ᠪᠢ ᠣᠭᠲᠣ ᠭᠤᠨᠢᠬᠤ ᠦᠭᠡᠢ - ᠸᠠᠴᠢᠷᠪᠠᠲᠤ ᠶ᠋ᠢᠨ ᠳᠠᠰᠢᠪᠠᠯᠪᠠᠷ Би огт гунихгүй - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠣᠭᠲᠣ ᠭᠤᠨᠢᠬᠤ ᠦᠭᠡᠢ - ᠸᠠᠴᠢᠷᠪᠠᠲᠤ ᠶ᠋ᠢᠨ ᠳᠠᠰᠢᠪᠠᠯᠪᠠᠷ Би огт гунихгүй - Очирбатын Дашбалбар

ᠪᠢ ᠣᠭᠲᠣ ᠭᠤᠨᠢᠬᠤ ᠦᠭᠡᠢ - ᠸᠠᠴᠢᠷᠪᠠᠲᠤ ᠶ᠋ᠢᠨ ᠳᠠᠰᠢᠪᠠᠯᠪᠠᠷ Би огт гунихгүй - Очирбатын Дашбалбар

2025-03-01

539

ᠪᠢ ᠣᠭᠲᠣ ᠭᠤᠨᠢᠬᠤ ᠦᠭᠡᠢ


 ᠵᠣᠷᠢᠯᠭ᠎ᠠ ᠦᠭᠡᠢ ᠲᠣᠭᠯᠠᠭᠠᠮ ᠳ᠋ᠤ᠌ ᠥᠷᠲᠥᠵᠦ᠂ 
    ᠵᠣᠯ ᠦᠭᠡᠢ ᠠᠮᠢᠳᠤᠷᠠᠯ ᠢ᠋ᠶ᠋ᠠᠨ ᠮᠠᠷᠲᠠᠵᠤ 
 ᠵᠣᠯ ᠵᠢᠷᠭᠠᠯ ᠢ᠋ ᠦᠵᠡᠨ ᠶᠠᠳᠠᠪᠠᠴᠤ 
    ᠵᠣᠷᠢᠭ ᠢ᠋ᠶ᠋ᠠᠷ ᠢ᠋ᠶ᠋ᠠᠨ ᠠᠮᠢᠳᠤᠷᠠᠬᠤ ᠪᠢ ᠳᠤᠷᠠᠲᠠᠢ 
 ᠶᠢᠷᠲᠢᠨᠴᠦ ᠳᠠᠶᠠᠭᠠᠷ ᠢ᠋ᠶ᠋ᠠᠨ ᠨᠠᠮᠠᠶ᠋ᠢ ᠮᠠᠷᠲᠠᠭᠰᠠᠨ ᠴᠤ᠌ 
    ᠪᠢ ᠣᠭᠲᠣ ᠭᠤᠨᠢᠬᠤ ᠦᠭᠡᠢ 
 ᠶᠢᠷᠲᠢᠨᠴᠦ ᠳᠠᠶᠠᠭᠠᠷ ᠢ᠋ᠶ᠋ᠠᠨ ᠨᠠᠮᠠᠶ᠋ᠢ ᠮᠠᠭᠲᠠᠭᠰᠠᠨ ᠴᠤ᠌ 
    ᠪᠢ ᠣᠭᠲᠣ ᠮᠢᠰᠢᠶᠡᠬᠦ ᠦᠭᠡᠢ 
 ᠡᠨᠡ ᠶᠢᠷᠲᠢᠨᠴᠦ ᠳ᠋ᠦ᠍ ᠶᠡᠷᠦᠳᠡ ᠶ᠋ᠢᠨ ᠡᠩ ᠦ᠋ᠨ ᠠᠳᠤᠭᠤ ᠰᠢᠭ᠋᠂ ᠰᠢᠪᠠᠭᠤ ᠰᠢᠭ᠋ ᠠᠮᠢᠳᠤᠷᠠᠵᠤ 
 ᠡᠷᠭᠢᠵᠦ ᠢᠷᠡᠬᠦ ᠪᠡᠷ ᠨᠢᠰᠦᠨ ᠣᠳᠴᠤ᠂ ᠪᠤᠴᠠᠨ ᠢᠷᠡᠬᠦ ᠳ᠋ᠡᠭᠡᠨ ᠬᠥᠮᠦᠨ ᠰᠢᠭ ᠯᠡ ᠠᠮᠢᠳᠤᠷᠠᠨ᠎ᠠ 
 ᠠᠮᠢᠳᠤᠷᠠᠯ ᠤ᠋ᠨ ᠵᠣᠷᠢᠯᠭ᠎ᠠ ᠢᠨᠢᠶᠡᠳᠦ ᠶ᠋ᠢ ᠮᠢᠨᠢ ᠬᠦᠷᠭᠡᠨ᠎ᠡ ᠂ ᠶᠠᠭᠤ ᠶᠤᠮ ᠪᠣᠢ ᠁ 
 ᠠᠮᠢᠳᠤ ᠶᠠᠪᠤᠭ᠎ᠠ ᠮᠢᠨᠢ ᠪᠤᠷᠬᠠᠨ ᠤ᠋ ᠲᠣᠭᠯᠠᠭᠠᠮ᠂ ᠦᠢᠯᠡ ᠶ᠋ᠢᠨ ᠰᠦᠯᠵᠢᠶᠡᠰᠦ ! 
 ᠳᠡᠯᠳᠡᠦ ᠮᠣᠳᠣ ᠲᠠᠢ᠂ ᠨᠣᠮ ᠲᠠᠢ᠂ ᠬᠡᠦᠬᠡᠨ ᠲᠡᠢ᠂ ᠳᠠᠷᠠᠰᠤ ᠲᠠᠢ ᠲᠣᠭᠯᠠᠵᠤ 
 ᠳᠠᠰᠢᠪᠠᠯᠪᠠᠷ ᠲᠠᠢ ᠪᠠᠨ ᠴᠤ᠌ ᠲᠣᠭᠯᠠᠵᠤ ᠶᠠᠪᠤᠭᠰᠠᠭᠠᠷ ᠪᠢ ᠳᠥᠴᠢ ᠭᠠᠷᠤᠯ᠎ᠠ 
 ᠨᠠᠮ᠎ᠠ ᠶᠢ ᠳᠠᠰᠢᠪᠠᠯᠪᠠᠷ ᠭᠡᠵᠦ ᠨᠡᠷᠡᠯᠡᠭᠰᠡᠨ ᠶᠦᠮ᠂ ᠡᠨᠡ ᠮᠢᠨᠦ ᠡᠮᠦᠰᠬᠡᠯ 
 ᠨᠠᠳᠠ ᠠ᠋ᠴᠠ ᠨᠡᠷ᠎ᠡ ᠬᠤᠪᠴᠠᠰᠤ ᠶ᠋ᠢ ᠮᠢᠨᠢ ᠬᠠᠤ ᠲᠠᠲᠠᠪᠠᠯ ᠪᠢ ᠬᠡᠨ ᠶᠦᠮ ᠪᠣᠢ ?