ᠵᠢᠵᠢᠭ ᠨᠤᠭᠲᠤᠷᠤ ᠡᠪᠡᠰᠦЖижиг ногтруу өвс Jijig nogtruu övs
ᠵᠢᠵᠢᠭ ᠨᠤᠭᠲᠤᠷᠤ ᠡᠪᠡᠰᠦ
ᠲᠤᠰ ᠡᠮ ᠪᠣᠯ ᠰᠠᠷᠠᠨ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠠᠷᠠᠭᠠᠨ ᠪᠣᠷᠣ ᠨᠤᠭᠲᠤᠷᠤ ᠡᠪᠡᠰᠦ᠂ ᠵᠢᠵᠢᠭ ᠨᠤᠭᠲᠤᠷᠤ ᠡᠪᠡᠰᠦ᠂ ᠭᠠᠨᠰᠦ ᠨᠤᠭᠲᠤᠷᠤ ᠡᠪᠡᠰᠦ ᠶ᠋ᠢᠨ ᠬᠠᠲᠠᠭᠠᠭᠰᠠᠨ ᠬᠠᠢᠷᠰᠤᠯᠢᠭ ᠡᠰᠢ ᠮᠥᠨ᠃ ᠪᠠᠰᠠ ᠨᠢᠪᠢᠼᠠᠸᠠ᠂ ᠨᠢᠸᠠ ᠭᠡᠳᠡᠭ᠃
[ ᠤᠤᠯ ᠤᠷᠭᠤᠮᠠᠯ]1 ᠪᠠᠷᠠᠭᠠᠨ ᠪᠣᠷᠣ ᠨᠤᠭᠲᠤᠷᠤ ᠡᠪᠡᠰᠦ ᠣᠯᠠᠨ ᠨᠠᠰᠤᠲᠤ ᠡᠪᠡᠰᠦᠯᠢᠭ ᠤᠷᠭᠤᠮᠠᠯ᠃ ᠬᠠᠢᠷᠰᠤᠯᠢᠭ ᠡᠰᠢ ᠨᠢ ᠪᠥᠮᠪᠥᠭᠡᠯᠢᠭ ᠪᠤᠶᠤ ᠱᠣᠷᠣᠯᠵᠢᠨ᠃ ᠡᠰᠢ ᠨᠢ ᠰᠢᠯᠤᠭᠤᠨ᠂ ᠨᠣᠭᠣᠭᠠᠨ ᠪᠤᠶᠤ ᠭᠦᠨ ᠪᠣᠷᠣ ᠥᠩᠭᠡ ᠲᠡᠢ᠃ ᠡᠰᠢᠨ ᠦ᠌ ᠳᠣᠣᠷ᠎ᠠ ᠬᠡᠰᠡᠭ ᠦ᠋ᠨ ᠨᠠᠪᠴᠢ ᠨᠢ ᠴᠢᠭᠲᠠᠯᠠᠨ ᠤᠷᠭᠤᠨ᠎ᠠ᠂ ᠳᠤᠮᠳᠠ ᠠ᠋ᠴᠠ ᠳᠡᠭᠡᠭᠰᠢᠬᠢ ᠨᠠᠪᠴᠢ ᠨᠢ ᠴᠤᠪᠤᠷᠠᠨ ᠤᠷᠭᠤᠬᠤ ᠪᠤᠶᠤ ᠴᠢᠭᠲᠠᠯᠠᠬᠤ ᠰᠢᠤᠬᠠᠨ ᠤᠷᠭᠤᠨ᠎ᠠ᠃ ᠪᠠᠷᠢᠭᠤᠯ ᠦᠭᠡᠢ᠂ ᠨᠠᠪᠴᠢ ᠨᠢ ᠤᠲᠠᠰᠤᠯᠢᠭ ᠪᠤᠶᠤ ᠤᠲᠠᠰᠤᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠴᠡᠴᠡᠭ ᠨᠢ ᠡᠰᠢᠨ ᠦ᠌ ᠣᠷᠣᠢ ᠳ᠋ᠤ᠌ ᠭᠠᠭᠴᠠᠭᠠᠷ ᠳᠡᠯᠭᠡᠷᠡᠨ᠎ᠡ᠃ ᠭᠦᠨ ᠪᠣᠷᠣ ᠥᠩᠭᠡ ᠲᠡᠢ᠂ ᠵᠢᠭᠠᠬᠠᠨ ᠰᠢᠷᠠᠪᠲᠤᠷ ᠬᠦᠷᠡᠩ ᠵᠢᠵᠢᠭ ᠴᠣᠩᠬᠣ ᠲᠠᠢ᠃1 ᠨᠠᠪᠴᠢᠯᠢᠭ ᠪᠠᠭᠯᠠᠭᠴᠢ ᠢᠯᠲᠠᠰᠤ ᠲᠠᠢ᠂3.5~5cm ᠤᠷᠲᠤ᠃ ᠴᠡᠴᠡᠭ ᠦ᠋ᠨ ᠰᠢᠳᠠᠷ ᠨᠢ6 ᠂ ᠬᠣᠶᠠᠷ ᠮᠥᠷ᠂2.5~2.8cm ᠤᠷᠲᠤ᠂ ᠭᠠᠳᠠᠷ3 ᠢᠯᠲᠠᠰᠤ ᠨᠢ ᠤᠷᠲᠤᠯᠵᠢᠨ ᠲᠣᠭᠣᠷᠢᠭ᠂6~9mm ᠥᠷᠭᠡᠨ᠂ ᠳᠣᠲᠣᠷ᠎ᠠ 3ᠢᠯᠲᠠᠰᠤ ᠨᠢ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂10~13mm ᠥᠷᠭᠡᠨ᠂ ᠪᠠᠯ ᠤ᠋ᠨ ᠬᠣᠩᠭᠣᠷ ᠨᠢ ᠲᠣᠳᠣ ᠪᠤᠰᠤ᠃6 ᠡᠷ᠎ᠡ ᠲᠣᠭᠣᠷᠴᠣᠭ ᠲᠠᠢ᠂ ᠳᠣᠬᠢᠭᠤᠷ ᠳᠡᠭᠡᠷ᠎ᠡ ᠨᠢ ᠬᠠᠶᠠ ᠨᠢᠭ ᠵᠢᠵᠢᠭ ᠬᠥᠬᠥᠨᠴᠢᠷ ᠳᠣᠪᠣᠭᠣᠷ ᠲᠠᠢ᠂ ᠲᠣᠭᠣᠰᠣᠪᠴᠢ ᠨᠢ ᠤᠭ ᠢ᠋ᠶ᠋ᠠᠷ ᠢ᠋ᠶ᠋ᠠᠨ ᠲᠣᠭᠲᠠᠨ᠎ᠠ᠃ ᠴᠡᠴᠡᠭ ᠦ᠋ᠨ ᠪᠠᠭᠠᠨ᠎ᠠ ᠨᠢ ᠨᠠᠷᠢᠨ ᠤᠷᠲᠤ᠂ ᠪᠠᠭᠠᠨ᠎ᠠ ᠶ᠋ᠢᠨ ᠠᠮᠠᠰᠠᠷ ᠨᠢ3 ᠣᠨᠢ ᠲᠠᠢ᠂ ᠰᠡᠵᠢᠭᠦᠷ ᠢᠯᠲᠠᠰᠤ ᠨᠢ ᠰᠠᠷᠪᠠᠭᠠᠷ᠃ ᠬᠣᠩᠭᠣᠷᠴᠣᠭᠲᠤ ᠵᠢᠮᠢᠰ ᠨᠢ ᠤᠷᠲᠤᠯᠵᠢᠨ ᠲᠣᠭᠣᠷᠢᠭ᠂6 ᠢᠷᠮᠡᠭ ᠲᠡᠢ᠂6 ᠳ᠋ᠤᠭᠠᠷ ᠰᠠᠷ᠎ᠠ ᠳ᠋ᠤ᠌ ᠴᠡᠴᠡᠭᠯᠡᠵᠦ᠂8 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
2 ᠵᠢᠵᠢᠭ ᠨᠤᠭᠲᠤᠷᠤ ᠡᠪᠡᠰᠦ ᠣᠯᠠᠨ ᠨᠠᠰᠤᠲᠤ ᠡᠪᠡᠰᠦᠯᠢᠭ ᠤᠷᠭᠤᠮᠠᠯ᠃ ᠬᠠᠢᠷᠰᠤᠯᠢᠭ ᠡᠰᠢ ᠨᠢ ᠥᠨᠳᠡᠭᠡᠯᠵᠢᠨ ᠲᠣᠭᠣᠷᠢᠭ᠃ ᠨᠠᠪᠴᠢ ᠨᠢ ᠶᠡᠷᠦ ᠳ᠋ᠡᠭᠡᠨ ᠴᠢᠭᠲᠠᠯᠠᠨ ᠤᠷᠭᠤᠨ᠎ᠠ᠃ ᠡᠰᠢᠨ ᠦ᠌ ᠳᠤᠮᠳᠠ ᠬᠡᠰᠡᠭ ᠦ᠋ᠨ ᠬᠢᠨᠢ ᠴᠤᠪᠤᠷᠠᠬᠤ ᠪᠤᠶᠤ ᠳᠤᠭᠤᠢᠷᠠᠬᠤ ᠨᠢ ᠲᠤᠩ ᠴᠥᠭᠡᠨ᠃ ᠦᠵᠦᠭᠦᠷ ᠨᠢ ᠣᠷᠢᠶᠠᠯᠳᠤᠬᠤ ᠦᠭᠡᠢ ᠪᠤᠶᠤ ᠪᠠᠭᠠᠬᠠᠨ ᠣᠷᠢᠶᠠᠯᠳᠤᠨᠠ᠃ ᠴᠡᠴᠡᠭ ᠨᠢ ᠡᠰᠢᠨ ᠦ᠌ ᠣᠷᠣᠢ ᠳ᠋ᠤ᠌ ᠳᠡᠯᠭᠡᠷᠡᠨ᠎ᠡ᠃ ᠪᠣᠷᠣᠪᠲᠤᠷ ᠤᠯᠠᠭᠠᠨ ᠥᠩᠭᠡ ᠲᠡᠢ᠂ ᠭᠦᠢᠬᠡᠨ ᠨᠣᠭᠣᠭᠠᠨ ᠴᠣᠩᠬᠣ ᠲᠠᠢ᠂ ᠴᠡᠴᠡᠭ ᠨᠢ ᠠᠶᠠᠨᠳᠠᠭᠠᠨ ᠰᠢᠷᠠᠩᠭᠤᠢ ᠨᠣᠭᠣᠭᠠᠨ ᠪᠣᠯᠳᠠᠭ᠃ ᠪᠣᠷᠣ ᠲᠣᠯᠪᠣᠲᠤ ᠠᠷᠲᠠᠢ᠂3 ᠨᠠᠪᠴᠢᠯᠢᠭ ᠪᠠᠭᠯᠠᠭᠴᠢ ᠢᠯᠲᠠᠰᠤ ᠲᠠᠢ᠃ ᠦᠵᠦᠭᠦᠷ ᠨᠢ ᠵᠢᠭᠠᠬᠠᠨ ᠣᠷᠢᠶᠠᠯᠳᠤᠨᠠ᠃ ᠴᠡᠴᠡᠭ ᠦ᠋ᠨ ᠰᠢᠳᠠᠷ ᠤ᠋ᠨ ᠭᠠᠳᠠᠷ ᠮᠥᠷ ᠦ᠋ᠨ3 ᠢᠯᠲᠠᠰᠤ ᠨᠢ1~1.4cm ᠥᠷᠭᠡᠨ᠂ ᠳᠣᠲᠣᠷ᠎ᠠ ᠮᠥᠷ ᠦ᠋ᠨ3 ᠢᠯᠲᠠᠰᠤ ᠨᠢ1.5cm ᠥᠷᠭᠡᠨ᠂ ᠪᠠᠯ ᠤ᠋ᠨ ᠬᠣᠩᠬᠣᠷ ᠨᠢ ᠠᠷᠤ ᠳ᠋ᠤᠨᠢ ᠲᠣᠳᠣᠬᠠᠨ ᠭᠦᠳᠦᠢᠨᠡ᠃6 ᠡᠷ᠎ᠡ ᠲᠣᠭᠣᠷᠴᠣᠭ ᠲᠠᠢ᠂ ᠪᠠᠭᠠᠨ᠎ᠠ ᠶ᠋ᠢᠨ ᠠᠮᠠᠰᠠᠷ ᠨᠢ3 ᠣᠨᠢ ᠲᠠᠢ᠂ ᠰᠡᠵᠢᠭᠦᠷ ᠢᠯᠲᠠᠰᠤ ᠨᠢ3~5mm ᠤᠷᠲᠤ᠃ ᠬᠣᠩᠭᠣᠷᠴᠣᠭᠲᠤ ᠵᠢᠮᠢᠰ ᠨᠢ ᠤᠷᠲᠤᠯᠵᠢᠨ ᠲᠣᠭᠣᠷᠢᠭ ᠬᠡᠯᠪᠡᠷᠢ ᠲᠡᠢ᠂ ᠢᠷᠮᠡᠭ ᠳᠡᠭᠡᠷᠡᠬᠢ ᠳᠠᠯᠠᠪᠴᠢ ᠨᠢ1~1.5mm ᠥᠷᠭᠡᠨ᠃3~7 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
3 ᠭᠠᠨᠰᠦ ᠨᠤᠭᠲᠤᠷᠤ ᠡᠪᠡᠰᠦ ᠣᠯᠠᠨ ᠨᠠᠰᠤᠲᠤ ᠡᠪᠡᠰᠦᠯᠢᠭ ᠤᠷᠭᠤᠮᠠᠯ᠃20~30cm ᠥᠨᠳᠥᠷ᠃ ᠬᠠᠢᠷᠰᠤᠯᠢᠭ ᠡᠰᠢ ᠨᠢ ᠱᠣᠷᠣᠯᠵᠢᠨ᠂ ᠡᠰᠢᠨ ᠦ᠌ ᠬᠠᠮᠤᠭ ᠳᠣᠣᠷ᠎ᠠ2 ᠢᠯᠲᠠᠰᠤ ᠨᠠᠪᠴᠢ ᠨᠢ ᠶᠡᠷᠦ ᠳ᠋ᠡᠭᠡᠨ ᠴᠢᠭᠲᠠᠯᠠᠵᠤ ᠳᠡᠭᠡᠭᠰᠢᠯᠡᠬᠦ ᠳᠣᠳᠣᠮ ᠴᠤᠪᠤᠷᠠᠨ ᠤᠷᠭᠤᠨ᠎ᠠ᠂ ᠨᠠᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂3.5~7cm ᠤᠷᠲᠤ᠂3~4mm ᠥᠷᠭᠡᠨ᠂ ᠦᠵᠦᠭᠦᠷ ᠨᠢ ᠣᠷᠢᠶᠠᠯᠳᠤᠬᠤ ᠦᠭᠡᠢ᠃ ᠴᠡᠴᠡᠭ ᠨᠢ ᠡᠰᠢᠨ ᠦ᠌ ᠣᠷᠣᠢ ᠳ᠋ᠤ᠌ ᠭᠠᠭᠴᠠᠭᠠᠷ ᠳᠡᠯᠭᠡᠷᠡᠨ᠎ᠡ᠃2 ᠴᠡᠴᠡᠭ ᠲᠡᠢ ᠨᠢ ᠴᠥᠭᠡᠨ᠂ ᠭᠦᠢᠬᠡᠨ ᠰᠢᠷ᠎ᠠ ᠥᠩᠭᠡ ᠲᠡᠢ᠂ ᠬᠠᠷᠠᠪᠲᠤᠷ ᠪᠣᠷᠣ ᠲᠣᠯᠪᠣ ᠳᠤᠰᠤᠯ ᠲᠠᠢ᠃1 ᠨᠠᠪᠴᠢᠯᠢᠭ ᠪᠠᠭᠯᠠᠭᠴᠢ ᠢᠯᠲᠠᠰᠤ ᠲᠠᠢ᠂ ᠦᠵᠦᠭᠦᠷ ᠨᠢ ᠪᠠᠬᠠᠨ ᠮᠠᠲᠠᠷᠢᠬᠤ ᠪᠣᠯᠪᠠᠴᠤ ᠣᠷᠢᠶᠠᠯᠳᠤᠬᠤ ᠦᠭᠡᠢ᠃ ᠴᠡᠴᠡᠭ ᠦ᠋ᠨ ᠰᠢᠳᠠᠷ ᠨᠢ6 ᠪᠣᠢ᠂2~3cm ᠤᠷᠲᠤ᠂4~6mm ᠥᠷᠭᠡᠨ᠂ ᠪᠠᠯ ᠤ᠋ᠨ ᠪᠤᠯᠴᠢᠷᠬᠠᠢ ᠶ᠋ᠢᠨ ᠬᠣᠩᠬᠣᠷ ᠨᠢ ᠢᠯᠡ ᠪᠤᠰᠤ᠂6 ᠡᠷ᠎ᠡ ᠲᠣᠭᠣᠷᠴᠣᠭ ᠲᠠᠢ᠂ ᠳᠣᠬᠢᠭᠤᠷ ᠤ᠋ᠨ ᠣᠷᠣᠢ ᠶ᠋ᠢᠨ ᠬᠡᠰᠡᠭ ᠡᠴᠡ ᠪᠤᠰᠤᠳ ᠬᠡᠰᠡᠭ ᠲᠤᠨᠢ ᠪᠦᠷ ᠢᠬᠴᠤ ᠬᠥᠬᠥᠨᠴᠢᠷ ᠭᠦᠳᠦᠭᠦᠷ ᠦ᠋ᠳ ᠲᠡᠢ᠃ ᠪᠠᠭᠠᠨ᠎ᠠ ᠶ᠋ᠢᠨ ᠠᠮᠠᠰᠠᠷ ᠨᠢ3 ᠣᠨᠢ ᠲᠠᠢ᠂ ᠰᠡᠵᠢᠭᠦᠷ ᠢᠯᠲᠠᠰᠤ ᠨᠢ1mm ᠤᠷᠲᠤ᠃ ᠬᠣᠩᠭᠣᠷᠴᠣᠭᠲᠤ ᠵᠢᠮᠢᠰ ᠨᠢ6 ᠢᠷᠮᠡᠭ ᠲᠡᠢ᠂6~7 ᠳ᠋ᠤᠭᠠᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠪᠠᠷᠠᠭᠠᠨ ᠪᠣᠷᠣ ᠨᠤᠭᠲᠤᠷᠤ ᠡᠪᠡᠰᠦ ᠪᠣᠯ ᠳᠠᠯᠠᠢ ᠶ᠋ᠢᠨ ᠲᠦᠪᠰᠢᠨ ᠡᠴᠡ ᠳᠡᠭᠡᠭᠰᠢ3000~4700m ᠤ᠋ᠨ ᠥᠨᠳᠥᠷ ᠳᠠᠬᠢ ᠲᠠᠭ ᠤ᠋ᠨ ᠪᠡᠯᠴᠢᠭᠡᠷ ᠲᠦ᠍ ᠤᠷᠭᠤᠨ᠎ᠠ᠃ ᠰᠧᠴᠤᠸᠠᠨ᠂ ᠬᠥᠬᠡᠨᠠᠭᠤᠷ ᠲᠤ ᠲᠠᠷᠬᠠᠴᠠ ᠲᠠᠢ᠂ ᠪᠠᠭ᠎ᠠ ᠬᠡᠮᠵᠢᠶ᠎ᠡ ᠪᠡᠷ ᠠᠷᠠᠴᠢᠯᠠᠨ ᠲᠠᠷᠢᠵᠤ ᠪᠠᠢᠨ᠎ᠠ᠃ ᠵᠢᠵᠢᠭ ᠨᠤᠭᠲᠤᠷᠤ ᠡᠪᠡᠰᠦ ᠪᠣᠯ ᠣᠢ ᠳᠤᠮᠳᠠ᠂ ᠪᠤᠲᠠ ᠰᠥᠭᠡᠭ ᠳᠣᠣᠷ᠎ᠠ᠂ ᠭᠣᠣᠯ ᠤ᠋ᠨ ᠳᠠᠩ ᠪᠤᠶᠤ ᠬᠠᠳᠠ ᠴᠢᠯᠠᠭᠤᠨ ᠤ᠋ ᠵᠠᠪᠰᠠᠷ ᠲᠤ᠌ ᠤᠷᠭᠤᠨ᠎ᠠ᠃ ᠰᠧᠴᠤᠸᠠᠨ᠂ ᠶᠦᠨᠨᠠᠨ᠂ ᠲᠥᠪᠡᠳ ᠲᠦ᠍ ᠲᠠᠷᠬᠠᠴᠠ ᠲᠠᠢ᠃ ᠭᠠᠨᠰᠦ ᠨᠤᠭᠲᠤᠷᠤ ᠡᠪᠡᠰᠦ ᠪᠣᠯ ᠳᠠᠯᠠᠢ ᠶ᠋ᠢᠨ ᠲᠦᠪᠰᠢᠨ ᠡᠴᠡ4400m ᠳᠡᠭᠡᠭᠰᠢᠬᠢ ᠪᠤᠲᠠ ᠰᠥᠭᠡᠭ ᠪᠤᠶᠤ ᠲᠠᠭ ᠤ᠋ᠨ ᠪᠡᠯᠴᠢᠭᠡᠷ ᠦ᠋ᠨ ᠳᠤᠮᠳᠠ ᠤᠷᠭᠤᠨ᠎ᠠ᠃ ᠭᠠᠨᠰᠦ᠂ ᠬᠥᠬᠡᠨᠠᠭᠤᠷ ᠂ᠲᠥᠪᠡᠳ ᠲᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠣᠯᠠᠩᠬᠢ ᠳ᠋ᠠᠭᠠᠨ ᠴᠠᠰᠤ ᠬᠠᠢᠯᠤᠭᠰᠠᠨ ᠤ᠋ ᠳᠠᠷᠠᠭ᠎ᠠ ᠮᠠᠯᠲᠠᠨ ᠠᠪᠴᠤ᠂ ᠤᠬᠢᠶᠠᠨ ᠴᠡᠪᠡᠷᠯᠡᠭᠡᠳ ᠪᠠᠢᠪᠠᠩ ᠲᠠᠢ ᠤᠰᠤ ᠪᠠᠷ ᠬᠠᠯᠢᠰᠤ ᠶ᠋ᠢ ᠨᠢ ᠵᠦᠯᠭᠦᠨ ᠠᠷᠢᠯᠭᠠᠬᠤ ᠪᠤᠶᠤ ᠳᠠᠪᠤᠰᠤ ᠲᠠᠢ ᠤᠰᠤᠨ ᠳ᠋ᠤ᠌ ᠳᠡᠪᠲᠦᠭᠡᠭᠡᠳ᠂ ᠨᠠᠷᠠᠨ ᠳ᠋ᠤ᠌ ᠬᠠᠲᠠᠭᠠᠬᠤ ᠪᠤᠶᠤ ᠬᠠᠭᠰᠠᠭᠠᠨ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠲᠡᠭᠰᠢ ᠴᠢᠨᠠᠷ ᠲᠠᠢ᠂ ᠵᠥᠭᠡᠯᠡᠨ᠂ ᠡᠶᠡᠯᠳᠡᠭ᠂ ᠰᠢᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠨᠢᠶᠠᠬᠤ ᠶ᠋ᠢ ᠵᠣᠭᠰᠣᠭᠠᠬᠤ᠂ ᠴᠠᠷ ᠢ᠋ ᠬᠣᠪᠬᠣᠯᠬᠤ᠂ ᠬᠠᠯᠠᠭᠤᠨ ᠢ᠋ ᠠᠷᠢᠯᠭᠠᠬᠤ᠂ ᠳᠤᠷ᠎ᠠ ᠶ᠋ᠢ ᠨᠡᠭᠡᠭᠡᠬᠦ ᠴᠢᠳᠠᠯ ᠲᠠᠢ᠃ ᠭᠣᠣᠯᠳᠠᠭᠤ ᠠᠭᠤᠰᠬᠢᠨ ᠤ᠋ ᠬᠠᠯᠠᠭᠤᠨ᠂ ᠠᠭᠤᠰᠬᠢᠨ ᠤ᠋ ᠬᠠᠳᠬᠤᠯᠭ᠎ᠠ᠂ ᠬᠢᠵᠢᠭ ᠲᠠᠭᠰᠢᠭᠤᠷ᠂ ᠠᠮᠢᠰᠬᠤᠯ ᠳᠠᠪᠬᠤᠴᠠᠬᠤ᠂ ᠴᠠᠷ ᠬᠣᠪᠬᠣᠷᠠᠬᠤ ᠦᠭᠡᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄1川贝母 2 暗紫贝母3甘肃贝母
ᠠᠩᠭ᠌ᠯᠢ ᠨᠡᠷ᠎ᠡ᠄1 Fritillaria cirrhosa D. Don 2 Fritillaria unibracteata P. K. Hsiao 3 Fritillaria przewalskii Maxim. ex Bata5
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠣᠶᠤᠨᠴᠢᠮᠡᠭ
