ᠤᠯᠠᠭᠠᠨ ᠽᠠᠨᠳᠠᠨ ᠰᠢᠷᠡᠭᠡ -ᠤᠢᠭᠤᠷᠵᠢᠨ ᠰᠡᠴᠡᠨᠲᠤᠶᠠᠭ᠎ᠠ Улаан зандан ширээ-Уйгуржин Сэцэнтуяа-Ulaan zandan shiree ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠽᠠᠨᠳᠠᠨ ᠰᠢᠷᠡᠭᠡ -ᠤᠢᠭᠤᠷᠵᠢᠨ ᠰᠡᠴᠡᠨᠲᠤᠶᠠᠭ᠎ᠠ Улаан зандан ширээ-Уйгуржин Сэцэнтуяа-Ulaan zandan shiree

ᠤᠯᠠᠭᠠᠨ ᠽᠠᠨᠳᠠᠨ ᠰᠢᠷᠡᠭᠡ -ᠤᠢᠭᠤᠷᠵᠢᠨ ᠰᠡᠴᠡᠨᠲᠤᠶᠠᠭ᠎ᠠ Улаан зандан ширээ-Уйгуржин Сэцэнтуяа-Ulaan zandan shiree

2025-03-02

896

ᠤᠯᠠᠭᠠᠨ ᠽᠠᠨᠳᠠᠨ ᠰᠢᠷᠡᠭᠡ

 ᠣᠷᠳᠣᠰ ᠠᠷᠠᠳ ᠤ᠋ᠨ ᠳᠠᠭᠤᠤ 
     ᠳᠠᠭᠤᠴᠢᠨ᠄ ᠤᠢᠭᠤᠷᠵᠢᠨ ᠰᠡᠴᠡᠨᠲᠤᠶᠠᠭ᠎ᠠ 

ᠤᠯᠠᠭᠠᠨ ᠶᠣ᠌ ᠽᠠᠨᠳᠠᠨ ᠰᠢᠷᠡᠭᠡ ᠪᠠᠢᠨ᠎ᠠ ᠰᠢᠦ ᠳ᠋ᠣᠣ 
ᠤᠷᠢᠲᠠᠢ ᠪᠠᠨ ᠲᠠᠯᠪᠢᠵᠤ ᠰᠠᠭᠤᠶ᠎ᠠ ᠯᠠᠷᠵᠠ ᠪᠠᠢᠨ᠎ᠠ ᠰᠢᠦ ᠳ᠋ᠣᠣ 
ᠤᠶᠠᠬᠠᠨ ᠵᠠᠩ ᠲᠠᠢ ᠴᠢ ᠮᠢᠨᠢ ᠪᠠᠢᠨ᠎ᠠ ᠰᠢᠦ ᠳ᠋ᠣᠣ 
ᠤᠷᠤᠭᠤᠯ ᠠᠮᠠ ᠶ᠋ᠢ ᠨᠢ ᠰᠢᠨᠵᠢᠵᠦ ᠰᠠᠭᠤᠶ᠎ᠠ ᠯᠠᠷᠵᠠ ᠪᠠᠢᠨ᠎ᠠ ᠰᠢᠦ ᠳ᠋ᠣᠣ᠃

ᠴᠠᠭᠠᠨ ᠽᠠᠨᠳᠠᠨ ᠰᠢᠷᠡᠭᠡ ᠪᠠᠢᠨ᠎ᠠ ᠰᠢᠦ ᠳ᠋ᠣᠣ 
ᠴᠠᠭᠠᠳᠤ ᠪᠠᠨ ᠲᠠᠯᠪᠢᠵᠤ ᠰᠠᠭᠤᠶ᠎ᠠ ᠯᠠᠷᠵᠠ ᠪᠠᠢᠨ᠎ᠠ ᠰᠢᠦ ᠳ᠋ᠣᠣ 
ᠴᠠᠭᠠᠯᠬᠠᠢ ᠵᠠᠩ ᠲᠠᠢ ᠴᠢ ᠮᠢᠨᠢ ᠪᠠᠢᠨ᠎ᠠ ᠰᠢᠦ ᠳ᠋ᠣᠣ 
ᠴᠢᠷᠠᠢ ᠨᠢᠭᠤᠷ ᠢ᠋ ᠨᠢ ᠰᠢᠨᠵᠢᠵᠦ ᠰᠠᠭᠤᠶ᠎ᠠ ᠯᠠᠷᠵᠠ ᠪᠠᠢᠨ᠎ᠠ ᠰᠢᠦ ᠳ᠋ᠣᠣ᠃

ᠳ᠋ᠧᠩ ᠦ᠋ᠨ ᠴᠢᠨᠢ ᠭᠡᠷᠡᠯ ᠨᠢ ᠭᠡᠭᠡ ᠪᠣᠯᠪᠠᠴᠤ
ᠳᠡᠭᠡᠳᠦ ᠲᠩᠷᠢ ᠶ᠋ᠢᠨ ᠨᠠᠷᠠᠨ ᠯᠤᠭ᠎ᠠ ᠪᠠᠨ ᠶᠠᠭᠠᠬᠢᠵᠤ ᠲᠡᠩᠴᠡᠨ᠎ᠡ ᠳ᠋ᠣᠣ
ᠳᠡᠯᠡᠬᠡᠢ ᠪᠡᠷ ᠳᠦᠭᠦᠷᠡᠩ ᠰᠠᠳᠤᠨ ᠪᠠᠢᠪᠠᠴᠤ
ᠳᠡᠩᠰᠡᠯᠭᠡᠭᠰᠡᠨ ᠳᠦᠩᠭᠡᠷ ᠮᠠᠮᠠ ᠲᠠᠢ ᠶᠠᠭᠠᠬᠢᠵᠤ ᠲᠡᠩᠴᠡᠨ᠎ᠡ ᠳ᠋ᠣᠣ

ᠰᠠᠷᠠᠨ ᠤ᠋ ᠭᠡᠷᠡᠯ ᠰᠠᠷᠠᠭᠤᠯ ᠪᠣᠯᠪᠠᠴᠤ
ᠰᠠᠨᠰᠠᠷ ᠲᠩᠷᠢ ᠶ᠋ᠢᠨ ᠨᠠᠷᠠᠨ ᠯᠤᠭ᠎ᠠ ᠪᠠᠨ ᠶᠠᠭᠠᠬᠢᠵᠤ ᠲᠡᠩᠴᠡᠨ᠎ᠡ ᠳ᠋ᠣᠣ
ᠰᠠᠳᠤᠨ ᠲᠥᠷᠥᠯ ᠣᠯᠠᠨ ᠪᠣᠯᠪᠠᠴᠤ
ᠰᠠᠢᠬᠠᠨ ᠲᠥᠷᠥᠭᠰᠡᠨ ᠳᠦᠩᠭᠡᠷ ᠮᠠᠮᠠ ᠲᠠᠢ ᠶᠠᠭᠠᠬᠢᠵᠤ ᠲᠡᠩᠴᠡᠨ᠎ᠡ ᠳ᠋ᠣᠣ᠃

   ᠦᠰᠦᠭ ᠠᠮᠢᠯᠠᠭᠤᠯᠤᠭᠴᠢ᠄ ᠤᠤᠭᠠᠨᠵᠢᠳ