ᠪᠣᠳᠣᠯ ᠤᠨ ᠰᠢᠮᠡᠯᠳᠡᠭ - ᠪᠠᠪᠤᠤ ᠶ᠋ᠢᠨ ᡀᠬᠠᠪᠠᠰᠥ᠋ᠷᠦᠩ Бодлын шимэлдэг — Бавуугийн Лхагвасүрэн
ᠪᠣᠳᠣᠯ ᠤᠨ ᠰᠢᠮᠡᠯᠳᠡᠭ
ᠮᠥᠷᠭᠥᠯ᠄ ᠤᠰᠤ ᠮᠥᠷᠡᠨ ᠰᠠᠷ᠎ᠠ ᠶ᠋ᠢ ᠵᠠᠬᠢᠳᠠᠯ ᠰᠢᠭ᠋ ᠳᠣᠯᠢᠶᠠᠨ ᠳᠡᠭᠡᠷ᠎ᠡ ᠪᠡᠨ ᠡᠪᠬᠡᠨ ᠮᠢᠷᠠᠯᠵᠠᠳᠠᠭ᠃ ᠰᠠᠷ᠎ᠠ ᠰᠢᠩᠭᠡᠬᠦ ᠳ᠋ᠦ᠍ ᠵᠠᠬᠢᠳᠠᠯ ᠢ᠋ ᠡᠵᠡᠨ ᠳ᠋ᠡᠭᠡᠨ ᠣᠴᠢᠯ᠎ᠠ᠁ ᠭᠡᠵᠦ ᠤᠰᠤ ᠪᠣᠳᠣᠳᠠᠭ ᠶᠤᠮ ᠪᠢᠰᠢ ᠪᠠᠢᠭ᠎ᠠ᠃ ᠤᠰᠤᠨ ᠤ᠋ ᠡᠬᠢ ᠡᠴᠡ ᠠᠳᠠᠭ ᠬᠦᠷᠲᠡᠯ᠎ᠡ᠂ ᠰᠢᠷᠭᠢᠬᠦ᠂ ᠰᠢᠷᠭᠤᠬᠤ ᠬᠦᠷᠲᠡᠯ᠎ᠡ ᠨᠢ ᠳᠣᠯᠭᠢᠶᠠᠨ ᠳᠡᠭᠡᠷ᠎ᠡ ᠨᠢ ᠰᠠᠷ᠎ᠠ ᠪᠠᠢᠳᠠᠭ᠃
ᠡᠭᠦᠨ ᠯᠦ᠍ᠭᠡ ᠁ ᠪᠢ ᠪᠣᠳᠣᠯ ᠢ᠋ᠶ᠋ᠠᠨ ᠲᠠᠷᠢᠬᠢᠨ ᠳᠣᠲᠣᠷ᠎ᠠ ᠪᠠᠨ ᠵᠠᠬᠢᠳᠠᠯ ᠮᠡᠲᠦ ᠡᠪᠬᠡᠵᠦ ᠰᠠᠭᠤᠳᠠᠭ᠃ ᠪᠣᠳᠣᠭᠰᠠᠨ ᠢ᠋ᠶ᠋ᠠᠨ ᠴᠠᠭᠠᠰᠤᠨ ᠳᠡᠭᠡᠷ᠎ᠡ ᠪᠠᠭᠤᠯᠭᠠᠭᠠᠳ᠂ ᠮᠢᠨᠦ《ᠵᠠᠬᠢᠳᠠᠯ》 ᠬᠥᠮᠦᠨ ᠳ᠋ᠦ᠍ ᠬᠦᠷᠬᠦ ᠨᠢ! ᠭᠡᠵᠦ ᠪᠠᠶᠠᠷᠯᠠᠳᠠᠭ᠁ ᠮᠢᠨᠦ ᠪᠣᠳᠣᠭᠰᠠᠨ ᠢ᠋ ᠬᠥᠮᠦᠨ ᠪᠣᠯᠭᠠᠨ ᠪᠣᠳᠣᠵᠤ ᠴᠢᠳᠠᠳᠠᠭ᠃ ᠪᠢ ᠲᠠᠷᠢᠬᠢᠨ ᠳ᠋ᠠᠭᠠᠨ ᠰᠢᠷᠭᠠᠭᠠᠭᠰᠠᠨ《 ᠪᠣᠳᠣᠯ ᠤ᠋ᠨ ᠰᠢᠮᠡᠯᠳᠡᠭ》— ᠢ᠋ᠶ᠋ᠡᠨ ᠲᠠᠨ ᠤ᠋ ᠣᠶᠤᠨ ᠤ᠋ ᠪᠣᠱᠣᠭᠠᠨ ᠳ᠋ᠤ᠌ ᠰᠥᠭᠥᠳᠦᠭᠦᠯᠪᠡ᠃ ᠠᠳᠢᠰᠯᠠᠵᠤ ᠬᠠᠢᠷᠠᠯᠠ᠃ ᠠᠮᠢᠳᠤᠷᠠᠯ ᠤ᠋ᠨ ᠮᠣᠳᠣᠨ ᠠ᠋ᠴᠠ ᠲᠡᠭᠦᠭᠰᠡᠨ ᠵᠢᠮᠢᠰ ᠢ᠋ᠶ᠋ᠡᠨ ᠲᠠᠨ ᠤ᠋ ᠬᠣᠷᠮᠣᠢ ᠳᠡᠭᠡᠷ᠎ᠡ ᠠᠰᠬᠠᠪᠠ᠃
ᠠᠮᠰᠠᠶᠤ᠁ ᠭᠡᠪᠡᠰᠦ ᠠᠮᠰᠠᠲᠤᠭᠠᠢ᠃
※※※
ᠬᠥᠮᠦᠨ ᠴᠢᠮ᠎ᠠ ᠳ᠋ᠤ᠌ ᠪᠢᠯᠳᠠᠤᠴᠢᠯᠠᠵᠤ《ᠦᠨᠦᠷᠯᠡᠵᠦ》᠂《ᠳᠣᠯᠢᠶᠠᠵᠤ》 ᠪᠠᠢᠨ᠎ᠠ
ᠠᠷᠢᠶᠠᠲᠠᠨ ᠯᠠ ᠢᠳᠡᠰᠢ ᠪᠡᠨ ᠢᠩᠭᠢᠵᠦ ᠪᠠᠢᠵᠤ ᠢᠳᠡᠳᠡᠭ᠃
※※※
ᠭᠠᠭᠴᠠᠭᠠᠷᠳᠠᠯ — ᠦᠬᠦᠯ ᠦ᠋ᠨ ᠤᠳᠤᠷᠢᠳᠬᠠᠯ
※※※
ᠬᠥᠮᠦᠨ — ᠬᠦᠰᠡᠯ ᠢ᠋ᠶ᠋ᠡᠨ ᠭᠦᠢᠴᠡᠳᠡᠭ ᠦᠭᠡᠢ
ᠦᠬᠦᠯ ᠢ᠋ ᠭᠦᠢᠴᠡᠳᠡᠭ᠃
※※※
ᠪᠤᠰᠤᠳ ᠢ᠋ ᠲᠣᠭᠣᠳᠠᠭ ᠦᠭᠡᠢ ᠬᠥᠮᠦᠨ
ᠪᠤᠰᠤᠳ ᠲᠤ ᠦᠯᠦ ᠲᠣᠭᠣᠭᠳᠠᠨᠠ᠃
※※※
ᠰᠦᠨ ᠳ᠋ᠦ᠍《 ᠰᠢᠷᠠᠲᠤᠭᠰᠠᠨ》 ᠬᠥᠮᠦᠨ ᠭᠡᠵᠦ ᠦᠭᠡᠢ᠁
※※※
ᠵᠠᠪᠬᠠᠢ ᠡᠮ᠎ᠡ ᠬᠥᠮᠦᠨ᠁ ᠡᠬᠢᠯᠡᠭᠡᠳ ᠬᠤᠪᠴᠠᠰᠤ ᠪᠠᠨ ᠪᠢᠰᠢ
ᠨᠢᠳᠦ ᠪᠡᠨ ᠲᠠᠢᠯᠳᠠᠭ᠃
※※※
ᠮᠠᠭᠤ ᠰᠢᠯᠦᠭ ᠲᠡᠢ ᠨᠣᠮ ᠤ᠋ᠨ ᠬᠠᠭᠤᠳᠠᠰᠤ
ᠡᠷᠭᠢᠭᠦᠯᠬᠦ ᠳ᠋ᠦ᠍ ᠳᠠᠭᠠᠭᠠᠭᠳᠠᠬᠤ ᠦᠭᠡᠢ᠃
※※※
ᠬᠥᠮᠦᠨ — ᠦᠬᠦᠵᠦ ᠠᠮᠵᠢᠨ᠎ᠠ ᠪᠦᠲᠦᠭᠡᠵᠦ ᠡᠰᠡ ᠠᠮᠵᠢᠮᠤᠢ᠃
※※※
ᠮᠡᠳᠡᠬᠦ ᠦᠭᠡᠢ᠂ ᠴᠢᠳᠠᠬᠤ ᠦᠭᠡᠢ ᠪᠡᠨ
ᠮᠡᠳᠡᠭᠡᠳ ᠡᠬᠢᠯᠡᠭᠰᠡᠨ ᠴᠠᠭ ᠠ᠋ᠴᠠ ᠤᠬᠠᠭᠠᠷᠠᠯ ᠡᠬᠢᠯᠡᠨ᠎ᠡ᠃
※※※
ᠵᠠᠯᠢ — ᠤᠬᠠᠭᠠᠨ ᠤ᠋ ᠰᠡᠭᠦᠯ᠃
※※※
ᠰᠦ — ᠬᠢᠬᠦ ᠠᠶᠠᠭ᠎ᠠ ᠪᠠᠨ ᠭᠣᠯᠣᠳᠠᠭ
ᠤᠤᠭᠤᠬᠤ ᠠᠮᠠ ᠶ᠋ᠢ ᠭᠣᠯᠣᠳᠠᠭ ᠦᠭᠡᠢ᠃
※※※
ᠠᠯᠢᠪᠠ ᠠᠯᠳᠠᠭ᠎ᠠ ᠶ᠋ᠢ ᠠᠭᠤᠴᠢᠯᠠᠵᠤ ᠪᠣᠯᠳᠠᠭ ᠴᠤ᠌
ᠮᠠᠷᠲᠠᠵᠤ ᠪᠣᠯᠳᠠᠭ ᠦᠭᠡᠢ᠃
※※※
ᠬᠥᠮᠦᠨ ᠬᠡᠯᠡ ᠪᠡᠷ ᠢ᠋ᠶ᠋ᠡᠨ
ᠨᠢᠯᠪᠤᠰᠤ ᠪᠠᠨ ᠠᠷᠴᠢᠵᠤ ᠴᠢᠳᠠᠬᠤ ᠦᠭᠡᠢ᠃
※※※
ᠰᠥᠨᠢ — ᠥᠴᠥᠭᠡᠳᠦᠷ ᠢ᠋ ᠨᠢᠭᠤᠳᠠᠭ ᠬᠠᠷᠠᠩᠭᠤᠢ᠁
※※※
ᠶᠠᠳᠠᠭᠤ ᠬᠥᠮᠦᠨ ᠳ᠋ᠦ᠍ ᠦᠬᠦᠬᠦ ᠴᠤ᠌ ᠬᠠᠢᠷᠠᠨ ᠪᠢᠰᠢ᠁
※※※
ᠬᠥᠮᠦᠨ ᠴᠢᠨᠠᠷ ᠭᠡᠳᠡᠭ ᠪᠠᠢᠳᠠᠭ ᠦᠭᠡᠢ᠁
ᠤᠬᠠᠭᠠᠨ ᠲᠠᠢ ᠬᠥᠮᠦᠨ ᠦ᠌
《ᠭᠡᠨᠡᠨ》ᠬᠥᠮᠦᠨ ᠳ᠋ᠦ᠍ ᠦᠵᠡᠭᠦᠯᠦᠭᠰᠡᠨ《ᠬᠠᠢᠷ᠎ᠠ》᠃
※※※
ᠥᠯᠥᠰᠦᠭᠰᠡᠨ ᠠᠮᠢᠳᠤᠷᠠᠯ — ᠥᠰᠢᠯ᠁
ᠴᠠᠳᠤᠭᠰᠠᠨ ᠠᠮᠢᠳᠤᠷᠠᠯ — ᠤᠢᠳᠤᠯ᠁
※※※
ᠳᠡᠯᠡᠬᠡᠢ— ᠬᠥᠮᠦᠨ ᠡᠴᠡ ᠪᠡᠨ ᠪᠤᠵᠠᠷᠲᠤᠳᠠᠭ᠃
※※※
ᠥᠲᠡᠯᠬᠦ ᠳ᠋ᠦ᠍ ᠵᠤᠲᠠᠭ᠂ ᠨᠠᠮᠪᠠᠭ᠎ᠠ ᠬᠣᠶᠠᠷ《ᠬᠤᠪᠴᠠᠰᠤ》 ᠪᠣᠯᠤᠨ᠎ᠠ᠁
※※※
ᠬᠥᠮᠦᠨ ᠲᠥᠷᠥᠯᠬᠢᠲᠡᠨ ᠲᠡᠨᠡᠭ᠂ ᠰᠡᠴᠡᠨ᠂ ᠡᠷᠡᠭᠦᠯ᠂ ᠰᠣᠯᠢᠶᠠᠲᠠᠢ ᠢᠯᠭᠠᠭ᠎ᠠ ᠦᠭᠡᠢ
ᠭᠠᠭᠴᠠᠬᠠᠨ ᠵᠦᠢᠯ ᠢ᠋ ᠪᠦᠭᠦᠳᠡᠭᠡᠷ ᠢ᠋ᠶ᠋ᠡᠨ ᠬᠢᠵᠦ ᠴᠢᠳᠠᠳᠠᠭ᠃
ᠡᠨᠡ ᠨᠢ ᠡᠷ᠎ᠡ ᠡᠮ᠎ᠡ ᠶ᠋ᠢᠨ ᠠᠵᠢᠯ᠃
※※※
ᠴᠠᠭ ᠨᠠᠮᠤᠷᠰᠢᠬᠤ ᠳ᠋ᠤ᠌ ᠢᠯᠠᠭ᠎ᠠ ᠨᠤᠭᠤᠳ ᠨᠢᠭᠡᠨ ᠵᠡᠷᠭᠡ ᠦᠬᠦᠳᠡᠭ᠃
ᠦᠯᠡᠳᠡᠵᠦ ᠨᠢᠭᠡ ᠨᠢ ᠵᠣᠪᠠᠬᠤ ᠳᠤᠷ᠎ᠠ ᠦᠭᠡᠢ᠃
※※※
ᠮᠤᠤᠷ ᠬᠣᠶᠠᠷ ᠲᠣᠯᠣᠭᠠᠢ ᠲᠠᠢ ᠪᠠᠢᠭᠰᠠᠨ ᠪᠣᠯ᠂
ᠣᠭᠣᠲᠣᠨ᠎ᠠ᠂ ᠮᠤᠤᠷ ᠢ᠋ᠶ᠋ᠠᠨ ᠢᠳᠡᠳᠡᠭ ᠪᠣᠯᠬᠤ ᠪᠠᠢᠭᠰᠠᠨ᠃
※※※
ᠬᠥᠮᠦᠨ ᠦ᠌ ᠠᠮᠢᠳᠤᠷᠠᠯ ᠬᠣᠶᠠᠷ ᠶᠡᠬᠡ ᠬᠡᠰᠡᠭ ᠲᠦ᠍ ᠬᠤᠪᠢᠶᠠᠭᠳᠠᠨ᠎ᠠ᠃
ᠡᠬᠢᠨ ᠦ᠌ ᠬᠡᠰᠡᠭ ᠨᠢ ᠠᠮᠢᠳᠤᠷᠠᠬᠤ᠂
ᠳᠠᠷᠠᠭ᠎ᠠ ᠶ᠋ᠢᠨ ᠬᠡᠰᠡᠭ ᠨᠢ ᠠᠮᠢᠳᠤᠷᠠᠭᠰᠠᠨ ᠢ᠋ᠶ᠋ᠠᠨ ᠬᠠᠢᠷᠠᠯᠠᠬᠤ᠃
※※※
ᠮᠠᠭᠤ ᠰᠠᠨᠠᠭ᠎ᠠ ᠭᠡᠳᠡᠭ ᠢᠲᠡᠭᠡᠬᠦ ᠡᠴᠡ ᠲᠠᠲᠠᠭᠠᠯᠵᠠᠭᠰᠠᠨ《ᠪᠡᠯᠬᠡᠪᠴᠢ》᠁
※※※
ᠭᠠᠵᠠᠷ ᠰᠢᠷᠣᠢ ᠰᠢᠮᠡᠲᠡᠢ ᠪᠠᠢᠭ᠎ᠠ ᠴᠢᠨᠢ
ᠲᠡᠦᠬᠡ ᠴᠢᠰᠤ ᠪᠠᠷ ᠢ᠋ᠶ᠋ᠠᠨ ᠪᠣᠷᠳᠣᠭᠰᠠᠨ ᠤ᠋ ᠬᠢ᠁
※※※
ᠦᠨᠡᠭᠡ ᠰᠡᠭᠦᠯ ᠦᠭᠡᠢ ᠰᠠᠨ ᠪᠣᠯ᠂
ᠭᠡᠷ ᠦ᠋ᠨ ᠲᠡᠵᠢᠭᠡᠮᠡᠯ ᠠᠮᠢᠲᠠᠨ ᠪᠠᠢᠨ᠎ᠠ᠃
※※※
ᠰᠥᠨᠢᠵᠢᠨ ᠬᠤᠴᠠᠭᠰᠠᠨ ᠨᠣᠬᠠᠢ ᠦᠦᠷ ᠢ᠋ᠶ᠋ᠡᠷ ᠳᠠᠭᠤ ᠦᠭᠡᠢ ᠪᠣᠯᠳᠠᠭ᠁
ᠬᠥᠮᠦᠨ ᠲᠥᠷᠥᠵᠦ᠂ ᠬᠥᠮᠦᠨ ᠦᠬᠦᠬᠦ ᠶ᠋ᠢ ᠬᠦᠨᠳᠦᠳᠬᠡᠭᠡᠳ᠁
※※※
ᠵᠤᠨ《ᠭᠡᠷ》ᠶᠡᠬᠡ ᠱᠦᠷᠭᠦᠭᠡᠭᠰᠡᠨ ᠦᠬᠡᠷ ᠡᠪᠦᠯ ᠢᠳᠡᠰᠢᠨ ᠳ᠋ᠦ᠍ ᠶᠠᠪᠤᠳᠠᠭ᠃
※※※
ᠲᠩᠷᠢ ᠤᠷᠤᠭᠤ ᠭᠠᠭᠴᠠ ᠬᠤᠷᠤᠭᠤ ᠪᠠᠷ ᠢ᠋ᠶ᠋ᠠᠨ ᠴᠢᠴᠢᠪᠡᠰᠦ᠂
ᠲᠡᠷᠡ ᠲᠣᠭᠠᠯᠠᠩ《ᠲᠩᠷᠢ ᠴᠣᠭᠣᠷᠠᠳᠠᠭ》᠃
※※※
ᠰᠠᠷᠠᠨ ᠤ᠋ ᠭᠡᠷᠡᠯ ᠳ᠋ᠦ᠍ ᠦᠩᠭᠡᠭᠦᠯᠦᠭᠰᠡᠨ ᠡᠮ᠎ᠡ ᠬᠥᠮᠦᠨ᠂
ᠤᠯᠠᠮ ᠥᠩᠭᠡ ᠣᠷᠣᠳᠠᠭ ᠴᠤ᠌ ᠵᠣᠪᠠᠯᠠᠩ ᠣᠯᠳᠠᠭ᠁
※※※
ᠰᠣᠭᠲᠣᠭᠤ ᠬᠥᠮᠦᠨ— ᠪᠤᠷᠬᠠᠨ ᠳ᠋ᠤ᠌ ᠮᠠᠯᠠᠭᠠᠢ ᠪᠠᠨ ᠡᠮᠦᠰᠬᠡᠬᠦ ᠭᠡᠵᠦ ᠳᠠᠭᠠᠷᠢᠳᠠᠭ᠃
※※※
ᠢᠲᠡᠭᠡᠯ ᠢ᠋ ᠬᠥᠮᠦᠨ ᠥᠭᠡᠷ᠎ᠡ ᠬᠥᠮᠦᠨ ᠳ᠋ᠦ᠍ ᠵᠣᠷᠢᠭᠤᠯᠵᠤ ᠥᠪᠡᠷ ᠢ᠋ᠶ᠋ᠡᠨ ᠪᠦᠲᠦᠭᠡᠳᠡᠭ᠃
※※※
ᠨᠣᠮ ᠤ᠋ᠨ ᠳᠡᠯᠭᠡᠭᠦᠷ — ᠣᠶᠤᠨ ᠤᠬᠠᠭᠠᠨ ᠤ᠋《ᠵᠣᠭᠣᠭ ᠤ᠋ᠨ ᠭᠠᠵᠠᠷ》
ᠲᠡᠨᠳᠡ《ᠨᠣᠮ》 ᠬᠡᠮᠡᠬᠦ ᠭᠠᠭᠴᠠᠬᠠᠨ ᠨᠡᠷ᠎ᠡ ᠶ᠋ᠢᠨ ᠬᠣᠭᠣᠯᠠ ᠲᠠᠢ᠃
ᠬᠥᠮᠦᠨ ᠲᠥᠷᠥᠯᠬᠢᠲᠡᠨ ᠲᠡᠭᠦᠨ ᠢ᠋ ᠨᠢᠳᠦ ᠪᠡᠷ ᠢ᠋ᠶ᠋ᠡᠨ《ᠵᠠᠯᠭᠢᠵᠤ》
ᠲᠠᠷᠢᠬᠢ ᠪᠠᠷ ᠢ᠋ᠶ᠋ᠠᠨ《ᠵᠠᠵᠢᠯᠳᠠᠭ》᠃
※※※
ᠴᠠᠭ᠁ ᠦᠰᠦᠭ ᠦ᠋ᠳ ᠡᠴᠡ《ᠡᠷᠬᠢᠮᠰᠦᠭ》 ᠲᠣᠮᠣ᠃
ᠦᠬᠦᠯ᠁ ᠠᠮᠢᠳᠤᠷᠠᠯ ᠠ᠋ᠴᠠ《ᠶᠡᠬᠡᠮᠰᠦᠭ》 ᠲᠣᠮᠣ᠃
※※※
ᠤᠬᠠᠭᠠᠨ — ᠬᠤᠪᠴᠠᠰᠤ ᠦᠭᠡᠢ ᠨᠢᠴᠦᠭᠦᠨ᠃
※※※
ᠲᠡᠨᠡᠭ ᠦᠷ᠎ᠡ — ᠡᠬᠡ ᠶ᠋ᠢᠨ ᠢ᠋ᠶ᠋ᠡᠨ ᠨᠢᠯᠪᠤᠰᠤ ᠪᠠᠷ ᠬᠬᠢᠷ ᠢ᠋ᠶ᠋ᠡᠨ ᠤᠬᠢᠶᠠᠳᠠᠭ᠃
※※※
ᠡᠷᠬᠡᠯᠡᠬᠦ ᠭᠡᠳᠡᠭ᠂ ᠡᠷᠬᠡᠯᠡᠬᠦ ᠬᠥᠮᠦᠨ ᠦᠭᠡᠢ ᠪᠣᠯᠤᠭᠰᠠᠨ ᠡᠳᠦᠷ ᠳᠠᠭᠤᠰᠤᠨ᠎ᠠ᠃
※※※
《ᠭᠡᠨᠡᠨ》 ᠦ᠌ ᠰᠡᠭᠦᠳᠡᠷ《ᠭᠡᠮᠰᠢᠯ》᠃
※※※
ᠱᠣᠷᠣᠩ ᠲᠠᠢ ᠭᠠᠵᠠᠷ ᠤ᠋ᠨ ᠡᠪᠡᠰᠦ ᠭᠤᠨᠳᠠᠭᠤ᠃
※※※
ᠳᠠᠭ᠎ᠠ ᠦᠭᠡᠢ ᠵᠡᠭᠦᠳᠦ ᠮᠠᠷᠲᠠᠭᠳᠠᠬᠤ ᠨᠢ ᠦᠭᠡᠢ᠁
ᠰᠠᠢᠬᠠᠨ ᠵᠡᠭᠦᠳᠦ ᠰᠠᠨᠠᠭᠳᠠᠬᠤ ᠨᠢ ᠦᠭᠡᠢ᠃
※※※
ᠪᠢ ᠠᠮᠢᠳᠤ ᠪᠠᠢᠭ᠎ᠠ ᠪᠣᠯᠬᠣᠷ
ᠬᠡᠦᠬᠡᠳ ᠦ᠋ᠳ ᠦ᠋ᠨ ᠮᠢᠨᠢ《ᠥᠰᠦᠯᠲᠡ》 ᠵᠣᠭᠰᠣᠭᠰᠠᠨ᠃
※※※
ᠮᠢᠨᠦ ᠬᠠᠮᠤᠭ ᠤ᠋ᠨ ᠳᠣᠲᠣᠨᠣ ᠶ᠋ᠢᠨ ᠬᠥᠮᠦᠰ ᠨᠠᠳᠠ ᠳ᠋ᠤ᠌
《ᠦᠨᠡᠨ》 ᠶᠠᠭᠤᠮ᠎ᠠ ᠬᠡᠯᠡᠵᠦ ᠶᠠᠷᠢᠬᠤ ᠦᠭᠡᠢ᠃
※※※
ᠴᠢᠨᠣ᠎ᠠ ᠢᠳᠡᠬᠦ ᠬᠣᠭᠣᠯᠠ ᠪᠠᠨ ᠬᠥᠮᠦᠨ ᠢ᠋ᠶ᠋ᠡᠷ《ᠮᠠᠯᠯᠠᠭᠤᠯᠠᠳᠠᠭ》᠃
※※※
ᠬᠤᠪᠢᠷᠠᠭᠰᠠᠨ ᠠᠮᠠᠷᠠᠭ᠂ ᠤᠷᠪᠠᠭᠰᠠᠨ ᠨᠥᠬᠥᠷ ᠲᠡᠭᠡᠨ ᠪᠢᠲᠡᠭᠡᠢ ᠭᠣᠮᠣᠳᠠ
ᠦᠨᠡᠨ ᠢ᠋ᠶ᠋ᠡᠨ ᠴᠢᠮ᠎ᠠ ᠳ᠋ᠤ᠌ ᠡᠷᠲᠡ ᠦᠵᠡᠭᠦᠯᠦᠭᠰᠡᠨ ᠳ᠋ᠦ᠍ ᠪᠠᠶᠠᠷᠯᠠ!
※※※
ᠴᠢ ᠮᠠᠷᠲᠠᠭᠳᠠᠬᠤ ᠠ᠋ᠴᠠ ᠪᠢᠲᠡᠭᠡᠢ ᠠᠶᠤ!
ᠰᠠᠨᠠᠭᠳᠠᠬᠤ ᠠ᠋ᠴᠠ ᠯᠠ ᠠᠶᠤᠵᠤ ᠪᠠᠢ!
※※※
ᠶᠣᠣᠯᠠᠬᠤ— ᠦᠬᠦᠯ ᠦ᠋ᠨ《ᠬᠥᠭᠡᠮᠡᠢ》᠁
※※※
ᠰᠢᠯ ᠲᠡᠢ ᠠᠷᠢᠬᠢ ᠳᠤᠮᠳᠠ ᠠ᠋ᠴᠠ ᠪᠠᠨ ᠳᠡᠭᠡᠭᠰᠢ ᠠᠷᠢᠬᠢ᠂
ᠳᠤᠮᠳᠠ ᠠ᠋ᠴᠠ ᠪᠠᠨ ᠳᠣᠷᠣᠭᠰᠢ ᠨᠢᠯᠪᠤᠰᠤ᠃
※※※
ᠲᠥᠷᠥ ᠵᠠᠰᠠᠭ ᠤ᠋ᠨ《ᠦᠨᠢᠶᠡᠨ》 ᠦ᠌ ᠰᠦ ᠶ᠋ᠢ ᠬᠥᠬᠥᠭᠰᠡᠨ ᠬᠥᠮᠦᠨ ᠰᠠᠯᠵᠤ ᠴᠢᠳᠠᠳᠠᠭ ᠦᠭᠡᠢ
ᠲᠡᠷᠡ ᠦᠨᠢᠶᠡᠨ ᠦ᠌ ᠪᠡᠨ ᠮᠢᠬ᠎ᠠ ᠨᠢ ᠶᠠᠮᠠᠷ ᠠᠮᠲᠠᠲᠠᠢ ᠪᠣᠯ ᠭᠡᠵᠦ ᠤᠯᠠᠮ ᠰᠢᠯᠤᠩᠬᠡᠳᠡᠳᠡᠭ᠃
※※※
ᠲᠥᠷᠥ ᠶ᠋ᠢᠨ ᠳᠡᠭᠡᠷ᠎ᠡ ᠬᠥᠮᠦᠨ᠂ ᠲᠩᠷᠢ ᠬᠣᠶᠠᠷ ᠪᠠᠢᠳᠠᠭ᠃
※※※
ᠵᠠᠯᠪᠠᠷᠢᠯ — ᠵᠢᠷᠦᠬᠡ ᠪᠡᠨ ᠡᠷᠭᠦᠵᠦ ᠪᠠᠢᠭ᠎ᠠ ᠶ᠋ᠢ ᠳᠦᠷᠰᠦᠯᠡᠨ᠎ᠡ᠃
※※※
ᠢᠲᠡᠭᠡᠯ ᠢ᠋ ᠤᠳᠠᠭᠠᠨ ᠬᠠᠳᠠᠭᠠᠯᠠᠵᠤ᠂ ᠭᠠᠭᠴᠠᠬᠠᠨ ᠠᠭᠱᠠᠨ ᠳ᠋ᠤ᠌ ᠠᠯᠳᠠᠳᠠᠭ᠃
※※※
ᠣᠶᠤᠨ ᠤ᠋ ᠣᠷᠣᠨ ᠢ᠋ᠶ᠋ᠠᠨ ᠬᠣᠭᠣᠰᠣᠨ ᠪᠠᠢᠯᠭᠠᠪᠠᠯ᠂ ᠲᠡᠨᠳᠡ ᠴᠢᠨᠢ
《ᠲᠡᠨᠡᠭᠯᠡᠯ》 ᠴᠠᠭᠠᠷᠢᠭᠯᠠᠭᠠᠳ ᠬᠡᠪᠲᠡᠴᠢᠬᠡᠨᠡ᠂ ᠪᠣᠯᠭᠣᠮᠵᠢᠯᠠ!
※※※
ᠭᠣᠣᠯ ᠮᠥᠷᠡᠨ — ᠡᠷᠭᠢ ᠲᠡᠢ ᠳ᠋ᠡᠭᠡᠨ ᠤᠷᠤᠰᠳᠠᠭ᠃
※※※
ᠮᠣᠩᠭᠣᠯ ᠬᠥᠮᠦᠨ ᠬᠡᠴᠢᠨᠡᠭᠡᠨ ᠶᠡᠬᠡ ᠵᠣᠪᠠᠵᠤ ᠭᠤᠨᠢᠯᠠ ᠴᠤ᠌
ᠤᠤᠭᠤᠳᠠᠭ ᠠᠶᠠᠭᠠᠨ ᠳ᠋ᠠᠭᠠᠨ ᠨᠢᠯᠪᠤᠰᠤ ᠳᠤᠰᠤᠭᠠᠳᠠᠭ ᠦᠭᠡᠢ᠃
※※※
ᠲᠣᠮᠣᠴᠤᠤᠯ ᠤ᠋ᠨ ᠪᠤᠵᠠᠷ ᠪᠣᠯᠠᠢ᠂ ᠬᠤᠳᠠᠯ ᠬᠠᠭᠤᠷᠮᠠᠭ ᠢ᠋ ᠮᠡᠳᠡᠷᠡᠭᠰᠡᠨ ᠬᠡᠦᠬᠡᠳ᠂
ᠥᠰᠴᠦ ᠲᠣᠮᠣ ᠪᠣᠯᠬᠤ ᠠ᠋ᠴᠠ ᠵᠠᠯᠬᠠᠳᠠᠭ᠃
※※※
ᠳᠤᠷᠠᠯᠠᠯ — ᠭᠡᠳᠡᠭ《ᠲᠤᠰᠢᠶᠠᠯ ᠳᠠᠪᠰᠢᠭ᠌ᠰᠠᠨ》 ᠰᠣᠨᠢᠷᠬᠠᠯ᠃
※※※
ᠬᠦᠰᠡᠯ — ᠶᠡᠬᠡ ᠮᠥᠷᠥᠭᠡᠳᠦᠯ ᠦ᠋ᠨ《ᠰᠢᠯᠵᠢᠯᠲᠡ ᠶ᠋ᠢᠨ ᠨᠠᠰᠤ》᠃
※※※
ᠲᠡᠦᠬᠡ — ᠪᠣᠰᠤᠭ᠎ᠠ ᠪᠠᠷᠢᠯᠭ᠎ᠠ ᠲᠠᠢ ᠪᠣᠯᠬᠣᠷ ᠢ᠋ᠶ᠋ᠠᠨ
ᠵᠣᠭᠰᠣᠭ᠎ᠠ ᠪᠠᠷ ᠢ᠋ᠶ᠋ᠠᠨ ᠤᠨᠲᠠᠳᠠᠭ᠃
※※※
ᠨᠣᠬᠠᠢ ᠶ᠋ᠢᠨ ᠰᠢᠳᠦ ᠡᠪᠡᠳᠴᠦ ᠭᠠᠰᠠᠯᠤᠨ᠎ᠠ
ᠡᠨᠡ ᠰᠢᠳᠦ ᠪᠡᠷ ᠬᠠᠵᠠᠭᠤᠯᠤᠭᠰᠠᠨ ᠰᠢᠷᠬ᠎ᠠ
ᠢᠯᠡᠭᠦᠦ ᠡᠪᠡᠳᠦᠭᠰᠡᠨ ᠢ᠋ ᠲᠡᠷᠡ ᠮᠡᠳᠡᠬᠦ ᠦᠭᠡᠢ᠃
※※※
ᠶᠠᠮᠠᠷ ᠴᠤ᠌ ᠬᠥᠯ ᠶᠡᠬᠡᠲᠡᠢ《ᠨᠠᠢᠷ》 ᠲᠤ
ᠲᠩᠷᠢ ᠡᠴᠡ ᠪᠤᠷᠬᠠᠳ᠂ ᠭᠠᠵᠠᠷ ᠠ᠋ᠴᠠ ᠦᠬᠦᠭᠰᠡᠳ ᠢᠷᠡᠳᠡᠭ ᠦᠭᠡᠢ᠃
※※※
ᠪᠤᠷᠤᠭᠤ ᠪᠠᠨ ᠬᠦᠯᠢᠶᠡᠨ᠎ᠡ᠁ ᠭᠡᠳᠡᠭ
ᠥᠪᠡᠷ ᠦ᠋ᠨ ᠢ᠋ᠶ᠋ᠡᠨ ᠰᠡᠳᠬᠢᠯ ᠢ᠋ ᠠᠮᠠᠷᠠᠭᠠᠬᠤ ᠭᠡᠰᠡᠨ ᠣᠷᠣᠯᠳᠣᠯᠭ᠎ᠠ᠃
※※※
ᠢᠲᠡᠭᠡᠵᠦ ᠦᠵᠡᠭᠡ ᠦᠭᠡᠢ ᠬᠥᠮᠦᠨ
ᠦᠬᠦᠭᠰᠡᠨ ᠠᠳᠤᠭᠤ ᠪᠠᠨ ᠴᠢᠳᠥᠷᠯᠡᠵᠦ ᠪᠠᠢᠵᠤ ᠥᠪᠴᠢᠳᠡᠭ᠁
※※※
ᠬᠥᠮᠦᠨ ᠦ᠌ ᠬᠠᠮᠤᠭ ᠤ᠋ᠨ ᠠᠭᠤᠤ ᠥᠷᠢᠰᠦᠯᠳᠦᠭᠴᠢ ᠪᠣᠯ — ᠦᠬᠦᠯ
※※※
ᠬᠡᠯᠡᠭᠡ ᠦᠭᠡᠢ ᠦᠭᠡ ᠭᠡᠳᠡᠭ ᠨᠢ᠂ ᠬᠡᠯᠡᠬᠦ ᠶ᠋ᠢᠨ ᠵᠠᠭᠤᠷ᠎ᠠ ᠮᠠᠷᠲᠠᠭᠳᠠᠭᠰᠠᠨ᠂
ᠠᠯᠢ ᠡᠰᠡᠪᠡᠯ ᠬᠠᠷᠠᠮᠨᠠᠬᠤ ᠳ᠋ᠠᠭᠠᠨ ᠪᠤᠴᠠᠭᠠᠭᠠᠳ《ᠵᠠᠯᠭᠢᠴᠢᠬᠠᠭᠰᠠᠨ》 ᠢ᠋ ᠬᠡᠯᠡᠨ᠎ᠡ᠃
※※※
ᠪᠥᠭᠰᠡᠨ ᠦ᠌ ᠬᠤᠯᠠᠭᠠᠢ ᠶ᠋ᠢ
ᠬᠤᠯᠠᠭᠠᠢᠯᠠᠭᠤᠯᠤᠭᠴᠢ᠂ ᠬᠤᠯᠠᠭᠠᠢᠴᠢ ᠬᠣᠶᠠᠷ ᠬᠤᠤᠪᠢᠯᠳᠤᠵᠤ ᠬᠢᠳᠡᠭ᠃
※※※
ᠠᠯᠳᠠᠷ ᠢ᠋ᠶ᠋ᠠᠷ ᠴᠠᠩᠭᠠᠭᠰᠠᠨ ᠬᠥᠮᠦᠨ
ᠬᠦᠢᠲᠡᠨ《ᠮᠧᠲ᠋ᠠᠯ》 ᠵᠠᠯᠭᠢᠯᠠᠬᠤ ᠶ᠋ᠢ ᠬᠦᠰᠡᠳᠡᠭ᠃
※※※
ᠵᠣᠷᠢᠯᠭ᠎ᠠ ᠦᠭᠡᠢ ᠬᠥᠮᠦᠨ—
ᠰᠠᠭᠤᠭ᠎ᠠ ᠭᠠᠵᠠᠷ ᠢ᠋ᠶ᠋ᠠᠨ ᠮᠥᠬᠥᠨ᠎ᠡ᠃
※※※
ᠵᠢᠷᠮᠦᠰᠦᠨ ᠡᠬᠡ ᠤᠬᠢᠯᠠᠬᠤ ᠳ᠋ᠤ᠌
ᠬᠡᠪᠡᠯᠢ ᠳ᠋ᠡᠬᠢ ᠦᠷ᠎ᠡ ᠨᠢ ᠴᠣᠭ ᠤᠬᠢᠯᠠᠳᠠᠭ᠁
※※※
ᠴᠢᠬᠢ — ᠳᠠᠭᠤ ᠴᠢᠮᠡᠭᠡᠨ ᠦ᠌ ᠬᠣᠭ ᠤ᠋ᠨ ᠰᠠᠪᠠ᠃
※※※
ᠶᠠᠭᠠᠬᠢᠵᠤ ᠠᠮᠢᠳᠤᠷᠠᠭᠰᠠᠨ ᠢ᠋ᠶ᠋ᠠᠨ ᠡᠷᠭᠢᠭᠡᠳ ᠪᠣᠳᠣᠬᠤ ᠳ᠋ᠤ᠌ ᠴᠢᠨᠢ
ᠪᠤᠷᠤᠭᠤ ᠨᠢ ᠶᠡᠬᠡ ᠪᠠᠢᠪᠠᠯ᠂
ᠴᠢᠮ᠎ᠠ ᠳ᠋ᠤ᠌《ᠥᠩᠭᠡᠷᠡᠭᠰᠡᠨ ᠴᠠᠭ》 ᠭᠡᠵᠦ ᠪᠠᠢᠬᠤ ᠦᠭᠡᠢ᠃
※※※
ᠬᠣᠶᠠᠷ ᠠᠷᠭᠠᠯᠢ ᠶ᠋ᠢᠨ ᠲᠣᠯᠣᠭᠠᠢ—
ᠨᠢᠭᠡ ᠰᠢᠭᠤᠳᠠᠢ ᠳ᠋ᠤ᠌ ᠪᠠᠭᠲᠠᠳᠠᠭ ᠦᠭᠡᠢ᠃
※※※
ᠦᠭᠡ — ᠲᠠᠷᠢᠬᠢᠨ ᠤ᠋《ᠠᠮᠲᠠ》
※※※
ᠦᠬᠦᠯ ᠭᠡᠳᠡᠭ — ᠵᠢᠷᠦᠬᠡᠨ ᠳ᠋ᠦ᠍ ᠵᠢᠷᠭᠠᠭᠰᠠᠨ ᠨᠠᠷᠠ᠃
※※※
ᠠᠮᠠᠷᠠᠭ ᠤ᠋ᠳ ᠦᠨᠦᠰᠦᠯᠳᠦᠵᠦ ᠪᠠᠢᠬᠤ ᠳ᠋ᠤ᠌᠂ ᠬᠡᠯᠡ ᠨᠢ ᠦᠭᠡ ᠪᠡᠨ ᠮᠠᠷᠲᠠᠳᠠᠭ᠃
※※※
ᠵᠢᠭᠠᠰᠤᠨ ᠤ᠋ ᠨᠢᠳᠦ — ᠰᠢᠷᠠᠵᠤ ᠪᠠᠢᠭ᠎ᠠ ᠬᠥᠮᠦᠨ ᠢ᠋ᠶ᠋ᠡᠨ ᠰᠢᠷᠲᠡᠵᠦ ᠪᠠᠢᠳᠠᠭ᠃
※※※
ᠥᠷᠥᠭᠡᠯ ᠢ᠋ ᠴᠣᠴᠢᠭᠠᠵᠤ ᠶᠠᠪᠤᠭᠰᠠᠨ ᠲᠡᠦᠬᠡ ᠲᠡᠢ ᠠᠷᠠᠳ ᠲᠦᠮᠡᠨ
ᠥᠪᠡᠷᠰᠡᠳ ᠢ᠋ᠶ᠋ᠡᠨ ᠴᠣᠴᠢᠳᠠᠭ ᠦᠭᠡᠢ ᠠᠯᠮᠠᠢ᠂ ᠵᠠᠯᠬᠠᠭ᠃
※※※
ᠦᠳᠡᠯᠦᠭᠡ ᠨᠠᠰᠤᠨ ᠤ᠋ ᠥᠨᠥᠳᠥᠷ ᠪᠣᠯᠭᠠᠨ ᠨᠢ ᠥᠴᠥᠭᠡᠳᠦᠷ ᠪᠣᠯᠳᠠᠭ᠃
ᠮᠠᠷᠭᠠᠰᠢ ᠨᠢ ᠬᠠᠷᠢᠨ《ᠣᠨᠢᠰᠣᠭ᠎ᠠ》 ᠪᠣᠯᠳᠠᠭ᠃
※※※
ᠵᠡᠭᠦᠳᠦ ᠦᠭᠡᠢ ᠨᠣᠢᠷ — ᠥᠯᠥᠨ᠃
※※※
ᠬᠡᠦᠬᠡᠳ ᠢ᠋ᠶ᠋ᠡᠨ ᠥᠬᠥᠭᠡᠷᠳᠡᠵᠦ ᠡᠩᠬᠦᠷᠡᠢᠯᠡᠬᠦ ᠳ᠋ᠡᠭᠡᠨ
ᠪᠦᠬᠦ ᠳᠡᠯᠡᠬᠡᠢ ᠬᠡᠯᠡᠭᠡᠢ ᠪᠣᠯᠳᠠᠭ᠃
※※※
ᠭᠡᠷᠭᠡᠢ ᠪᠡᠨ ᠬᠥᠮᠦᠵᠢᠭᠦᠯᠦᠭᠰᠡᠨ ᠡᠷ᠎ᠡ᠂
ᠡᠷ᠎ᠡ ᠨᠥᠬᠥᠷ ᠢ᠋ᠶ᠋ᠡᠨ ᠬᠥᠮᠦᠵᠢᠭᠦᠯᠦᠭᠰᠡᠨ ᠭᠡᠷᠭᠡᠢ ᠭᠡᠵᠦ ᠪᠠᠢᠳᠠᠭ ᠦᠭᠡᠢ᠁
ᠢᠯᠡ ᠳᠠᠯᠳᠠ ᠪᠠᠨ ᠣᠯᠠᠨ ᠬᠤᠪᠢᠶᠠᠭᠰᠠᠨ ᠠ᠋ᠴᠠ ᠪᠣᠯᠤᠭᠰᠠᠨ ᠪᠠᠢᠬ᠎ᠠ᠁
※※※
ᠶᠠᠪᠤᠬᠤ ᠦᠭᠡᠢ!᠁ ᠭᠡᠵᠦ ᠬᠡᠯᠡᠭᠰᠡᠨ ᠦᠭᠡ
ᠢᠷᠡᠬᠦ ᠦᠭᠡᠢ ᠭᠡᠰᠡᠨ ᠦᠭᠡ᠃
※※※
— ᠭᠡᠷᠭᠡᠢ ᠳ᠋ᠡᠭᠡᠨ
ᠶᠡᠬᠡ ᠬᠠᠢᠷ᠎ᠠ᠂ ᠬᠦᠨᠳᠦᠳᠬᠡᠯ
ᠳᠠᠷᠤᠩᠭᠤᠢᠯᠠᠭᠴᠢ ᠶ᠋ᠢ ᠲᠥᠷᠥᠭᠦᠯᠳᠡᠭ᠃
※※※
ᠴᠣᠣᠵᠢ ᠥᠪᠡᠷ ᠦ᠋ᠨ ᠢ᠋ᠶ᠋ᠡᠨ ᠯᠡ ᠲᠦᠯᠬᠢᠭᠦᠷ ᠢ᠋ᠶ᠋ᠡᠷ ᠣᠩᠭᠣᠢᠳᠠᠭ ᠴᠢᠨᠢ
ᠶᠡᠬᠡ ᠳᠠᠰᠤᠭᠰᠠᠨ ᠤ᠋ ᠬᠢ᠁
※※※
ᠲᠡᠨᠡᠭ᠁ ᠭᠡᠵᠦ ᠳᠡᠷᠡᠨ ᠢ᠋ ᠪᠢ ᠬᠠᠷᠠᠪᠠ
ᠲᠡᠷᠡ ᠨᠠᠮᠠᠶ᠋ᠢ ᠥᠪᠡᠷ ᠡᠴᠡ ᠪᠡᠨ ᠲᠡᠨᠡᠭ ᠭᠡᠵᠦ ᠬᠠᠷᠠᠪᠠ
ᠨᠢᠳᠦ ᠨᠦ᠍ᠭᠦᠳ ᠨᠢᠭᠤᠴᠠ ᠪᠠᠨ ᠠᠯᠳᠠᠪᠠ᠃
※※※
ᠣᠨ ᠴᠠᠭ ᠤ᠋ᠨ ᠬᠥᠮᠦᠨ ᠳ᠋ᠦ᠍ ᠥᠭᠳᠡᠭ
ᠬᠠᠮᠤᠭ ᠤ᠋ᠨ ᠲᠣᠮᠣ ᠶᠠᠯ᠎ᠠ ᠨᠢ《ᠮᠠᠷᠲᠠᠭᠳᠠᠬᠤ!》
※※※
ᠲᠡᠷᠡ ᠶᠠᠭᠠᠬᠢᠵᠤ ᠠᠮᠢᠳᠤᠷᠠᠬᠤ ᠪᠠᠨ ᠮᠡᠳᠡᠳᠡᠭ ᠦᠭᠡᠢ
ᠭᠠᠷ ᠨᠢ ᠠᠮᠠ ᠪᠠᠨ ᠣᠯᠳᠠᠭ᠃
※※※
ᠠᠮᠢᠳᠤ ᠬᠥᠮᠦᠨ ᠦ᠌ ᠦᠨ᠎ᠡ᠂
ᠦᠬᠦᠭᠰᠡᠨ ᠦ᠌ ᠳᠠᠷᠠᠭᠠᠬᠢ ᠦᠨ᠎ᠡ ᠡᠴᠡ ᠪᠡᠨ ᠬᠢᠮᠳᠠᠬᠠᠨ᠁
※※※
ᠪᠦᠰᠡᠭᠦᠢ ᠬᠥᠮᠦᠨ — ᠥᠪᠡᠷ ᠦ᠋ᠨ ᠢ᠋ᠶ᠋ᠡᠨ ᠬᠥᠭᠡᠷᠦᠬᠦᠨ ᠢ᠋
ᠬᠥᠮᠦᠨ ᠢ᠋ᠶ᠋ᠡᠷ ᠮᠠᠭᠲᠠᠭᠤᠯᠵᠤ ᠪᠠᠢᠵᠤ ᠣᠢᠯᠠᠭᠠᠳᠠᠭ ᠠᠲᠠᠯ᠎ᠠ ᠪᠠᠨ
ᠲᠣᠯᠢᠨ ᠳ᠋ᠠᠭᠠᠨ ᠢᠲᠡᠭᠡᠳᠡᠭ ᠦᠭᠡᠢ ᠬᠥᠮᠦᠰ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
