ᠲᠠᠪᠤᠨ ᠮᠥᠰᠥ ᠪᠡᠷ ᠬᠡᠦᠬᠡᠳ ᠢ᠋ᠶ᠋ᠡᠨ ᠰᠤᠷᠭᠠᠭᠰᠠᠨТаван мөсөөр хүүхдээ сургасан-ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ
ᠠᠯᠤᠨ ᠭᠤᠸ᠎ᠠ ᠡᠬᠡ ᠶ᠋ᠢᠨ ᠲᠤᠬᠠᠢ
ᠠᠯᠤᠨ ᠭᠤᠸ᠎ᠠ ᠪᠣᠯ ᠮᠣᠩᠭᠣᠯ ᠤ᠋ᠨ ᠲᠡᠦᠬᠡᠨ ᠳ᠋ᠡᠬᠢ ᠦᠷ᠎ᠡ ᠬᠡᠦᠬᠡᠳ ᠢ᠋ᠶ᠋ᠡᠨ ᠰᠤᠷᠭᠠᠭᠰᠠᠨ ᠠᠯᠳᠠᠷ ᠨᠡᠷᠡᠲᠡᠢ ᠮᠡᠷᠭᠡᠨ ᠡᠬᠡ ᠮᠥᠨ᠃ ᠠᠯᠤᠨ ᠭᠤᠸ᠎ᠠ ᠪᠣᠯ ᠲᠣᠷᠣᠭᠤᠯᠵᠢᠨ ᠪᠠᠶᠠᠨ ᠤ᠋ ᠣᠳᠬᠣᠨ ᠬᠥᠪᠡᠭᠦᠨ ᠳᠣᠪᠣ ᠮᠡᠷᠭᠡᠨ ᠦ᠌ ᠭᠡᠷᠭᠡᠢ᠂ ᠪᠣᠷᠵᠢᠭᠢᠨ ᠣᠪᠣᠭ ᠤ᠋ᠨ ᠡᠪᠦᠭᠡ ᠪᠤᠲᠠᠨᠴᠢᠷ ᠮᠤᠩᠬᠠᠭ ᠤ᠋ᠨ ᠡᠬᠡ ᠮᠥᠨ᠃《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠡᠨᠡ ᠡᠬᠡ ᠶ᠋ᠢᠨ ᠲᠠᠪᠤᠨ ᠮᠥᠰᠥ ᠶ᠋ᠢ ᠬᠤᠭᠤᠯᠤᠭᠤᠯᠵᠤ ᠬᠡᠦᠬᠡᠳ ᠢ᠋ᠶ᠋ᠡᠨ ᠰᠤᠷᠭᠠᠭᠰᠠᠨ ᠳᠣᠮᠣᠭ ᠢ᠋ ᠲᠡᠮᠳᠡᠭᠯᠡᠵᠦ᠄ 《᠁ ᠲᠠ ᠨᠠᠷ ᠳᠠᠶᠠᠭᠠᠷ ᠢ᠋ᠶ᠋ᠠᠨ ᠲᠠᠪᠤᠨ ᠮᠥᠰᠥ ᠮᠡᠲᠦ ᠬᠡᠷᠪᠡ ᠭᠠᠭᠴᠠ ᠭᠠᠭᠴᠠ ᠪᠠᠷ ᠢ᠋ᠶ᠋ᠠᠨ ᠠᠮᠢ ᠬᠤᠪᠢ ᠪᠠᠨ ᠪᠣᠳᠣᠭᠠᠳ ᠶᠠᠪᠤᠳᠠᠭ ᠪᠣᠯ᠂ ᠲᠡᠷᠡ ᠬᠦ᠌ ᠨᠢᠭᠡ ᠮᠥᠰᠥ ᠰᠢᠭ ᠬᠡᠨ ᠳ᠋ᠦ᠍ ᠴᠦ᠍ ᠭᠡᠳ ᠬᠢᠯᠪᠠᠷ ᠢ᠋ᠶ᠋ᠠᠷ ᠢᠯᠠᠭᠳᠠᠬᠤ ᠪᠣᠯᠤᠨ᠎ᠠ ᠰᠢᠦ᠃ ᠬᠡᠷᠪᠡ ᠬᠠᠮᠲᠤᠳᠬᠠᠨ ᠪᠠᠭᠯᠠᠭᠰᠠᠨ ᠲᠠᠪᠤᠨ ᠮᠥᠰᠥ ᠮᠡᠲᠦ ᠡᠪ ᠡᠶ᠎ᠡ ᠲᠡᠢ ᠶᠠᠪᠤᠳᠠᠭ ᠪᠣᠯ ᠬᠡᠨ ᠬᠥᠮᠦᠨ ᠳ᠋ᠦ᠍ ᠴᠦ᠍ ᠭᠡᠳ ᠲᠡᠢᠮᠦ ᠬᠢᠯᠪᠠᠷᠬᠠᠨ ᠳᠡᠢᠯᠦᠭᠳᠡᠬᠦ ᠦᠭᠡᠢ》ᠭᠡᠳᠡᠭ ᠠᠯᠲᠠᠨ ᠰᠤᠷᠭᠠᠯ ᠬᠠᠢᠷᠠᠯᠠᠯ᠎ᠠ ᠭᠡᠵᠦ ᠪᠢᠴᠢᠵᠦ ᠦᠯᠡᠳᠡᠭᠡᠵᠡᠢ᠃ 《ᠲᠠᠪᠤᠨ ᠮᠥᠰᠥ ᠪᠡᠷ ᠬᠡᠦᠬᠡᠳ ᠢ᠋ᠶ᠋ᠡᠨ ᠰᠤᠷᠭᠠᠭᠰᠠᠨ》 ᠠᠯᠳᠠᠷᠲᠤ ᠳᠣᠮᠣᠭ ᠮᠣᠩᠭᠣᠯ ᠤ᠋ᠨ ᠲᠡᠦᠬᠡᠨ ᠳ᠋ᠦ᠍ ᠣᠯᠠᠮᠵᠢᠯᠬᠠᠳᠠᠵᠠᠢ᠃

