ᠨᠠᠮᠬᠠᠨ ᠭᠤᠶᠤᠯᠲᠠ -ᠬᠡᠷᠡᠢᠳ ᠮᠥᠩᠬᠡᠨᠠᠰᠤᠨНамхан гуйлт-Хэрэйд МөнхнасанNamkhan guilt-Khereid Mönkhnasan ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠬᠠᠨ ᠭᠤᠶᠤᠯᠲᠠ -ᠬᠡᠷᠡᠢᠳ ᠮᠥᠩᠬᠡᠨᠠᠰᠤᠨНамхан гуйлт-Хэрэйд МөнхнасанNamkhan guilt-Khereid Mönkhnasan

ᠨᠠᠮᠬᠠᠨ ᠭᠤᠶᠤᠯᠲᠠ -ᠬᠡᠷᠡᠢᠳ ᠮᠥᠩᠬᠡᠨᠠᠰᠤᠨНамхан гуйлт-Хэрэйд МөнхнасанNamkhan guilt-Khereid Mönkhnasan

2025-03-01

527

ᠨᠠᠮᠬᠠᠨ ᠭᠤᠶᠤᠯᠲᠠ

   ᠵᠣᠬᠢᠶᠠᠭᠴᠢ᠄ ᠬᠡᠷᠡᠢᠳ ᠮᠥᠩᠬᠡᠨᠠᠰᠤᠨ 
   ᠤᠶᠠᠩᠭᠠᠯᠠᠭᠴᠢ᠄ ᠰᠣᠯᠣᠩᠭ᠎ᠠ   

ᠨᠠᠮᠤᠷ ᠨᠠᠮᠤᠷ ᠤ᠋ᠨ ᠰᠠᠯᠬᠢᠨ ᠢ᠋ᠶ᠋ᠠᠷ 
ᠰᠡᠪᠡᠯᠭᠡ ᠪᠡᠨ ᠴᠣᠬᠢᠭᠤᠯᠬᠤ ᠳᠤᠷ᠎ᠠ ᠦᠭᠡᠢ ᠪᠢ 
ᠨᠠᠳᠠᠳᠤ ᠬᠠᠢᠷᠠᠲᠠᠢ ᠪᠣᠷᠣᠭᠠᠨ ᠢ᠋ᠶ᠋ᠠᠷ 
ᠰᠡᠳᠬᠢᠯ ᠢ᠋ᠶ᠋ᠡᠨ ᠰᠢᠪᠰᠢᠭᠦᠯᠬᠦ ᠶ᠋ᠢ ᠬᠦᠰᠡᠨᠡᠮ 
 
ᠨᠠᠮᠤᠭᠤᠬᠠᠨ ᠦᠳᠡᠰᠢ ᠶ᠋ᠢᠨ ᠪᠦᠷᠦᠢ ᠶ᠋ᠢ 
ᠭᠡᠷᠡᠯ ᠢ᠋ᠶ᠋ᠡᠷ ᠠᠷᠢᠭᠤᠳᠬᠠᠬᠤ ᠳᠠᠭ᠎ᠠ ᠦᠭᠡᠢ ᠪᠢ 
ᠨᠠᠢᠷᠠᠭ ᠤ᠋ᠨ ᠲᠦᠳᠡᠭ ᠢ᠋ᠶ᠋ᠡᠷ ᠭᠢᠯᠠᠰᠴᠤ
ᠭᠡᠢᠪᠦᠷ ᠵᠢᠷᠭᠠᠬᠤ ᠶ᠋ᠢ ᠪᠣᠳᠣᠨᠠᠮ

ᠨᠠᠷᠭᠢᠶᠠᠨᠲᠤ ᠴᠦᠩᠬᠦᠯ ᠦ᠋ᠨ ᠬᠥᠪ ᠤᠷᠤᠭᠤ
ᠠᠯᠠᠰᠬᠢᠨ ᠣᠴᠢᠬᠤ ᠶ᠋ᠢᠨ ᠰᠢᠨᠤᠯ ᠦᠭᠡᠢ ᠪᠢ
ᠨᠠᠮᠠᠶ᠋ᠢ ᠬᠦᠰᠡᠭᠰᠡᠨ ᠴᠦᠯ ᠵᠦᠭ
ᠠᠩᠭᠠᠵᠤ ᠬᠦᠷᠬᠦ ᠶ᠋ᠢ ᠵᠣᠷᠢᠨᠠᠮ 

ᠨᠠᠢᠭᠠᠯᠢ ᠥᠬᠢᠨ ᠰᠢᠭ ᠨᠢᠯᠴᠢᠭᠢᠨᠡᠵᠦ
ᠳᠡᠷ᠎ᠡ ᠪᠦᠬᠦᠨ ᠢ᠋ ᠢᠴᠢᠭᠡᠬᠦ ᠦᠭᠡᠢ ᠪᠢ
ᠨᠠᠰᠤᠨ ᠤ᠋ ᠴᠢᠮ᠎ᠠ ᠳ᠋ᠤ᠌ ᠪᠠᠨ ᠠᠭᠤᠰᠴᠤ
ᠳᠡᠩᠳᠡᠭᠦᠦ ᠵᠢᠷᠭᠠᠬᠤ ᠶ᠋ᠢ ᠭᠤᠶᠤᠨᠠᠮ

   ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠤᠨ
   ᠦᠰᠦᠭ ᠬᠠᠳᠠᠭᠴᠢ᠄ ᠥᠯᠵᠡᠢᠪᠠᠭᠠᠲᠤᠷ
   ᠬᠢᠨᠠᠭᠴᠢ᠄ ᠠᠯᠲᠠᠨᠴᠡᠴᠡᠭ᠂ ᠣᠳᠬᠠᠨᠰᠣ᠎ᠠ