ᠬᠥᠳᠡᠭᠡ ᠶ᠋ᠢᠨ ᠬᠢᠨ - ᠬᠡᠷᠡᠢᠳ ᠮᠥᠩᠬᠡᠨᠠᠰᠤᠨХөдөөгийнхөн-Хэрэйд Мөнхнасан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠭᠡ ᠶ᠋ᠢᠨ ᠬᠢᠨ - ᠬᠡᠷᠡᠢᠳ ᠮᠥᠩᠬᠡᠨᠠᠰᠤᠨХөдөөгийнхөн-Хэрэйд Мөнхнасан

ᠬᠥᠳᠡᠭᠡ ᠶ᠋ᠢᠨ ᠬᠢᠨ - ᠬᠡᠷᠡᠢᠳ ᠮᠥᠩᠬᠡᠨᠠᠰᠤᠨХөдөөгийнхөн-Хэрэйд Мөнхнасан

2025-03-03

997

ᠬᠥᠳᠡᠭᠡ ᠶ᠋ᠢᠨ ᠬᠢᠨ

   ᠵᠣᠬᠢᠶᠠᠭᠴᠢ᠄ ᠬᠡᠷᠡᠢᠳ ᠮᠥᠩᠬᠡᠨᠠᠰᠣᠨ 
   ᠤᠶᠠᠩᠭᠠᠯᠠᠭᠴᠢ᠄ ᠰᠣᠯᠣᠩᠭ᠎ᠠ 

ᠬᠥᠳᠡᠭᠡ ᠳ᠋ᠦ᠍ ᠬᠥᠭᠡᠷᠦᠬᠦᠢ ᠪᠣᠷᠣᠬᠠᠨ ᠮᠠᠯᠴᠢᠳ ᠪᠣᠢ 
ᠬᠦᠷᠦᠭᠡᠳ ᠣᠴᠢᠪᠠᠯ 
ᠬᠥᠷᠥᠰᠥᠯᠢᠭ ᠴᠢᠷᠠᠢ ᠨᠢ ᠢᠨᠢᠶᠡᠴᠢᠬᠡᠭᠰᠡᠨ 
ᠬᠥᠮᠦᠨᠯᠢᠭ ᠰᠡᠳᠬᠢᠯ ᠲᠡᠢ ᠤᠯᠤᠰ ᠪᠣᠢ 
 
ᠮᠣᠷᠢ ᠪᠠᠨ ᠭᠡᠪᠡᠯ ᠬᠡᠢ ᠳᠡᠷᠪᠡᠵᠡᠭᠡᠳᠡᠭ 
ᠨᠤᠲᠤᠭ ᠢ᠋ᠶ᠋ᠠᠨ ᠭᠡᠪᠡᠯ ᠨᠣᠢᠷ ᠢ᠋ᠶ᠋ᠠᠨ ᠭᠡᠭᠡᠴᠢᠬᠡᠭᠰᠡᠨ 
ᠬᠠᠭᠤᠷᠤᠭᠰᠠᠨ ᠠᠮᠤ ᠬᠡᠪ ᠦ᠋ᠨ ᠴᠠᠢ ᠪᠠᠨ 
《ᠠᠮᠢ ᠵᠢᠭᠤᠬᠤ》 ᠭᠡᠮᠡᠨ ᠬᠥᠭᠥᠷᠴᠢᠬᠡᠭᠰᠡᠨ 

ᠬᠤᠳᠠᠯ ᠦᠨᠡᠨ ᠢᠯᠭᠠᠷᠠᠬᠤ ᠦᠭᠡᠢ ᠪᠣᠯ
ᠵᠣᠭᠣᠰᠤᠨ ᠲᠥᠯᠭᠡ ᠮᠠᠨᠠᠴᠢᠬᠠᠭᠰᠠᠨ
ᠬᠤᠭᠤᠷ ᠱᠠᠨᠵᠠ ᠪᠠᠨ ᠪᠠᠷᠢᠪᠠᠯ
ᠲᠩᠷᠢ ᠶ᠋ᠢᠨ ᠣᠷᠣᠨ ᠰᠢᠭ᠋ ᠵᠢᠷᠭᠠᠵᠠᠭᠠᠳᠠᠭ

ᠬᠣᠨᠢ ᠨᠢ ᠢᠬᠡᠷᠡᠯᠡᠭᠡᠳ ᠲᠥᠯᠯᠡᠪᠡᠯ
ᠳᠡᠯᠡᠬᠡᠢ ᠪᠠᠭᠲᠠᠮ᠎ᠠ ᠦᠭᠡᠢ ᠪᠠᠶᠠᠷᠯᠠᠴᠢᠬᠠᠳᠠᠭ
ᠰᠦ ᠠᠢᠷᠠᠭ ᠤ᠋ᠨ ᠦᠨᠦᠷ ᠢ᠋ᠶ᠋ᠡᠷ
ᠰᠠᠯᠬᠢᠨ ᠤ᠋ ᠭᠡᠵᠢᠭᠡ ᠭᠤᠶᠤᠭᠰᠠᠨ

ᠰᠦᠷᠦᠭ ᠮᠠᠯ ᠤ᠋ᠨ ᠪᠤᠶᠠᠨ ᠢ᠋ᠶ᠋ᠠᠨ
ᠰᠡᠳᠬᠢᠯ ᠦ᠋ᠨ ᠥᠨᠳᠥᠷ ᠲᠦ᠍ ᠪᠡᠨ ᠳᠡᠭᠡᠳᠦᠯᠡᠭᠰᠡᠨ 
ᠮᠤᠤᠲ᠋ᠠᠢ ᠠᠷᠢᠬᠢ ᠬᠤᠸᠠᠷ ᠲᠠᠢ ᠰᠢᠷᠡᠭᠡ
ᠲᠡᠷᠡ ᠪᠦᠬᠦᠨ ᠳ᠋ᠦ᠍ ᠳᠤᠷ᠎ᠠ ᠦᠭᠡᠢ

 ᠠᠷᠵᠠᠭᠠᠷ 《ᠣᠷᠳᠣᠰ 》ᠪᠣᠯ ᠪᠣᠯᠴᠢᠬᠠᠨ᠎ᠠ ᠭᠡᠳ
ᠳᠠᠭᠤᠤ ᠰᠢᠯᠦᠭ ᠢ᠋ᠶ᠋ᠡᠷ ᠬᠡᠬᠡᠷᠡᠴᠢᠬᠡᠭᠰᠡᠨ
ᠤᠲᠠᠢ᠂ ᠭᠦᠮᠪ᠂ ᠰᠢᠷᠠᠵᠤᠤ ᠭᠡᠳ
ᠠᠯᠢᠨ ᠳ᠋ᠤ᠌ ᠨᠢ᠎ ᠴᠦ᠍ ᠮᠥᠷᠭᠥᠭᠡ ᠦᠭᠡᠢ

ᠠᠭᠤᠤ ᠪᠣᠭᠳᠠ ᠪᠠᠨ ᠰᠦᠰᠦᠭᠯᠡᠨ᠎ᠡ ᠭᠡᠳ
ᠠᠷᠤ ᠬᠣᠢᠮᠣᠷ ᠲᠤ᠌ ᠪᠠᠨ ᠳᠠᠬᠢᠴᠢᠬᠠᠭᠰᠠᠨ
ᠮᠣᠩᠭᠣᠯ ᠬᠢᠲᠠᠳ ᠬᠡᠨ ᠳ᠋ᠦ᠍ ᠴᠦ᠍ ᠭᠡᠳ
ᠰᠦ ᠲᠡᠢ ᠴᠠᠢ ᠪᠠᠨ ᠠᠶᠠᠭᠠᠯᠠᠴᠢᠬᠠᠭᠰᠠᠨ

ᠮᠣᠷᠢ ᠲᠡᠮᠡᠭᠡ ᠬᠣᠶᠠᠷ ᠢ᠋ᠶ᠋ᠠᠷ ᠢ᠋ᠶ᠋ᠠᠨ
ᠵᠠᠭᠤᠨ ᠪᠡᠷᠬᠡ ᠶ᠋ᠢ ᠮᠣᠬᠣᠭᠠᠴᠢᠬᠠᠭᠰᠠᠨ
ᠪᠡᠭᠡᠷᠡᠭᠰᠡᠨ ᠢᠰᠢᠭᠡ ᠪᠡᠨ ᠦᠬᠦᠭᠡᠷᠲᠦᠬᠦ ᠳ᠋ᠦ᠍ ᠪᠡᠨ
ᠡᠮᠦᠰᠦᠭᠰᠡᠨ ᠴᠡᠬᠡᠳᠡᠭ ※ ᠢ᠋ᠶ᠋ᠡᠨ ᠲᠠᠢᠯᠳᠠᠭ

ᠪᠢᠯᠵᠤᠤᠬᠠᠢ ᠱᠠᠭᠠᠵᠠᠭᠠᠢ ᠠᠯᠢ ᠶ᠋ᠢ ᠨᠢ ᠴᠦ᠍
ᠠᠳᠠᠯᠢᠬᠠᠨ ᠬᠠᠢᠷᠠᠲᠠᠢ ᠰᠠᠨᠠᠳᠠᠭ
ᠬᠥᠭᠡᠷᠦᠬᠦᠢ ᠬᠥᠳᠡᠭᠡ ᠶ᠋ᠢᠨ ᠪᠣᠷᠣᠴᠤᠤᠯ ᠮᠢᠨᠢ
ᠬᠥᠮᠦᠨ ᠴᠢᠨᠠᠷ ᠤ᠋ᠨ ᠪᠦᠷᠢᠯᠸ᠎ᠠ ᠰᠠᠨ

※ ᠴᠡᠬᠡᠳᠡᠭ— ᠬᠦᠷᠮ᠎ᠡ᠂ ᠬᠥᠪᠥᠩ ᠲᠡᠢ ᠣᠬᠣᠷ ᠬᠤᠪᠴᠠᠰᠤ

  ᠦᠰᠦᠭ ᠠᠮᠢᠯᠠᠭᠤᠯᠤᠭᠴᠢ ᠄ᠬᠡᠷᠡᠢᠳ ᠮᠥᠩᠬᠡᠨᠠᠰᠤᠨ
  ᠦᠰᠦᠭ ᠬᠠᠲᠠᠭᠴᠢ᠄ᠥᠯᠵᠡᠪᠠᠭᠠᠲᠤᠷ
  ᠬᠢᠨᠠᠭᠴᠢ᠄ ᠣᠳᠬᠠᠨᠰᠣ᠎ᠠ