ᠴᠠᠭᠠᠨ ᠰᠠᠷ᠎ᠠ - ᠴ ᠨᠡᠭᠦᠳᠡᠯSagaan sar - Ts NüüdelЦагаан сар - Ц Нүүдэл ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ - ᠴ ᠨᠡᠭᠦᠳᠡᠯSagaan sar - Ts NüüdelЦагаан сар - Ц Нүүдэл

ᠴᠠᠭᠠᠨ ᠰᠠᠷ᠎ᠠ - ᠴ ᠨᠡᠭᠦᠳᠡᠯSagaan sar - Ts NüüdelЦагаан сар - Ц Нүүдэл

2025-03-04

662

ᠴᠠᠭᠠᠨ ᠰᠠᠷ᠎ᠠ


    ᠰᠢᠯᠦᠭ᠄ ᠴ·ᠨᠡᠭᠦᠳᠡᠯ  
    ᠠᠶ᠎ᠠ᠄ ᠴ·ᠠᠯᠲᠠᠨᠰᠦ᠋ᠬᠡ 
ᠡᠪᠦᠯ ᠦ᠋ᠨ ᠤᠯᠠᠷᠢᠯ ᠤ᠋ᠨ ᠰᠡᠭᠦᠯᠴᠢ ᠶ᠋ᠢᠨ ᠡᠳᠦᠷ  
ᠥᠭᠡᠳᠡᠯᠡᠬᠦ ᠬᠠᠪᠤᠷ ᠤ᠋ᠨ ᠠᠩᠬᠠᠨ ᠤ᠋ ᠡᠳᠦᠷ  
ᠥᠯᠵᠡᠢ ᠳᠡᠮᠪᠡᠷᠢᠯ ᠲᠡᠢ ᠰᠢᠨ᠎ᠡ ᠶ᠋ᠢᠨ ᠨᠢᠭᠡᠨ ᠦ᠌ ᠥᠷᠯᠥᠭᠡ  
ᠡᠪᠦᠭᠡ ᠡᠮᠡᠭᠡ ᠳ᠋ᠡᠭᠡᠨ ᠠᠢᠯᠴᠢᠯᠠᠨ ᠵᠣᠯᠭᠠᠭᠠᠷᠠᠢ ᠳ᠋ᠠ  
ᠲᠠ ᠠᠮᠤᠷᠬᠠᠨ ᠰᠠᠢᠨ ᠪᠠᠢᠨ᠎ᠠ ᠤᠤ ᠭᠡᠳ  
ᠲᠣᠬᠣᠢ ᠶ᠋ᠢ ᠨᠢ ᠳᠥᠰᠢᠨ ᠵᠣᠯᠭᠠᠭᠠᠷᠠᠢ  
ᠲᠠᠪᠠᠲᠠᠢ ᠰᠠᠢᠬᠠᠨ ᠰᠢᠨᠠᠯᠠᠪᠠ ᠤᠤ ᠭᠡᠳ  
ᠳᠤᠬᠤᠨ ᠳᠡᠭᠡᠷ᠎ᠡ ᠪᠡᠨ ᠦᠨᠦᠰᠦᠭᠦᠯᠦᠭᠡᠷᠡᠢ 

ᠥᠷᠯᠥᠭᠡᠨ ᠦ᠌ ᠨᠠᠷᠠ ᠰᠢᠭ ᠮᠠᠨᠳᠤᠵᠤ ᠶᠠᠪᠤᠭᠠᠷᠠᠢ  
ᠡᠳᠦᠷ ᠦ᠋ᠨ ᠴᠡᠴᠡᠭ ᠰᠢᠭ᠋ ᠳᠡᠯᠭᠡᠷᠡᠵᠦ ᠶᠠᠪᠤ ᠳᠠ  
ᠡᠳᠦᠷ ᠡᠴᠡ ᠡᠳᠦᠷ ᠲᠦ᠍ ᠰᠠᠢᠨ ᠬᠥᠮᠦᠨ ᠪᠣᠯᠤᠨ᠎ᠠ ᠭᠡᠳ 
ᠡᠪᠦᠭᠡ ᠡᠮᠡᠭᠡ ᠲᠠᠨᠢ ᠴᠢᠮ᠎ᠠ ᠶ᠋ᠢ ᠢᠷᠥᠭᠡᠨ᠎ᠡ ᠠ᠋  
ᠲᠠ ᠠᠮᠤᠷᠬᠠᠨ ᠰᠠᠢᠨ ᠪᠠᠢᠨ᠎ᠠ ᠤᠤ ᠭᠡᠳ  
ᠲᠣᠬᠣᠢ ᠶ᠋ᠢ ᠨᠢ ᠳᠥᠰᠢᠨ ᠵᠣᠯᠭᠠᠭᠠᠷᠠᠢ  
ᠲᠠᠪᠠᠲᠠᠢ ᠰᠠᠢᠬᠠᠨ ᠰᠢᠨᠠᠯᠠᠪᠠ ᠤᠤ ᠭᠡᠳ  
ᠳᠤᠬᠤᠨ ᠳᠡᠭᠡᠷ᠎ᠡ ᠪᠡᠨ ᠦᠨᠦᠰᠦᠭᠦᠯᠦᠭᠡᠷᠡᠢ

    ᠥᠰᠦᠭ ᠠᠮᠢᠯᠠᠭᠤᠯᠤᠭᠴᠢ᠄ ᠵᠡᠷᠮᠦᠳ ᠸ· ᠥᠯᠵᠡᠢ