ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 24 Нэгэн ном тавцан үн өдөр үн тэмдэглэлээс – 24 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 24 Нэгэн ном тавцан үн өдөр үн тэмдэглэлээс – 24

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 24 Нэгэн ном тавцан үн өдөр үн тэмдэглэлээс – 24

2025-03-01

359



       ᠨᠢᠭᠡ ᠮᠡᠳᠡᠭᠡᠯᠡᠯ ᠳ᠋ᠦ᠍ ᠡᠨᠡᠳᠬᠡᠭ ᠦ᠋ᠨ ᠪᠤᠯᠠᠨᠳ᠋ ᠭᠡᠰᠡᠨ ᠡᠮᠴᠢ ᠳ᠋ᠦ᠍ ᠰᠠᠨᠲ᠋ᠠ ᠭᠡᠳᠡᠭ ᠨᠡᠷ᠎ᠡ ᠲᠡᠢ ᠮᠡᠳᠡᠷᠡᠯ ᠦ᠋ᠨ ᠡᠪᠡᠳᠴᠢᠲᠡᠨ ᠲᠡᠢ᠂ ᠲᠡᠷᠡ ᠡᠪᠡᠳᠴᠢᠲᠡᠨ ᠨᠢ ᠪᠠᠭ᠎ᠠ ᠠ᠋ᠴᠠ ᠪᠠᠨ ᠶᠠᠮᠠᠷ 
ᠴᠤ᠌ ᠡᠪᠡᠳᠬᠦ ᠪᠤᠶᠤ ᠵᠣᠪᠠᠬᠤ ᠶ᠋ᠢ ᠮᠡᠳᠡᠬᠦ ᠦᠭᠡᠢ᠂ ᠮᠡᠳᠡᠷᠡᠮᠵᠢ ᠦᠭᠡᠢ ᠪᠠᠢᠪᠠ᠃ ᠪᠡᠶ᠎ᠡ ᠨᠢ ᠰᠢᠷᠠᠭᠳᠤᠭᠠᠳ ᠣᠯᠠᠨ ᠡᠳᠦᠷ ᠪᠣᠯᠵᠤ ᠬᠦᠨᠳᠦ ᠨᠣᠴᠢᠲᠠᠢ ᠪᠣᠯᠤᠭᠰᠠᠨ ᠪᠠᠢᠬᠤ ᠳ᠋ᠤ᠌ ᠥᠪᠡᠷ ᠢ᠋ᠶ᠋ᠡᠨ ᠮᠡᠳᠡᠬᠦ ᠦᠭᠡᠢ ᠬᠠᠷᠢᠨ ᠬᠠᠵᠠᠭᠤ ᠶ᠋ᠢᠨ ᠬᠥᠮᠦᠰ ᠨᠢ ᠣᠯᠵᠤ ᠮᠡᠳᠡᠳᠡᠭ᠃ ᠡᠭᠦᠨ ᠡᠴᠡ ᠪᠣᠯᠵᠤ ᠣᠯᠠᠨ ᠤᠳᠠᠭ᠎ᠠ ᠬᠦᠨᠳᠦ ᠰᠢᠷᠠᠭᠳᠤᠵᠤ ᠥᠩᠭᠡᠷᠡᠵᠡᠢ᠃  
       ᠲᠡᠭᠡᠭᠡᠳ ᠪᠤᠯᠠᠨᠳ᠋ ᠡᠮᠴᠢ ᠡᠨᠡᠬᠦ ᠡᠪᠡᠳᠴᠢᠨ ᠡᠴᠡ ᠪᠣᠯᠵᠤ ᠨᠢᠭᠡ ᠵᠣᠬᠢᠶᠠᠯ ᠪᠢᠴᠢᠭᠰᠡᠨ ᠪᠠᠢᠳᠠᠭ᠃ ᠵᠣᠬᠢᠶᠠᠯ ᠳ᠋ᠠᠭᠠᠨ ᠲᠡᠷᠡ᠄《ᠬᠥᠮᠦᠨ ᠦ᠌ ᠠᠮᠢᠳᠤᠷᠠᠯ ᠬᠡᠷᠪᠡ ᠵᠣᠪᠠᠯᠠᠩ ᠭᠡᠵᠦ ᠪᠠᠢᠬᠤ ᠦᠭᠡᠢ ᠪᠣᠯ ᠬᠡᠵᠢᠶᠡᠳᠡ ᠠᠶᠤᠯ ᠲᠦᠭᠰᠢᠭᠦᠷᠢ ᠬᠠᠮᠢᠭ᠎ᠠ ᠣᠷᠣᠰᠢᠵᠤ ᠪᠠᠢᠬᠤ ᠶ᠋ᠢ ᠮᠡᠳᠡᠬᠦ ᠦᠭᠡᠢ᠃ ᠬᠥᠮᠦᠨ ᠦ᠌ ᠠᠮᠢᠳᠤᠷᠠᠯ ᠳ᠋ᠤ᠌ ᠬᠡᠷᠪᠡ ᠵᠣᠪᠠᠯᠠᠩ ᠭᠡᠵᠦ ᠪᠠᠢᠬᠤ ᠦᠭᠡᠢ ᠪᠣᠯ ᠣᠷᠣᠭᠰᠢ ᠲᠡᠮᠡᠦᠯᠬᠦ ᠪᠠ ᠤᠬᠤᠷᠢᠬᠤ ᠶ᠋ᠢᠨ ᠤᠷᠢᠳᠠᠯ ᠢ᠋ ᠮᠡᠳᠡᠬᠦ ᠦᠭᠡᠢ》 ᠭᠡᠵᠦ ᠪᠢᠴᠢᠭᠰᠡᠨ ᠪᠠᠢᠳᠠᠭ᠃ ᠦᠨᠡᠨ ᠳ᠋ᠦ᠍ ᠪᠡᠨ ᠠᠮᠢᠳᠤᠷᠠᠯ ᠪᠣᠯ ᠵᠣᠪᠠᠯᠠᠩ ᠲᠠᠢ ᠪᠠᠢᠬᠤ ᠨᠢ ᠰᠠᠶᠢ ᠦᠨᠡᠨᠬᠦ ᠠᠵᠠ ᠵᠢᠷᠭᠠᠯ ᠶᠤᠮ᠃  

      ᠦᠰᠦᠭ ᠠᠮᠢᠯᠠᠭᠤᠯᠤᠭᠴᠢ᠄ ᠡᠩᠬᠡᠪᠠᠲᠤ 
         ᠦᠰᠦᠭ ᠬᠢᠨᠠᠭᠴᠢ᠄ ᠪᠠᠶᠠᠷᠴᠡᠴᠡᠭ