ᠰᠠᠷ᠎ᠠ ᠰᠢᠨ᠎ᠡ ᠶ᠋ᠢᠨ ᠮᠡᠨᠳᠦᠴᠢᠯᠡᠭᠡ Сар шинийн мэндчилгээ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷ᠎ᠠ ᠰᠢᠨ᠎ᠡ ᠶ᠋ᠢᠨ ᠮᠡᠨᠳᠦᠴᠢᠯᠡᠭᠡ Сар шинийн мэндчилгээ

ᠰᠠᠷ᠎ᠠ ᠰᠢᠨ᠎ᠡ ᠶ᠋ᠢᠨ ᠮᠡᠨᠳᠦᠴᠢᠯᠡᠭᠡ Сар шинийн мэндчилгээ

ᠠᠩᠭᠢᠯᠠᠯ:ᠵᠠᠩ ᠦᠢᠯᠡ
2025-03-01

473

ᠰᠠᠷ᠎ᠠ ᠰᠢᠨ᠎ᠡ ᠶᠢᠨ ᠮᠡᠨᠳᠦᠴᠢᠯᠡᠭᠡ

ᠬᠠᠲᠠᠭᠤ ᠡᠪᠦᠯ ᠬᠠᠷᠢᠵᠤ᠂ ᠤᠷᠢᠬᠠᠨ ᠬᠠᠪᠤᠷ ᠠᠢᠰᠤᠢ 
ᠬᠠᠮᠤᠭ ᠪᠡᠷᠬᠡᠰᠢᠶᠡᠯ ᠦᠯᠡᠳᠡᠵᠦ᠂ ᠤᠭᠲᠤᠬᠤ ᠪᠠᠶᠠᠷ ᠠᠢᠰᠤᠢ 
ᠪᠤᠭᠤᠷᠤᠯ ᠵᠢᠯ ᠤᠯᠠᠷᠢᠵᠤ᠂ ᠪᠤᠶᠠᠨᠲᠤ ᠵᠢᠯ ᠮᠣᠷᠢᠯᠠᠬᠤ ᠨᠢ 
ᠡᠪᠦᠭᠡᠨ ᠵᠢᠯ ᠬᠠᠷᠢᠵᠤ᠂ ᠥᠯᠵᠡᠢᠲᠦ ᠵᠢᠯ ᠵᠣᠯᠭᠠᠬᠤ ᠨᠢ᠂
ᠳᠡᠭᠡᠳᠦᠰ ᠡᠪᠦᠭᠡᠳ ᠲᠦ᠍ ᠪᠡᠨ ᠬᠦᠨᠳᠦᠳᠬᠡᠨ ᠵᠣᠯᠭᠠᠵᠤ᠂
ᠳᠦᠭᠦᠷᠡᠩ ᠵᠢᠷᠭᠠᠯᠲᠠᠢ ᠲᠦᠪᠰᠢᠨ ᠠᠮᠤᠭᠤᠯᠠᠩ 
ᠲᠠᠪᠠᠭ ᠣᠪᠣᠭᠠᠯᠠᠩ ᠢᠳᠡᠭᠡ ᠲᠡᠢ᠂ 
ᠴᠠᠷ᠎ᠠ ᠪᠦᠷᠬᠦᠭᠰᠡᠨ ᠤᠭᠤᠴᠠ ᠲᠠᠢ
ᠵᠢᠩᠨᠡᠭᠦᠷ ᠳᠦᠭᠦᠷᠡᠩ ᠪᠤᠤᠵᠠ ᠲᠠᠢ᠂
ᠡᠯᠢᠭᠡ ᠪᠡᠷ ᠢ᠋ᠶ᠋ᠡᠨ ᠡᠩᠬᠡ ᠠᠮᠤᠭᠤᠯᠠᠩ᠂ 
ᠲᠥᠷᠥᠯ ᠢ᠋ᠶ᠋ᠡᠷ ᠢ᠋ᠶ᠋ᠡᠨ ᠲᠦᠪᠰᠢᠨ ᠵᠢᠷᠭᠠᠯ ᠲᠠᠢ
ᠰᠠᠷ᠎ᠠ ᠰᠢᠨ᠎ᠡ ᠳ᠋ᠦ᠍ ᠪᠡᠨ ᠰᠠᠢᠬᠠᠨ ᠰᠢᠨᠡᠯᠡᠭᠡᠷᠡᠢ!

Сар шинийн мэндчилгээ

Сар шинийн мэндчилгээ
   

Хатуу өвөл харьж, урин хавар айсуй
Хамаг бэрхшээл үлдэж, угтах баяр айсуй
Буурал жил улирч, буянт жил морилох нь
Өвгөн жил харьж, өлзийт жил золгох нь,
Дээдэс өвгөддөө хүндэтгэн золгож,
Дүүрэн жаргалтай түвшин амгалан
Таваг овоолон идээтэй, цараа бүрхсэн ууцтай
Жигнүүр дүүрэн буузтай,
Элгээрээ энх амгалан, төрлөөрөө түвшин жаргалтай
Сар шинэдээ сайхан шинэлээрэй!