ᠡᠬᠡ ᠣᠷᠣᠨ -ᠬᠡᠷᠡᠢᠳ ᠮᠥᠩᠬᠡᠨᠠᠰᠤᠨЭх орноо-Хэрэйд Мөнхнасан Ekh ornoo-Khereid Mönkhnasan
ᠡᠬᠡ ᠣᠷᠣᠨ
ᠵᠣᠬᠢᠶᠠᠭᠴᠢ᠄ ᠬᠡᠷᠡᠢᠳ ᠮᠥᠩᠬᠡᠨᠠᠰᠤᠨ
ᠤᠶᠠᠩᠭᠠᠯᠠᠭᠴᠢ᠄ ᠰᠣᠯᠣᠩᠭ᠎ᠠ
ᠤᠷᠢ ᠵᠠᠯᠠᠭᠤ ᠲᠠᠩᠭᠠᠷᠢᠭ ᠢ᠋ᠶ᠋ᠠᠨ ᠪᠢ
ᠡᠬᠡ ᠣᠷᠣᠨ ᠳ᠋ᠤ᠌ ᠪᠠᠨ ᠦᠭᠭᠰᠡᠨ
ᠥᠪᠯᠡᠵᠦ ᠵᠠᠯᠭᠠᠮᠵᠢᠯᠠᠬᠤ ᠤᠬᠠᠭᠠᠨ ᠢ᠋
ᠡᠬᠡ ᠣᠷᠣᠨ ᠨᠠᠳᠠ ᠳ᠋ᠤ᠌ ᠵᠢᠭᠠᠭᠰᠠᠨ
ᠬᠠᠢᠷ᠎ᠠ ᠶ᠋ᠢᠨ ᠴᠢᠨᠠᠳᠤ ᠡᠷᠭᠢ ᠳ᠋ᠦ᠍
ᠡᠬᠡ ᠣᠷᠣᠨ ᠮᠢᠨᠢ ᠪᠠᠢᠳᠠᠭ
ᠬᠠᠯᠠᠭᠤᠨ ᠳᠤᠯᠠᠭᠠᠨ ᠡᠪᠦᠷ ᠭᠡᠵᠦ
ᠡᠵᠢ ᠲᠡᠢ ᠮᠢᠨᠢ ᠴᠣᠭ ᠣᠷᠣᠰᠢᠳᠠᠭ
ᠨᠠᠳᠠ ᠠ᠋ᠴᠠ ᠡᠬᠢᠯᠡᠭᠰᠡᠨ ᠭᠡᠷᠡᠯ ᠭᠡᠭᠡ ᠪᠡᠷ
ᠡᠬᠡ ᠣᠷᠣᠨ ᠮᠢᠨᠢ ᠪᠠᠶᠠᠰᠳᠠᠭ
ᠨᠠᠢᠷᠠᠭ ᠱᠠᠳ ᠤ᠋ᠨ ᠬᠢᠨᠢ ᠤᠶᠠᠩᠭᠠᠨ ᠳ᠋ᠤ᠌
ᠥᠯᠥᠭᠡᠢ ᠳ᠋ᠦ᠍ ᠪᠡᠨ ᠪᠢ ᠮᠦᠰᠢᠶᠡᠳᠡᠭ
ᠬᠥᠨᠥᠭ ᠲᠡᠢ ᠰᠠᠭᠭᠠᠭᠰᠠᠨ ᠠᠢᠷᠠᠭ ᠠ᠋ᠴᠠ
ᠡᠬᠡ ᠣᠷᠣᠨ ᠠᠮᠲᠠᠭᠳᠠᠳᠠᠭ
ᠬᠦᠷᠬᠦ ᠴᠡᠭᠡᠯ ᠦ᠋ᠨ ᠥᠨᠳᠥᠷ ᠲᠦ᠍
ᠡᠬᠡ ᠣᠷᠣᠨ ᠰᠢᠵᠢᠷᠲᠦᠳᠡᠭ
ᠵᠡᠭᠦᠳᠦᠨ ᠳᠤᠮᠳᠠᠬᠢ ᠮᠣᠷᠢᠲᠠᠨ ᠭᠡᠵᠦ
ᠡᠬᠡ ᠣᠷᠣᠨ ᠮᠢᠨᠢ ᠪᠠᠢᠳᠠᠭ
ᠵᠢᠷᠦᠬᠡᠨ ᠭᠣᠣᠯ ᠤ᠋ᠨ ᠰᠤᠳᠠᠯ ᠭᠡᠵᠦ
ᠡᠬᠡ ᠣᠷᠣᠨ ᠮᠢᠨᠢ ᠯᠤᠭᠰᠢᠳᠠᠭ
ᠰᠠᠯᠬᠢ ᠨᠢ ᠲᠣᠭᠣᠰᠣ ᠲᠠᠢ ᠴᠤ᠌
ᠰᠦ ᠦᠨᠦᠷᠲᠦᠳᠡᠭ ᠡᠬᠡ ᠣᠷᠣᠨ
ᠰᠦ ᠪᠢᠯᠬᠠᠷᠠᠭᠰᠠᠨ ᠬᠥᠨᠥᠭ ᠲᠦ᠍ ᠨᠢ
ᠰᠠᠷᠠᠨ ᠬᠥᠪᠦᠭᠰᠡᠨ ᠡᠬᠡ ᠣᠷᠣᠨ
ᠠᠯᠳᠠᠵᠤ ᠤᠨᠤᠬᠤ ᠶ᠋ᠢᠨ ᠳᠠᠪᠠᠭᠠᠨ ᠳ᠋ᠤ᠌
ᠠᠯᠲᠠ ᠪᠠᠷ ᠥᠩᠭᠡᠯᠡᠭᠰᠡᠨ ᠡᠬᠡ ᠣᠷᠣᠨ
ᠠᠭᠠᠷ ᠤᠰᠤ ᠪᠠᠨ ᠪᠠᠷᠳᠠᠮᠨᠠᠭᠰᠠᠨ
ᠠᠬᠢᠨ ᠲᠥᠷᠥᠭᠦᠯᠬᠦ ᠡᠬᠡ ᠣᠷᠣᠨ
ᠬᠣᠯᠠ ᠶᠠᠪᠤᠬᠤ ᠴᠠᠭ ᠲᠤ᠌
ᠰᠡᠳᠬᠢᠯ ᠦ᠋ᠨ ᠠᠷᠭᠠᠮᠵᠢᠶ᠎ᠠ ᠡᠬᠡ ᠣᠷᠣᠨ ᠮᠢᠨᠢ
ᠣᠢᠷ᠎ᠠ ᠪᠠᠢᠬᠤ ᠪᠠᠷ᠎ᠠ ᠳ᠋ᠤ᠌ ᠵᠢᠳᠬᠦᠯ ᠦ᠋ᠨ ᠲᠦᠰᠢᠭ
ᠡᠬᠡ ᠣᠷᠣᠨ ᠮᠢᠨᠢ ᠠ᠋!
ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠤᠨ
ᠦᠰᠦᠭ ᠬᠠᠲᠠᠭᠴᠢ᠄ ᠥᠯᠵᠡᠢᠪᠠᠭᠠᠲᠤᠷ
ᠬᠢᠨᠠᠭᠴᠢ᠄ ᠠᠯᠲᠠᠨᠴᠡᠴᠡᠭ᠂ ᠣᠳᠬᠠᠨᠰᠣ᠎ᠠ
