠨ ᠢ᠋ᠶ᠋ᠡᠨ ᠲᠤᠬᠠᠢ᠂ ᠴᠢᠨᠦ ᠪᠡᠨ ᠲᠤᠬᠠᠢ ᠲᠣᠭᠣᠵᠢ ᠶ᠋ᠢ
ᠥᠪᠡᠷ ᠢ᠋ᠶ᠋ᠡᠨ ᠥᠪᠡᠷ ᠲᠡᠭᠡᠨ ᠳᠠᠬᠢᠨ ᠶᠠᠷᠢᠵᠤ ᠰᠠᠭᠤᠨ᠎ᠠ ᠪᠢ
ᠦᠷᠦ ᠵᠢᠷᠦᠬᠡ ᠮᠢᠨᠢ᠂ ᠥᠪᠡᠷ ᠵᠠᠭᠤᠷ᠎ᠠ ᠪᠠᠨ ᠪᠠᠰᠠ ᠯᠠ
ᠥᠨᠳᠥᠷ ᠨᠠᠮ ᠳᠤᠤᠭᠠᠷᠤᠯᠴᠠᠬᠤ ᠨᠢ ᠬᠣᠯᠠ ᠦᠭᠡᠢ ᠪᠠᠢᠨ᠎ᠠ
ᠨᠡᠬᠡᠨ ᠳᠤᠭᠤᠷᠢᠭᠯᠠᠬᠤ ᠬᠤᠪᠢ ᠶ᠋ᠢᠨ ᠵᠠᠮ ᠭᠠᠵᠢᠵᠤ
ᠨᠢᠭᠡᠨ ᠪᠡᠶ᠎ᠡ ᠴᠢᠨᠢ ᠪᠣᠯᠤᠨ ᠲᠡᠰᠦᠯ᠎ᠡ ᠪᠢ
ᠬᠣᠣᠰ ᠪᠡᠶ᠎ᠡ ᠶ᠋ᠢᠨ ᠨᠢᠭᠡ ᠨᠢ ᠮᠠᠷᠲᠠᠵᠤ ᠠᠬᠤᠢ ᠳ᠋ᠤ᠌
ᠬᠣᠶᠠᠳᠠᠬᠢ ᠨᠢ ᠴᠢᠮ᠎ᠠ ᠶᠤᠭᠠᠨ ᠭᠡᠭᠰᠡᠭᠡᠷ ᠪᠢᠯᠡ
ᠴᠠᠭ ᠬᠤᠭᠤᠴᠠᠭ᠎ᠠ ᠭᠠᠷ ᠢ᠋ᠶ᠋ᠠᠨ ᠲᠡᠨᠢᠢᠯᠭᠡᠵᠦ
ᠴᠠᠭᠠᠨ ᠨᠣᠭᠣᠭᠠᠨ ᠬᠣᠶᠠᠷ ᠥᠩᠭᠡ ᠬᠠᠢᠷᠠᠯᠠᠵᠠᠢ᠃
ᠴᠢᠷᠠᠢᠯᠢᠭ ᠴᠢ ᠮᠢᠨᠢ ᠴᠦ᠍ ᠭᠡᠰᠡᠨ ᠬᠣᠶᠠᠷ ᠬᠡᠦᠬᠡᠨ ᠢ᠋ ᠣᠷᠣᠯᠠᠵᠤ
ᠴᠠᠷᠴᠠᠭᠤ ᠮᠥᠰᠥ ᠰᠢᠭ᠂ ᠬᠠᠯᠠᠭᠤᠨ ᠳᠥᠯᠥ ᠰᠢᠭ ᠪᠠᠢᠬᠤ ᠶᠤᠮ᠃
ᠠᠯᠢ ᠨᠢ ᠰᠠᠢᠬᠠᠨ ᠪᠣᠢ᠂ ᠠᠳᠠᠯᠢ ᠰᠠᠢᠬᠠᠨ
ᠠᠨᠳᠠᠭᠠᠢᠯᠠᠵᠤ ᠪᠢ᠂ ᠲᠣᠯᠣᠭᠠᠢ ᠪᠠᠨ ᠲᠠᠯᠪᠢᠬᠤ ᠳ᠋ᠤ᠌ ᠪᠡᠯᠡᠨ
ᠠᠪᠰᠠᠨ ᠤ᠋ ᠲᠠᠭ ᠰᠡᠬᠦᠬᠦ᠂ ᠡᠴᠦᠰ ᠦ᠋ᠨ ᠡᠴᠦᠰ ᠬᠦᠷᠲᠡᠯ᠎ᠡ
ᠠᠬᠢᠭᠠᠳ ᠭᠤᠷᠪᠠᠳᠠᠬᠢ ᠨᠢᠭᠡᠨ ᠬᠡᠷᠡᠭ ᠦᠭᠡᠢ ᠪᠢᠯᠡ ᠠ᠋!
ᠪᠢᠳᠡ ᠬᠣᠶᠠᠷ ᠬᠢᠭᠡᠳ ᠪᠢᠰᠢᠳ ᠦ᠋ᠨ ᠲᠤᠬᠠᠢ
ᠣᠷᠭᠢᠯ ᠥᠨᠳᠥᠷ ᠢ᠋ᠶ᠋ᠡᠷ ᠣᠷᠳᠣᠨ ᠬᠢᠵᠦ
ᠣᠯᠳᠠᠭᠰᠠᠨ ᠨᠣᠮ ᠢ᠋ᠶ᠋ᠠᠷ ᠬᠠᠨᠢ ᠬᠢᠬᠦᠢ
ᠴᠢᠮᠠᠶ᠋ᠢ ᠨᠠᠮᠠᠶ᠋ᠢ ᠪᠢᠴᠢᠭᠡ ᠦᠭᠡᠢ ᠪᠣᠯ
ᠴᠠᠪᠠᠰᠤ ᠳᠠ᠂ ᠬᠣᠭᠣᠰᠣᠨ ᠨᠣᠮ ᠪᠠᠢᠨ᠎ᠠ᠃
ᠪᠢᠳᠡᠨ ᠬᠣᠶᠠᠷ᠂ ᠪᠤᠰᠤᠳ ᠤ᠋ᠨ ᠯᠠ ᠠᠳᠠᠯᠢ
ᠪᠡᠶ᠎ᠡ᠂ ᠪᠡᠯᠴᠢᠭᠡᠷ᠂ ᠪᠣᠳᠣᠯ ᠢ᠋ᠶ᠋ᠠᠷ ᠢᠵᠢᠯ
ᠡᠨᠡ ᠪᠦᠬᠦᠨ ᠢ᠋ ᠪᠢᠴᠢᠭᠡ ᠦᠭᠡᠢ ᠪᠣᠯ
ᠡᠪᠡᠢ ᠭᠡᠵᠦ᠂ ᠬᠣᠭᠣᠰᠣᠨ ᠨᠣᠮ ᠪᠠᠢᠨ᠎ᠠ᠃
ᠠᠯᠠᠭ ᠵᠢᠷᠦᠬᠡ ᠪᠡᠷ ᠢ᠋ᠶ᠋ᠡᠨ ᠬᠠᠨᠢ ᠬᠢᠬᠦᠢ
ᠠᠮᠠᠷᠠᠭ ᠰᠡᠳᠬᠢᠯ᠂ ᠭᠤᠨᠢᠭ ᠢ᠋ ᠶᠠᠷᠢᠪᠠ ᠯᠠ
ᠠᠷᠭ᠎ᠠ ᠦᠭᠡᠢ ᠨᠠᠮᠠᠶ᠋ᠢ ᠴᠢᠮᠠᠶ᠋ᠢ ᠬᠣᠷᠸ᠎ᠠ ᠶ᠋ᠢ
ᠠᠷᠢᠭᠤᠨ ᠴᠢᠰᠤ ᠪᠠᠷ ᠢ᠋ᠶ᠋ᠠᠨ ᠪᠢᠴᠢᠭᠰᠡᠨ ᠪᠠᠢᠨᠠᠮ᠃
ᠪᠢᠴᠢᠭᠰᠡᠨ ᠢ᠋ ᠨᠢ ᠣᠯᠠᠨ ᠲᠦᠮᠡᠨ ᠤᠩᠰᠢᠭᠠᠳ
ᠪᠢᠳᠡᠨ ᠦ᠌ ᠲᠤᠬᠠᠢ ᠳᠡᠰ ᠳᠠᠷᠠᠭᠠᠯᠠᠨ ᠰᠣᠨᠣᠰᠤᠭᠠᠳ
ᠭᠠᠢᠬᠠᠵᠤ᠂ ᠵᠢᠷᠦᠬᠡ ᠶ᠋ᠢ ᠮᠠᠨᠢ ᠴᠢᠩ ᠦᠨᠡᠨᠴᠢ ᠶ᠋ᠢ ᠨᠢ ᠳᠤᠷᠠᠰᠬᠤ
ᠭᠠᠷ ᠢ᠋ᠶ᠋ᠠᠷ ᠪᠢᠴᠢᠭᠡ ᠦᠭᠡᠢ ᠲᠣᠭᠣᠵᠢ ᠡᠨᠡ ᠪᠠᠢᠨ᠎ᠠ᠃
※ ※ ※
ᠳᠤᠷᠠᠯᠠᠯ ᠬᠡᠮᠡᠬᠦ ᠲᠦᠮᠡᠨ ᠦ᠌ ᠳᠠᠯᠠᠢ ᠶ᠋ᠢᠨ
ᠳᠤᠰᠤᠯ ᠨᠢ ᠮᠢᠨᠦ ᠰᠤᠳᠠᠰᠤᠨ ᠳ᠋ᠤ᠌ ᠪᠣᠢ
ᠳᠤᠰᠤᠯ ᠨᠢ ᠪᠣᠢ ᠪᠣᠯᠬᠤ ᠪᠠᠷ ᠨᠡᠷᠡᠲᠦ ᠶ᠋ᠢᠨ ᠭᠡᠷᠡᠯ
ᠳᠤᠲᠠᠭᠤ ᠦᠭᠡᠢ ᠨᠠᠮᠠᠶ᠋ᠢ ᠭᠡᠢᠭᠦᠯᠦᠨᠡᠮ ᠪᠤᠰᠤ ᠤᠤ ?
ᠠᠮᠤᠭᠤᠯᠠᠩ ᠰᠥᠨᠢ ᠪᠡᠷ ᠲᠩᠷᠢ ᠶ᠋ᠢᠨ ᠵᠠᠭᠠᠳᠠᠯ ᠤ᠋ᠨ ᠣᠳᠣᠳ
ᠠᠯᠠᠭᠠᠨ ᠳ᠋ᠤ᠌ ᠮᠢᠨᠢ ᠲᠡᠷᠡ ᠯᠠ ᠬᠠᠢᠷ᠎ᠠ ᠡᠴᠡ ᠲᠥᠭᠡᠨᠡᠨᠡ ᠪᠣᠯ ᠤᠤ?
ᠥᠨᠢᠷ ᠣᠯᠠᠨ ᠤ᠋ ᠬᠠᠢᠷ᠎ᠠ ᠶ᠋ᠢᠨ ᠰᠠᠩ ᠡᠴᠡ
ᠥᠴᠦᠬᠡᠨ ᠰᠢᠷᠬᠡᠭ ᠨᠢ ᠮᠢᠨᠦ ᠰᠤᠳᠠᠰᠤᠨ ᠳ᠋ᠤ᠌ ᠪᠣᠢ᠃
ᠥᠪᠡᠷ ᠪᠤᠰᠤᠳ ᠲᠤ᠌ ᠬᠡᠷᠪᠡ ᠬᠡᠷᠡᠭᠯᠡᠭᠳᠡᠳᠡᠭ ᠦᠭᠡᠢ ᠰᠠᠨ ᠪᠣᠯ
ᠥᠭᠭᠢᠶᠡᠮᠦᠷ ᠬᠠᠢᠷ᠎ᠠ ᠪᠠᠷ ᠪᠢ ᠪᠠᠶᠠᠵᠢᠬᠤ ᠰᠠᠨ ᠪᠣᠯ ᠤᠤ?
ᠬᠠᠢᠷ᠎ᠠ ᠭᠡᠳᠡᠭ ᠬᠥᠮᠦᠰ ᠦ᠋ᠨ ᠰᠢᠳᠢᠲᠦ ᠡᠷᠳᠡᠨᠢ ᠶ᠋ᠢᠨ ᠰᠠᠩ ᠶᠤᠮ
ᠬᠠᠷᠠᠮ ᠦᠭᠡᠢ ᠲᠦᠭᠡᠭᠡᠭᠰᠡᠭᠡᠷ ᠠᠪᠠᠴᠤ ᠰᠢᠷᠭᠢᠰᠢ ᠦᠭᠡᠢ ᠳᠦᠭᠦᠷᠡᠩ ᠶᠤᠮ
ᠳᠠᠯᠳᠠ ᠰᠠᠩ ᠤ᠋ᠨ ᠢ᠋ᠶ᠋ᠠᠨ ᠳᠡᠭᠡᠷ᠎ᠡ ᠨᠢ ᠰᠠᠭᠤᠬᠤ ᠭᠡᠬᠦ ᠲᠣᠰᠤᠮ
ᠳᠠᠷᠤᠴᠢᠬᠠᠬᠤ ᠭᠡᠵᠦ ᠲᠡᠷᠡ᠂ ᠮᠢᠨᠦ ᠳᠡᠭᠡᠷ᠎ᠡ ᠡᠴᠡ ᠭᠠᠩᠬᠤᠬᠤ ᠶᠤᠮ᠃
