ᠠᠯᠲᠠᠨ ᠲᠠᠬᠢᠶ᠎ᠠ ᠬᠠᠰ ᠲᠠᠤᠯᠠᠢ Алтан тахиа хас туулайAltan takhia khas tuulai ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠲᠠᠬᠢᠶ᠎ᠠ ᠬᠠᠰ ᠲᠠᠤᠯᠠᠢ Алтан тахиа хас туулайAltan takhia khas tuulai

ᠠᠯᠲᠠᠨ ᠲᠠᠬᠢᠶ᠎ᠠ ᠬᠠᠰ ᠲᠠᠤᠯᠠᠢ Алтан тахиа хас туулайAltan takhia khas tuulai

2025-03-01

1629

ᠠᠯᠲᠠᠨ ᠲᠠᠬᠢᠶ᠎ᠠ ᠬᠠᠰ ᠲᠠᠤᠯᠠᠢ

   — ᠬᠠᠨ ᠬᠦᠯᠦᠭ ᠬᠠᠮᠲᠤᠯᠢᠭ ᠬᠣᠷᠴᠢᠨ ᠠᠷᠠᠳ ᠤ᠋ᠨ ᠦᠯᠢᠭᠡᠷ ᠬᠣᠯᠪᠣᠭ᠎ᠠ 

ᠠᠯᠲᠠᠨ ᠤ᠋ ᠲᠠᠬᠢᠶ᠎ᠠ ᠶᠤᠮ ᠠ᠋ 
ᠬᠠᠰ ᠤ᠋ᠨ ᠡᠷᠳᠡᠨᠢ ᠶ᠋ᠢᠨ ᠲᠠᠤᠯᠠᠢ ᠭᠡᠳᠡᠭ ᠴᠢᠨᠢ 
ᠠᠷᠭ᠎ᠠ ᠪᠢᠯᠢᠭ ᠢ᠋ ᠬᠡᠯᠡᠭᠰᠡᠨ ᠶᠦ᠍ᠮ ᠠ᠋ 
ᠠᠷᠪᠠᠨ ᠬᠣᠶᠠᠷ ᠶᠡᠬᠡ ᠴᠠᠭ ᠢ᠋ ᠪᠡᠨ ᠬᠣᠷᠢᠨ ᠳᠥᠷᠪᠡᠨ 
ᠪᠠᠭ᠎ᠠ ᠴᠠᠭ ᠢ᠋ᠶ᠋ᠠᠷ ᠬᠤᠪᠢᠶᠠᠭᠠᠳ ᠲᠡᠭᠡᠪᠡᠯ 
ᠨᠠᠷᠠᠨ ᠰᠠᠷᠠᠨ ᠤ᠋ ᠡᠷᠭᠢᠯᠲᠡ ᠠ᠋ 
ᠠᠯᠲᠠᠨ ᠲᠠᠬᠢᠶ᠎ᠠ ᠬᠠᠰ ᠤ᠋ᠨ ᠲᠠᠤᠯᠠᠢ 
ᠵᠡᠭᠦᠨᠰᠢ ᠪᠡᠨ ᠪᠠᠷᠠᠭᠤᠨᠰᠢ ᠪᠠᠨ ᠰᠣᠯᠢᠯᠴᠠᠭᠰᠠᠭᠠᠷ 
ᠬᠠᠷᠠᠩᠭᠤᠢ ᠭᠡᠭᠡᠨ ᠦ᠌ ᠢᠯᠭᠠᠭ᠎ᠠ ᠲᠠᠢ
ᠬᠠᠷᠠᠩᠭᠤᠢ ᠶ᠋ᠢ ᠦᠳᠡᠭᠡᠳ ᠯᠡ
ᠭᠡᠭᠡᠨ ᠢ᠋ ᠤᠭᠲᠤᠨ᠎ᠠ ᠭᠡᠳᠡᠭ ᠴᠢᠨᠢ
ᠬᠠᠷᠪᠤᠭᠰᠠᠨ ᠰᠤᠮᠤᠨ ᠠ᠋ᠴᠠ ᠲᠦᠷᠭᠡᠨ ᠠ᠋
ᠬᠠᠪᠤᠷ ᠨᠠᠮᠤᠷ ᠠ᠋ ᠡᠪᠦᠯ ᠵᠤᠨ ᠠ᠋
ᠳᠥᠷᠪᠡᠨ ᠤᠯᠠᠷᠢᠯ ᠳ᠋ᠤ᠌ ᠪᠠᠨ
ᠬᠠᠷᠢᠯᠴᠠᠨ ᠪᠣᠯᠪᠠᠯ ᠥᠩᠭᠡᠷᠡᠭᠦᠯᠦᠭᠰᠡᠭᠡᠷ
ᠬᠠᠷ᠎ᠠ ᠴᠤ᠌ ᠲᠣᠷᠭᠠᠨ ᠦᠰᠦ ᠨᠢ ᠳᠡ
ᠴᠠᠢᠷᠠᠭᠠᠳ ᠯᠠ ᠲᠡᠭᠡᠯ᠎ᠡ ᠳᠡ
ᠬᠠᠷ᠎ᠠ ᠪᠤᠭᠤᠷᠤᠯ ᠡᠪᠦᠭᠡᠨ ᠪᠣᠯᠴᠢᠬᠠᠵᠠᠢ
ᠮᠣᠳᠣᠳ ᠨᠢ ᠬᠡᠳᠦᠢᠪᠡᠷ ᠥᠰᠦᠭᠡᠳ ᠯᠡ
ᠲᠤᠢᠯ ᠳ᠋ᠤ᠌ ᠪᠠᠨ ᠲᠤᠯᠪᠠᠴᠤ
ᠲᠩᠷᠢ ᠶ᠋ᠢ ᠲᠤᠯᠬᠤ ᠳ᠋ᠤ᠌ ᠪᠠᠨ
ᠪᠡᠷᠬᠡ ᠲᠡᠢ ᠶᠦᠮ ᠰᠢᠦ
ᠬᠥᠮᠦᠨ ᠬᠡᠳᠦᠢᠪᠡᠷ ᠦᠳᠡᠯᠦᠭᠡ ᠭᠡᠳ ᠯᠡ
ᠨᠠᠰᠤᠨ ᠤ᠋ ᠪᠤᠶᠠᠨ ᠢ᠋ ᠬᠤᠷᠢᠶᠠᠯ᠎ᠠ ᠭᠡᠳ
ᠵᠠᠭᠤᠨ ᠬᠠᠪᠤᠷ ᠢ᠋ ᠥᠩᠭᠡᠷᠡᠭᠡᠬᠦ ᠳ᠋ᠦ᠍
ᠪᠡᠷᠬᠡ ᠲᠡᠢ ᠶᠦᠮ ᠰᠢᠦ
ᠬᠥᠭᠰᠢᠨ ᠰᠠᠢᠳ ᠴᠢᠨᠢ ᠥᠨᠥ ᠵᠢᠯ ᠳ᠋ᠦ᠍ ᠪᠡᠨ
ᠵᠢᠷᠠᠨ ᠯᠠ ᠬᠠᠪᠤᠷ ᠢ᠋ ᠥᠩᠭᠡᠷᠡᠭᠦᠯᠦᠯ᠎ᠡ
ᠬᠣᠪᠢᠨ ᠤ᠋ ᠨᠤᠲᠤᠭ ᠲᠤ᠌ ᠪᠠᠨ ᠡᠷᠭᠢᠵᠦ ᠣᠴᠢᠭᠠᠳ
ᠦᠳᠡᠯᠦᠭᠡ ᠪᠡᠶ᠎ᠡ ᠶ᠋ᠢ ᠪᠡᠨ ᠰᠤᠪᠢᠯᠠᠬᠤ ᠶ᠋ᠢ ᠰᠠᠨᠠᠨ᠎ᠠ

   ᠦᠰᠦᠭ ᠠᠮᠢᠯᠠᠭᠤᠯᠤᠨ ᠬᠠᠲᠠᠭᠴᠢ᠄ ᠴᠠᠬᠠᠷ ᠪᠠᠲᠤ
   ᠬᠢᠨᠠᠭᠴᠢ᠄ ᠢᠷᠡᠭᠡᠳᠦᠢ᠂ ᠨᠠᠷᠠᠨᠮᠠᠨᠳᠠ᠂ ᠬᠠᠢ ᠵᠢᠶᠦ᠋ᠨ᠂ ᠴᠢ᠊ · ᠤᠷᠠᠨ᠂ ᠠᠶᠤᠰᠢ