ᠬᠠᠢᠷᠠᠲᠠᠢ- ᠴᠠᠰᠤᠨ᠎ᠠХайртай-ЦаснаKhairtai-Tsasna
ᠬᠠᠢᠷᠠᠲᠠᠢ
ᠦᠭᠡ᠄ ᠣᠷᠭᠢᠯ
ᠠᠶ᠎ᠠ᠄ ᠰᠡᠷᠭᠦᠯᠡᠩᠴᠣᠭᠲᠤ
ᠳᠠᠭᠤᠴᠢᠨ᠄ ᠴᠠᠰᠤᠨ᠎ᠠ《 ᠡᠭᠡᠰᠢᠭᠯᠡᠯ 》ᠳᠠᠭᠤᠤ ᠤᠷᠠᠯᠢᠭ ᠤ᠋ᠨ ᠲᠥᠪ ᠦ᠋ᠨ ᠰᠤᠷᠤᠭᠴᠢ
ᠠᠴᠢ ᠪᠤᠶᠠᠨ ᠢ᠋ᠶ᠋ᠠᠨ ᠬᠦᠷᠲᠡᠭᠡᠭᠰᠡᠨ
ᠠᠪᠤ ᠳ᠋ᠤ᠌ ᠪᠠᠨ ᠪᠢ ᠬᠠᠢᠷᠠᠲᠠᠢ
ᠨᠡᠷᠡᠲᠦ ᠳ᠋ᠦ᠍ ᠤᠴᠠᠷᠠᠨ ᠳᠠᠰᠤᠯᠴᠠᠭᠰᠠᠨ
ᠨᠠᠢᠵᠠ᠎ᠨᠤᠭᠤᠳ ᠲᠦ᠍ ᠪᠡᠨ ᠪᠢ ᠬᠠᠢᠷᠠᠲᠠᠢ
ᠳᠡᠭᠦᠯᠢᠬᠦ ᠵᠢᠭᠦᠷ ᠬᠠᠢᠷᠠᠯᠠᠭᠰᠠᠨ
ᠳᠡᠯᠡᠬᠡᠢ ᠳ᠋ᠦ᠍ ᠪᠡᠨ ᠪᠢ ᠬᠠᠢᠷᠠᠲᠠᠢ
ᠰᠠᠢᠨ ᠰᠠᠢᠬᠠᠨ ᠢ᠋ ᠪᠣᠳᠣᠳᠠᠭ
ᠰᠡᠳᠬᠢᠯ ᠳ᠋ᠦ᠍ ᠪᠡᠨ ᠪᠢ ᠬᠠᠢᠷᠠᠲᠠᠢ
ᠬᠠᠢᠷ᠎ᠠ ᠪᠦᠬᠦᠨ ᠢ᠋ ᠮᠢᠨᠢ
ᠨᠠᠳᠠ ᠳ᠋ᠤ᠌ ᠪᠠᠨ ᠢᠪᠡᠭᠡᠭᠰᠡᠨ
ᠬᠠᠢᠷᠠᠲᠠᠢ ᠨᠠᠢᠷᠲᠠᠢ ᠮᠢᠨᠦ ᠳᠡᠯᠡᠬᠡᠢ ᠠᠮᠤᠭᠤᠯᠠᠩ
ᠲᠠᠩᠳᠠ ᠪᠠᠨ ᠬᠠᠢᠷ᠎ᠠ ᠪᠠᠷ ᠦᠨᠦᠰᠳᠡᠭ
ᠡᠵᠢ ᠳ᠋ᠦ᠍ ᠪᠡᠨ ᠪᠢ ᠬᠠᠢᠷᠠᠲᠠᠢ
ᠭᠡᠭᠡᠨ ᠭᠡᠷᠡᠯ ᠢ᠋ᠶ᠋ᠡᠷ ᠤᠭᠲᠤᠭᠰᠠᠨ
ᠢᠷᠡᠭᠡᠳᠦᠢ ᠳ᠋ᠦ᠍ ᠪᠡᠨ ᠪᠢ ᠬᠠᠢᠷᠠᠲᠠᠢ
ᠰᠦᠨ ᠵᠠᠮ ᠨᠢ ᠭᠡᠷᠡᠯᠲᠦᠭᠰᠡᠨ
ᠲᠩᠷᠢ ᠳ᠋ᠦ᠍ ᠪᠡᠨ ᠪᠢ ᠬᠠᠢᠷᠠᠲᠠᠢ
ᠰᠦᠷᠦᠭ ᠮᠠᠯ ᠨᠢ ᠪᠡᠯᠴᠢᠭᠰᠡᠨ
ᠠᠮᠢᠳᠤᠷᠠᠯ ᠳ᠋ᠤ᠌ ᠪᠠᠨ ᠪᠢ ᠬᠠᠢᠷᠠᠲᠠᠢ
ᠬᠠᠮᠤᠭ ᠤ᠋ᠨ ᠰᠠᠢᠬᠠᠨ ᠢ᠋
ᠨᠠᠳᠠ ᠳ᠋ᠤ᠌ ᠪᠡᠯᠡᠭᠯᠡᠭᠰᠡᠨ
ᠬᠠᠢᠷᠠᠲᠠᠢ ᠨᠠᠢᠷᠲᠠᠢ ᠪᠢᠳᠡᠨ ᠦ᠌ ᠶᠢᠷᠲᠢᠨᠴᠦ ᠲᠠᠢᠪᠤᠩ
ᠬᠠᠢᠷ᠎ᠠ ᠪᠦᠬᠦᠨ ᠢ᠋ ᠮᠢᠨᠢ
ᠨᠠᠳᠠ ᠳ᠋ᠤ᠌ᠪᠠᠨ ᠢᠪᠡᠭᠡᠭᠰᠡᠨ
ᠬᠠᠢᠷᠠᠲᠠᠢ ᠨᠠᠢᠷᠲᠠᠢ ᠮᠢᠨᠦ ᠳᠡᠯᠡᠬᠡᠢ ᠠᠮᠤᠭᠤᠯᠠᠩ
ᠬᠠᠢᠷᠠᠲᠠᠢ ᠨᠠᠢᠷᠲᠠᠢ ᠮᠢᠨᠦ ᠳᠡᠯᠡᠬᠡᠢ ᠠᠮᠤᠭᠤᠯᠠᠩ
ᠢᠷᠡᠯᠲᠡ ᠄ ᠡᠭᠡᠰᠢᠭ ᠡᠴᠡ ᠰᠡᠢᠷᠡᠭᠦᠯᠪᠡ᠃(ᠥᠪᠥᠷ ᠮᠣᠩᠭᠣᠯ ᠤ᠋ᠨ ᠪᠠᠶᠠᠨᠨᠠᠭᠤᠷ ᠬᠣᠲᠠ ᠶ᠋ᠢᠨ ᠤᠷᠠᠳ ᠤ᠋ᠨ ᠳᠤᠮᠳᠠᠳᠤ ᠬᠤᠰᠢᠭᠤᠨ ᠤ᠋ ᠰᠤᠷᠤᠭᠴᠢ)
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
ᠬᠢᠨᠠᠯᠲᠠ ᠄ᠮᠤᠩᠭᠤᠯ ᠰᠦᠨᠡᠰᠦ
