ᠬᠠᠭᠠᠨ ᠲᠡᠭᠦᠰ ᠊ᠤᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨХаан дүүсийн хүү, ширээтийн мэргэн хаан Khaan düüsiin khüü, shireetiin mergen khaan ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠭᠠᠨ ᠲᠡᠭᠦᠰ ᠊ᠤᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨХаан дүүсийн хүү, ширээтийн мэргэн хаан Khaan düüsiin khüü, shireetiin mergen khaan

ᠬᠠᠭᠠᠨ ᠲᠡᠭᠦᠰ ᠊ᠤᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨХаан дүүсийн хүү, ширээтийн мэргэн хаан Khaan düüsiin khüü, shireetiin mergen khaan

ᠠᠩᠭᠢᠯᠠᠯ:ᠲᠤᠤᠯᠢᠰ
2025-03-01

1046

ᠰᠠᠢᠨ ᠴᠠᠭ ᠤ᠋ᠨ ᠡᠬᠢᠨ ᠳ᠋ᠦ᠍ 
ᠮᠠᠭᠤ ᠴᠠᠭ ᠤ᠋ᠨ ᠰᠡᠭᠦᠯ ᠳ᠋ᠦ᠍ 
ᠵᠡᠭᠦᠨ ᠤᠷᠲᠤ ᠲᠢᠪ ᠢ᠋ ᠡᠵᠡᠯᠡᠭᠴᠢ 
ᠬᠠᠭᠠᠨ ᠲᠡᠭᠦᠰ ᠦ᠋ᠨ ᠬᠦᠦ 
ᠰᠢᠷᠡᠭᠡᠲᠦ ᠶ᠋ᠢᠨ ᠮᠡᠷᠭᠡᠨ ᠬᠠᠭᠠᠨ ᠭᠡᠵᠦ ᠪᠠᠢᠵᠠᠢ᠃
ᠲᠡᠷᠡ ᠬᠠᠭᠠᠨ ᠤ᠋ ᠲᠥᠷᠥᠭᠰᠡᠨ ᠴᠠᠭ ᠨᠢ 
ᠲᠦᠪᠰᠢᠨ ᠵᠢᠷᠭᠠᠯ ᠬᠣᠣᠰᠯᠠᠵᠤ 
ᠲᠦᠮᠡᠨ ᠠᠮᠢᠲᠠᠨ ᠪᠠᠶᠠᠷ ᠲᠠᠢ ᠴᠠᠭ ᠲᠤ᠌ ᠲᠥᠷᠥᠵᠡᠢ᠃
ᠭᠠᠷᠤᠭᠰᠠᠨ ᠴᠠᠭ ᠠ᠋ᠴᠠ ᠨᠢ ᠬᠣᠢᠰᠢ 
ᠭᠠᠮᠰᠢᠭ ᠵᠣᠪᠠᠭᠤᠷᠢ ᠦᠭᠡᠢ 
ᠭᠠᠳᠠᠭᠤᠷ ᠪᠠᠢᠬᠤ ᠠᠷᠠᠳ ᠤ᠋ᠳ ᠨᠢ 
ᠭᠠᠢᠬᠠᠮᠰᠢᠭᠲᠠᠢ ᠰᠠᠢᠰᠢᠶᠠᠵᠤ ᠪᠢᠰᠢᠷᠡᠳᠡᠭ ᠭᠡᠨ᠎ᠡ᠃
ᠣᠯᠠᠨ ᠲᠦᠮᠡᠨ ᠨᠢ ᠬᠦᠷᠢᠶᠡᠯᠡᠭᠰᠡᠨ ᠡᠴᠡ 
ᠣᠷᠣᠨ ᠬᠣᠲᠠᠯᠠᠭᠠᠷ ᠮᠠᠨᠳᠤᠵᠤ 
ᠤᠳᠤᠮᠲᠤ ᠠᠷᠠᠳ ᠨᠢ ᠲᠦᠰᠢᠭᠰᠡᠨ ᠡᠴᠡ᠃
ᠤᠯᠠᠮ ᠰᠠᠢᠵᠢᠷᠠᠨ ᠪᠡᠬᠢᠵᠢᠭᠰᠡᠨ ᠭᠡᠨ᠎ᠡ᠃
ᠵᠧ| ᠴᠢᠩᠭᠢᠭᠡᠳ ᠳᠣᠷᠣᠭᠰᠢ ᠬᠡᠯᠡᠪᠡᠯ᠄
ᠰᠢᠷᠡᠭᠡᠲᠦ ᠶ᠋ᠢᠨ ᠮᠡᠷᠭᠡᠨ ᠬᠠᠭᠠᠨ ᠤ᠋
ᠰᠠᠭᠤᠷᠢ ᠪᠠᠢᠷᠢ ᠭᠡᠷ ᠣᠷᠣᠨ ᠨᠢ
ᠠᠭᠠᠷᠤ ᠽᠠᠨᠳᠠᠨ ᠲᠣᠭᠣᠨᠣ ᠲᠠᠢ
ᠠᠮᠢᠳᠤ ᠯᠤᠤ ᠶ᠋ᠢᠨ ᠪᠦᠰᠡᠯᠡᠭᠦᠷ ᠲᠡᠢ
ᠮᠣᠭᠠᠢ ᠶ᠋ᠢᠨ ᠶᠠᠰᠤᠨ ᠣᠨᠢ ᠲᠠᠢ
ᠮᠣᠯᠣᠷ ᠽᠠᠨᠳᠠᠨ ᠬᠠᠭᠠᠯᠭ᠎ᠠ ᠲᠠᠢ
ᠳ᠋ᠸᠮᠪᠣ ᠲᠣᠷᠭᠠᠨ ᠳᠡᠭᠡᠪᠦᠷ ᠲᠡᠢ
ᠬᠠᠮᠪᠤ ᠲᠣᠷᠭᠠᠨ ᠲᠤᠭᠤᠷᠭ᠎ᠠ ᠲᠠᠢ
ᠬᠠᠷ᠎ᠠ ᠲᠣᠷᠭᠠᠨ ᠬᠠᠶᠠᠭᠠᠪᠴᠢ ᠲᠠᠢ
ᠬᠠᠯᠠ ᠴᠡᠩᠮᠡ ᠪᠦᠷᠢᠶᠡᠰᠦ ᠲᠡᠢ
ᠡᠢᠮᠦ ᠰᠠᠢᠬᠠᠨ ᠣᠷᠳᠣᠨ ᠢ᠋
ᠥᠷᠥᠭᠡ ᠪᠣᠯᠭᠠᠨ ᠰᠠᠭᠤᠳᠠᠭ ᠭᠡᠨ᠎ᠡ᠃
ᠨᠢᠭᠡᠨ ᠡᠳᠦᠷ ᠭᠡᠷ ᠲᠡᠭᠡᠨ ᠰᠠᠭᠤᠵᠤ
ᠨᠢᠲᠡᠷᠡᠵᠦ᠍ ᠠᠷᠠᠰᠤ ᠡᠯᠳᠡᠨ
ᠪᠣᠳᠣᠯᠭ᠎ᠠ ᠳᠣᠲᠣᠷ᠎ᠠ ᠪᠠᠨ ᠪᠣᠳᠣᠵᠤ
ᠪᠣᠳᠣᠭᠰᠠᠨ ᠢ᠋ᠶ᠋ᠠᠨ ᠨᠠᠷᠢᠪᠴᠢᠯᠠᠭᠰᠠᠨ ᠨᠢ
《ᠬᠣᠵᠢᠮ ᠤ᠋ᠨ ᠡᠳᠦᠷ ᠢᠷᠡᠬᠦ ᠳ᠋ᠦ᠍
ᠬᠣᠢᠰᠢ ᠶ᠋ᠢᠨ ᠮᠠᠷᠭᠠᠲᠠ ᠪᠣᠯᠬᠤ ᠳ᠋ᠤ᠌᠂
ᠶᠠᠳᠠᠷᠠᠵᠤ ᠵᠦᠳᠡᠷᠡᠬᠦ ᠦᠶ᠎ᠡ ᠳ᠋ᠦ᠍
ᠶᠠᠰᠤ ᠬᠦᠨᠳᠦᠷᠡᠬᠦ ᠴᠠᠭ ᠲᠤ᠌
ᠬᠠᠭᠠᠷᠬᠠᠢ ᠴᠣᠭᠣᠷᠬᠠᠢ ᠶ᠋ᠢ ᠥᠮᠥᠷᠥᠥᠯᠵᠦ ᠥᠭᠬᠦ
ᠬᠠᠨᠢ ᠨᠥᠬᠥᠷ ᠮᠢᠨᠢ ᠬᠠᠮᠢᠭ᠎ᠠ ᠪᠠᠢᠬᠤ ᠪᠣᠯ?》 ᠭᠡᠳ
ᠮᠣᠷᠢᠨ ᠠ᠋ᠴᠠ ᠪᠠᠨ ᠠᠰᠠᠭᠤᠵᠤ ᠮᠡᠳᠡᠶ᠎ᠡ ᠭᠡᠵᠦ
ᠮᠣᠯᠴᠣᠭᠲᠤ ᠬᠠᠵᠠᠭᠠᠷ ᠢ᠋ᠶ᠋ᠠᠨ ᠪᠠᠷᠢᠵᠤ ᠭᠠᠷᠬᠤ ᠳ᠋ᠤ᠌
ᠬᠠᠭᠠᠯᠭ᠎ᠠ ᠶ᠋ᠢᠨ ᠪᠣᠱᠣᠭ᠎ᠠ ᠲᠠᠢ ᠨᠢ ᠬᠢᠮᠤᠷᠠᠯᠳᠤᠵᠤ
ᠬᠠᠵᠠᠭᠠᠷ ᠤ᠋ᠨ ᠠᠮᠠᠭᠠᠢ ᠨᠢ ᠬᠠᠩᠭᠢᠨᠠᠬᠤ ᠳ᠋ᠤ᠌᠂
ᠠᠳᠤᠭᠤᠨ ᠳᠤᠮᠳᠠ ᠪᠠᠨ ᠪᠠᠢᠳᠠᠭ
ᠠᠭᠲᠠ ᠶ᠋ᠢᠨ ᠮᠠᠩᠯᠠᠢ ᠪᠣᠯᠳᠠᠭ
ᠵᠠᠭᠤᠨ ᠠᠯᠲᠠ ᠪᠡᠶ᠎ᠡ ᠲᠡᠢ
ᠵᠠᠭᠠᠨ ᠰᠢᠭ᠋ ᠪᠠᠢᠳᠠᠯ ᠲᠠᠢ
ᠵᠡᠭᠡᠷ᠎ᠡ ᠶ᠋ᠢᠨ ᠬᠥᠯ ᠰᠢᠭ ᠰᠢᠯᠪᠢ ᠲᠡᠢ
ᠵᠢᠷᠭᠤᠭᠠᠨ ᠠᠯᠲᠠ ᠬᠦᠵᠦᠭᠦᠦ ᠲᠡᠢ
ᠶᠢᠰᠦᠨ ᠲᠥᠭᠡ ᠴᠢᠬᠢ ᠲᠡᠢ
ᠢᠯᠡ ᠣᠳᠣᠨ ᠨᠢᠳᠦᠲᠦ
ᠢᠮᠡᠷᠦᠭᠰᠡᠨ ᠰᠠᠭᠰᠠᠭᠠᠷ ᠳᠡᠯ ᠲᠡᠢ
ᠢᠪᠢᠭᠡᠯᠵᠡᠭᠰᠡᠨ ᠥᠳᠬᠡᠨ ᠰᠡᠭᠦᠯ ᠲᠡᠢ
ᠬᠤᠯᠤᠰᠤᠨ ᠰᠢᠷᠭ᠎ᠠ ᠮᠣᠷᠢ ᠨᠢ᠄
《ᠮᠠᠨᠳᠤᠭᠰᠠᠨ ᠤᠯᠤᠰ ᠮᠡᠨᠳᠦ ᠪᠠᠢᠬᠤ ᠳ᠋ᠤ᠌
ᠡᠵᠡᠨ ᠲᠥᠷᠥ ᠡᠩᠬᠡ ᠪᠠᠢᠬᠤ ᠳ᠋ᠤ᠌
ᠬᠠᠵᠠᠭᠠᠷ ᠶᠠᠭᠤᠨ ᠳ᠋ᠤ᠌ ᠬᠠᠩᠭᠢᠨᠠᠪᠠ?》 ᠭᠡᠳ
ᠲᠣᠯᠣᠭᠠᠢ ᠪᠠᠷ ᠢ᠋ᠶ᠋ᠠᠨ ᠨᠠᠭᠠᠳᠤᠭᠰᠠᠭᠠᠷ
ᠲᠣᠭᠣᠰᠣᠨ ᠠ᠋ᠴᠠ ᠪᠠᠨ ᠪᠤᠯᠭᠢᠭᠰᠠᠭᠠᠷ
ᠰᠡᠭᠦᠯ ᠢ᠋ᠶ᠋ᠡᠷ ᠢ᠋ᠶ᠋ᠡᠨ ᠨᠠᠭᠠᠳᠤᠭᠰᠠᠭᠠᠷ
ᠰᠡᠭᠦᠳᠡᠷ ᠡᠴᠡ ᠪᠡᠨ ᠪᠤᠯᠭᠢᠭᠰᠠᠭᠠᠷ
ᠡᠵᠡᠨ ᠦ᠌ ᠪᠡᠨ ᠳᠡᠷᠭᠡᠳᠡ ᠢᠷᠡᠵᠡᠢ ᠭᠡᠨ᠎ᠡ᠃
ᠡᠨᠡ ᠮᠣᠷᠢ ᠪᠠᠨ ᠪᠣᠯ
ᠤᠷᠭ᠎ᠠ ᠪᠠᠷ ᠪᠠᠷᠢᠳᠠᠭ ᠦᠭᠡᠢ ᠤᠷᠢᠵᠤ ᠪᠠᠷᠢᠳᠠᠭ᠂
ᠬᠤᠢᠪᠢ ᠪᠠᠷ ᠪᠠᠷᠢᠳᠠᠭ ᠦᠭᠡᠢ ᠬᠤᠷᠤᠢᠯᠠᠵᠤ ᠪᠠᠷᠢᠳᠠᠭ ᠭᠡᠨ᠎ᠡ᠃
ᠴᠢᠩᠭᠢᠭᠡᠳ ᠳᠣᠷᠣᠭᠰᠢ ᠬᠡᠯᠡᠪᠡᠯ᠄
ᠰᠢᠷᠡᠭᠡᠲᠦ ᠶ᠋ᠢᠨ ᠮᠡᠷᠭᠡᠨ ᠬᠠᠭᠠᠨ
ᠰᠢᠵᠢᠷ ᠠᠭᠲᠠ ᠠ᠋ᠴᠠ ᠪᠠᠨ ᠠᠰᠠᠭᠤᠭᠰᠠᠨ ᠨᠢ᠄
《ᠬᠣᠵᠢᠮ ᠤ᠋ᠨ ᠡᠳᠦᠷ ᠢᠷᠡᠬᠦ ᠳ᠋ᠦ᠍
ᠬᠣᠢᠰᠢ ᠶ᠋ᠢᠨ ᠮᠠᠷᠭᠠᠲᠠ ᠪᠣᠯᠬᠤ ᠳ᠋ᠤ᠌
ᠶᠠᠳᠠᠷᠠᠵᠤ ᠵᠦᠳᠡᠷᠡᠬᠦ ᠦᠶ᠎ᠡ ᠳ᠋ᠦ᠍
ᠶᠠᠰᠤ ᠬᠦᠨᠳᠦᠷᠡᠬᠦ ᠴᠠᠭ ᠲᠤ᠌
ᠬᠠᠭᠠᠷᠬᠠᠢ ᠴᠣᠭᠣᠷᠬᠠᠢ ᠶ᠋ᠢ ᠥᠮᠥᠷᠥᠥᠯᠵᠦ ᠥᠭᠬᠦ
ᠬᠠᠨᠢ ᠨᠥᠬᠥᠷ ᠮᠢᠨᠢ ᠬᠠᠮᠢᠭ᠎ᠠ ᠪᠠᠢᠬᠤ ᠪᠣᠯ
ᠬᠠᠷ᠎ᠠ ᠲᠣᠯᠣᠭᠠᠢ ᠪᠠᠨ ᠳᠠᠷᠤᠵᠤ
ᠬᠠᠭᠠᠨ ᠡᠴᠢᠭᠡ ᠡᠴᠡ ᠠᠰᠠᠭᠤᠵᠤ
ᠬᠠᠲᠤᠨ ᠡᠵᠢ ᠡᠴᠡ ᠰᠤᠷᠪᠤᠯᠵᠢᠯᠠᠬᠤᠶ᠎ᠠ
ᠪᠣᠯᠬᠤ ᠤᠤ?》 ᠭᠡᠰᠡᠨ ᠳ᠋ᠦ᠍
ᠬᠤᠯᠤᠰᠤᠨ ᠰᠢᠷᠭ᠎ᠠ ᠮᠣᠷᠢ ᠨᠢ
ᠬᠣᠩᠬᠠᠯᠵᠠᠨ ᠲᠣᠯᠣᠭᠠᠢ ᠪᠠᠨ ᠳᠣᠬᠢᠵᠤ᠄
《ᠪᠣᠯᠤᠨ᠎ᠠ!》 ᠭᠡᠵᠦ ᠢᠨᠴᠠᠭᠠᠵᠤ
《ᠪᠦᠲᠦᠨ᠎ᠡ》 ᠭᠡᠵᠦ ᠬᠠᠩᠭᠢᠨᠠᠪᠠ ᠭᠡᠨ᠎ᠡ᠃
ᠡᠭᠦᠨ ᠳ᠋ᠦ᠍ ᠬᠠᠭᠠᠨ ᠬᠦᠦ
ᠡᠵᠢ ᠠᠪᠤ ᠳ᠋ᠠᠭᠠᠨ ᠣᠴᠢᠵᠤ
ᠲᠠᠬᠢᠮ ᠡᠪᠦᠳᠦᠭ ᠨᠤᠭᠤᠯᠵᠤ
ᠲᠤᠬᠢᠷ ᠲᠣᠯᠣᠭᠠᠢ ᠪᠥᠬᠥᠢᠵᠦ
ᠬᠦᠨᠳᠦ ᠶᠣᠰᠣ ᠭᠦᠢᠴᠡᠳᠬᠡᠨ
ᠬᠥᠭᠰᠢᠳ ᠦ᠋ᠨ ᠣᠯᠪᠣᠭ ᠤ᠋ᠨ ᠡᠮᠦᠨ᠎ᠡ
ᠬᠥᠯ ᠨᠤᠭᠤᠯᠤᠨ ᠴᠥᠮᠴᠥᠢᠵᠦ ᠰᠠᠭᠤᠭᠰᠠᠨ ᠳ᠋ᠤ᠌
ᠬᠠᠭᠠᠨ ᠲᠡᠭᠦᠰ ᠠᠪᠤ ᠨᠢ
ᠬᠠᠲᠤᠨ ᠰᠦᠷᠦᠩ ᠡᠵᠢ ᠨᠢ
《ᠵᠦᠭᠡᠷ ᠵᠠᠩ ᠳ᠋ᠠᠭᠠᠨ ᠰᠠᠭᠤᠬᠤ ᠦᠭᠡᠢ
ᠵᠣᠯᠭᠠᠬᠤ ᠪᠠᠷ ᠶᠠᠭᠤᠨ ᠳ᠋ᠤ᠌ ᠢᠷᠡᠪᠡ?
ᠬᠦᠨᠳᠦ ᠬᠡᠷᠡᠭ ᠭᠠᠷᠤᠭᠰᠠᠨ ᠤᠤ?
ᠬᠦᠦ ᠮᠢᠨᠢ ᠢᠷᠡᠭᠰᠡᠨ ᠨᠢ ᠶᠠᠭᠤ ᠪᠣᠯᠪᠠ?》ᠭᠡᠰᠡᠨ ᠳ᠋ᠦ᠍
ᠬᠠᠭᠠᠨ ᠬᠦᠦ ᠬᠠᠷᠢᠭᠤᠯᠤᠭᠰᠠᠨ ᠨᠢ᠄
《ᠠᠪᠤ ᠡᠵᠢ ᠬᠣᠶᠠᠭᠤᠯᠠ ᠠ᠋ᠴᠠ
ᠠᠶᠤᠯ ᠦᠭᠡᠢ ᠠᠰᠠᠭᠤᠬᠤ ᠵᠦᠢᠯ ᠪᠣᠯ
ᠬᠣᠵᠢᠮ ᠤ᠋ᠨ ᠡᠳᠦᠷ ᠢᠷᠡᠬᠦ ᠳ᠋ᠦ᠍
ᠬᠣᠢᠰᠢ ᠶ᠋ᠢᠨ ᠮᠠᠷᠭᠠᠲᠠ ᠪᠣᠯᠬᠤ ᠳ᠋ᠤ᠌
ᠶᠠᠳᠠᠷᠠᠵᠤ ᠵᠦᠳᠡᠷᠡᠬᠦ ᠦᠶ᠎ᠡ ᠳ᠋ᠦ᠍
ᠶᠠᠰᠤ ᠬᠦᠨᠳᠦᠷᠡᠬᠦ ᠴᠠᠭ ᠲᠤ᠌
ᠬᠠᠭᠠᠷᠬᠠᠢ ᠴᠣᠭᠣᠷᠤᠬᠠᠢ ᠶ᠋ᠢ ᠥᠮᠥᠷᠥᠥᠯᠵᠦ ᠥᠭᠭᠦ
ᠬᠠᠨᠢ ᠨᠥᠬᠥᠷ ᠮᠢᠨᠢ ᠬᠠᠮᠢᠭ᠎ᠠ ᠪᠠᠢᠬᠤ ᠶ᠋ᠢ
ᠬᠠᠭᠠᠨ ᠴᠣᠯᠠᠲᠤ ᠠᠪᠤ
ᠬᠠᠲᠤᠨ ᠴᠣᠯᠠᠲᠤ ᠡᠵᠢ ᠮᠢᠨᠢ
ᠰᠢᠷᠡᠭᠡᠲᠦ ᠶ᠋ᠢᠨ ᠮᠡᠷᠭᠡᠨ ᠬᠦᠦ ᠳ᠋ᠡᠭᠡᠨ
ᠰᠢᠯᠵᠢᠭᠦᠯᠦᠨ ᠵᠥᠩᠨᠡᠵᠦ ᠥᠭᠭᠦᠨᠡᠦ!》 ᠭᠡᠰᠡᠨ ᠳ᠋ᠦ᠍
ᠬᠠᠭᠠᠨ ᠲᠡᠭᠦᠰ ᠦ᠋ᠨ ᠪᠡᠶ᠎ᠡ
ᠬᠠᠲᠤᠨ ᠰᠦᠷᠦᠩ ᠲᠡᠢ ᠪᠡᠨ
ᠬᠠᠮᠲᠤ ᠪᠠᠷ ᠵᠡᠷᠭᠡᠴᠡᠨ
ᠬᠠᠷᠢᠭᠤᠯᠤᠨ ᠵᠥᠩᠨᠡᠵᠦ ᠵᠢᠭᠠᠭᠰᠠᠨ ᠨᠢ᠄
《ᠵᠢᠭᠦᠷ ᠲᠡᠢ ᠰᠢᠪᠠᠭᠤ ᠨᠢᠰᠴᠦ ᠬᠦᠷᠬᠦ ᠦᠭᠡᠢ
ᠲᠤᠭᠤᠷᠠᠢ ᠲᠠᠢ ᠮᠣᠷᠢ ᠴᠥᠮᠴᠢᠵᠦ ᠬᠦᠷᠬᠦ ᠦᠭᠡᠢ
ᠲᠡᠷᠡ ᠪᠠᠷᠠᠭᠤᠨ ᠬᠣᠢᠲᠤ ᠲᠢᠪ ᠦ᠋ᠨ
ᠨᠠᠷᠠᠨ ᠬᠠᠭᠠᠨ ᠤ᠋ ᠥᠬᠢᠨ ᠢ᠋
ᠨᠠᠢᠷ ᠬᠥᠷ ᠦ᠋ᠨ ᠳᠡᠭᠡᠷ᠎ᠡ
ᠥᠨᠳᠡᠭᠡᠨ ᠰᠦᠢ ᠲᠠᠯᠪᠢᠵᠤ
ᠤᠷᠤᠭ ᠲᠣᠭᠲᠠᠭᠰᠠᠨ ᠤᠴᠢᠷ ᠪᠠᠢᠬᠤ ᠲᠤᠯᠠ
ᠬᠦᠦ ᠮᠢᠨᠢ ᠶᠠᠪᠤᠵᠤ
ᠬᠡᠦᠬᠡᠨ ᠢ᠋ᠶ᠋ᠡᠨ ᠣᠯᠵᠤ ᠢᠷ᠎ᠡ!》 ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ
ᠰᠢᠯᠪᠢ ᠲᠤᠯᠭᠠᠨ ᠰᠥᠭᠥᠳᠴᠦ
ᠰᠢᠯᠵᠢᠯ ᠦᠭᠡᠢ ᠮᠥᠷᠭᠥᠭᠡᠳ
ᠰᠠᠯᠬᠤ ᠶᠣᠰᠣ ᠪᠠᠨ ᠭᠦᠢᠴᠡᠳᠬᠡᠨ
ᠰᠠᠭᠤᠷᠢ ᠠ᠋ᠴᠠ ᠪᠠᠨ ᠡᠷᠭᠢᠵᠦ
ᠡᠴᠢᠭᠡ ᠡᠬᠡ ᠡᠴᠡ ᠪᠡᠨ ᠰᠠᠯᠵᠤ
ᠡᠷᠦᠬᠡ ᠶ᠋ᠢᠨ ᠭᠠᠳᠠᠨ᠎ᠠ ᠭᠠᠷᠴᠤ
ᠬᠥᠨᠳᠡᠢ ᠲᠠᠯ᠎ᠠ ᠶ᠋ᠢᠨ ᠵᠦᠭ ᠵᠣᠭᠰᠣᠵᠤ
ᠬᠦᠯᠦᠭ ᠮᠣᠷᠢ ᠪᠠᠨ ᠤᠷᠢᠭᠠᠳ
ᠤᠷᠭ᠎ᠠ ᠪᠠᠷ ᠪᠠᠷᠢᠭᠰᠠᠨ ᠦᠭᠡᠢ
ᠤᠷᠢᠵᠤ ᠳᠠᠭᠤᠳᠠᠨ ᠪᠠᠷᠢᠭᠠᠳ
ᠬᠤᠢᠪᠢ ᠪᠠᠷ ᠪᠠᠷᠢᠭᠰᠠᠨ ᠦᠭᠡᠢ
ᠬᠤᠷᠤᠢᠯᠠᠵᠤ ᠳᠠᠭᠤᠳᠠᠨ ᠪᠠᠷᠢᠭᠠᠳ᠂
ᠣᠷᠳᠣᠨ ᠳ᠋ᠠᠭᠠᠨ ᠪᠤᠴᠠᠵᠤ
ᠣᠯᠠᠨ ᠳ᠋ᠠᠭᠠᠨ ᠬᠡᠯᠡᠵᠦ
ᠬᠣᠯᠠ ᠠᠶᠠᠨ ᠳ᠋ᠤ᠌ ᠠᠶᠠᠯᠠᠬᠤ ᠪᠠᠷ
ᠬᠤᠯᠤᠰᠤᠨ ᠰᠢᠷᠭ᠎ᠠ ᠮᠣᠷᠢ ᠪᠠᠨ
ᠬᠤᠷᠤᠭᠤ ᠳᠠᠷᠤᠨ ᠰᠣᠢᠵᠤ
ᠬᠣᠨᠣᠭ ᠲᠣᠭᠠᠯᠠᠨ ᠤᠶᠠᠵᠤ ᠡᠬᠢᠯᠡᠪᠡ ᠭᠡᠨ᠎ᠡ᠃
ᠨᠢᠭᠡᠨ ᠬᠣᠨᠣᠭ ᠤᠶᠠᠵᠤ
ᠨᠢᠮᠭᠡᠨ ᠮᠢᠬ᠎ᠠ ᠨᠢ ᠱᠠᠮᠠᠢᠵᠤ ᠭᠡᠨ᠎ᠡ᠃
ᠬᠣᠶᠠᠷ ᠬᠣᠨᠣᠭ ᠤᠶᠠᠵᠤ
ᠬᠣᠩᠭᠣᠨ ᠮᠢᠬ᠎ᠠ ᠨᠢ ᠱᠠᠮᠠᠢᠵᠤ ᠭᠡᠨ᠎ᠡ᠃
ᠭᠤᠷᠪᠠᠨ ᠬᠣᠨᠣᠭ ᠤᠶᠠᠵᠤ
ᠭᠤᠶ᠎ᠠ ᠶ᠋ᠢᠨ ᠮᠢᠬ᠎ᠠ ᠨᠢ ᠱᠠᠮᠠᠢᠵᠤ ᠭᠡᠨ᠎ᠡ᠃
ᠳᠥᠷᠪᠡ ᠬᠣᠨᠣᠭ ᠤᠶᠠᠵᠤ
ᠳᠥᠷᠦᠭᠡᠨ ᠮᠢᠬ᠎ᠠ ᠨᠢ ᠱᠠᠮᠠᠢᠵᠤ ᠭᠡᠨ᠎ᠡ᠃
ᠲᠠᠪᠤ ᠬᠣᠨᠣᠭ ᠤᠶᠠᠵᠤ
ᠲᠠᠷᠭᠤᠨ ᠮᠢᠬ᠎ᠠ ᠨᠢ ᠱᠠᠮᠠᠢᠵᠤ ᠭᠡᠨ᠎ᠡ᠃
ᠵᠢᠷᠭᠤᠭᠠᠨ ᠬᠣᠨᠣᠭ ᠤᠶᠠᠵᠤ
ᠵᠤᠤᠵᠠᠢ ᠶ᠋ᠢᠨ ᠮᠢᠬ᠎ᠠ ᠨᠢ ᠱᠠᠮᠠᠢᠵᠤ ᠭᠡᠨ᠎ᠡ᠃
ᠳᠣᠯᠣᠭᠠᠨ ᠬᠣᠨᠣᠭ ᠤᠶᠠᠵᠤ
ᠲᠣᠬᠣᠮ ᠤ᠋ᠨ ᠮᠢᠬ᠎ᠠ ᠨᠢ ᠱᠠᠮᠠᠢᠵᠤ ᠭᠡᠨ᠎ᠡ᠃
ᠨᠠᠢ᠍ᠮᠠ ᠬᠣᠨᠣᠭ ᠤᠶᠠᠵᠤ
ᠨᠠᠷᠢᠨ ᠮᠢᠬ᠎ᠠ ᠨᠢ ᠱᠠᠮᠠᠢᠵᠤ ᠭᠡᠨ᠎ᠡ᠃
ᠶᠢᠰᠦ ᠬᠣᠨᠣᠭ ᠤᠶᠠᠵᠤ
ᠢᠳᠡᠷ ᠮᠢᠬ᠎ᠠ ᠨᠢ ᠱᠠᠮᠠᠢᠵᠤ ᠭᠡᠨ᠎ᠡ᠃
ᠠᠷᠪᠠ ᠬᠣᠨᠣᠭ ᠤᠶᠠᠵᠤ
ᠠᠯᠠᠭ ᠮᠢᠬ᠎ᠠ ᠨᠢ ᠱᠠᠮᠠᠢᠵᠤ
ᠰᠠᠪᠬ᠎ᠠ ᠶ᠋ᠢᠨ ᠴᠢᠨᠡᠭᠡ ᠰᠢᠭᠡᠵᠦ
ᠬᠣᠷᠭᠣᠯ ᠤ᠋ᠨ ᠲᠡᠳᠦᠢ ᠪᠠᠭᠠᠵᠤ ᠪᠠᠢᠨ᠎ᠠ ᠭᠡᠨ᠎ᠡ᠃
ᠵᠧ ᠲᠡᠭᠡᠭᠡᠳ
ᠮᠢᠨᠳᠠᠰᠤᠨ ᠰᠠᠢᠬᠠᠨ ᠨᠣᠭᠲᠣ ᠶ᠋ᠢ ᠨᠢ
ᠮᠠᠩᠨᠠᠢ ᠳᠤᠮᠳᠠ ᠨᠢ ᠲᠠᠭᠠᠷᠠᠭᠤᠯᠵᠤ
ᠮᠢᠩᠭᠠᠨ ᠯᠠᠩ ᠤ᠋ᠨ ᠬᠠᠵᠠᠭᠠᠷ ᠢ᠋ ᠨᠢ
ᠠᠮᠠᠭᠠᠢ ᠵᠠᠭᠤᠯᠭᠠᠨ ᠡᠮᠬᠦᠭᠦᠯᠵᠦ
ᠭᠥᠷᠦᠭᠡᠰᠦᠨ ᠦ᠌ ᠶᠠᠰᠤ ᠪᠠᠷ
ᠬᠦᠷᠢᠶᠡᠯᠡᠵᠦ ᠴᠢᠮᠡᠭᠯᠡᠨ ᠬᠢᠭᠰᠡᠨ
ᠬᠦᠳᠡᠷ ᠪᠤᠭᠤ ᠶ᠋ᠢᠨ ᠶᠠᠰᠤ ᠪᠠᠷ
ᠵᠠᠭᠠᠭᠯᠠᠵᠤ ᠴᠢᠮᠡᠭᠯᠡᠨ ᠬᠢᠭᠰᠡᠨ
ᠨᠠᠢᠭᠤᠭ᠎ᠠ ᠽᠠᠨᠳᠠᠨ ᠪᠦᠭᠦᠷᠭᠡ ᠨᠢ
ᠡᠮᠦᠨ᠎ᠡ ᠬᠣᠢᠨ᠎ᠠ ᠨᠢ ᠭᠢᠯᠪᠠᠵᠤ
ᠨᠠᠢ᠍ᠮᠠᠨ ᠰᠠᠢᠬᠠᠨ ᠭᠠᠨᠵᠤᠭ᠎ᠠ ᠨᠢ
ᠯᠠᠪᠷᠢ ᠪᠣᠯᠤᠨ ᠬᠡᠢᠰᠦᠭᠰᠡᠨ
ᠨᠠᠪᠴᠢ ᠬᠤᠸᠠᠷ ᠤ᠋ᠨ ᠭᠥᠯᠢᠮ ᠨᠢ
ᠵᠢᠭᠦᠷ ᠪᠣᠯᠤᠨ ᠳᠡᠯᠭᠡᠭᠰᠡᠨ
ᠨᠠᠷᠠᠨ ᠰᠠᠷᠠᠨ ᠳᠥᠷᠥᠭᠡ ᠨᠢ
ᠨᠠᠭᠠᠲᠠᠢ ᠴᠠᠭᠠᠲᠠᠢ ᠨᠢ ᠭᠢᠯᠪᠠᠯᠵᠠᠵᠤ
ᠥᠨᠳᠥᠷ ᠭᠡᠭᠴᠢ ᠬᠥᠮᠦᠨ ᠢ᠋ᠶ᠋ᠡᠷ ᠴᠢᠬᠢᠳᠡᠭᠦᠯᠦᠨ
ᠪᠣᠭᠣᠨᠢ ᠭᠡᠭᠴᠢ ᠬᠥᠮᠦᠨ ᠢ᠋ᠶ᠋ᠡᠷ ᠴᠢᠳᠦᠷᠯᠡᠭᠦᠯᠦᠭᠡᠳ
ᠲᠦᠮᠡᠨ ᠯᠠᠩ ᠤ᠋ᠨ ᠡᠮᠡᠭᠡᠯ ᠢ᠋ ᠨᠢ
ᠲᠥᠪ ᠳᠤᠮᠳᠠ ᠨᠢ ᠲᠣᠬᠣᠵᠤ
ᠲᠩᠷᠢ ᠲᠤᠯᠤᠮ᠎ᠠ ᠳᠡᠭᠳᠡᠪᠡᠴᠦ
ᠦᠯᠦ ᠰᠠᠯᠬᠤ ᠪᠠᠷ ᠲᠠᠭᠠᠷᠠᠭᠤᠯᠵᠤ᠂
ᠣᠭᠣᠨᠣ ᠶ᠋ᠢᠨ ᠠᠷᠠᠰᠤᠨ ᠣᠯᠣᠩ ᠢ᠋ ᠨᠢ
ᠣᠭᠰᠢᠷᠠᠲᠠᠯ᠎ᠠ ᠨᠢ ᠲᠠᠲᠠᠵᠤ
ᠣᠭᠲᠠᠷᠭᠤᠢ ᠲᠤᠯᠤᠮ᠎ᠠ ᠳᠡᠭᠳᠡᠪᠡᠴᠦ
ᠦᠯᠦ ᠰᠠᠯᠬᠤ ᠪᠠᠷ ᠵᠣᠬᠢᠶᠠᠵᠤ᠂
ᠵᠡᠭᠡᠷ᠎ᠡ ᠶ᠋ᠢᠨ ᠠᠷᠠᠰᠤᠨ ᠵᠢᠷᠢᠮ ᠢ᠋ ᠨᠢ
ᠵᠢᠭᠳᠡᠷᠡᠲᠡᠯ᠎ᠡ ᠲᠠᠲᠠᠵᠤ
ᠵᠢᠪᠠᠷ ᠪᠠᠷᠢᠭᠠᠳ ᠳᠡᠭᠳᠡᠪᠡᠴᠦ
ᠦᠯᠦ ᠰᠠᠯᠬᠤ ᠪᠠᠷ ᠵᠣᠬᠢᠶᠠᠵᠤ᠂
ᠳᠠᠯᠠᠨ ᠯᠠᠩ ᠤ᠋ᠨ ᠲᠠᠰᠢᠭᠤᠷ ᠢ᠋
ᠳᠠᠯᠤ ᠳᠤᠮᠳᠠ ᠨᠢ ᠲᠠᠭᠠᠷᠠᠭᠤᠯᠵᠤ
ᠳᠠᠯᠠᠨ ᠬᠡᠳᠦᠨ ᠬᠥᠮᠦᠨ ᠢ᠋ᠶ᠋ᠡᠷ
ᠰᠤᠭᠤᠳᠠᠭᠤᠯᠤᠨ ᠮᠣᠷᠳᠠᠪᠠ ᠭᠡᠨ᠎ᠡ᠃
ᠵᠧ! ᠲᠡᠭᠡᠭᠡᠳ
ᠶᠡᠷᠦ ᠬᠤᠯᠤ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠨᠢ
ᠢᠷᠠᠭᠤ ᠡᠵᠡᠨ ᠳ᠋ᠡᠭᠡᠨ ᠬᠡᠯᠡᠭᠰᠡᠨ ᠨᠢ᠄
《ᠡᠵᠡᠨ ᠮᠢᠨᠢ ᠰᠣᠨᠣᠰ!
ᠡᠨᠳᠡᠭᠳᠡᠯ ᠬᠡᠳᠦ ᠪᠠᠢᠨ᠎ᠠ᠃
ᠡᠭᠦᠨ ᠢ᠋ ᠲᠡᠰᠴᠦ ᠥᠩᠭᠡᠷᠡᠪᠡᠯ
ᠡᠷᠭᠢᠵᠦ ᠶᠡᠷᠦ ᠲᠦᠭᠰᠢᠭᠦᠷᠢ ᠦᠭᠡᠢ》 ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ
ᠰᠢᠳᠠᠷ ᠠᠭᠲᠠ ᠠ᠋ᠴᠠ ᠪᠠᠨ ᠠᠰᠠᠭᠤᠭᠰᠠᠨ ᠨᠢ᠄
《ᠡᠨᠳᠡᠭᠳᠡᠯ ᠭᠡᠳᠡᠭ ᠶᠠᠭᠤ ᠪᠣᠢ?
ᠡᠭᠦᠨ ᠢ᠋ᠶ᠋ᠡᠨ ᠲᠠᠢᠯᠵᠤ ᠥᠭᠭᠦᠨᠡᠦ?》 ᠭᠡᠰᠡᠨ ᠳ᠋ᠦ᠍
ᠠᠶᠤᠯᠲᠤ ᠲᠡᠢᠨ ᠳ᠋ᠦ᠍ ᠤᠨᠤᠳᠠᠭ
ᠠᠭᠲᠠ ᠶ᠋ᠢᠨ ᠮᠠᠩᠯᠠᠢ ᠪᠣᠯᠳᠠᠭ
ᠶᠡᠷᠦ ᠬᠤᠯᠤ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠨᠢ᠄
《ᠣᠳᠣ ᠠ᠋ᠴᠠ ᠪᠢ ᠲᠣᠭᠯᠠᠵᠤ
ᠣᠭᠲᠠᠷᠭᠤᠢ ᠳ᠋ᠤ᠌ ᠭᠠᠷᠴᠤ
ᠣᠳᠣ ᠲᠣᠭᠠᠯᠠᠨ ᠪᠤᠯᠭᠢᠨ᠎ᠠ᠃
ᠣᠢ ᠰᠢᠭᠤᠢ ᠪᠠᠷ ᠨᠡᠪᠲᠡᠯᠵᠦ
ᠨᠠᠪᠴᠢ ᠲᠣᠭᠠᠯᠠᠨ ᠪᠤᠯᠭᠢᠨ᠎ᠠ᠃
ᠭᠠᠵᠠᠷ ᠳᠣᠣᠷ᠎ᠠ ᠣᠷᠣᠵᠤ
ᠦᠨᠳᠦᠰᠦ ᠲᠣᠭᠠᠯᠠᠨ ᠪᠤᠯᠭᠢᠨ᠎ᠠ᠃
ᠭᠠᠢᠬᠠᠯᠲᠠᠢ ᠳᠠᠯᠠᠢ ᠳ᠋ᠤ᠌ ᠣᠷᠣᠵᠤ
ᠵᠢᠷᠠᠭᠠᠬᠠᠢ ᠲᠣᠭᠠᠯᠠᠨ ᠪᠤᠯᠭᠢᠨ᠎ᠠ᠃
ᠤᠨᠤᠵᠤ ᠰᠠᠭᠤᠬᠤ ᠪᠠᠨ ᠬᠢᠴᠢᠶᠡᠭᠡᠷᠡᠢ!》 ᠭᠡᠵᠦ
ᠤᠬᠤᠰᠬᠢᠵᠦ ᠳᠠᠪᠬᠢᠭᠠᠳ
ᠣᠭᠲᠠᠷᠭᠤᠢ ᠳ᠋ᠤ᠌ ᠭᠠᠷᠴᠤ
ᠣᠳᠣ ᠲᠣᠭᠠᠯᠠᠨ
ᠣᠢ ᠰᠢᠭᠤᠢ ᠪᠠᠷ ᠨᠡᠪᠲᠡᠯᠵᠦ
ᠨᠠᠪᠴᠢ ᠲᠣᠭᠠᠯᠠᠨ ᠪᠤᠯᠭᠢᠭᠠᠳ᠂
ᠭᠠᠢᠬᠠᠯᠲᠠᠢ ᠳᠠᠯᠠᠢ ᠳ᠋ᠤ᠌ ᠣᠷᠣᠵᠤ
ᠵᠢᠷᠠᠭᠠᠬᠠᠢ ᠲᠣᠭᠠᠯᠠᠨ ᠪᠤᠯᠭᠢᠭᠠᠳ᠂
ᠪᠣᠯᠳᠠᠭ ᠭᠡᠳᠡᠭ ᠨᠡᠷᠡᠲᠡᠢ
ᠪᠣᠮᠪᠣᠨ ᠴᠠᠭᠠᠨ ᠠᠭᠤᠯᠠᠨ ᠳᠡᠭᠡᠷ᠎ᠡ ᠵᠣᠭᠰᠣᠪᠠ᠃
ᠴᠢᠩᠭᠢᠭᠡᠳ ᠬᠠᠭᠠᠨ ᠬᠦᠦ
ᠠᠭᠲᠠ ᠠ᠋ᠴᠠ ᠪᠠᠨ ᠪᠠᠭᠤᠵᠤ
ᠠᠮᠢᠰᠬᠤᠭ᠎ᠠ ᠪᠠᠨ ᠳᠠᠷᠤᠵᠤ ᠮᠣᠷᠳᠠᠶ᠎ᠠ ᠭᠡᠳ
ᠠᠭᠤᠯᠠᠨ ᠤ᠋ ᠣᠷᠣᠢ ᠳ᠋ᠤ᠌ ᠰᠠᠭᠤᠵᠤ
ᠠᠭᠤᠳᠠᠮ ᠰᠢᠯᠢ ᠶ᠋ᠢ ᠬᠠᠷᠠᠭᠠᠳ
ᠭᠠᠩ ᠬᠡᠲᠡ ᠪᠡᠨ ᠴᠣᠬᠢᠵᠤ
ᠭᠠᠩᠰᠠ ᠰᠢᠯᠪᠢ ᠪᠡᠨ ᠵᠠᠭᠤᠵᠤ
ᠭᠠᠯᠵᠠᠭᠤ ᠰᠢᠷ᠎ᠠ ᠲᠠᠮᠠᠬᠢ ᠪᠠᠨ
ᠭᠠᠪ ᠭᠠᠪ ᠰᠠᠪᠰᠠᠬᠤ ᠳ᠋ᠤ᠌
ᠠᠮᠠᠨ ᠤᠲᠤᠭ᠎ᠠ ᠨᠢ
ᠠᠷᠪᠠᠨ ᠰᠢᠯᠢ ᠶ᠋ᠢ ᠪᠦᠷᠬᠦᠵᠦ
ᠬᠣᠭᠣᠯᠠᠢ ᠶ᠋ᠢᠨ ᠤᠲᠤᠭ᠎ᠠ ᠨᠢ
ᠬᠣᠷᠢᠨ ᠰᠢᠯᠢ ᠶ᠋ᠢ ᠪᠦᠷᠬᠦᠵᠦ
ᠪᠠᠷᠠᠭᠤᠨ ᠵᠠᠪᠠᠵᠢ ᠶ᠋ᠢᠨ ᠤᠲᠤᠭ᠎ᠠ ᠨᠢ
ᠪᠠᠷᠠᠭᠤᠨ ᠰᠢᠯᠢ ᠶ᠋ᠢ ᠪᠦᠷᠬᠦᠵᠦ
ᠵᠡᠭᠦᠨ ᠵᠠᠪᠠᠵᠢ ᠶ᠋ᠢᠨ ᠤᠲᠤᠭ᠎ᠠ ᠨᠢ
ᠵᠡᠭᠦᠨ ᠰᠢᠯᠢ ᠶ᠋ᠢ ᠪᠦᠷᠬᠦᠭᠰᠡᠨ ᠳ᠋ᠦ᠍᠂
ᠡᠨᠳᠡᠬᠢ ᠠᠮᠢᠲᠠᠨ ᠡᠯᠵᠢᠭᠡ ᠪᠡᠨ ᠬᠥᠯᠵᠦ
ᠲᠡᠨᠳᠡᠬᠢ ᠠᠮᠢᠲᠠᠨ ᠲᠡᠷᠭᠡ ᠪᠡᠨ ᠬᠥᠯᠵᠦ
ᠬᠣᠯᠠ ᠶ᠋ᠢᠨ ᠲᠦᠢᠮᠡᠷ ᠦ᠋ᠨ ᠤᠲᠤᠭ᠎ᠠ
ᠬᠤᠷᠤᠢᠯᠠᠵᠤ ᠢᠷᠡᠪᠡ ᠭᠡᠳ
ᠬᠣᠢᠰᠢ ᠤᠷᠤᠭᠰᠢ ᠳᠤᠲᠠᠭᠠᠵᠤ
ᠬᠤᠪᠢ ᠬᠤᠪᠢ ᠳ᠋ᠠᠭᠠᠨ ᠰᠠᠨᠳᠤᠷᠴᠤ ᠪᠠᠢᠨ᠎ᠠ ᠭᠡᠨ᠎ᠡ᠃
ᠳᠠᠬᠢᠭᠠᠳ ᠬᠠᠭᠠᠨ ᠬᠦᠦ
ᠲᠠᠮᠠᠬᠢ ᠪᠠᠨ ᠲᠡᠳᠡᠨ ᠪᠠᠷᠠᠵᠤ
ᠭᠠᠩᠰᠠᠨ ᠲᠣᠯᠣᠭᠠᠢ ᠪᠠᠨ ᠡᠷᠭᠦᠵᠦ
ᠳᠠᠯᠠᠨ ᠠᠯᠲᠠ ᠬᠠᠳᠠ ᠶ᠋ᠢᠨ ᠣᠷᠣᠢ ᠳᠡᠭᠡᠷ᠎ᠡ
ᠲᠠᠪᠰᠢᠨ ᠭᠦᠪᠢᠵᠦ ᠲᠣᠭᠰᠢᠬᠤ ᠳ᠋ᠤ᠌
ᠴᠠᠭᠠᠲᠠᠢ ᠪᠠᠢᠭᠰᠠᠨ ᠠᠮᠢᠲᠠᠨ ᠨᠤᠭᠤᠳ ᠨᠢ
ᠴᠢᠬᠢ ᠪᠡᠨ ᠲᠠᠯᠪᠢᠨ ᠴᠢᠩᠨᠠᠵᠤ
ᠴᠡᠯᠮᠡᠭ ᠲᠩᠷᠢ ᠲᠤᠩᠭᠠᠯᠠᠭ ᠪᠠᠢᠬᠤ ᠳ᠋ᠤ᠌
ᠴᠠᠬᠢᠯᠭᠠᠨ ᠶᠠᠭᠤᠨ ᠳ᠋ᠤ᠌ ᠳᠤᠤᠭᠠᠷᠪᠠ ᠭᠡᠳ᠂
ᠴᠢᠨᠦ ᠮᠢᠨᠦ ᠦᠭᠡᠢ ᠶᠠᠷᠢᠯᠴᠠᠴᠤ
ᠰᠢᠳᠦ ᠤᠷᠤᠭᠤᠯ ᠢ᠋ᠶ᠋ᠠᠨ ᠬᠠᠪᠢᠷᠤᠭᠤᠯᠵᠤ ᠪᠠᠢᠨ᠎ᠠ ᠭᠡᠨ᠎ᠡ᠂
ᠵᠧ! ᠴᠢᠨᠠᠭᠰᠢ ᠬᠡᠯᠡᠪᠡᠯ᠄
ᠬᠠᠭᠠᠨ ᠲᠡᠭᠦᠰ ᠦ᠋ᠨ ᠨᠤᠲᠤᠭ ᠠ᠋ᠴᠠ
ᠨᠠᠷᠠᠨ ᠬᠠᠭᠠᠨ ᠤ᠋ ᠣᠷᠣᠨ ᠬᠦᠷᠲᠡᠯ᠎ᠡ
ᠠᠷᠪᠠᠨ ᠬᠣᠶᠠᠷ ᠵᠢᠯ ᠦ᠋ᠨ ᠠᠶᠠᠨ ᠵᠠᠮ ᠠᠯᠤᠰ ᠭᠡᠨ᠎ᠡ᠃
ᠰᠢᠷᠡᠭᠡᠲᠦ ᠶ᠋ᠢᠨ ᠮᠡᠷᠭᠡᠨ ᠬᠠᠭᠠᠨ
ᠰᠢᠯᠵᠢᠨ ᠴᠢᠨᠠᠭᠰᠢ ᠮᠥᠷᠳᠡᠵᠦ
ᠴᠠᠬᠢᠯᠭᠠᠨ ᠤ᠋ ᠭᠡᠷᠡᠯ ᠰᠢᠭ ᠭᠢᠯᠪᠠᠯᠵᠠᠭᠤᠯᠵᠤ
ᠴᠢᠳᠠᠬᠤ ᠴᠢᠨᠡᠭᠡ ᠪᠡᠷ ᠨᠢ ᠭᠦᠶᠦᠯᠭᠡᠵᠦ
ᠡᠳᠦᠷ ᠰᠥᠨᠢ ᠶ᠋ᠢᠨ ᠢᠯᠭᠠᠯ ᠦᠭᠡᠢ
ᠡᠭᠦᠯᠡ ᠪᠠᠷᠢᠨ ᠳᠡᠭᠳᠡᠭᠦᠯᠵᠦ
ᠡᠯᠢᠶ᠎ᠡ ᠱᠠᠭᠠᠵᠠᠭᠠᠢ ᠲᠠᠢ ᠣᠷᠣᠯᠳᠣᠭᠰᠠᠭᠠᠷ
ᠡᠯᠡᠰᠦ ᠮᠠᠩᠬ᠎ᠠ ᠶ᠋ᠢ ᠥᠩᠭᠡᠷᠡᠭᠰᠡᠭᠡᠷ
ᠰᠠᠯᠬᠢᠨ ᠵᠢᠪᠠᠷ ᠠ᠋ᠴᠠ ᠤᠷᠢᠲᠠᠭᠰᠠᠭᠠᠷ
ᠰᠠᠪᠠ ᠶᠡᠬᠡ ᠳᠠᠯᠠᠢ ᠶ᠋ᠢ ᠭᠡᠲᠦᠯᠦᠭᠰᠡᠭᠡᠷ
ᠲᠩᠷᠢ ᠭᠠᠵᠠᠷ ᠨᠡᠢᠯᠡᠵᠦ ᠪᠠᠢᠬᠤ
ᠲᠡᠷᠡ ᠪᠠᠷᠠᠭᠤᠨ ᠬᠣᠢᠲᠤ ᠳ᠋ᠤ᠌
ᠨᠢᠭᠡᠨ ᠶᠡᠬᠡ ᠠᠢᠯ ᠬᠠᠷᠠᠭᠳᠠᠭᠰᠠᠨ ᠳ᠋ᠤ᠌
ᠨᠢᠰᠬᠦ ᠮᠡᠲᠦ ᠳᠠᠪᠬᠢᠵᠤ ᠢᠷᠡᠨ
ᠠᠢᠯ ᠳ᠋ᠤ᠌ ᠢᠷᠡᠵᠦ ᠪᠠᠭᠤᠭᠰᠠᠨ ᠳ᠋ᠤ᠌᠂
ᠠᠷᠢᠭᠤᠨ ᠰᠠᠢᠬᠠᠨ ᠭᠤᠷᠪᠠᠨ ᠵᠠᠯᠠᠭᠤ
ᠠᠯᠲᠠᠨ ᠨᠤᠮᠤ ᠰᠠᠭᠠᠳᠠᠭ ᠵᠦᠯᠭᠦᠵᠦ
ᠠᠮᠤᠷ ᠰᠠᠭᠤᠵᠤ ᠪᠠᠢᠨ᠎ᠠ ᠭᠡᠨ᠎ᠡ᠃
ᠬᠠᠭᠠᠨ ᠬᠦᠦ ᠣᠷᠣᠵᠤ ᠢᠷᠡᠭᠡᠳ
ᠬᠠᠮᠤᠭ ᠮᠡᠨᠳᠦ ᠰᠠᠢᠨ ᠢ᠋ ᠨᠢ ᠠᠰᠠᠭᠤᠵᠤ
ᠬᠥᠮᠦᠨ ᠦ᠌ ᠠᠶᠠᠭᠠᠯᠠᠨ ᠥᠭᠭᠦᠭᠰᠡᠨ
ᠬᠥᠬᠡ ᠴᠠᠢ ᠶ᠋ᠢ ᠨᠢ ᠤᠤᠭᠤᠵᠤ ᠪᠠᠢᠲᠠᠯ᠎ᠠ
ᠭᠤᠷᠪᠠᠨ ᠰᠠᠢᠬᠠᠨ ᠵᠠᠯᠠᠭᠤ ᠶ᠋ᠢᠨ
ᠭᠣᠶᠣ ᠨᠢᠭᠡᠨ ᠵᠠᠯᠠᠭᠤ ᠨᠢ
ᠡᠪᠴᠢᠭᠦᠦ ᠪᠡᠨ ᠲᠦᠯᠬᠢᠵᠦ
ᠡᠷᠡᠬᠡᠢ ᠬᠤᠷᠤᠭᠤ ᠪᠠᠨ ᠭᠠᠷᠭᠠᠵᠤ᠄
《ᠪᠢᠳᠡᠨ ᠭᠤᠷᠪᠠ ᠰᠢᠭ᠋ ᠭᠣᠶᠣ ᠵᠠᠯᠠᠭᠤ ᠶ᠋ᠢ
ᠪᠢᠨᠳᠦ ᠵᠢᠷᠤᠭ ᠳᠡᠭᠡᠷ᠎ᠡ ᠦᠵᠡᠪᠡ ᠤᠤ?》 ᠭᠡᠰᠡᠨ ᠳ᠋ᠦ᠍
ᠪᠤᠰᠤ ᠨᠢᠭᠡᠨ ᠵᠠᠯᠠᠭᠤ ᠨᠢ
ᠪᠤᠷᠤᠭᠤ ᠳᠠᠰᠢ ᠬᠠᠨᠳᠤᠵᠤ
ᠪᠡᠶ᠎ᠡ ᠪᠡᠨ ᠮᠡᠳᠡᠬᠦ ᠦᠭᠡᠢ ᠦᠭᠡ ᠶ᠋ᠢ
ᠪᠢᠲᠡᠭᠡᠢ ᠵᠣᠷᠢᠭ ᠢ᠋ᠶ᠋ᠠᠷ ᠢ᠋ᠶ᠋ᠠᠨ ᠶᠠᠷᠢ!
ᠴᠢ ᠪᠢᠳᠡ ᠭᠤᠷᠪᠠᠭᠤᠯᠠ ᠪᠠᠢᠬᠤ ᠶᠠᠭᠤ ᠪᠣᠢ᠃
ᠵᠡᠭᠦᠨ ᠤᠷᠲᠤ ᠲᠢᠪ ᠢ᠋ ᠡᠵᠡᠯᠡᠭᠰᠡᠨ
ᠬᠠᠭᠠᠨ ᠲᠡᠭᠦᠰ ᠦ᠋ᠨ ᠬᠦᠦ ᠭᠡᠳᠡᠭ
ᠰᠢᠷᠡᠭᠡᠲᠦ ᠶ᠋ᠢᠨ ᠮᠡᠷᠭᠡᠨ ᠬᠠᠭᠠᠨ ᠪᠣᠯ
ᠪᠡᠷᠬᠡ ᠶ᠋ᠢᠨ ᠰᠠᠢᠬᠠᠨ ᠭᠣᠶᠣ ᠡᠷ᠎ᠡ ᠭᠡᠨ᠎ᠡ᠃
ᠲᠡᠷᠡ ᠲᠡᠢ ᠠᠳᠠᠯᠢᠳᠬᠠᠨ ᠦᠵᠡᠪᠡᠯ
ᠲᠡᠩᠴᠡᠬᠦ ᠡᠷ᠎ᠡ ᠪᠠᠢᠨ᠎ᠠ ᠤᠤ?》 ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ
ᠰᠠᠭᠤᠭᠰᠠᠨ ᠠ᠋ᠴᠠ ᠪᠠᠨ ᠪᠣᠰᠴᠤ᠄
《ᠨᠠᠷᠠᠨ ᠬᠠᠭᠠᠨ ᠤ᠋ ᠣᠷᠳᠣᠨ
ᠨᠡᠯᠢᠶᠡᠳ ᠬᠣᠯᠠ ᠪᠠᠢᠨ᠎ᠠ ᠤᠤ?》 ᠭᠡᠰᠡᠨ ᠳ᠋ᠦ᠍
ᠭᠣᠶᠣ ᠰᠠᠢᠬᠠᠨ ᠵᠠᠯᠠᠭᠤᠴᠤᠳ
《ᠭᠤᠷᠪᠠᠨ ᠵᠢᠯ ᠦ᠋ᠨ ᠭᠠᠵᠠᠷ ᠪᠠᠢᠨ᠎ᠠ》 ᠭᠡᠪᠡ᠃
ᠬᠠᠭᠠᠨ ᠬᠦᠦ ᠡᠨᠳᠡ ᠡᠴᠡ ᠭᠠᠷᠴᠤ
ᠬᠠᠲᠠᠷᠢᠭᠤᠯᠤᠨ ᠴᠢᠨᠠᠭᠰᠢ ᠶᠠᠪᠤᠭᠰᠠᠭᠠᠷ
ᠪᠠᠰᠠ ᠨᠢᠭᠡᠨ ᠠᠢᠯ ᠳ᠋ᠤ᠌ ᠬᠦᠷᠦᠭᠡᠳ
ᠪᠤᠯᠠᠭ ᠤ᠋ᠨ ᠳᠡᠭᠡᠷ᠎ᠡ ᠨᠢ ᠪᠠᠭᠤᠵᠤ
ᠪᠠᠭᠤᠳᠠᠯ ᠳ᠋ᠤ᠌ ᠨᠢ ᠣᠷᠣᠭᠠᠳ
ᠪᠠᠷᠠᠯᠠᠨ ᠬᠠᠷᠠᠵᠤ ᠦᠵᠡᠭᠰᠡᠨ ᠳ᠋ᠦ᠍᠂
ᠭᠤᠷᠪᠠᠨ ᠰᠠᠢᠬᠠᠨ ᠬᠡᠦᠬᠡᠨ ᠰᠠᠭᠤᠵᠤ
ᠬᠠᠯᠢᠭᠤ ᠲᠣᠷᠭ᠎ᠠ ᠡᠰᠬᠡᠭᠰᠡᠭᠡᠷ᠄
《ᠬᠠᠢᠷᠠᠲᠤ ᠮᠢᠨᠢ ᠬᠣᠩᠭᠣᠷ》 ᠭᠡᠵᠦ
ᠬᠠᠩᠭᠢᠨᠠᠲᠠᠯ᠎ᠠ ᠳᠠᠭᠤᠯᠠᠵᠤ ᠪᠠᠢᠨ᠎ᠠ ᠭᠡᠨ᠎ᠡ᠃
ᠬᠠᠭᠠᠨ ᠬᠦᠦ ᠣᠷᠣᠵᠤ
ᠬᠠᠮᠤᠭ ᠰᠠᠢᠨ ᠢ᠋ ᠨᠢ ᠮᠡᠳᠡᠯᠴᠡᠨ
ᠬᠠᠯᠠᠭᠤᠨ ᠴᠠᠢ ᠶ᠋ᠢ ᠨᠢ ᠤᠤᠭᠤᠵᠤ
ᠬᠠᠭᠤᠷᠠᠢ ᠠᠮᠤ ᠶ᠋ᠢ ᠨᠢ ᠢᠳᠡᠵᠦ ᠪᠠᠢᠬᠤ ᠳ᠋ᠤ᠌
ᠭᠤᠷᠪᠠᠨ ᠥᠬᠢᠨ ᠦ᠌ ᠥᠷᠥᠭᠡᠰᠦᠨ
ᠭᠣᠶᠣ ᠭᠡᠰᠡᠨ ᠨᠢᠭᠡ ᠨᠢ ᠪᠣᠰᠤᠭᠠᠳ
《ᠪᠢᠳᠡ ᠭᠤᠷᠪᠠ ᠰᠢᠭ᠋ ᠭᠣᠶᠣ
ᠪᠢᠨᠳᠦᠷ ᠴᠡᠴᠡᠭ ᠰᠢᠭ ᠰᠠᠢᠬᠠᠨ
ᠣᠷᠴᠢᠯᠠᠩ ᠳ᠋ᠤ᠌ ᠦᠭᠡᠢ ᠬᠡᠦᠬᠡᠨ ᠢ᠋
ᠣᠯᠵᠤ ᠬᠠᠷᠠᠵᠤ ᠪᠠᠢᠭᠰᠠᠨ ᠤᠤ?》 ᠭᠡᠰᠡᠨ ᠳ᠋ᠦ᠍
ᠬᠠᠵᠠᠭᠤ ᠳ᠋ᠤ᠌ ᠪᠠᠢᠭᠰᠠᠨ ᠨᠢᠭᠡ ᠨᠢ
ᠬᠠᠨᠴᠤᠢ ᠠ᠋ᠴᠠ ᠨᠢ ᠴᠢᠩᠭᠠᠭᠠᠵᠤ᠄
《ᠬᠦᠢ᠂ ᠡᠭᠡᠴᠢ ᠮᠢᠨᠢ ᠪᠠᠢᠭ!
ᠬᠥᠮᠦᠨ ᠢ᠋ ᠪᠤᠤ ᠪᠠᠰᠤᠮᠵᠢᠯᠠ
ᠦᠨᠡᠨ ᠳ᠋ᠡᠭᠡᠨ ᠠᠪᠤᠭᠠᠳ ᠬᠡᠯᠡᠪᠡᠯ
ᠥᠪᠡᠷ ᠦ᠋ᠨ ᠡᠭᠡᠴᠢ ᠳᠡᠭᠦᠦ ᠪᠢᠳᠡ ᠶᠠᠭᠤ ᠪᠠᠢᠬᠤ ᠪᠣᠢ᠃
ᠪᠠᠷᠠᠭᠤᠨ ᠬᠣᠢᠲᠤ ᠲᠢᠪ ᠢ᠋ ᠡᠵᠡᠯᠡᠭᠴᠢ
ᠨᠠᠷᠠᠨ ᠬᠠᠭᠠᠨ ᠤ᠋ ᠥᠬᠢᠨ ᠭᠡᠳᠡᠭ ᠪᠣᠯ
ᠣᠭᠲᠠᠷᠭᠤᠢ ᠶ᠋ᠢᠨ ᠨᠠᠷᠠᠨ ᠮᠡᠲᠦ ᠭᠡᠷᠡᠯ ᠲᠡᠢ
ᠤᠷᠭᠤᠮᠠᠯ ᠴᠡᠴᠡᠭ ᠰᠢᠭ ᠰᠠᠢᠬᠠᠨ
ᠤᠳᠠ ᠶ᠋ᠢᠨ ᠨᠠᠪᠴᠢ ᠰᠢᠭ᠋ ᠬᠥᠮᠥᠰᠬᠡ ᠲᠡᠢ
ᠤᠷᠠᠨ ᠭᠤᠸ᠎ᠠ ᠪᠡᠶ᠎ᠡ ᠲᠡᠢ
ᠨᠠᠮᠤᠷ ᠤ᠋ᠨ ᠲᠩᠷᠢ ᠰᠢᠭ ᠲᠤᠩᠭᠠᠯᠠᠭ
ᠨᠠᠢᠭᠤᠭ᠎ᠠ ᠽᠠᠨᠳᠠᠨ ᠰᠢᠭ᠋ ᠪᠠᠢᠳᠠᠯ ᠲᠠᠢ
ᠨᠠᠷᠢᠬᠠᠨ ᠤᠷᠠᠨ ᠪᠡᠶ᠎ᠡ ᠲᠡᠢ
ᠨᠠᠭᠤᠷ ᠤ᠋ᠨ ᠤᠰᠤ ᠰᠢᠭ᠋ ᠨᠢᠳᠦ ᠲᠡᠢ
ᠰᠠᠷᠠᠨ ᠤ᠋ ᠭᠡᠷᠡᠯ ᠰᠢᠭ ᠭᠡᠭᠡᠬᠡᠨ
ᠽᠠᠮᠪᠤᠲᠢᠪ ᠲᠤ᠌ ᠴᠥᠭᠡᠬᠡᠨ
ᠰᠠᠭᠰᠠᠭᠠᠷ ᠰᠠᠮᠪᠠᠢ ᠦᠰᠦ ᠲᠡᠢ
ᠰᠠᠢᠨ ᠰᠠᠢᠬᠠᠨ ᠪᠦᠷᠢᠳᠬᠡᠯ ᠲᠡᠢ
ᠴᠡᠴᠡᠭ ᠮᠡᠲᠦ ᠦᠨᠦᠷ ᠲᠡᠢ
ᠴᠡᠪᠡᠷᠬᠡᠨ ᠤᠯᠠᠭᠠᠨ ᠬᠠᠴᠠᠷ ᠲᠠᠢ
ᠴᠢᠩᠭᠢᠯᠵᠠᠭᠤᠷ ᠤ᠋ᠨ ᠳᠠᠭᠤ ᠲᠠᠢ
ᠴᠡᠭᠡᠵᠢ ᠳᠦᠭᠦᠷᠡᠩ ᠤᠳᠬ᠎ᠠ ᠲᠠᠢ
ᠲᠤᠭᠤᠷᠭ᠎ᠠ ᠨᠡᠪᠲᠡ ᠲᠤᠶᠠᠭ᠎ᠠ ᠲᠠᠢ
ᠲᠤᠨᠤᠮᠠᠯ ᠤᠯᠠᠭᠠᠨ ᠤᠷᠤᠭᠤᠯ ᠲᠠᠢ
ᠲᠣᠭᠣᠰᠣ ᠶ᠋ᠢ ᠳᠠᠷᠤᠬᠤ ᠢᠨᠢᠶᠡᠳᠦ ᠲᠡᠢ
ᠲᠣᠭᠣᠷᠤᠤ ᠶ᠋ᠢ ᠲᠤᠩᠭᠠᠬᠤ ᠬᠠᠷᠠᠴᠠ ᠲᠠᠢ
ᠤᠯᠠᠢᠵᠤ ᠪᠠᠷᠤᠢᠭᠰᠠᠨ ᠴᠢᠷᠠᠢ ᠨᠢ ᠪᠣᠯᠪᠠᠴᠤ
ᠤᠯᠢᠶᠠᠷᠠᠭ ᠨᠠᠢᠷ ᠲᠠᠢ ᠤᠯᠠᠪᠠᠯᠵᠠᠳᠠᠭ᠂
ᠠᠭᠤᠷᠯᠠᠨ ᠬᠠᠷᠠᠬᠤ ᠨᠢᠳᠦᠨ ᠳ᠋ᠦ᠍ᠨᠢ ᠪᠣᠯᠪᠠᠴᠤ
ᠠᠭᠤᠤᠴᠢᠯᠠᠨ ᠬᠠᠢᠷᠠᠯᠠᠬᠤ ᠭᠡᠷᠡᠯ ᠲᠡᠢ ᠭᠡᠨ᠎ᠡ᠃
ᠮᠠᠯ ᠤ᠋ᠨ ᠦᠰᠦ ᠶ᠋ᠢ ᠪᠣᠯᠪᠠᠴᠤ ᠬᠠᠷᠠᠨ ᠲᠣᠭᠠᠯᠠᠳᠠᠭ
ᠮᠠᠯᠠᠭᠠᠢ ᠶ᠋ᠢᠨ ᠦᠰᠦ ᠶ᠋ᠢ ᠪᠣᠯᠪᠠᠴᠤ ᠪᠠᠷᠢᠨ ᠲᠣᠭᠠᠯᠠᠳᠠᠭ
ᠲᠦᠩ ᠰᠢᠷᠣᠢ ᠶ᠋ᠢ ᠪᠣᠯᠪᠠᠴᠤ ᠦᠵᠡᠨ ᠲᠣᠭᠠᠯᠠᠳᠠᠭ
ᠲᠡᠮᠡᠭᠡ ᠶ᠋ᠢᠨ ᠨᠣᠣᠰᠣ ᠶ᠋ᠢ ᠪᠣᠯᠪᠠᠴᠤ ᠳᠠᠭᠠᠷᠢᠨ ᠲᠣᠭᠠᠯᠠᠳᠠᠭ
ᠡᠢᠮᠦ ᠰᠡᠴᠡᠨ ᠰᠠᠢᠬᠠᠨ ᠥᠬᠢᠨ ᠲᠡᠢ ᠦᠯᠢᠭᠡᠷᠯᠡᠪᠡᠯ
ᠡᠭᠡᠴᠢ ᠳᠡᠭᠦᠦ ᠪᠢᠳᠡ ᠭᠤᠷᠪᠠᠭᠤᠯᠠ ᠶᠠᠭᠤ ᠪᠠᠢᠨ᠎ᠠ ᠳᠠ!》 ᠭᠡᠰᠡᠨ ᠳ᠋ᠦ᠍
ᠬᠠᠭᠠᠨ ᠬᠦᠦ ᠡᠭᠦᠨ ᠢ᠋ ᠰᠣᠨᠣᠰᠤᠭᠠᠳ
ᠬᠢᠵᠠᠭᠠᠷᠯᠠᠰᠢ ᠦᠭᠡᠢ ᠪᠠᠶᠠᠷᠯᠠᠵᠤ᠄
《ᠨᠠᠷᠠᠨ ᠬᠠᠭᠠᠨ ᠤ᠋ ᠣᠷᠳᠣᠨ
ᠣᠳᠣ ᠬᠡᠳᠦᠢ ᠭᠠᠵᠠᠷ ᠪᠠᠢᠨ᠎ᠠ?》 ᠭᠡᠬᠦ ᠳ᠋ᠦ᠍
ᠭᠣᠶᠣ ᠰᠠᠢᠬᠠᠨ ᠥᠬᠢᠳ᠄
《ᠭᠤᠷᠪᠠᠨ ᠰᠠᠷ᠎ᠠ ᠶ᠋ᠢᠨ ᠭᠠᠵᠠᠷ ᠪᠠᠢᠨ᠎ᠠ》 ᠭᠡᠪᠡ᠃
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠯᠵᠢᠨ ᠮᠣᠷᠳᠠᠵᠤ ᠶᠠᠪᠤᠭᠰᠠᠭᠠᠷ
ᠪᠠᠰᠠ ᠨᠢᠭᠡᠨ ᠠᠢᠯ ᠳ᠋ᠤ᠌ ᠢᠷᠡᠵᠦ
ᠪᠠᠭᠤᠳᠠᠯᠯᠠᠨ ᠦᠳᠡᠯᠡᠵᠦ ᠭᠠᠷᠤᠶ᠎ᠠ ᠭᠡᠰᠡᠨ ᠳ᠋ᠦ᠍
ᠪᠠᠷᠠᠭᠠᠨ ᠥᠩᠭᠡ ᠲᠡᠢ ᠭᠡᠷ  ᠲᠤᠨᠢ
ᠪᠠᠭ᠎ᠠ ᠰᠢᠭ᠋ ᠬᠠᠷ᠎ᠠ ᠬᠦᠦ ᠪᠠᠢᠨ᠎ᠠ ᠭᠡᠨ᠎ᠡ᠃
ᠬᠠᠭᠠᠨ ᠬᠦᠦ ᠲᠡᠷᠡ ᠲᠡᠢ
ᠬᠠᠷᠢᠯᠴᠠᠨ ᠮᠡᠨᠳᠦ ᠪᠡᠨ ᠮᠡᠳᠡᠯᠴᠡᠵᠦ᠄
《ᠨᠠᠷᠠᠨ ᠬᠠᠭᠠᠨ ᠤ᠋ ᠣᠷᠳᠣᠨ
ᠨᠠ ᠦᠭᠡᠢ ᠬᠣᠯᠠ ᠪᠠᠢᠨ᠎ᠠ ᠤᠤ?》 ᠭᠡᠰᠡᠨ ᠳ᠋ᠦ᠍
ᠪᠠᠭ᠎ᠠ ᠰᠢᠭ᠋ ᠬᠠᠷ᠎ᠠ ᠬᠦᠦ ᠶ᠋ᠢᠨ ᠬᠠᠷᠢᠭᠤᠯᠤᠭᠰᠠᠨ ᠨᠢ᠄
《ᠪᠠᠷᠠᠭᠤᠨ ᠳᠣᠣᠷ᠎ᠠ ᠪᠠᠢᠨ᠎ᠠ᠃
ᠮᠠᠯ ᠤ᠋ᠨ ᠪᠠᠭᠠᠰᠤ ᠶ᠋ᠢ ᠨᠢ ᠪᠢ ᠳᠡᠯᠭᠡᠳᠡᠭ
ᠮᠥᠨᠥᠬᠡᠨ ᠬᠠᠷᠢᠵᠤ ᠢᠷᠡᠭᠡᠳ ᠪᠢ
ᠡᠷᠲᠡ ᠶ᠋ᠢᠨ ᠴᠠᠢ ᠪᠠᠨ ᠤᠤᠭᠤᠶ᠎ᠠ ᠭᠡᠬᠦ ᠳ᠋ᠦ᠍
ᠡᠷᠭᠢᠨ ᠲᠠ ᠮᠣᠷᠢᠯᠠᠵᠤ ᠢᠷᠡᠪᠡ》 ᠭᠡᠰᠡᠨ ᠳ᠋ᠦ᠍
ᠪᠠᠭ᠎ᠠ ᠬᠠᠷ᠎ᠠ ᠬᠦᠦ ᠡᠴᠡ ᠰᠠᠯᠵᠤ
ᠪᠠᠷᠠᠭᠤᠨ ᠳᠠᠪᠠᠭ᠎ᠠ ᠤᠷᠤᠭᠤ ᠨᠢ ᠪᠠᠭᠤᠬᠤ ᠳ᠋ᠠᠭᠠᠨ
ᠶᠡᠷᠦ ᠬᠤᠯᠤ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠪᠠᠨ
ᠬᠣᠪᠢᠯ ᠭᠡᠵᠦ ᠬᠤᠪᠢᠯᠭᠠᠭᠠᠳ
ᠬᠠᠮᠠᠭᠤ ᠲᠠᠢ ᠪᠣᠷᠣ ᠳᠠᠭ᠎ᠠ ᠪᠣᠯᠭᠠᠵᠤ
ᠱᠠᠭᠠᠨᠲᠤ ᠪᠠᠷ ᠨᠢ ᠰᠢᠷ᠎ᠠ ᠨᠢᠭᠢᠰᠦ ᠴᠤᠪᠤᠭᠤᠯᠵᠤ
ᠪᠣᠭᠲᠣᠰ ᠢ᠋ᠶ᠋ᠠᠷ ᠨᠢ ᠪᠣᠷᠣ ᠨᠢᠭᠢᠰᠦ ᠴᠤᠪᠤᠭᠤᠯᠵᠤ
ᠮᠠᠢᠭᠠᠨ ᠲᠠᠢᠭᠠᠨ ᠶᠠᠪᠤᠭᠤᠯᠵᠤ
ᠮᠠᠯᠲᠠᠨ ᠲᠡᠭᠡᠵᠦ ᠠᠯᠬᠤᠭᠤᠯᠤᠨ
ᠨᠠᠷᠠᠨ ᠬᠠᠭᠠᠨ ᠤ᠋ ᠡᠭᠦᠳᠡ ᠪᠡᠷ ᠨᠢ
ᠨᠠᠭᠠᠯᠳᠤᠭᠤᠯᠤᠨ ᠭᠠᠷᠬᠤ ᠮᠥᠷ ᠲᠡᠭᠡᠨ
ᠪᠣᠷᠣ ᠳᠠᠭ᠎ᠠ ᠨᠢ ᠪᠦᠳᠦᠷᠢᠭᠡᠳ
ᠪᠤᠷᠤᠭᠤᠲᠠᠢ ᠬᠥᠯ ᠢ᠋ᠶ᠋ᠡᠨ ᠬᠤᠭᠤᠯᠵᠠᠢ᠃
ᠳᠣᠭᠣᠯᠳᠠᠭᠤᠯᠤᠨ ᠲᠡᠭᠡᠵᠦ ᠣᠴᠢᠭᠠᠳ
ᠮᠣᠷᠢ ᠤᠶᠠᠳᠠᠭ ᠦᠭᠡᠢ ᠤᠶᠠᠭ᠎ᠠ ᠳ᠋ᠤᠨᠢ
ᠮᠣᠷᠢ ᠪᠠᠨ ᠤᠶᠠᠭᠠᠳ
ᠬᠥᠮᠦᠨ ᠣᠷᠣᠳᠠᠭ ᠦᠭᠡᠢ ᠣᠷᠳᠣᠨ ᠳ᠋ᠤᠨᠢ
ᠰᠢᠭᠤᠳ ᠠᠯᠬᠤᠯᠠᠨ ᠣᠷᠣᠵᠤ
ᠰᠠᠭᠤᠳᠠᠭ ᠦᠭᠡᠢ ᠣᠯᠪᠣᠭ ᠲᠤᠨᠢ
ᠰᠠᠨᠳᠠᠢᠯᠠᠵᠤ ᠳᠡᠭᠡᠷ᠎ᠡ ᠨᠢ ᠰᠠᠭᠤᠵᠤ
ᠤᠤᠭᠤᠳᠠᠭ ᠦᠭᠡᠢ ᠤᠯᠠᠭᠠᠨ ᠴᠠᠢ ᠶ᠋ᠢ ᠨᠢ
ᠣᠳᠬᠣᠨ ᠠᠪᠴᠤ ᠤᠤᠭᠤᠵᠤ ᠪᠠᠢᠲᠠᠯ᠎ᠠ
ᠨᠠᠷᠠᠨ ᠬᠠᠭᠠᠨ ᠤ᠋ ᠳᠣᠣᠷᠠᠬᠢ
ᠨᠢᠭᠡᠨ ᠲᠦᠰᠢᠮᠡᠯ ᠢᠷᠡᠵᠦ
ᠶᠡᠬᠡᠮᠰᠦᠭ ᠵᠠᠩ ᠭᠠᠷᠭᠠᠵᠤ
ᠶᠡᠬᠡ ᠳᠠᠭᠤᠨ ᠢ᠋ᠶ᠋ᠠᠷ ᠵᠠᠩᠨᠠᠵᠤ
《ᠶᠠᠮᠠᠷ ᠰᠠᠮᠠᠭᠤᠷᠠᠭᠰᠠᠨ ᠬᠥᠮᠦᠨ ᠪᠣᠢ?
ᠶᠠᠭᠤᠨ ᠳ᠋ᠤ᠌ ᠳᠤᠷ᠎ᠠ ᠪᠠᠷ ᠵᠣᠷᠢᠭᠯᠠᠵᠤ
ᠮᠣᠷᠢ ᠤᠶᠠᠳᠠᠭ ᠦᠭᠡᠢ ᠤᠶᠠᠭ᠎ᠠ ᠠ᠋ᠴᠠ
ᠮᠣᠷᠢ ᠪᠠᠨ ᠤᠶᠠᠪᠠ ᠴᠢ?
ᠬᠥᠮᠦᠨ ᠣᠷᠣᠳᠠᠭ ᠦᠭᠡᠢ ᠣᠷᠳᠣᠨ ᠳ᠋ᠤ᠌
ᠣᠷᠣᠵᠤ ᠢᠷᠡᠪᠡ ᠴᠢ?
ᠰᠠᠭᠤᠳᠠᠭ ᠦᠭᠡᠢ ᠣᠯᠪᠣᠭ ᠤ᠋ᠨ ᠳᠡᠭᠡᠷ᠎ᠡ
ᠰᠠᠭᠤᠭᠰᠠᠨ ᠴᠢᠨᠢ ᠶᠠᠭᠤ ᠪᠣᠢ?
ᠤᠤᠭᠤᠳᠠᠭ ᠦᠭᠡᠢ ᠤᠯᠠᠭᠠᠨ ᠴᠠᠢ ᠶ᠋ᠢ
ᠤᠤᠭᠤᠭᠰᠠᠨ ᠴᠢᠨᠢ ᠶᠠᠭᠤ ᠪᠣᠢ?》 ᠭᠡᠰᠡᠨ ᠳ᠋ᠦ᠍
ᠬᠠᠭᠠᠨ ᠬᠦᠦ ᠬᠠᠷᠢᠭᠤᠯᠤᠭᠰᠠᠨ ᠨᠢ᠄
《ᠮᠣᠷᠢ ᠤᠶᠠᠳᠠᠭ ᠦᠭᠡᠢ ᠶᠤᠮ ᠪᠣᠯ
ᠤᠶᠠᠭ᠎ᠠ ᠭᠡᠵᠦ ᠶᠠᠭᠤᠨ ᠳ᠋ᠤ᠌ ᠪᠤᠯᠠᠪᠠ?
ᠪᠤᠯᠠᠭᠤᠯᠵᠤ ᠬᠠᠶᠠ!
ᠬᠥᠮᠦᠨ ᠣᠷᠣᠳᠠᠭ ᠦᠭᠡᠢ ᠶᠤᠮ ᠪᠣᠯ
ᠣᠷᠳᠣᠨ ᠭᠡᠵᠦ ᠶᠠᠭᠤᠨ ᠳ᠋ᠤ᠌ ᠪᠠᠷᠢᠪᠠ?
ᠪᠠᠭᠤᠯᠭᠠᠵᠤ ᠬᠠᠶᠠ!
ᠰᠠᠭᠤᠳᠠᠭ ᠦᠭᠡᠢ ᠶᠤᠮ ᠪᠣᠯ
ᠣᠯᠪᠣᠭ ᠭᠡᠵᠦ ᠶᠠᠭᠤᠨ ᠳ᠋ᠤ᠌ ᠳᠡᠪᠢᠰᠦᠭᠰᠡᠨ ᠪᠣᠢ?
ᠭᠠᠳᠠᠨ᠎ᠠ ᠠᠪᠠᠴᠢᠵᠤ ᠴᠢᠯᠠᠭᠤᠳᠠ!
ᠤᠤᠭᠤᠳᠠᠭ ᠦᠭᠡᠢ ᠶᠤᠮ ᠪᠣᠯ
ᠴᠠᠢ ᠭᠡᠵᠦ ᠶᠠᠭᠤᠨ ᠳ᠋ᠤ᠌ ᠴᠢᠨᠠᠭᠰᠠᠨ ᠪᠣᠢ?
ᠠᠪᠤᠭᠠᠳ ᠠᠰᠬ᠎ᠠ!》 ᠭᠡᠰᠡᠨ ᠳ᠋ᠦ᠍
ᠬᠠᠲᠠᠭᠤ ᠵᠠᠩ ᠲᠠᠢ ᠲᠦᠰᠢᠮᠡᠯ ᠨᠢ
ᠬᠠᠷᠢᠭᠤᠯᠬᠤ ᠦᠭᠡ ᠣᠯᠳᠠᠭᠰᠠᠨ ᠦᠭᠡᠢ
ᠬᠣᠢᠰᠢ ᠤᠬᠤᠷᠢᠨ ᠭᠠᠷᠴᠤ
ᠬᠠᠭᠠᠨ ᠳ᠋ᠠᠭᠠᠨ ᠢᠷᠡᠵᠦ ᠮᠡᠳᠡᠭᠦᠯᠦᠭᠰᠡᠨ ᠳ᠋ᠦ᠍᠂
ᠬᠠᠭᠠᠨ ᠨᠢ ᠡᠭᠦᠨ ᠢ᠋ ᠰᠣᠨᠣᠰᠤᠭᠠᠳ
ᠬᠠᠮᠤᠭ ᠮᠡᠷᠭᠡᠨ ᠲᠦᠰᠢᠮᠡᠯ ᠢ᠋ᠶ᠋ᠡᠨ ᠢᠯᠡᠭᠡᠵᠦ
ᠬᠠᠪᠤᠲᠠᠢ ᠰᠠᠢᠬᠠᠨ ᠠᠰᠠᠭᠤᠯᠭᠠᠭᠰᠠᠨ ᠨᠢ᠄
《ᠠᠪᠤᠭᠠᠢ ᠲᠠ ᠠᠯᠢ ᠨᠤᠲᠤᠭ ᠤ᠋ᠨ ᠪᠣᠢ?
ᠠᠯᠤᠰ ᠤ᠋ᠨ ᠵᠣᠷᠢᠯᠭ᠎ᠠ ᠬᠠᠮᠢᠭ᠎ᠠ ᠪᠣᠢ?
ᠡᠷᠭᠢᠨ ᠲᠠ ᠠᠯᠢ ᠣᠷᠣᠨ ᠤ᠋ ᠪᠣᠢ?
ᠡᠷᠢᠯ ᠦ᠋ᠨ ᠮᠥᠰᠬᠢᠯ ᠶᠠᠭᠤᠨ ᠳ᠋ᠤ᠌ ᠪᠣᠢ?》 ᠭᠡᠰᠡᠨ ᠳ᠋ᠦ᠍
ᠬᠠᠭᠠᠨ ᠬᠦᠦ ᠬᠠᠷᠢᠭᠤᠯᠤᠭᠰᠠᠨ ᠨᠢ᠄
《ᠬᠠᠵᠠᠭᠤ ᠳ᠋ᠤᠨᠢ ᠬᠠᠨ᠎ᠠ ᠪᠠᠷᠢᠭ᠎ᠠ ᠡᠳᠦᠢ
ᠬᠠᠮᠠᠷ ᠲᠤᠨᠢ ᠪᠤᠢᠯᠠ ᠬᠢᠭᠡ ᠡᠳᠦᠢ
ᠰᠢᠷᠡᠭᠡ ᠪᠦᠬᠦ ᠨᠢ ᠰᠢᠯᠵᠢᠭᠡ ᠡᠳᠦᠢ
ᠰᠢᠷᠢᠨ ᠲᠠᠪᠠᠭ ᠨᠢ ᠴᠣᠭᠣᠷᠣᠭ᠎ᠠ ᠡᠳᠦᠢ
ᠭᠤᠷᠪᠠᠨ ᠨᠠᠰᠤᠲᠠᠢ ᠭᠤᠨᠵᠢᠨ ᠲᠡᠮᠡᠭᠡ ᠨᠢᠭᠡ᠂
ᠬᠠᠵᠠᠳᠠᠭ ᠬᠠᠷ᠎ᠠ ᠪᠤᠤᠷ᠎ᠠ ᠨᠢᠭᠡ
ᠬᠠᠰᠢᠳᠠᠭ ᠬᠠᠷᠠᠭᠴᠢ ᠢᠩᠭᠡ ᠨᠢᠭᠡ
ᠳ᠋ᠦᠩ ᠲᠣᠭ᠎ᠠ ᠨᠢ ᠠᠷᠪᠠᠨ ᠭᠤᠷᠪᠠ
ᠠᠯᠳᠠᠵᠤ ᠠᠷᠪᠠᠨ ᠬᠣᠶᠠᠷ ᠰᠠᠷ᠎ᠠ ᠪᠣᠯᠪᠠ᠃
ᠲᠡᠮᠡᠭᠡ ᠶ᠋ᠢᠨ ᠡᠷᠢᠯᠴᠢ ᠪᠠᠢᠨ᠎ᠠ ᠪᠢ》 ᠭᠡᠰᠡᠨ ᠳ᠋ᠦ᠍
ᠮᠡᠷᠭᠡᠨ ᠲᠦᠰᠢᠮᠡᠯ ᠨᠢ ᠰᠣᠨᠣᠰᠴᠤ
ᠮᠡᠳᠡᠭᠰᠡᠨ ᠤᠴᠢᠷ ᠠᠯᠠᠭ᠎ᠠ ᠲᠤᠯᠠ
ᠨᠠᠷᠠᠨ ᠬᠠᠭᠠᠨ ᠳ᠋ᠠᠭᠠᠨ ᠢᠷᠡᠵᠦ
ᠨᠠᠷᠢᠪᠴᠢᠯᠠᠨ ᠬᠡᠯᠡᠵᠦ ᠮᠡᠳᠡᠭᠦᠯᠦᠭᠰᠡᠨ ᠳ᠋ᠦ᠍
ᠬᠠᠭᠠᠨ ᠨᠢ ᠡᠭᠦᠨ ᠢ᠋ ᠰᠣᠨᠣᠰᠤᠭᠠᠳ᠄
《ᠬᠠᠷᠢᠨ ᠵᠦᠭᠡᠷ ᠦᠭᠡ ᠪᠢᠰᠢ
ᠬᠠᠪᠤᠲᠠᠢ ᠵᠦᠢᠲᠡᠢ ᠦᠭᠡ ᠪᠠᠢᠨ᠎ᠠ》 ᠭᠡᠵᠦ
ᠰᠠᠳᠤᠨ ᠲᠥᠷᠥᠯ ᠢ᠋ᠶ᠋ᠡᠷ ᠢ᠋ᠶ᠋ᠡᠨ ᠴᠤᠭᠯᠠᠵᠤ
ᠰᠥᠨᠢ ᠰᠢᠪᠬᠠᠷᠠᠲᠠᠯ᠎ᠠ ᠬᠡᠯᠡᠯᠴᠡᠵᠦ
ᠰᠣᠶᠣᠭᠠᠷᠠᠨ ᠮᠡᠳᠡᠭᠰᠡᠨ ᠦᠭᠡᠢ
ᠰᠣᠨᠢᠨ ᠢ᠋ ᠲᠠᠢᠯᠤᠭᠰᠠᠨ ᠦᠭᠡᠢ ᠳ᠋ᠦ᠍
ᠮᠣᠷᠢ ᠬᠠᠯᠠᠭᠤᠯᠤᠨ ᠭᠦᠶᠦᠯᠭᠡᠵᠦ
ᠮᠣᠵᠢ ᠶ᠋ᠢᠨ ᠲᠦᠰᠢᠮᠡᠯ ᠢ᠋ ᠵᠠᠷᠯᠠᠵᠤ
ᠬᠥᠮᠦᠨ ᠬᠠᠯᠠᠭᠤᠯᠤᠨ ᠳᠠᠪᠬᠢᠭᠤᠯᠵᠤ
ᠬᠦᠢ ᠪᠦᠬᠦᠨ ᠢ᠋ ᠴᠤᠭᠯᠠᠭᠤᠯᠵᠤ᠂
ᠤᠯᠤᠰ ᠳᠠᠶᠠᠭᠠᠷ ᠬᠤᠷᠠᠯᠳᠤᠵᠤ᠂
ᠣᠭᠲᠣ ᠢᠯᠭᠠᠭᠠᠷᠠᠢ ᠭᠠᠷᠤᠭᠰᠠᠨ ᠦᠭᠡᠢ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠠᠭᠤᠭᠰᠠᠨ ᠪᠠᠢᠰᠢᠩ ᠭᠡᠷ ᠦ᠋ᠨ ᠢ᠋ᠶ᠋ᠡᠨ
ᠰᠢᠯ ᠴᠣᠩᠬᠣ ᠪᠠᠷ ᠬᠠᠷᠠᠭᠰᠠᠨ ᠳ᠋ᠤ᠌
ᠪᠠᠭᠠᠰᠤᠨ ᠠᠵᠢᠯ ᠳ᠋ᠤ᠌ ᠶᠠᠪᠤᠬᠤ
ᠪᠠᠭ᠎ᠠ ᠰᠢᠭ᠋ ᠬᠠᠷ᠎ᠠ ᠬᠦᠦ ᠶ᠋ᠢ ᠦᠵᠡᠵᠦ᠄
《ᠲᠠᠨ ᠤ᠋ ᠬᠠᠭᠠᠨ ᠳ᠋ᠤ᠌ ᠬᠡᠯᠡᠭᠰᠡᠨ ᠦᠭᠡ ᠶ᠋ᠢ
ᠲᠠᠢᠯᠵᠤ ᠢᠯᠭᠠᠨ ᠮᠡᠳᠡᠭᠰᠡᠨ ᠤᠤ?》 ᠭᠡᠰᠡᠨ ᠳ᠋ᠦ᠍
《ᠪᠠᠭᠠᠰᠤ ᠰᠢᠭᠡᠰᠦᠨ ᠦ᠌ ᠠᠵᠢᠯ ᠠ᠋ᠴᠠ ᠭᠠᠷᠭᠠᠵᠤ
ᠪᠠᠭᠠᠬᠠᠨ ᠴᠢᠯᠥᠭᠡ ᠥᠭᠪᠡᠯ᠂
ᠪᠢᠲᠡᠭᠦᠦ ᠦᠭᠡ ᠶ᠋ᠢ ᠴᠢᠨᠢ
ᠪᠢ ᠲᠠᠢᠯᠵᠤ ᠴᠢᠳᠠᠨ᠎ᠠ》 ᠭᠡᠰᠡᠨ ᠳ᠋ᠦ᠍᠂
ᠬᠠᠭᠠᠨ ᠬᠦᠦ ᠰᠣᠨᠣᠰᠤᠭᠠᠳ᠄
《ᠬᠠᠷᠢᠨ ᠡᠵᠡᠨ ᠴᠢᠨᠢ ᠪᠤᠷᠤᠭᠤᠳᠠᠪᠠ᠃
ᠠᠵᠢᠯ ᠤ᠋ᠨ ᠠᠷᠠᠳ ᠠ᠋ᠴᠠ ᠪᠠᠨ ᠠᠰᠠᠭᠤᠬᠤ ᠦᠭᠡᠢ
ᠠᠯᠢ ᠬᠡᠷᠡᠭ ᠴᠢᠨᠢ ᠪᠦᠲᠦᠳᠡᠭ ᠪᠣᠢ?》 ᠭᠡᠵᠦ
ᠬᠠᠷ᠎ᠠ ᠬᠦᠦ ᠶ᠋ᠢ ᠵᠠᠷᠤᠭᠰᠠᠨ ᠳ᠋ᠤ᠌
ᠬᠠᠷᠠᠢᠯᠠᠭᠰᠠᠭᠠᠷ ᠶᠠᠪᠤᠪᠠ ᠭᠡᠨ᠎ᠡ᠃
ᠡᠨᠡ ᠦᠶᠡᠰ ᠨᠠᠷᠠᠨ ᠬᠠᠭᠠᠨ
ᠡᠷᠳᠡᠮᠲᠡᠨ ᠲᠦᠰᠢᠮᠡᠳ ᠲᠡᠢ ᠪᠡᠨ  ᠵᠥᠪᠳᠡᠵᠦ
ᠰᠢᠷᠡᠭᠡᠲᠦ ᠶ᠋ᠢᠨ ᠮᠡᠷᠭᠡᠨ ᠬᠠᠭᠠᠨ ᠤ᠋ ᠦᠭᠡ ᠶ᠋ᠢ
ᠰᠢᠭᠦᠵᠦ ᠣᠯᠤᠭᠰᠠᠨ ᠦᠭᠡᠢ ᠲᠤᠯᠠ
ᠰᠡᠳᠬᠢᠯ ᠪᠠᠬᠠᠨ ᠵᠣᠪᠠᠨᠢᠵᠤ
ᠰᠠᠨᠠᠭ᠎ᠠ ᠪᠠᠬᠠᠨ ᠰᠠᠷᠨᠢᠵᠤ
ᠬᠠᠷ᠎ᠠ ᠰᠠᠬᠠᠯ ᠢ᠋ᠶ᠋ᠠᠨ ᠰᠢᠪᠲᠤᠷᠴᠤ
ᠬᠠᠷᠰᠢ ᠤᠷᠲᠤ ᠪᠠᠨ ᠬᠡᠰᠦᠵᠦ
ᠬᠠᠭᠠᠯᠭ᠎ᠠ ᠡᠭᠦᠳᠡ ᠪᠡᠨ ᠨᠡᠪᠲᠡᠯᠵᠦ
ᠬᠠᠯᠠᠰᠤᠨ ᠪᠣᠳᠣᠵᠤ ᠶᠠᠪᠤᠬᠤ ᠳ᠋ᠤ᠌᠂
ᠬᠠᠷ᠎ᠠ ᠬᠦᠦ ᠶ᠋ᠢᠨ ᠭᠦᠶᠦᠨ ᠢᠷᠡᠬᠦ ᠲᠡᠢ ᠤᠴᠠᠷᠠᠵᠤ
ᠡᠩᠭᠡᠷ ᠲᠤᠯᠤᠮ᠎ᠠ ᠮᠥᠷᠭᠥᠯᠳᠦᠵᠦ
ᠡᠪᠴᠢᠭᠦᠦ ᠲᠤᠯᠤᠮ᠎ᠠ ᠳᠠᠭᠠᠷᠢᠯᠳᠤᠭᠠᠳ
ᠬᠠᠭᠠᠨ ᠬᠠᠷ᠎ᠠ ᠬᠦᠦ ᠬᠣᠶᠠᠭᠤᠯᠠ
ᠬᠠᠮᠲᠤ ᠪᠠᠷ ᠭᠡᠳᠡᠷᠭᠦ ᠪᠡᠨ ᠤᠨᠠᠵᠤ
ᠫᠠᠯᠠᠩ ᠬᠥᠰᠡᠷ ᠦ᠋ᠨ ᠳᠡᠭᠡᠷ᠎ᠡ
ᠫᠠᠯᠲᠠᠭ ᠬᠣᠶᠠᠭᠤᠯᠠ ᠰᠠᠭᠤᠭᠠᠳ
ᠬᠠᠭᠠᠨ ᠨᠢ ᠶᠡᠬᠡ ᠠᠭᠤᠷᠯᠠᠵᠤ
ᠬᠠᠷ᠎ᠠ ᠬᠦᠦ ᠪᠡᠨ ᠶᠡᠬᠡ ᠵᠠᠩᠨᠠᠬᠤ ᠳ᠋ᠤ᠌᠄
《ᠬᠠᠭᠠᠨ ᠭᠤᠸᠠᠢ ᠮᠢᠨᠢ᠂ ᠬᠠᠭᠠᠨ ᠭᠤᠸᠠᠢ ᠮᠢᠨᠢ!
ᠭᠠᠳᠠᠨ᠎ᠠ ᠠ᠋ᠴᠠ ᠢᠷᠡᠭᠰᠡᠨ ᠵᠣᠴᠢᠨ ᠤ᠋ 
ᠭᠠᠷᠠᠬᠠᠲᠤ ᠦᠭᠡ ᠶ᠋ᠢ ᠳᠡᠢᠯᠪᠡᠦ?》 ᠭᠡᠰᠡᠨ ᠳ᠋ᠦ᠍᠄
《ᠦᠭᠡᠢ᠂ ᠬᠠᠷᠢᠨ ᠦᠭᠡᠢ!
ᠦᠨᠡᠬᠡᠷ ᠵᠣᠪᠠᠭᠤᠷᠢᠲᠠᠢ ᠬᠡᠷᠡᠭ ᠠ᠋》 ᠭᠡᠰᠡᠨ ᠳ᠋ᠦ᠍᠄
《ᠡᠵᠡᠨ ᠮᠢᠨᠢ ᠥᠷᠥᠰᠢᠶᠡᠵᠦ
ᠡᠷᠬᠢᠮ ᠴᠢᠯᠥᠭᠡ ᠬᠠᠢᠷᠠᠯᠠᠪᠠᠯ
ᠡᠭᠦᠨ ᠢ᠋ ᠪᠢ ᠪᠦᠷ ᠲᠠᠢᠯᠵᠤ
ᠡᠨᠳᠡᠭᠳᠡᠯ ᠶᠡᠷᠦ ᠭᠠᠷᠭᠠᠬᠤ ᠦᠭᠡᠢ》 ᠭᠡᠰᠡᠨ ᠳ᠋ᠦ᠍
ᠬᠠᠭᠠᠨ ᠨᠢ ᠮᠠᠰᠢ ᠪᠠᠶᠠᠷᠯᠠᠵᠤ
ᠬᠠᠷ᠎ᠠ ᠬᠦᠦ ᠶ᠋ᠢ ᠬᠥᠲᠥᠯᠦᠨ ᠶᠠᠪᠤᠵᠤ
ᠬᠠᠷᠰᠢ ᠣᠷᠳᠣᠨ ᠳ᠋ᠠᠭᠠᠨ ᠣᠷᠣᠵᠤ
《ᠬᠠᠮᠤᠭ ᠲᠦᠰᠢᠮᠡᠯ ᠳ᠋ᠡᠭᠡᠨ ᠬᠡᠯᠡᠭᠰᠡᠨ ᠨᠢ᠄
《ᠡᠨᠳᠡᠭᠦᠦ ᠪᠤᠷᠤᠭᠤ ᠪᠣᠯᠵᠠᠢ᠃ ᠪᠢᠳᠡ
ᠠᠵᠢᠯ ᠤ᠋ᠨ ᠬᠦᠦ ᠪᠡᠨ ᠡᠷᠢᠵᠦ
ᠠᠰᠠᠭᠤᠬᠤ ᠪᠠᠨ ᠮᠠᠷᠲᠠᠪᠠ》 ᠭᠡᠳ
ᠠᠯᠭᠤᠷ ᠵᠠᠷᠯᠢᠭ ᠪᠠᠭᠤᠯᠭᠠᠭᠰᠠᠨ ᠨᠢ᠄
《ᠬᠡᠷᠪᠡ ᠴᠢ ᠲᠠᠢᠯᠤᠨ ᠴᠢᠳᠠᠪᠠᠯ
ᠬᠡᠷᠡᠭ ᠶᠠᠪᠤᠳᠠᠯ ᠳ᠋ᠤ᠌ ᠮᠢᠨᠢ ᠣᠷᠣᠯᠴᠠᠵᠤ 
ᠬᠢᠭᠢᠷᠢ ᠶ᠋ᠢᠨ ᠳᠠᠷᠤᠭ᠎ᠠ ᠮᠢᠨᠢ ᠪᠣᠯᠵᠤ
ᠬᠢᠵᠠᠭᠠᠯᠠᠰᠢ ᠦᠭᠡᠢ ᠵᠢᠳᠬᠦᠭᠡᠷᠡᠢ!》 ᠭᠡᠵᠦ
ᠪᠠᠢᠭᠰᠠᠨ ᠲᠦᠰᠢᠮᠡᠯ ᠢ᠋ᠶ᠋ᠡᠨ ᠴᠤᠭᠯᠠᠭᠤᠯᠵᠤ
ᠪᠠᠷᠠᠭᠤᠨ ᠵᠡᠭᠦᠨ ᠢ᠋ᠶ᠋ᠡᠷ ᠵᠢᠭᠰᠠᠭᠠᠵᠤ
ᠪᠠᠭ᠎ᠠ ᠬᠠᠷ᠎ᠠ ᠬᠦᠦ ᠪᠡᠷ
ᠪᠠᠷᠠᠲᠠᠯ᠎ᠠ ᠲᠠᠢᠯᠤᠭᠤᠯᠤᠭᠰᠠᠨ ᠨᠢ᠄
《ᠬᠠᠵᠠᠭᠤ ᠳ᠋ᠤᠨᠢ ᠬᠠᠨ᠎ᠠ ᠪᠠᠷᠢᠭ᠎ᠠ ᠡᠳᠦᠢ
ᠬᠠᠮᠠᠷ ᠲᠤᠨᠢ ᠪᠤᠢᠯᠠ ᠬᠢᠭᠡ ᠡᠳᠦᠢ
ᠰᠢᠷᠡᠭᠡ ᠪᠦᠬᠦ ᠨᠢ ᠰᠢᠯᠵᠢᠭᠡ ᠦᠭᠡᠢ
ᠭᠤᠷᠪᠠᠨ ᠨᠠᠰᠤᠨ ᠤ᠋ ᠭᠤᠨᠵᠢᠨ ᠲᠡᠮᠡᠭᠡ ᠨᠢᠭᠡ ᠭᠡᠭᠴᠢ
ᠬᠠᠭᠠᠨ ᠭᠤᠸᠠᠢ ᠶ᠋ᠢᠨ ᠥᠬᠢᠨ
ᠭᠢᠯᠠᠭᠤ ᠮᠡᠷᠭᠡᠨ ᠭᠦᠩᠵᠦ ᠶ᠋ᠢ ᠬᠡᠯᠡᠵᠦ ᠪᠠᠢᠨ᠎ᠠ᠃
ᠬᠠᠵᠠᠳᠠᠭ ᠬᠠᠷ᠎ᠠ ᠪᠤᠤᠷ᠎ᠠ ᠨᠢᠭᠡ ᠭᠡᠭᠴᠢ
ᠬᠠᠭᠠᠨ ᠭᠤᠸᠠᠢ ᠶ᠋ᠢ ᠬᠡᠯᠡᠵᠦ ᠪᠠᠢᠨ᠎ᠠ᠃
ᠬᠠᠰᠢᠳᠠᠭ ᠬᠠᠷᠠᠭᠴᠢ ᠢᠩᠭᠡ ᠨᠢᠭᠡ ᠭᠡᠭᠴᠢ
ᠬᠠᠲᠤᠨ ᠭᠤᠸᠠᠢ ᠶ᠋ᠢ ᠬᠡᠯᠡᠭᠰᠡᠨ ᠶᠤᠮ ᠠ᠋᠃
ᠳ᠋ᠦᠩ ᠲᠣᠭ᠎ᠠ ᠨᠢ ᠠᠷᠪᠠᠨ ᠭᠤᠷᠪᠠ ᠭᠡᠭᠴᠢ
ᠬᠠᠭᠠᠨ ᠤ᠋ ᠰᠠᠳᠤᠨ ᠲᠥᠷᠥᠯ ᠢ᠋ ᠬᠡᠯᠡᠵᠦ ᠪᠠᠢᠨ᠎ᠠ᠃
ᠠᠯᠳᠠᠵᠤ ᠠᠷᠪᠠᠨ ᠬᠣᠶᠠᠷ ᠰᠠᠷ᠎ᠠ ᠪᠣᠯᠵᠠᠢ ᠭᠡᠭᠴᠢ
ᠠᠷᠪᠠᠨ ᠬᠣᠶᠠᠷ ᠵᠢᠯ ᠦ᠋ᠨ ᠠᠯᠤᠰ ᠠ᠋ᠴᠠ ᠢᠷᠡᠪᠡ ᠭᠡᠰᠡᠨ ᠦᠭᠡ᠃
ᠲᠡᠮᠡᠭᠡ ᠶ᠋ᠢᠨ ᠡᠷᠢᠯᠴᠢ ᠪᠠᠢᠨ᠎ᠠ ᠭᠡᠭᠴᠢ
ᠲᠡᠦᠬᠡ ᠨᠠᠮᠲᠠᠷ ᠢ᠋ ᠤᠷᠪᠠᠭᠤᠯᠵᠤ
ᠥᠨᠳᠡᠭᠡᠨ ᠰᠦᠢ ᠪᠡᠨ ᠨᠡᠬᠡᠵᠦ
ᠥᠭᠡᠳᠡᠯᠡᠵᠦ ᠢᠷᠡᠭᠰᠡᠨ ᠬᠥᠮᠦᠨ ᠮᠥᠨ》 ᠭᠡᠰᠡᠨ ᠳ᠋ᠦ᠍
ᠬᠠᠭᠠᠨ ᠨᠢ ᠳᠠᠷᠤᠢ ᠬᠢᠭᠢᠷᠢ ᠪᠡᠨ ᠲᠤᠰᠢᠶᠠᠵᠤ
ᠬᠠᠷ᠎ᠠ ᠬᠦᠦ ᠳ᠋ᠡᠭᠡᠨ ᠲᠦᠰᠢᠮᠡᠯ ᠵᠡᠷᠭᠡ ᠥᠭᠴᠦ
ᠰᠢᠷᠡᠭᠡᠲᠦ ᠶ᠋ᠢᠨ ᠮᠡᠷᠭᠡᠨ ᠬᠠᠭᠠᠨ ᠢ᠋ ᠳᠠᠭᠤᠳᠠᠵᠤ
ᠰᠢᠷᠡᠭᠡ ᠵᠢᠭᠠᠨ ᠰᠠᠭᠤᠯᠭᠠᠭᠠᠳ
ᠥᠨᠳᠡᠭᠡᠨ ᠰᠦᠢ ᠪᠡᠨ ᠨᠡᠬᠡᠵᠦ
ᠥᠭᠡᠳᠡᠯᠡᠨ ᠢᠷᠡᠭᠰᠡᠨ ᠲᠤᠯᠠ ᠲᠠ
ᠡᠷ᠎ᠡ ᠶ᠋ᠢᠨ ᠭᠤᠷᠪᠠᠨ ᠮᠥᠷᠥᠢ ᠪᠡᠷ
ᠡᠩᠬᠦᠷᠡᠢ ᠥᠬᠢᠨ ᠢ᠋ᠶ᠋ᠡᠨ ᠲᠤᠰᠢᠶᠠᠨ᠎ᠠ᠃
ᠬᠡᠷᠪᠡ ᠲᠠᠢᠯᠵᠤ ᠴᠢᠳᠠᠬᠤ ᠦᠭᠡᠢ ᠪᠣᠯ
ᠬᠡᠵᠢᠶᠡᠳᠡ ᠪᠠᠷᠠᠭᠤᠨ ᠬᠣᠢᠰᠢ ᠪᠤᠤ ᠬᠠᠨᠳᠤ!
ᠭᠠᠨᠵᠤᠭ᠎ᠠ ᠴᠢᠨᠢ ᠬᠡᠢᠰᠴᠦ
ᠭᠠᠷ ᠴᠢᠨᠢ ᠬᠣᠭᠣᠰᠣᠷᠠᠵᠤ
ᠠᠴᠢᠶ᠎ᠠ ᠴᠢᠨᠢ ᠠᠯᠠᠭ᠎ᠠ
ᠠᠮᠠ ᠴᠢᠨᠢ ᠬᠠᠭᠤᠷᠠᠢ
ᠠᠮᠢ ᠪᠠᠨ ᠮᠡᠨᠳᠦ ᠬᠠᠷᠢᠶ᠎ᠠ ᠭᠡᠪᠡᠯ
ᠠᠯᠲᠠᠨ ᠬᠢᠯᠢ ᠶ᠋ᠢ ᠮᠢᠨᠢ ᠭᠠᠷᠲᠠᠯ᠎ᠠ
ᠠᠪᠴᠠᠭ᠎ᠠ ᠪᠠᠷ ᠢ᠋ᠶ᠋ᠠᠨ ᠠᠯᠬᠤᠯᠠᠵᠤ
ᠠᠷᠢᠭᠤᠨ ᠣᠷᠣᠨ ᠠ᠋ᠴᠠ ᠮᠢᠨᠢ ᠭᠠᠷ! ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠷᠡᠭᠡᠨ ᠡᠴᠡ ᠪᠡᠨ ᠪᠣᠰᠴᠤ ᠳᠠᠪᠰᠢᠨ᠄
《ᠡᠷ᠎ᠡ ᠶ᠋ᠢᠨ ᠭᠤᠷᠪᠠᠨ ᠮᠥᠷᠥᠢ ᠭᠡᠭᠴᠢ
ᠠᠯᠢ ᠭᠤᠷᠪᠠ ᠶ᠋ᠢ ᠬᠡᠯᠡᠵᠦ ᠪᠠᠢᠨ᠎ᠠ ᠪᠣᠢ?︾ ᠭᠡᠰᠡᠨ ᠳ᠋ᠦ᠍
ᠬᠠᠮᠤᠭ ᠤ᠋ᠨ ᠲᠦᠷᠦᠭᠦᠨ ᠳ᠋ᠦ᠍ᠨᠢ ᠮᠣᠷᠢ ᠣᠷᠣᠯᠳᠣᠭᠠᠳ᠂
ᠲᠡᠭᠦᠨ ᠦ᠌ ᠳᠠᠷᠠᠭ᠎ᠠ ᠪᠠᠷ ᠨᠢ ᠰᠤᠮᠤ ᠬᠠᠷᠪᠤᠨ᠎ᠠ᠃
ᠪᠦᠷ ᠰᠡᠭᠦᠯ ᠳ᠋ᠦ᠍ᠨᠢ ᠪᠥᠬᠡ ᠪᠠᠷᠢᠯᠳᠤᠨ᠎ᠠ᠃︾ ᠭᠡᠵᠡᠢ᠃
ᠲᠡᠭᠡᠭᠡᠳ ᠬᠡᠳᠦᠨ ᠡᠳᠦᠷ ᠪᠣᠯᠤᠭᠰᠠᠨ ᠦᠭᠡᠢ
ᠲᠦᠷᠦᠭᠦᠨ ᠤᠷᠤᠯᠳᠤᠭᠠᠨ ᠪᠣᠯᠵᠤ
ᠨᠠᠷᠠᠨ ᠬᠠᠭᠠᠨ ᠤ᠋ ᠡᠲᠡᠭᠡᠳ ᠡᠴᠡ
ᠨᠡᠷ᠎ᠡ ᠲᠡᠢ ᠮᠣᠷᠢ ᠭᠤᠷᠪᠠᠨ ᠮᠢᠩᠭ᠎ᠠ
ᠬᠣᠲᠣᠭᠣᠷ ᠳᠦᠭᠦᠷᠲᠡᠯ᠎ᠡ ᠴᠤᠭᠯᠠᠷᠠᠵᠤ
ᠬᠤᠷᠳᠤᠨ ᠮᠥᠷᠥᠢ ᠶ᠋ᠢ ᠬᠦᠯᠢᠶᠡᠭᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ ᠬᠦᠦ
ᠨᠠᠷᠠᠨ ᠬᠠᠭᠠᠨ ᠠ᠋ᠴᠠ ᠠᠰᠠᠭᠤᠭᠰᠠᠨ ᠨᠢ᠄
《ᠬᠠᠭᠠᠨ ᠲᠠᠨ ᠤ᠋ ᠮᠣᠷᠢ ᠲᠠᠯᠪᠢᠬᠤ
ᠬᠠᠨᠳᠤᠯᠭ᠎ᠠ ᠵᠢᠱ᠌ᠢᠶ᠎ᠡ ᠬᠡᠳᠦᠢ ᠭᠠᠵᠠᠷ ᠪᠣᠢ?︾ ᠭᠡᠰᠡᠨ ᠳ᠋ᠦ᠍
ᠨᠠᠷᠠᠨ ᠬᠠᠭᠠᠨ ᠤ᠋ ᠬᠠᠷᠢᠭᠤᠯᠤᠭᠰᠠᠨ ᠨᠢ᠄
《ᠮᠠᠨ ᠤ᠋ ᠤᠯᠤᠰ ᠤ᠋ᠨ ᠮᠣᠷᠢᠳ ᠪᠣᠯ
ᠭᠤᠷᠪᠠᠨ ᠰᠠᠷ᠎ᠠ ᠶ᠋ᠢᠨ ᠵᠢᠱ᠌ᠢᠶ᠎ᠡ ᠲᠠᠢ ᠭᠠᠵᠠᠷ ᠠ᠋ᠴᠠ
ᠭᠤᠶᠠᠳᠠᠵᠤ ᠳᠠᠪᠬᠢᠨ ᠢᠷᠡᠳᠡᠭ ᠶᠤᠮ︾ ᠭᠡᠰᠡᠨ ᠳ᠋ᠦ᠍
ᠬᠥᠪᠡᠭᠦᠳ ᠦ᠋ᠨ ᠰᠣᠷᠢᠯᠲᠠ ᠶ᠋ᠢᠨ ᠮᠣᠷᠢᠳ ᠢ᠋
ᠬᠦᠪᠭᠢᠭᠦᠯᠦᠨ ᠲᠠᠯᠪᠢᠳᠠᠭ ᠭᠠᠵᠠᠷ ᠪᠠᠢᠨ᠎ᠠ᠃
ᠬᠦᠴᠦ ᠲᠡᠢ ᠡᠷ᠎ᠡ ᠶ᠋ᠢᠨ ᠰᠢᠭᠡᠰᠦ ᠦᠰᠦᠷᠪᠡᠯ
ᠬᠦᠷᠴᠦ ᠲᠤᠰᠬᠤ ᠭᠠᠵᠠᠷ ᠪᠠᠢᠨ᠎ᠠ᠃
ᠵᠢᠩᠬᠢᠨᠢ ᠤᠷᠤᠯᠳᠤᠭᠠᠨ ᠤ᠋ ᠮᠣᠷᠢ ᠶ᠋ᠢ
ᠵᠢᠯ ᠦ᠋ᠨ ᠵᠢᠱ᠌ᠢᠶ᠎ᠡ ᠲᠠᠢ ᠭᠠᠵᠠᠷ ᠠ᠋ᠴᠠ ᠲᠠᠯᠪᠢᠳᠠᠭ ᠶᠤᠮ︾ ᠭᠡᠰᠡᠨ ᠳ᠋ᠦ᠍
《ᠴᠢᠨᠦ ᠮᠠᠭᠤ ᠬᠠᠮᠠᠭᠤ ᠲᠠᠢ ᠳᠠᠭ᠎ᠠ ᠢᠷᠡᠪᠡᠯ
ᠮᠢᠨᠦ ᠲᠠᠷᠭᠤᠨ ᠮᠣᠷᠢ ᠪᠣᠯᠤᠨ᠎ᠠ》 ᠭᠡᠵᠦ
ᠵᠢᠯ ᠦ᠋ᠨ ᠭᠠᠵᠠᠷ ᠲᠠᠯᠪᠢᠬᠤ ᠪᠠᠷ
ᠵᠢᠮ᠎ᠡ ᠬᠠᠤᠯᠢ ᠲᠣᠭᠲᠠᠭᠠᠳ
ᠮᠣᠷᠢᠳ ᠢ᠋ᠶ᠋ᠠᠨ ᠬᠠᠵᠠᠭᠠᠷᠯᠠᠵᠤ
ᠮᠣᠷᠳᠠᠬᠤ ᠪᠠᠷ ᠪᠣᠯᠤᠭᠰᠠᠨ ᠳ᠋ᠤ᠌
ᠬᠠᠭᠠᠨ ᠬᠦᠦ ᠶ᠋ᠢᠨ ᠪᠣᠷᠣ ᠳᠠᠭ᠎ᠠ
ᠬᠠᠮᠠᠭᠤ ᠶᠠᠷ᠎ᠠ ᠲᠠᠢ ᠭᠡᠵᠦ
ᠪᠠᠭᠠᠴᠤᠳ ᠨᠢᠭᠡᠨ ᠴᠦ᠍ ᠤᠨᠤᠵᠤ ᠥᠭᠬᠦ ᠦᠭᠡᠢ ᠳ᠋ᠦ᠍
ᠪᠠᠭ᠎ᠠ ᠰᠢᠭ᠋ ᠬᠠᠷ᠎ᠠ ᠬᠦᠦ ᠢᠷᠡᠭᠡᠳ᠄
《ᠪᠢ ᠰᠢᠷᠡᠭᠡᠲᠦ ᠶ᠋ᠢᠨ ᠬᠠᠭᠠᠨ ᠭᠤᠸᠠᠢ ᠲᠠᠨ ᠤ᠋ ᠮᠣᠷᠢ ᠶ᠋ᠢ
ᠪᠡᠯᠴᠢᠵᠦ ᠤᠨᠤᠵᠤ ᠥᠭᠭᠦᠶ᠎ᠡ》 ᠭᠡᠰᠡᠨ ᠳ᠋ᠦ᠍
ᠬᠠᠭᠠᠨ ᠬᠦᠦ ᠶᠡᠬᠡᠯ᠎ᠡ ᠪᠠᠶᠠᠷᠯᠠᠵᠤ
ᠬᠠᠵᠠᠭᠤ ᠳ᠋ᠠᠭᠠᠨ ᠬᠠᠷ᠎ᠠ ᠬᠦᠦ ᠶ᠋ᠢ ᠠᠪᠴᠢᠷᠠᠵᠤ
ᠴᠢᠬᠢᠨ ᠳ᠋ᠦ᠍ᠨᠢ ᠬᠡᠳᠦᠨ ᠦᠭᠡ
ᠰᠢᠪᠡᠨᠡᠵᠦ ᠰᠤᠷᠭᠠᠨ ᠬᠡᠯᠡᠭᠡᠳ
ᠰᠢᠭᠤᠳᠠᠢ ᠨᠢᠭᠡ ᠶ᠋ᠢ ᠥᠭᠴᠦ
ᠴᠢᠪᠠᠭ᠎ᠠ ᠭᠤᠷᠪᠠ ᠶ᠋ᠢ ᠠᠳᠬᠤᠭᠤᠯᠵᠤ
ᠨᠠᠷᠠᠨ ᠬᠠᠭᠠᠨ ᠤ᠋ ᠳᠡᠷᠭᠡᠳᠡ ᠣᠴᠢᠵᠤ
《ᠨᠠᠳᠠ ᠬᠠᠷ᠎ᠠ ᠬᠦᠦ ᠪᠡᠨ ᠲᠦᠷ ᠥᠭᠭᠦᠨ᠎ᠡ ᠤᠤ?》 ᠭᠡᠰᠡᠨ ᠳ᠋ᠦ᠍
《ᠬᠡᠦᠬᠡᠳ ᠳᠠᠭᠠᠭᠤᠯᠤᠨ ᠢᠷᠡᠭᠰᠡᠨ ᠦᠭᠡᠢ ᠲᠤᠯᠠ
ᠬᠥᠮᠦᠨ ᠢ᠋ ᠮᠢᠨᠢ ᠵᠠᠷᠤᠵᠤ ᠪᠣᠯᠤᠨ᠎ᠠ》 ᠭᠡᠵᠦ
ᠮᠣᠷᠢᠳ ᠭᠠᠷᠴᠤ ᠬᠥᠳᠡᠯᠪᠡ ᠭᠡᠨ᠎ᠡ᠃
ᠶᠠᠪᠤᠭᠰᠠᠭᠠᠷ ᠶᠠᠪᠤᠭᠰᠠᠭᠠᠷ ᠪᠠᠢᠭᠠᠳ
ᠶᠡᠬᠡ ᠰᠢᠭ ᠨᠢᠭᠡᠨ ᠠᠢᠯ ᠤ᠋ᠨ ᠨᠤᠲᠤᠭ ᠲᠤ᠌ ᠬᠦᠷᠴᠦ
ᠥᠨᠥ ᠬᠠᠷ᠎ᠠ ᠬᠦᠦ ᠰᠢᠭᠤᠳ ᠣᠴᠢᠵᠤ
ᠦᠨᠡᠰᠦᠨ ᠣᠪᠣᠭ᠎ᠠ ᠳᠡᠭᠡᠷ᠎ᠡ ᠨᠢ ᠪᠠᠭᠤᠭᠠᠳ
ᠴᠢᠪᠠᠭ᠎ᠠ ᠨᠢᠭᠡ ᠪᠡᠨ ᠢᠳᠡᠵᠦ
ᠰᠢᠭᠤᠳᠠᠢ ᠳ᠋ᠠᠭᠠᠨ ᠦᠨᠡᠰᠦ ᠬᠢᠵᠦ
ᠴᠢᠬᠢᠨ ᠳᠣᠣᠷ᠎ᠠ ᠪᠠᠨ ᠳᠡᠷᠡᠯᠡᠵᠦ
ᠬᠦᠷᠬᠢᠷᠡᠨ ᠰᠤᠨᠵᠤ ᠤᠨᠲᠠᠪᠠ᠃
ᠨᠠᠷᠠᠨ ᠬᠠᠭᠠᠨ ᠤ᠋ ᠮᠣᠷᠢᠳ ᠤ᠋ᠨ ᠬᠡᠦᠬᠡᠳ
ᠮᠠᠢᠬᠠᠨ ᠥᠷᠲᠡᠭᠡ ᠳ᠋ᠦ᠍ ᠪᠠᠭᠤᠵᠤ
ᠮᠠᠭᠤ ᠳᠠᠭ᠎ᠠ ᠲᠠᠢ ᠬᠦᠦ ᠶ᠋ᠢ ᠳᠣᠮᠣᠭᠯᠠᠨ
ᠮᠢᠬ᠎ᠠ ᠲᠣᠰᠣ ᠮᠠᠩᠰᠢᠭᠤᠷᠠᠲᠠᠯ᠎ᠠ ᠢᠳᠡᠵᠦ
ᠮᠠᠷᠭᠠᠰᠢ ᠶ᠋ᠢᠨ ᠡᠷᠲᠡ ᠪᠣᠯᠲᠠᠯ᠎ᠠ ᠤᠨᠲᠠᠵᠤ
ᠮᠠᠨᠳᠤᠬᠤ ᠨᠠᠷᠠᠨ ᠤ᠋ ᠦᠶᠡᠰ ᠢ᠋ᠶ᠋ᠡᠷ
ᠮᠡᠩᠳᠡ ᠰᠡᠩᠳᠡ ᠲᠦᠷᠴᠢᠭᠢᠨᠡᠵᠦ
ᠵᠡᠭᠦᠨ ᠬᠣᠢᠰᠢ ᠵᠦᠭᠯᠡᠵᠦ
ᠵᠡᠷᠭᠡᠴᠡᠭᠡ ᠪᠡᠷ ᠮᠣᠷᠳᠠᠨ ᠳᠠᠪᠬᠢᠪᠠ᠃
ᠪᠠᠭ᠎ᠠ ᠦᠳᠡ ᠶ᠋ᠢᠨ ᠬᠢᠷᠢ ᠳ᠋ᠦ᠍
ᠪᠠᠭᠤᠭᠰᠠᠨ ᠬᠥᠰᠬᠡ ᠨᠢ ᠬᠥᠳᠡᠯᠦᠭᠰᠡᠨ ᠳ᠋ᠦ᠍
ᠦᠨᠡᠰᠦᠨ ᠳ᠋ᠦ᠍ ᠤᠨᠲᠠᠭᠰᠠᠨ ᠬᠠᠷ᠎ᠠ ᠬᠦᠦ
ᠥᠩᠬᠥᠷᠢᠨ ᠮᠥᠯᠬᠥᠨ ᠪᠣᠰᠤᠭᠠᠳ
ᠦᠳᠡ ᠪᠣᠯᠲᠠᠯ᠎ᠠ ᠤᠨᠲᠠᠪᠠ ᠭᠡᠵᠦ
ᠦᠶᠡᠷ ᠪᠠᠭᠤᠲᠠᠯ᠎ᠠ ᠰᠢᠭᠡᠵᠦ
ᠲᠡᠷᠢᠭᠦᠨ ᠲᠦᠰᠢᠮᠡᠯ ᠳ᠋ᠦ᠍ ᠣᠴᠢᠵᠤ
ᠮᠣᠷᠢ ᠣᠷᠣᠯᠳᠣᠬᠤ ᠪᠣᠯᠪᠠ ᠤᠤ? ᠭᠡᠰᠡᠨ ᠳ᠋ᠦ᠍
ᠲᠦᠰᠢᠮᠡᠯ ᠶᠡᠬᠡ ᠵᠠᠩᠨᠠᠵᠤ
ᠲᠥᠭᠡ ᠦᠭᠡᠢ ᠠᠭᠠᠰᠢᠯᠠᠵᠤ
ᠡᠴᠢᠭᠡ ᠪᠡᠨ ᠠᠯᠠᠭᠰᠠᠨ ᠬᠠᠷ᠎ᠠ ᠲᠣᠯᠣᠭᠠᠢ
ᠡᠬᠡ ᠪᠡᠨ ᠴᠠᠪᠴᠢᠭᠰᠠᠨ ᠪᠣᠷᠣ ᠲᠣᠯᠣᠭᠠᠢ ᠴᠢ
ᠬᠥᠮᠦᠨ ᠦ᠌ ᠮᠣᠷᠢ ᠤᠨᠤᠵᠤ ᠪᠠᠢᠭᠠᠳ
ᠬᠥᠯᠴᠥᠭᠦᠷᠡᠨ ᠤᠨᠲᠠᠬᠤ ᠴᠢᠨᠢ ᠶᠠᠭᠤ ᠪᠣᠢ? ᠭᠡᠵᠦ
ᠬᠤᠷᠳᠤᠨ ᠮᠣᠷᠢᠨ ᠳ᠋ᠤᠨᠢ ᠮᠣᠷᠳᠠᠭᠤᠯᠵᠤ
ᠬᠣᠢᠨ᠎ᠠ ᠠ᠋ᠴᠠ ᠨᠢ ᠨᠡᠬᠡᠭᠦᠯᠵᠦ ᠢᠯᠡᠭᠡᠪᠡ᠃
ᠰᠢᠭᠤᠳᠠᠢ ᠲᠠᠢ ᠦᠨᠡᠰᠦ ᠪᠡᠨ ᠲᠡᠪᠡᠷᠢᠵᠦ
ᠴᠤᠪᠤᠭᠤᠯᠤᠨ ᠬᠡᠳᠦ ᠭᠤᠶᠠᠳᠠᠭᠰᠠᠨ ᠳ᠋ᠤ᠌
ᠠᠯᠮᠠᠰ ᠪᠦᠯᠡᠵᠢᠩ ᠢ᠋ᠶ᠋ᠡᠨ ᠳᠤᠷᠠᠰᠬᠠᠭᠠᠳ᠂
ᠨᠠᠷᠠᠨ ᠬᠠᠭᠠᠨ ᠳ᠋ᠤ᠌ ᠣᠴᠢᠵᠤ᠄
《ᠲᠡᠷᠢᠭᠦᠨ ᠮᠥᠷᠥᠢ ᠣᠯᠪᠠ》 ᠭᠡᠰᠡᠨ ᠳ᠋ᠦ᠍
《ᠳᠠᠷᠠᠭ᠎ᠠ ᠶ᠋ᠢᠨ ᠮᠥᠷᠥᠢ ᠳ᠋ᠦ᠍ ᠦᠵᠡᠶ᠎ᠡ》 ᠭᠡᠵᠦ
ᠳᠠᠮᠰᠠᠭ ᠰᠦᠷ ᠭᠠᠷᠭᠠᠵᠤ
ᠳᠠᠩᠬᠠᠯᠵᠠᠨ ᠰᠠᠵᠢᠵᠤ ᠪᠤᠴᠠᠭᠠᠳ
ᠬᠣᠪᠢᠨ ᠤ᠋ ᠪᠠᠭᠠᠲᠤᠷ ᠤ᠋ᠳ ᠢ᠋ᠶ᠋ᠠᠨ ᠤᠷᠢᠵᠤ
ᠬᠣᠶᠠᠳᠤᠭᠠᠷ ᠮᠥᠷᠥᠢ ᠶ᠋ᠢ ᠠᠪᠤᠶ᠎ᠠ ᠭᠡᠳ
ᠬᠣᠨᠢ ᠠᠯᠠᠨ ᠬᠤᠷᠢᠮᠯᠠᠵᠤ
ᠬᠤᠨᠳᠠᠭ᠎ᠠ ᠡᠷᠭᠦᠨ ᠠᠷᠢᠬᠢᠯᠠᠵᠤ
ᠰᠢᠷᠡᠭᠡᠲᠦ ᠶ᠋ᠢᠨ ᠮᠡᠷᠭᠡᠨ ᠬᠠᠭᠠᠨ ᠳ᠋ᠤ᠌᠄
《ᠨᠤᠮᠤ ᠲᠠᠲᠠᠵᠤ ᠰᠤᠮᠤ ᠬᠠᠷᠪᠤᠶ᠎ᠠ》 ᠭᠡᠰᠡᠨ ᠳ᠋ᠦ᠍᠄
《ᠶᠠᠮᠠᠷ ᠵᠢᠱ᠌ᠢᠶ᠎ᠡ ᠶ᠋ᠢᠨ ᠭᠠᠵᠠᠷ ᠠ᠋ᠴᠠ
ᠶᠠᠭᠤ ᠶ᠋ᠢ ᠲᠠᠯᠪᠢᠵᠤ ᠣᠨᠢᠯᠠᠬᠤ ᠪᠣᠢ?》 ᠭᠡᠰᠡᠨ ᠳ᠋ᠦ᠍᠄
《ᠭᠤᠷᠪᠠᠨ ᠰᠠᠷ᠎ᠠ ᠶ᠋ᠢᠨ ᠵᠢᠱ᠌ᠢᠶᠡᠨ ᠦ᠌ ᠭᠠᠵᠠᠷ
ᠭᠤᠲᠤᠯ ᠪᠤᠰᠬᠠᠵᠤ ᠬᠠᠷᠪᠤᠳᠠᠭ》 ᠭᠡᠰᠡᠨ ᠳ᠋ᠦ᠍᠄
《ᠡᠭᠦᠨ ᠢ᠋ ᠪᠠᠰᠠ ᠬᠠᠷᠪᠤᠪᠠ ᠭᠡᠵᠦ
ᠡᠭᠦᠷᠢᠳᠡ ᠶᠡᠷᠦ ᠪᠣᠳᠣᠳᠠᠭ ᠦᠭᠡᠢ᠃
ᠮᠠᠨ ᠤ᠋ ᠨᠤᠲᠤᠭ ᠲᠤ᠌ ᠪᠣᠯᠪᠠᠯ
ᠭᠤᠷᠪᠠᠨ ᠵᠢᠯ ᠦ᠋ᠨ ᠭᠠᠵᠠᠷ
ᠭᠣᠮᠣᠳᠠᠯ ᠦᠭᠡᠢ ᠳᠤᠰᠬᠠᠬᠤ ᠪᠥᠭᠡᠳ
ᠭᠣᠳᠣᠰ ᠵᠠᠮ ᠤ᠋ᠨ ᠬᠣᠭᠣᠷᠣᠨᠳᠣ ᠨᠢ
ᠬᠣᠨᠢᠨ ᠴᠢᠨᠡᠭᠡᠨ ᠴᠠᠭᠠᠨ ᠴᠢᠯᠠᠭᠤ
ᠦᠬᠡᠷ ᠦ᠋ᠨ ᠴᠢᠨᠡᠭᠡᠨ ᠬᠠᠷ᠎ᠠ ᠴᠢᠯᠠᠭᠤ
ᠬᠤᠪᠠᠬᠠᠢ ᠰᠡᠭᠦᠵᠢ
ᠮᠥᠩᠭᠥᠨ ᠲᠡᠪᠡᠨᠡ
ᠡᠴᠦᠰ ᠲᠦ᠋ᠨᠢ ᠠᠯᠲᠠᠨ ᠲᠡᠪᠡᠨᠡ
ᠡᠰᠢ ᠶ᠋ᠢ ᠨᠢ ᠲᠣᠩᠭᠣᠷᠤᠤ ᠬᠠᠳᠬᠤᠵᠤ
ᠦᠵᠦᠭᠦᠷ ᠲᠦ᠋ᠨᠢ ᠰᠤᠮᠤ ᠪᠠᠨ ᠲᠣᠭᠲᠠᠭᠠᠳᠠᠭ》 ᠭᠡᠰᠡᠨ ᠳ᠋ᠦ᠍᠄
《ᠴᠢᠨᠦ ᠰᠤᠮᠤ ᠬᠡᠳᠦᠢ ᠲᠣᠰᠪᠠᠯ
ᠮᠢᠨᠦ ᠪᠠᠭᠠᠲᠤᠷ ᠤ᠋ᠳ ᠪᠠᠰᠠ ᠬᠣᠯᠠᠳᠠᠭᠤᠯᠬᠤ ᠦᠭᠡᠢ》 ᠭᠡᠵᠦ
ᠪᠠᠢᠭᠰᠠᠨ ᠪᠡᠯᠡᠳᠬᠡᠯ ᠢ᠋ᠶ᠋ᠡᠨ ᠪᠦᠷᠢᠳᠬᠡᠵᠦ
ᠪᠠᠭᠠᠲᠤᠷ ᠤ᠋ᠳ ᠨᠢ ᠤᠷᠢᠳᠠᠪᠡᠷ ᠬᠠᠷᠪᠤᠭᠰᠠᠨ ᠳ᠋ᠤ᠌
ᠰᠤᠮᠤ ᠨᠢ ᠦᠨᠡᠰᠦᠨ ᠣᠪᠣᠭᠠᠨ ᠤ᠋ ᠴᠠᠭᠠᠲᠠᠢ
ᠭᠢᠯᠠᠰ ᠭᠡᠵᠦ ᠲᠤᠰᠪᠠ ᠭᠡᠨ᠎ᠡ᠃
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠵᠢᠷ ᠠᠯᠲᠠᠨ ᠨᠤᠮᠤ ᠪᠠᠨ ᠡᠷᠭᠦᠵᠦ
ᠤᠷᠭᠤᠬᠤ ᠨᠠᠷᠠᠨ ᠤ᠋ ᠦᠶ᠎ᠡ ᠳ᠋ᠦ᠍ ᠳᠡᠯᠢᠵᠦ
ᠦᠳᠡ ᠶ᠋ᠢᠨ ᠨᠠᠷᠠᠨ ᠭᠣᠣᠯᠯᠠᠬᠤ ᠳ᠋ᠤ᠌ ᠲᠠᠯᠪᠢᠭᠰᠠᠨ ᠳ᠋ᠤ᠌
ᠬᠣᠨᠢᠨ ᠴᠢᠨᠡᠭᠡᠨ ᠴᠠᠭᠠᠨ ᠴᠢᠯᠠᠭᠤ
ᠬᠣᠭ ᠰᠤᠭ ᠬᠡᠢᠰᠴᠦ
ᠦᠬᠡᠷ ᠦ᠋ᠨ ᠴᠢᠨᠡᠭᠡᠨ ᠬᠠᠷ᠎ᠠ ᠴᠢᠯᠠᠭᠤ
ᠤᠢᠷᠢ ᠰᠡᠢᠷᠢ ᠪᠣᠯᠵᠤ
ᠬᠤᠪᠠᠬᠠᠢ ᠰᠡᠭᠦᠵᠢ ᠶ᠋ᠢᠨ ᠰᠦᠪᠡᠭᠴᠢ ᠪᠡᠷ ᠣᠷᠣᠭᠤᠯᠵᠤ
ᠮᠥᠩᠭᠥᠨ ᠲᠡᠪᠡᠨᠡ ᠶ᠋ᠢᠨ ᠰᠠᠨᠵᠢ ᠪᠠᠷ ᠰᠢᠷᠭᠤᠭᠤᠯᠵᠤ
ᠠᠯᠲᠠᠨ ᠲᠡᠪᠡᠨᠡ ᠶ᠋ᠢᠨ ᠦᠵᠦᠭᠦᠷ ᠳᠡᠭᠡᠷ᠎ᠡ ᠨᠢ ᠲᠣᠭᠲᠠᠭᠠᠵᠤ
ᠬᠣᠶᠠᠳᠤᠭᠠᠷ ᠮᠥᠷᠥᠢ ᠶ᠋ᠢ ᠨᠢ  ᠠᠪᠤᠪᠠ᠃
ᠬᠠᠷᠠᠵᠤ ᠪᠠᠢᠲᠠᠯ᠎ᠠ ᠬᠣᠶᠠᠷ ᠮᠥᠷᠥᠢ
ᠬᠠᠭᠠᠨ ᠬᠦᠦ ᠶ᠋ᠢᠨ ᠪᠣᠯᠤᠭᠰᠠᠨ ᠳ᠋ᠤ᠌᠂
ᠨᠠᠷᠠᠨ ᠬᠠᠭᠠᠨ ᠳᠣᠲᠣᠷ᠎ᠠ ᠪᠠᠨ ᠰᠠᠨᠳᠤᠷᠴᠤ
ᠨᠢᠭᠤᠴᠠ ᠪᠠᠷ ᠵᠠᠷᠤᠴᠠ ᠳᠠᠪᠬᠢᠭᠤᠯᠵᠤ
ᠭᠤᠷᠪᠠᠳᠤᠭᠠᠷ ᠮᠥᠷᠥᠢ ᠶ᠋ᠢ ᠪᠠᠲᠤᠯᠠᠶ᠎ᠠ ᠭᠡᠳ
ᠭᠣᠢᠳᠠ ᠪᠣᠳᠣᠯᠭ᠎ᠠ ᠲᠠᠯᠪᠢᠭᠠᠳ
ᠲᠩᠷᠢ ᠶ᠋ᠢᠨ ᠲᠡᠮᠦᠷ ᠬᠥᠬᠡ ᠪᠥᠬᠡ ᠶ᠋ᠢ ᠵᠠᠯᠠᠭᠰᠠᠨ ᠳ᠋ᠤ᠌
ᠲᠡᠷᠡ ᠪᠥᠬᠡ ᠶ᠋ᠢᠨ ᠢᠷᠡᠬᠦ ᠨᠢ
ᠲᠡᠮᠦᠷ ᠠᠷᠠᠯᠲᠤ ᠲᠡᠷᠭᠡᠨ ᠳ᠋ᠡᠭᠡᠨ ᠰᠠᠭᠤᠵᠤ
ᠲᠡᠩᠴᠡᠰᠢ ᠦᠭᠡᠢ ᠪᠠᠷᠳᠠᠮᠨᠠᠵᠤ
ᠲᠡᠮᠦᠷ ᠬᠣᠶᠠᠷ ᠮᠠᠨᠴᠤᠷᠭ᠎ᠠ ᠪᠠᠷ 
ᠲᠠᠯᠤᠨ ᠮᠥᠷᠥ ᠪᠡᠨ ᠴᠣᠬᠢᠭᠤᠯᠵᠤ
ᠬᠤᠶᠠᠩ ᠶᠤᠭᠠᠨ ᠳᠠᠷᠤᠭᠤᠯᠵᠤ 
ᠬᠣᠬᠣᠲᠣᠨᠠᠬᠤ ᠳᠠᠭᠤᠨ ᠬᠦᠩᠭᠢᠨᠡᠵᠦ
ᠰᠠᠪᠠ ᠮᠠᠯᠤ ᠲᠡᠪᠡᠷᠢᠵᠦ
ᠰᠠᠭᠠᠯᠢ ᠶ᠋ᠢᠨ ᠠᠷᠢᠬᠢ ᠤᠤᠭᠤᠵᠤ
ᠦᠬᠡᠷ ᠦ᠋ᠨ ᠭᠤᠶ᠎ᠠ ᠪᠠᠷᠢᠵᠤ
ᠡᠮᠬᠦ ᠡᠮᠬᠦ ᠪᠡᠷ ᠬᠣᠷᠣᠭᠳᠠᠵᠤ
ᠦᠰᠦ ᠰᠠᠬᠠᠯ ᠢ᠋ᠶ᠋ᠠᠨ ᠰᠡᠷᠪᠡᠢᠯᠭᠡᠨ
ᠥᠨᠳᠥᠷ ᠳᠠᠭᠤᠨ ᠢ᠋ᠶ᠋ᠠᠷ ᠵᠠᠩᠳᠤᠷᠴᠤ
ᠡᠩᠭᠡᠷ ᠵᠠᠭᠠᠮ᠎ᠠ ᠪᠠᠨ ᠢᠷᠡᠵᠦ
ᠡᠪᠴᠢᠭᠦᠦ ᠴᠡᠭᠡᠵᠢ ᠪᠡᠨ ᠡᠭᠡᠭᠡᠵᠦ
ᠡᠵᠡᠨ ᠦ᠌ ᠮᠥᠷᠥᠢ ᠶ᠋ᠢ ᠪᠠᠲᠤᠯᠠᠬᠤ ᠳ᠋ᠤ᠌ 
ᠡᠨᠡ ᠪᠡᠶ᠎ᠡ ᠶ᠋ᠢᠨ ᠬᠦᠴᠦ ᠪᠡᠨ ᠪᠠᠳᠠᠷᠠᠭᠤᠯᠬᠤ ᠳ᠋ᠤ᠌
ᠭᠠᠷ ᠬᠣᠭᠣᠰᠣᠨ ᠳᠠᠪᠬᠢᠵᠤ ᠶᠠᠭᠠᠬᠢᠪᠠ ᠭᠡᠳ
ᠭᠠᠳᠠᠨ᠎ᠠ ᠪᠠᠢᠭᠰᠠᠨ ᠬᠣᠨᠢ ᠶ᠋ᠢ  ᠰᠢᠭᠦᠷᠡᠨ ᠪᠠᠷᠢᠵᠤ
ᠭᠠᠯᠵᠠᠭᠤᠷᠠᠭᠰᠠᠨ ᠮᠡᠲᠦ ᠮᠠᠭᠰᠢᠵᠤ
ᠭᠠᠵᠠᠷ ᠬᠠᠶᠠᠨ ᠴᠢᠯᠠᠭᠤᠳᠠᠭᠠᠳ
ᠰᠦᠷᠡᠬᠡᠢ ᠳᠠᠭᠤᠨ ᠢ᠋ᠶ᠋ᠠᠷ ᠪᠠᠷᠬᠢᠷᠠᠵᠤ
ᠰᠦᠷ ᠦᠵᠡᠭᠦᠯᠦᠨ ᠡᠷᠭᠢᠭᠡᠳ 
ᠰᠦᠪᠡᠭᠡ ᠲᠤᠯᠵᠤ ᠠᠯᠴᠠᠢᠭᠠᠳ
ᠰᠦᠷᠳᠡᠭᠦᠯᠦᠨ ᠲᠡᠷᠡ ᠵᠣᠭᠰᠣᠭᠰᠠᠨ ᠳ᠋ᠤ᠌
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠪ ᠭᠡᠲᠡᠯ᠎ᠡ ᠪᠡᠯᠡᠳᠬᠡᠨ ᠲᠡᠭᠦᠰᠴᠦ
ᠭᠠᠷ ᠬᠣᠭᠣᠰᠣᠨ ᠪᠤᠤ ᠳᠠᠪᠬᠢᠶ᠎ᠠ ᠭᠡᠳ
ᠦᠨᠡᠰᠦᠨ ᠣᠪᠣᠭᠠᠨ ᠳ᠋ᠤ᠌ ᠬᠡᠪᠲᠡᠭᠰᠡᠨ
ᠬᠣᠮ ᠱᠠᠲᠤᠲᠡᠢ ᠬᠣᠶᠠᠷ ᠲᠡᠮᠡᠭᠡ ᠶ᠋ᠢ ᠪᠠᠷᠢᠵᠤ
ᠬᠤᠷᠤᠢᠯᠵᠠᠭᠰᠠᠨ ᠰᠠᠯᠬᠢᠨ ᠰᠢᠭ᠋ ᠳᠠᠪᠬᠢᠵᠤ
ᠬᠣᠲᠠᠯᠠᠭᠠᠷ ᠢ᠋ ᠨᠢᠭᠡ ᠲᠣᠭᠣᠷᠢᠵᠤ
ᠬᠣᠶᠠᠷ ᠲᠡᠰᠢ ᠠᠪᠤᠨ ᠲᠠᠶᠠᠭᠳᠠᠭᠠᠳ
ᠲᠡᠮᠦᠷ ᠬᠥᠬᠡ ᠪᠥᠬᠡ ᠲᠡᠢ ᠵᠣᠯᠭᠠᠵᠤ
ᠲᠩᠷᠢ ᠭᠠᠵᠠᠷ ᠨᠤᠷᠠᠲᠠᠯ᠎ᠠ ᠨᠣᠴᠣᠯᠳᠤᠵᠤ
ᠭᠠᠷ ᠭᠠᠷ ᠠ᠋ᠴᠠ ᠪᠠᠨ ᠠᠳᠬᠤᠵᠤ
ᠭᠠᠵᠠᠷ ᠨᠤᠷᠠᠮᠠᠷ ᠲᠤᠯᠤᠯᠳᠤᠵᠤ
ᠵᠣᠳᠣᠭ ᠵᠣᠳᠣᠭ ᠠ᠋ᠴᠠ ᠪᠠᠨ ᠠᠪᠴᠤ
ᠵᠠᠭᠤᠷᠠᠯᠳᠤᠨ ᠬᠦᠩᠬᠦᠵᠦ ᠠᠴᠠᠯᠳᠤᠵᠤ
ᠴᠢᠳᠠᠯ ᠴᠢᠳᠠᠯ ᠢ᠋ᠶ᠋ᠠᠨ ᠭᠠᠷᠭᠠᠵᠤ
ᠴᠡᠯᠴᠡᠢᠲᠡᠯ᠎ᠡ ᠴᠡᠯᠴᠡᠢᠲᠡᠯ᠎ᠡ ᠳᠤᠭᠲᠤᠷᠴᠤ
ᠡᠷᠳᠡᠮ ᠮᠡᠬᠡ ᠪᠡᠨ ᠬᠡᠷᠡᠭᠯᠡᠨ
ᠡᠷᠭᠢᠲᠡᠯ᠎ᠡ ᠡᠷᠭᠢᠲᠡᠯ᠎ᠡ ᠬᠠᠪᠰᠤᠷᠴᠤ
ᠬᠦᠴᠦ ᠬᠦᠴᠦᠨ ᠢ᠋ᠶ᠋ᠡᠨ ᠲᠡᠩᠰᠡᠵᠦ
ᠬᠥᠯ ᠬᠥᠯ ᠢ᠋ᠶ᠋ᠡᠨ ᠭᠣᠬᠠᠳᠠᠵᠤ
ᠠᠳᠬᠤᠯᠴᠠᠭᠰᠠᠨ ᠭᠠᠵᠠᠷ ᠠ᠋ᠴᠠ ᠨᠢ
ᠠᠯᠲᠠᠨ ᠲᠣᠪᠣᠷᠤᠤ ᠨᠢ ᠪᠤᠲᠠᠷᠠᠨ ᠤᠨᠠᠵᠤ
ᠮᠤᠰᠬᠢᠯᠳᠤᠭᠰᠠᠨ ᠭᠠᠵᠠᠷ ᠠ᠋ᠴᠠ ᠨᠢ
ᠮᠥᠩᠭᠥᠨ ᠲᠣᠯᠢ ᠨᠢ ᠬᠣᠪᠬᠣᠷᠠᠵᠤ
ᠥᠨᠳᠥᠷ ᠠᠰᠠᠷ ᠢ᠋ ᠲᠣᠭᠣᠷᠢᠭᠤᠯᠤᠨ
ᠥᠷᠭᠡᠨ ᠬᠠᠷᠰᠢ ᠶ᠋ᠢ ᠡᠷᠭᠢᠵᠦ
ᠦᠬᠦᠨ ᠵᠢᠭᠤᠷᠠᠯᠳᠤᠨ ᠨᠣᠴᠣᠯᠳᠤᠵᠤ
ᠦᠳᠡ ᠶ᠋ᠢᠨ ᠬᠢᠷᠢ ᠪᠣᠯᠬᠤ ᠳ᠋ᠤ᠌
ᠲᠡᠮᠦᠷ ᠬᠥᠬᠡ ᠪᠥᠬᠡ ᠲᠠᠮᠢᠷᠳᠠᠵᠤ
ᠲᠡᠮᠦᠷ ᠬᠥᠬᠡ ᠶ᠋ᠢᠨ ᠵᠣᠳᠣᠭ ᠨᠢ ᠬᠦᠨᠳᠦᠷᠡᠵᠦ
ᠲᠩᠷᠢ ᠶ᠋ᠢᠨ ᠪᠥᠬᠡ ᠪᠣᠯᠪᠠᠴᠤ
ᠲᠡᠰᠬᠦ ᠲᠡᠩᠬᠡᠭᠡ ᠦᠭᠡᠢ ᠪᠣᠯᠵᠤ
ᠠᠯᠬᠤᠭ᠎ᠠ ᠭᠢᠰᠬᠢᠭᠡ ᠨᠢ ᠰᠠᠮᠠᠭᠤᠷᠠᠵᠤ
ᠠᠮᠢᠰᠬᠤᠭ᠎ᠠ ᠬᠡᠢ ᠨᠢ ᠳᠡᠭᠡᠷᠡᠳᠡᠵᠦ
ᠠᠯᠠᠭ ᠬᠣᠶᠠᠷ ᠨᠢᠳᠦ ᠨᠢ ᠡᠷᠭᠢᠯᠳᠦᠵᠦ
ᠠᠤᠭ᠎ᠠ ᠬᠦᠴᠦ ᠨᠢ ᠪᠠᠷᠠᠭᠳᠠᠭᠰᠠᠨ ᠳ᠋ᠤ᠌ 
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠲᠦ ᠪᠡᠨ ᠵᠠᠭᠤᠨ ᠬᠦᠴᠦᠯᠡᠭᠡᠳ
ᠡᠮᠦᠰᠦᠭᠰᠡᠨ ᠵᠣᠳᠣᠭ ᠢ᠋ ᠨᠢ ᠬᠠᠩᠭᠠᠷᠠᠭᠤᠯᠵᠤ 
ᠡᠪᠴᠢᠭᠦᠦ ᠴᠡᠭᠡᠵᠢ ᠶ᠋ᠢ ᠨᠢ ᠲᠤᠷᠭᠢᠭᠤᠯᠵᠤ
ᠡᠷᠭᠢᠭᠦᠯᠵᠦ ᠡᠷᠭᠢᠭᠦᠯᠵᠦ ᠪᠠᠢᠭᠠᠳ
ᠡᠷᠡᠬᠡᠢ ᠶ᠋ᠢᠨ ᠴᠢᠨᠡᠭᠡ ᠪᠣᠯᠭᠠᠵᠤ
ᠬᠤᠷᠤᠢᠯᠠᠵᠤ ᠬᠤᠷᠤᠢᠯᠠᠵᠤ ᠪᠠᠢᠭᠠᠳ
ᠬᠤᠷᠤᠭᠤ ᠶ᠋ᠢᠨ ᠲᠡᠳᠦᠢ ᠪᠣᠯᠭᠠᠵᠤ
ᠬᠠᠪᠴᠢᠯ ᠭᠠᠵᠠᠷ ᠤ᠋ᠨ ᠠᠩ ᠢ᠋ᠶ᠋ᠠᠷ 
ᠬᠠᠶᠠ ᠴᠣᠬᠢᠵᠤ ᠣᠷᠣᠭᠤᠯᠪᠠ᠃
ᠨᠠᠷᠠᠨ ᠬᠠᠭᠠᠨ ᠤ᠋ ᠳᠠᠶᠠᠭᠠᠷ ᠦᠵᠡᠵᠦ
ᠨᠠᠷᠭᠢᠯᠳᠤᠨ ᠪᠦᠭᠦᠳᠡᠭᠡᠷ ᠭᠠᠢᠬᠠᠯᠳᠤᠵᠤ
ᠢᠯᠡᠢ ᠢᠯᠡᠢ ᠬᠥᠭᠡᠷᠦᠬᠦᠢ
ᠡᠰᠡᠯ᠎ᠡ ᠡᠰᠡᠯ᠎ᠡ ᠠᠯᠠᠪᠠ ᠭᠡᠳ
ᠬᠥᠮᠦᠨ ᠦ᠌ ᠰᠠᠢᠨ ᠪᠥᠬᠡ ᠶ᠋ᠢ 
ᠬᠥᠨᠳᠡᠢ ᠳ᠋ᠦ᠍ ᠴᠣᠬᠢᠵᠤ ᠣᠷᠣᠭᠤᠯᠪᠠ ᠭᠡᠳ
ᠬᠦᠷᠵᠡ ᠬᠦᠷᠵᠡ ᠵᠡᠭᠡᠲᠦᠦ ᠵᠡᠭᠡᠲᠦᠦ
ᠬᠥᠩᠭᠡᠨ ᠮᠠᠯᠲᠠᠵᠤ ᠭᠠᠷᠭᠠᠶ᠎ᠠ ᠭᠡᠬᠦ ᠳ᠋ᠦ᠍ 
ᠰᠢᠷᠡᠭᠡᠲᠦ ᠶ᠋ᠢᠨ ᠮᠡᠷᠭᠡᠨ ᠬᠠᠭᠠᠨ
ᠰᠢᠭᠡᠵᠡᠢ ᠬᠤᠷᠤᠭᠤ ᠪᠠᠷ ᠡᠯᠭᠦᠨ ᠡᠲᠡᠭᠰᠡᠨ ᠳ᠋ᠦ᠍ 
ᠦᠨᠡᠰᠦᠨ ᠣᠪᠣᠭᠠᠨ ᠤ᠋ ᠴᠠᠭᠠᠨ᠎ᠠ ᠨᠢ
ᠪᠣᠯᠳᠣᠭ ᠭᠡᠵᠦ ᠦᠵᠡᠭᠳᠡᠭᠰᠡᠨ ᠭᠡᠨ᠎ᠡ᠃
ᠪᠦᠭᠦᠳᠡ ᠭᠤᠷᠪᠠᠨ ᠮᠥᠷᠥᠢ ᠶ᠋ᠢ ᠨᠢ
ᠪᠤᠴᠠᠯ ᠦᠭᠡᠢ ᠢᠩᠭᠢᠵᠦ ᠠᠪᠤᠭᠠᠳ
ᠬᠡᠰᠢᠭ ᠲᠦ᠋ᠨᠢ ᠳᠠᠷᠤᠢ ᠮᠥᠷᠭᠥᠵᠦ
ᠬᠡᠬᠡᠷᠡᠲᠡᠯ᠎ᠡ ᠶᠡᠬᠡ ᠪᠠᠶᠠᠰᠬᠠᠵᠤ 
ᠭᠢᠯᠠᠭᠤᠨ ᠮᠡᠷᠭᠡᠨ ᠭᠦᠩᠵᠦ ᠶ᠋ᠢ ᠨᠢ
ᠬᠠᠨᠢ ᠪᠠᠨ ᠪᠣᠯᠭᠠᠨ ᠲᠠᠲᠠᠭᠠᠳ 
ᠬᠠᠭᠠᠨ ᠤ᠋ ᠲᠣᠮᠣ ᠪᠤᠶᠠᠨ ᠳᠡᠭᠡᠷ᠎ᠡ ᠨᠢ
ᠬᠠᠨᠲᠠᠯ᠎ᠠ ᠶᠡᠬᠡ ᠬᠤᠷᠢᠮᠯᠠᠵᠤ
ᠠᠪᠤ ᠶ᠋ᠢᠨ ᠨᠤᠲᠤᠭ ᠲᠠᠭᠠᠨ ᠪᠤᠴᠠᠬᠤ ᠪᠠᠷ
ᠠᠴᠢᠶ᠎ᠠ ᠬᠥᠰᠬᠡ ᠪᠡᠨ ᠬᠤᠮᠢᠵᠤ
ᠪᠠᠭᠠᠰᠤᠨ ᠤ᠋ ᠵᠠᠷᠤᠴᠠ ᠪᠠᠢᠭᠰᠠᠨ
ᠪᠠᠭ᠎ᠠ ᠰᠢᠭ᠋ ᠬᠠᠷ᠎ᠠ ᠬᠦᠦ ᠪᠡᠷ
ᠲᠡᠷᠢᠭᠦᠨ ᠲᠦᠰᠢᠮᠡᠯ ᠪᠣᠯᠭᠠᠵᠤ
ᠲᠥᠷᠥ ᠪᠡᠨ ᠲᠥᠯᠥᠭᠡᠯᠡᠵᠦ ᠬᠦᠷᠭᠡᠭᠦᠯᠪᠡ ᠭᠡᠨ᠎ᠡ᠃
ᠬᠥᠳᠡᠯᠦᠨ ᠭᠠᠷᠬᠤ ᠦᠶᠡᠰ ᠲᠤᠨᠢ
ᠬᠥᠭᠰᠢᠨ ᠬᠠᠭᠠᠨ ᠬᠠᠲᠤᠨ ᠲᠠᠢ ᠪᠠᠨ
ᠬᠦᠷᠭᠡᠨ ᠥᠬᠢᠨ ᠬᠣᠶᠠᠷ ᠲᠠᠭᠠᠨ
ᠬᠦᠨᠳᠦᠲᠦ ᠢᠷᠦᠭᠡᠯ ᠲᠠᠯᠪᠢᠭᠰᠠᠨ ᠨᠢ᠄
《ᠭᠠᠷᠤᠭᠰᠠᠨ ᠭᠠᠵᠠᠷ ᠲᠤ᠌ ᠴᠢᠨᠢ
ᠭᠠᠮᠰᠢᠭ ᠠᠷᠢᠯᠵᠤ
ᠬᠦᠷᠦᠭᠰᠡᠨ ᠭᠠᠵᠠᠷ ᠲᠤ᠌ ᠴᠢᠨᠢ
ᠬᠥᠨᠥᠭᠡᠯ ᠠᠷᠢᠯᠤᠭ!
ᠶᠠᠪᠤᠭᠰᠠᠨ ᠭᠠᠵᠠᠷ ᠲᠤ᠌ ᠴᠢᠨᠢ
ᠶᠠᠷᠰᠢᠭ ᠠᠷᠢᠯᠵᠤ
ᠠᠶᠠᠯᠠᠭᠰᠠᠨ ᠭᠠᠵᠠᠷ ᠲᠤ᠌ ᠴᠢᠨᠢ
ᠠᠶᠤᠯ ᠠᠷᠢᠯᠤᠭ!
ᠬᠣᠨᠣᠭᠰᠠᠨ ᠭᠠᠵᠠᠷ ᠲᠤ᠌ ᠴᠢᠨᠢ
ᠬᠣᠣᠷᠯᠠᠯ ᠠᠷᠢᠯᠵᠤ
ᠦᠳᠡᠯᠡᠭᠰᠡᠨ ᠭᠠᠵᠠᠷ ᠲᠤ᠌ ᠴᠢᠨᠢ
ᠦᠬᠦᠯ ᠠᠷᠢᠯᠤᠭ!
ᠴᠢᠭᠯᠡᠭᠰᠡᠨ ᠭᠠᠵᠠᠷ ᠢ᠋ᠶ᠋ᠠᠷ ᠴᠢᠨᠢ
ᠴᠠᠰᠤ ᠲᠠᠭᠠᠷᠠᠬᠤ ᠦᠭᠡᠢ
ᠮᠣᠷᠳᠠᠭᠰᠠᠨ ᠭᠠᠵᠠᠷ ᠢ᠋ᠶ᠋ᠠᠷ ᠴᠢᠨᠢ
ᠮᠥᠨᠳᠥᠷ ᠲᠠᠭᠠᠷᠠᠬᠤ ᠦᠭᠡᠢ
ᠪᠠᠭᠤᠳᠠᠯᠯᠠᠭᠰᠠᠨ ᠭᠠᠵᠠᠷ ᠢ᠋ᠶ᠋ᠠᠷ ᠴᠢᠨᠢ
ᠪᠣᠷᠣᠭᠠᠨ ᠲᠠᠭᠠᠷᠠᠬᠤ ᠦᠭᠡᠢ 
ᠰᠠᠭᠤᠳᠠᠯᠯᠠᠭᠰᠠᠨ ᠭᠠᠵᠠᠷ ᠢ᠋ᠶ᠋ᠠᠷ ᠴᠢᠨᠢ
ᠰᠠᠯᠬᠢᠨ ᠲᠠᠭᠠᠷᠠᠬᠤ ᠦᠭᠡᠢ
ᠥᠪᠡᠷ ᠵᠠᠭᠤᠷ᠎ᠠ ᠪᠠᠨ ᠨᠠᠢᠷᠲᠠᠢ
ᠥᠯᠵᠡᠢ ᠮᠥᠷ ᠲᠡᠢ ᠬᠠᠷᠢ!
ᠦᠰᠦ ᠪᠡᠨ ᠴᠠᠢᠲᠠᠯ᠎ᠠ ᠶᠠᠪᠤᠵᠤ
ᠦᠷ᠎ᠡ ᠬᠡᠦᠬᠡᠳ ᠢ᠋ᠶ᠋ᠡᠨ ᠦᠷᠡᠵᠢᠭᠦᠯ!
ᠡᠴᠢᠭᠡ ᠶ᠋ᠢᠨ ᠨᠤᠲᠤᠭ ᠲᠠᠭᠠᠨ ᠣᠴᠢᠵᠤ
ᠡᠶᠡᠲᠡᠢ ᠢᠨᠠᠭᠯᠠᠵᠤ ᠠᠮᠢᠳᠤᠷᠠ!
ᠡᠬᠡ ᠣᠷᠣᠨ ᠳ᠋ᠠᠭᠠᠨ ᠬᠦᠷᠴᠦ
ᠡᠪ ᠲᠡᠢ ᠰᠠᠢᠬᠠᠨ ᠣᠨ ᠳ᠋ᠤ᠌ ᠣᠷᠣ!
ᠠᠶᠠᠨ ᠵᠠᠮ ᠳ᠋ᠠᠭᠠᠨ ᠠᠮᠤᠷᠬᠠᠨ ᠶᠠᠪᠤᠵᠤ
ᠠᠢᠯ ᠨᠤᠲᠤᠭ ᠲᠠᠭᠠᠨ ᠠᠯᠳᠠᠷᠲᠠᠢ ᠬᠥᠷ!》 ᠭᠡᠵᠦ
ᠠᠷᠢᠭᠤᠨ ᠢᠷᠦᠭᠡᠯ ᠢ᠋ᠶ᠋ᠡᠨ ᠲᠠᠯᠪᠢᠵᠤ
ᠠᠰᠬᠠᠷᠠᠭᠰᠠᠨ ᠨᠢᠯᠪᠤᠰᠤ ᠪᠠᠨ ᠤᠨᠠᠭᠠᠭᠠᠳ᠂
ᠬᠠᠭᠠᠨ ᠬᠦᠦ ᠭᠢᠯᠠᠭᠤᠨ ᠮᠡᠷᠭᠡᠨ ᠭᠦᠩᠵᠦ ᠪᠡᠨ
ᠬᠠᠯᠠᠭᠤᠨ ᠨᠢᠯᠪᠤᠰᠤ ᠪᠠᠷ ᠢ᠋ᠶ᠋ᠠᠨ ᠦᠳᠡᠪᠡ ᠭᠡᠨ᠎ᠡ᠂ 
ᠬᠦᠷᠭᠡᠯ ᠦ᠋ᠨ ᠣᠯᠠᠨ ᠤᠯᠤᠰ ᠤ᠋ᠳ ᠨᠢ
ᠬᠦᠷᠢᠶᠡᠯᠡᠨ ᠲᠣᠭᠣᠷᠢᠵᠤ ᠶᠠᠪᠤᠭᠠᠳ
ᠡᠷᠡᠭᠲᠡᠢ ᠨᠢ ᠪᠠᠷᠠᠭᠤᠨ ᠳ᠋ᠤ᠌ ᠮᠥᠷᠯᠡᠵᠦ
ᠡᠮᠡᠭᠲᠡᠢ ᠨᠢ ᠵᠡᠭᠦᠨ ᠳ᠋ᠦ᠍ ᠮᠥᠷᠯᠡᠵᠦ
ᠡᠭᠡᠵᠦ ᠳᠠᠬᠢᠨ ᠪᠤᠴᠠᠶ᠎ᠠ ᠭᠡᠪᠡᠴᠦ
ᠡᠭᠡᠨᠡᠭᠲᠡ ᠡᠷᠭᠢᠵᠦ ᠪᠤᠴᠠᠬᠤ ᠦᠭᠡᠢ ᠳ᠋ᠦ᠍ 
ᠬᠠᠮᠠᠭᠤ ᠲᠠᠢ ᠳᠠᠭ᠎ᠠ ᠪᠠᠨ ᠠᠯᠬᠤᠭᠤᠯᠵᠤ
ᠦᠨᠡᠰᠦᠨ ᠣᠪᠣᠭᠠᠨ ᠳᠡᠭᠡᠷ᠎ᠡ ᠨᠢ ᠣᠴᠢᠵᠤ
ᠥᠩᠬᠥᠷᠢᠭᠦᠯᠦᠨ ᠬᠤᠪᠢᠯᠭᠠᠭᠠᠳ
ᠶᠡᠷᠦ ᠬᠤᠯᠤ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠪᠠᠨ ᠪᠣᠯᠭᠠᠵᠤ
ᠪᠠᠷᠠᠭᠤᠨᠰᠢ ᠭᠤᠷᠪᠠ ᠡᠷᠭᠢᠭᠦᠯᠵᠦ
ᠪᠠᠷᠠᠭᠤᠨ ᠬᠠᠮᠠᠷ ᠢ᠋ᠶ᠋ᠠᠷ ᠨᠢ ᠳᠣᠷᠭᠢᠭᠤᠯᠤᠭᠰᠠᠨ ᠳ᠋ᠤ᠌ 
ᠡᠷᠡᠭᠲᠡᠢᠴᠦᠳ ᠦ᠋ᠨ ᠡᠲᠡᠭᠡᠳ ᠲᠦ᠋ᠨᠢ 
ᠠᠯᠲᠠ ᠮᠥᠩᠭᠥ ᠥᠩᠭᠥᠷᠢᠳᠡᠭᠰᠡᠨ ᠳ᠋ᠦ᠍ 
ᠡᠷᠡᠭᠲᠡᠢ ᠨᠢ ᠲᠡᠨᠳᠡ ᠪᠡᠨ ᠬᠣᠴᠣᠷᠪᠠ ᠭᠡᠨ᠎ᠡ᠃
ᠵᠡᠭᠦᠨᠰᠢ ᠭᠤᠷᠪᠠ ᠡᠷᠭᠢᠭᠦᠯᠵᠦ
ᠵᠡᠭᠦᠨ ᠬᠠᠮᠠᠷ ᠢ᠋ᠶ᠋ᠠᠷ ᠨᠢ ᠳᠣᠷᠭᠢᠭᠤᠯᠤᠭᠰᠠᠨ ᠳ᠋ᠤ᠌
ᠡᠮᠡᠭᠲᠡᠢᠴᠦᠳ ᠦ᠋ᠨ ᠡᠲᠡᠭᠡᠳ ᠲᠦ᠋ᠨᠢ
ᠰᠤᠪᠤᠳ ᠲᠠᠨ᠎ᠠ ᠥᠩᠭᠥᠷᠢᠳᠡᠭᠰᠡᠨ ᠳ᠋ᠦ᠍ 
ᠡᠮᠡᠭᠲᠡᠢ ᠨᠢ ᠲᠡᠨᠳᠡ ᠪᠡᠨ ᠬᠣᠴᠣᠷᠤᠭᠰᠠᠨ ᠳ᠋ᠤ᠌ 
ᠰᠢᠷᠡᠭᠡᠲᠦ ᠶ᠋ᠢᠨ ᠮᠡᠷᠭᠡᠨ ᠬᠠᠭᠠᠨ ᠬᠦᠦ
ᠴᠢᠩᠭᠢᠵᠦ ᠴᠢᠨᠠᠭᠰᠢ ᠮᠣᠷᠳᠠᠭᠠᠳ
ᠢᠷᠡᠬᠦ ᠦᠶ᠎ᠡ ᠳ᠋ᠡᠭᠡᠨ ᠲᠠᠭᠠᠷᠠᠭᠰᠠᠨ
ᠢᠪᠡᠭᠡᠯ ᠲᠡᠢ ᠭᠤᠷᠪᠠᠨ ᠡᠷᠡᠭᠲᠡᠢ ᠡᠮᠡᠭᠲᠡᠢ ᠶ᠋ᠢ 
ᠡᠶᠡᠯᠳᠡᠭ ᠢ᠋ᠶ᠋ᠡᠷ ᠨᠡᠢᠯᠡᠭᠦᠯᠦᠨ ᠳᠠᠭᠠᠭᠤᠯᠵᠤ
ᠬᠣᠪᠢᠨ ᠤ᠋ ᠣᠷᠣᠨ ᠵᠦᠭ ᠶᠠᠪᠤᠬᠤ ᠳ᠋ᠠᠭᠠᠨ 
ᠡᠬᠡᠨᠡᠷ ᠲᠡᠭᠡᠨ ᠣᠴᠢᠵᠤ
ᠡᠴᠢᠭᠡ ᠡᠬᠡ ᠪᠡᠨ ᠰᠠᠨᠠᠭᠰᠠᠨ ᠢ᠋ᠶ᠋ᠠᠨ ᠬᠡᠯᠡᠵᠦ᠄
《ᠪᠢ ᠤᠷᠢᠳᠠ ᠪᠠᠷ ᠬᠠᠷᠢᠶ᠎ᠠ ᠭᠡᠵᠦ᠃
ᠳᠤᠭᠤᠢᠯᠠᠭᠰᠠᠨ ᠭᠠᠵᠠᠷ ᠮᠢᠨᠢ ᠦᠳᠡᠯᠡᠵᠦ
ᠳᠥᠷᠪᠡᠯᠵᠢᠯᠡᠭᠰᠡᠨ ᠭᠠᠵᠠᠷ ᠮᠢᠨᠢ ᠬᠣᠨᠣᠵᠤ ᠶᠠᠪᠤᠭᠠᠷᠠᠢ!》 ᠭᠡᠳ
ᠡᠬᠡᠨᠡᠷ ᠢ᠋ᠶ᠋ᠡᠨ ᠦᠨᠦᠰᠦᠨ ᠰᠠᠯᠵᠤ
ᠡᠴᠢᠭᠡ ᠶ᠋ᠢᠨ ᠨᠤᠲᠤᠭ ᠲᠠᠭᠠᠨ ᠢᠷᠡᠭᠰᠡᠨ ᠳ᠋ᠦ᠍᠂
ᠢᠰᠡᠭᠡᠢ ᠭᠡᠷ ᠦ᠋ᠳ ᠨᠢ ᠬᠠᠷᠠᠯᠠᠵᠤ
ᠢᠯᠢᠮ ᠵᠢᠯᠢᠮ ᠪᠣᠯᠤᠭᠰᠠᠨ ᠳ᠋ᠤ᠌ 
ᠡᠪᠴᠢᠭᠦᠦ ᠴᠡᠭᠡᠵᠢ ᠨᠢ ᠪᠤᠬᠢᠨᠢᠳᠤᠵᠤ᠄
ᠡᠵᠢ ᠠᠪᠤ ᠮᠢᠨᠢ! ᠭᠡᠵᠦ ᠤᠬᠢᠯᠠᠬᠤ ᠳ᠋ᠤ᠌ 
ᠡᠯᠢᠶ᠎ᠡ ᠱᠠᠭᠠᠵᠠᠭᠠᠢ ᠰᠣᠴᠢᠵᠤ
ᠡᠷᠭᠢᠨ ᠲᠣᠭᠣᠷᠢᠨ ᠨᠢᠰᠦᠭᠰᠡᠨ ᠳ᠋ᠦ᠍ 
ᠬᠠᠭᠠᠨ ᠬᠦᠦ ᠶ᠋ᠢᠨ ᠳᠣᠲᠣᠷ᠎ᠠ ᠨᠢ ᠬᠠᠷᠠᠯᠠᠵᠤ
ᠬᠠᠯᠠᠭᠤᠨ ᠨᠢᠯᠪᠤᠰᠤ ᠨᠢ ᠠᠰᠬᠠᠷᠠᠵᠤ
ᠬᠠᠮᠤᠭ ᠢ᠋ ᠲᠣᠭᠣᠷᠢᠨ ᠶᠠᠪᠤᠵᠤ
ᠬᠠᠷᠠᠵᠤ ᠰᠢᠨᠵᠢᠨ ᠪᠠᠢᠭᠰᠠᠨ ᠳ᠋ᠤ᠌ 
ᠳᠠᠯᠤ ᠶ᠋ᠢᠨ ᠶᠠᠰᠤ ᠲᠠᠭᠠᠷᠠᠵᠤ
ᠲᠡᠷᠡ ᠳᠠᠯᠤ ᠳᠡᠭᠡᠷ᠎ᠡ ᠨᠢ ᠪᠢᠴᠢᠭᠳᠡᠵᠦ ᠪᠠᠢᠬᠤ ᠨᠢ᠄
《ᠵᠦᠭ ᠦ᠋ᠨ ᠮᠠᠭᠤ ᠡᠲᠡᠭᠡᠳ
ᠵᠡᠭᠦᠨ ᠬᠣᠢᠲᠤ ᠵᠦᠭ ᠡᠴᠡ
ᠢᠷᠣᠭᠠᠷ ᠦᠭᠡᠢ ᠳᠠᠯᠠᠢ ᠠ᠋ᠴᠠ
ᠶᠣᠨᠳᠣᠷ ᠤ᠋ᠨ ᠭᠤᠷᠪᠠᠨ ᠮᠣᠳᠣᠨ ᠠ᠋ᠴᠠ
ᠬᠥᠯ  ᠦ᠋ᠨ ᠬᠢᠨᠢ ᠬᠢᠮᠤᠰᠤ ᠨᠢ
ᠬᠥᠳᠡᠭᠡ ᠳᠠᠰᠢ ᠤᠷᠭᠤᠵᠤ
ᠬᠢᠷᠥᠭᠡ ᠣᠭᠣᠯᠢ ᠪᠣᠯᠤᠭᠰᠠᠨ
ᠭᠠᠷ ᠤ᠋ᠨ ᠬᠢᠨᠢ ᠬᠢᠮᠤᠰᠤ ᠨᠢ
ᠭᠠᠳᠠᠭᠰᠢ ᠳᠣᠲᠣᠭᠰᠢ ᠤᠷᠭᠤᠵᠤ
ᠭᠠᠪ ᠳᠥᠩᠭᠡ ᠪᠣᠯᠤᠭᠰᠠᠨ
ᠬᠥᠬᠡ ᠡᠷᠢᠶᠡᠨ ᠨᠢᠳᠦ ᠲᠡᠢ
ᠬᠦᠷᠡᠩ ᠤᠯᠠᠭᠠᠨ ᠬᠠᠴᠠᠷ ᠲᠠᠢ
ᠬᠥᠮᠦᠨ ᠦ᠌ ᠮᠢᠬ᠎ᠠ ᠶ᠋ᠢ ᠢᠳᠡᠳᠡᠭ
ᠬᠡᠦᠬᠡᠳ ᠦ᠋ᠨ ᠮᠢᠬ᠎ᠠ ᠶ᠋ᠢ ᠵᠣᠭᠣᠭᠯᠠᠳᠠᠭ
ᠠᠷᠪᠠᠨ ᠬᠣᠶᠠᠷ ᠲᠣᠯᠣᠭᠠᠢ ᠲᠠᠢ
ᠠᠲᠤᠭᠠᠷ ᠬᠠᠷ᠎ᠠ ᠮᠠᠩᠭᠤᠰ ᠢᠷᠡᠵᠦ
ᠠᠪᠤ ᠡᠵᠢ ᠶ᠋ᠢ ᠴᠢᠨᠢ ᠰᠢᠭᠦᠷᠡᠵᠦ
ᠠᠷᠠᠳ ᠣᠯᠠᠨ ᠢ᠋ ᠴᠢᠨᠢ ᠠᠯᠪᠠᠳᠠᠵᠤ
ᠭᠠᠯ ᠭᠣᠯᠣᠮᠲᠠ ᠶ᠋ᠢ ᠴᠢᠨᠢ ᠰᠥᠨᠥᠭᠡᠵᠦ
ᠭᠠᠢᠬᠯᠲᠤ ᠤᠯᠤᠰ ᠢ᠋ ᠴᠢᠨᠢ ᠳᠦᠢᠪᠡᠭᠡᠪᠡ᠃
ᠠᠴᠢᠲᠤ ᠮᠡᠷᠭᠡᠨ ᠬᠦᠦ ᠮᠢᠨᠢ ᠴᠢ
ᠠᠪᠤ ᠡᠵᠢ ᠶ᠋ᠢᠨ ᠢ᠋ᠶ᠋ᠡᠨ ᠬᠣᠢᠨ᠎ᠠ ᠠ᠋ᠴᠠ ᠶᠠᠪᠤᠵᠤ
ᠠᠷᠠᠳ ᠣᠯᠠᠨ ᠢ᠋ᠶ᠋ᠠᠨ ᠠᠯᠪᠠᠳᠠᠭᠤᠯᠬᠤ ᠠ᠋ᠴᠠ ᠭᠠᠷᠭᠠᠶ᠎ᠠ ᠭᠡᠪᠡᠯ
ᠠᠮᠢ ᠪᠡᠶ᠎ᠡ ᠪᠡᠨ ᠭᠡᠭᠡᠨ᠎ᠡ᠃ ᠴᠢᠩᠭᠢᠬᠦ ᠡᠴᠡ
ᠠᠢᠯ ᠭᠡᠷ ᠢ᠋ᠶ᠋ᠡᠨ ᠪᠦᠲᠦᠭᠡᠵᠦ
ᠠᠯᠲᠠᠨ ᠲᠥᠷᠥ ᠪᠡᠨ ᠪᠠᠢᠭᠤᠯᠤᠨ ᠰᠠᠭᠤᠭᠠᠷᠠᠢ!》 ᠭᠡᠵᠦ
ᠳᠠᠬᠢᠨ ᠳᠠᠪᠲᠠᠨ ᠪᠢᠴᠢᠭᠰᠡᠨ ᠢ᠋ ᠦᠵᠡᠭᠡᠳ
ᠠᠭᠤᠷ ᠨᠢ ᠳᠡᠭᠳᠡᠵᠦ
ᠠᠭᠠᠷ ᠲᠤ᠌ ᠲᠤᠯᠤᠭᠠᠳ
ᠠᠯᠠᠶ᠎ᠠ ᠭᠡᠰᠡᠨ ᠰᠡᠳᠬᠢᠯ
ᠠᠶᠤᠤᠯᠢᠬᠠᠢ ᠳᠦᠭᠦᠷᠴᠦ
ᠪᠠᠷᠤᠢᠭᠰᠠᠨ ᠬᠢᠯᠢᠩ ᠨᠢ ᠳᠡᠭᠳᠡᠵᠦ
ᠪᠣᠭᠳᠠ ᠠᠭᠤᠯᠠᠨ ᠳ᠋ᠤ᠌ ᠲᠤᠯᠤᠭᠠᠳ
ᠪᠦᠷᠢᠯᠭᠡᠶ᠎ᠡ ᠭᠡᠰᠡᠨ ᠰᠡᠳᠬᠢᠯ
ᠪᠠᠭᠠᠯᠵᠤᠷ ᠲᠤᠨᠢ ᠪᠥᠭᠯᠡᠷᠡᠵᠦ
ᠶᠡᠷᠦ ᠬᠤᠯᠤ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠠ᠋ᠴᠠ ᠪᠠᠨ᠄
《ᠮᠠᠩᠭᠤᠰ ᠤ᠋ᠨ ᠣᠷᠣᠨ ᠳ᠋ᠤ᠌ ᠣᠴᠢᠬᠤ ᠳ᠋ᠤ᠌
ᠮᠠᠭᠠᠳ ᠡᠨᠳᠡᠭᠳᠡᠯ ᠪᠠᠢᠨᠠᠤ?》 ᠭᠡᠰᠡᠨ ᠳ᠋ᠦ᠍
ᠮᠣᠷᠢ ᠨᠢ ᠢᠩᠭᠢᠵᠦ ᠬᠠᠷᠢᠭᠤᠯᠤᠭᠰᠠᠨ ᠨᠢ᠄
《ᠵᠣᠷᠢᠭ ᠪᠠᠢᠪᠠᠯ ᠡᠵᠡᠨ ᠮᠢᠨᠢ
ᠵᠠᠭᠤ ᠬᠦᠷᠴᠦ ᠪᠣᠯᠤᠨ᠎ᠠ᠃
ᠶᠠᠳᠠᠷᠠᠬᠤ ᠳ᠋ᠤ᠌ ᠪᠦᠦ ᠮᠤᠬᠤᠷ ᠠ᠋!
ᠶᠠᠪᠤᠬᠤ ᠪᠠᠨ ᠮᠡᠳᠡ》 ᠭᠡᠳ᠂
ᠵᠡᠭᠦᠨ ᠬᠣᠢᠰᠢ ᠵᠦᠭᠯᠡᠵᠦ
ᠵᠢᠭᠦᠷᠲᠡᠨ ᠰᠢᠪᠠᠭᠤ ᠲᠠᠢ ᠤᠷᠤᠯᠳᠤᠵᠤ
ᠰᠠᠯᠬᠢᠨ ᠪᠣᠷᠣᠭᠠᠨ ᠳ᠋ᠤ᠌ ᠱᠤᠩᠪᠠᠵᠤ
ᠴᠠᠰᠤ ᠯᠠᠪᠰᠠᠨ ᠳ᠋ᠤ᠌ ᠰᠢᠷᠭᠤᠨ
ᠠᠭᠤᠯᠠ ᠰᠢᠯᠢ ᠶ᠋ᠢ ᠥᠩᠭᠡᠷᠡᠭᠡᠵᠦ
ᠠᠭᠤᠳᠠᠮ ᠲᠠᠯ᠎ᠠ ᠶ᠋ᠢ ᠲᠤᠭᠤᠯᠵᠤ
ᠬᠦᠢᠲᠡᠨ ᠣᠷᠣᠨ ᠳ᠋ᠤ᠌ ᠲᠤᠯᠵᠤ
ᠮᠥᠰᠥᠨ ᠠᠭᠤᠯᠠ ᠶ᠋ᠢ ᠬᠡᠰᠦᠵᠦ
ᠴᠠᠭ ᠢ᠋ ᠰᠢᠬᠠᠵᠤ
ᠡᠳᠦᠷ ᠢ᠋ ᠤᠭᠲᠤᠷᠭᠠᠨ
ᠵᠢᠯ ᠢ᠋ ᠰᠠᠷ᠎ᠠ ᠪᠠᠷ ᠳᠠᠪᠬᠢᠵᠤ
ᠰᠠᠷ᠎ᠠ ᠶ᠋ᠢ ᠡᠳᠦᠷ ᠢ᠋ᠶ᠋ᠡᠷ ᠲᠣᠪᠴᠢᠯᠠᠵᠤ
ᠡᠳᠦᠷ ᠢ᠋ ᠴᠠᠭ ᠢ᠋ᠶ᠋ᠠᠷ ᠨᠤᠭᠤᠯᠵᠤ
ᠴᠠᠭ ᠢ᠋ ᠮᠥᠴᠡ ᠪᠡᠷ ᠬᠤᠷᠢᠶᠠᠵᠤ
ᠢᠷᠣᠭᠠᠷ ᠦᠭᠡᠢ ᠳᠠᠯᠠᠢ
ᠶᠣᠨᠳᠣᠷ ᠤ᠋ᠨ ᠭᠤᠷᠪᠠᠨ ᠮᠣᠳᠣᠨ ᠤ᠋
ᠪᠤᠷᠵᠢᠭᠠᠷ ᠬᠠᠷ᠎ᠠ ᠮᠠᠩᠭᠤᠰ ᠤ᠋ᠨ
ᠪᠤᠵᠠᠷ ᠨᠤᠲᠤᠭ ᠲᠤᠨᠢ ᠬᠦᠷᠴᠦ
ᠳᠥᠷᠥᠭᠡ ᠴᠣᠬᠢᠨ ᠬᠠᠩᠭᠢᠨᠠᠭᠤᠯᠵᠤ
ᠳᠥᠷᠪᠡᠨ ᠵᠦᠭ ᠠᠵᠢᠭᠯᠠᠨ ᠶᠠᠪᠤᠬᠤ ᠳ᠋ᠤ᠌
ᠡᠪᠦᠭᠡᠨ ᠬᠥᠭᠰᠢᠨ ᠬᠣᠶᠠᠷ
ᠴᠥᠭᠡᠨ ᠲᠣᠭ᠎ᠠ ᠲᠠᠢ ᠬᠣᠨᠢ ᠬᠥᠭᠡᠭᠡᠵᠦ
ᠡᠮᠦᠰᠴᠦ ᠡᠳ᠋ᠯᠡᠭᠰᠡᠨ ᠬᠤᠪᠴᠠᠰᠤ ᠨᠢ
ᠤᠨᠵᠢᠢᠨ ᠨᠡᠪᠲᠡᠷᠡᠨ ᠤᠷᠠᠭᠳᠠᠵᠤ
ᠲᠠᠪᠤᠨ ᠬᠠᠭᠠᠨ ᠤ᠋ ᠤᠬᠤᠨ᠎ᠠ ᠰᠢᠭ᠋
ᠲᠠᠮᠢᠷᠳᠠᠨ ᠮᠠᠢᠭᠠᠵᠤ ᠶᠠᠪᠤᠨ᠎ᠠ᠃
ᠣᠢᠷ᠎ᠠ ᠣᠴᠢᠵᠤ ᠦᠵᠡᠭᠰᠡᠨ ᠳ᠋ᠦ᠍
ᠥᠭᠡᠷ᠎ᠡ ᠬᠥᠮᠦᠨ ᠪᠢᠰᠢ
ᠬᠠᠭᠠᠨ ᠲᠡᠭᠦᠰ ᠦ᠋ᠨ ᠪᠡᠶ᠎ᠡ
ᠬᠠᠯᠭᠤ ᠦᠭᠡᠢ ᠮᠥᠨ ᠭᠡᠨ᠎ᠡ᠃
ᠡᠴᠢᠭᠡ ᠬᠦᠦ ᠲᠡᠢ ᠪᠡᠨ ᠠᠭᠤᠯᠵᠠᠵᠤ
ᠬᠦᠵᠦᠭᠦᠦ ᠶ᠋ᠢ ᠨᠢ ᠲᠡᠪᠡᠷᠢᠨ ᠤᠬᠢᠯᠠᠵᠤ᠂
ᠥᠩᠭᠡᠷᠡᠭᠰᠡᠨ ᠢ᠋ᠶ᠋ᠡᠨ ᠬᠡᠯᠡᠯᠴᠡᠵᠦ
ᠥᠰᠢᠶ᠎ᠡ ᠠᠪᠬᠤ ᠪᠠᠨ ᠵᠥᠪᠳᠡᠪᠡ᠃
ᠬᠠᠭᠠᠨ ᠲᠡᠭᠦᠰ ᠦ᠋ᠨ ᠬᠡᠯᠡᠭᠰᠡᠨ ᠨᠢ
《ᠬᠠᠷ᠎ᠠ ᠠᠲᠤᠭᠠᠷ ᠮᠠᠩᠭᠤᠰ ᠪᠣᠯ
ᠬᠠᠯᠳᠠᠰᠢ ᠦᠭᠡᠢ ᠠᠷᠪᠢᠨ ᠰᠦᠨᠡᠰᠦ ᠲᠡᠢ
ᠬᠣᠶᠠᠷ ᠰᠦᠨᠡᠰᠦ ᠨᠢ ᠪᠡᠶ᠎ᠡ ᠳ᠋ᠡᠭᠡᠨ ᠪᠠᠢᠵᠤ
ᠬᠣᠴᠣᠷᠤᠭᠰᠠᠨ ᠪᠦᠬᠦᠨ ᠨᠢ ᠨᠠᠢ᠍ᠮᠠᠨ ᠵᠦᠭ ᠲᠦ᠍ ᠪᠠᠢᠳᠠᠭ᠃
ᠡᠳᠡᠭᠡᠷ ᠢ᠋ ᠣᠯᠵᠤ ᠰᠠᠷᠨᠢᠭᠤᠯᠬᠤ ᠦᠭᠡᠢ ᠪᠣᠯ
ᠡᠭᠦᠷᠢᠳᠡ ᠳᠡᠢᠯᠦᠨ᠎ᠡ ᠭᠡᠵᠦ ᠪᠦᠦ ᠰᠠᠨᠠ》 ᠭᠡᠰᠡᠨ ᠳ᠋ᠦ᠍᠃
ᠰᠢᠷᠡᠭᠡᠲᠦ ᠮᠡᠷᠭᠡᠨ ᠬᠠᠭᠠᠨ ᠬᠦᠦ
ᠰᠢᠳᠦ ᠪᠡᠨ ᠵᠠᠭᠤᠵᠤ
ᠡᠴᠢᠭᠡ ᠳ᠋ᠡᠭᠡᠨ ᠡᠷᠭᠢᠭᠦᠯᠵᠦ ᠬᠡᠯᠡᠭᠰᠡᠨ ᠨᠢ᠄
《ᠡᠭᠡᠵᠦ ᠪᠤᠴᠠᠵᠤ ᠬᠠᠷᠢᠭᠠᠳ
ᠡᠬᠡ ᠳ᠋ᠦ᠍ ᠮᠢᠨᠢ ᠬᠡᠯᠡᠭᠡᠳ
ᠡᠨᠡ ᠣᠷᠣᠢ ᠤᠨᠲᠠᠬᠤ ᠳ᠋ᠠᠭᠠᠨ
ᠮᠠᠩᠭᠤᠰ ᠤ᠋ᠨ ᠡᠷᠦᠬᠡ ᠶ᠋ᠢ ᠳᠠᠷᠤᠬᠤ ᠳ᠋ᠤ᠌
ᠮᠠᠩᠰᠢᠭᠤᠷᠠᠭᠤᠯᠤᠨ ᠶᠠᠭᠤᠮ᠎ᠠ ᠪᠤᠳᠤᠭᠤᠯᠬᠤ ᠪᠠᠷ᠄
《ᠮᠠᠷᠭᠠᠰᠢ ᠥᠷᠯᠥᠭᠡ ᠶ᠋ᠢᠨ ᠦᠶ᠎ᠡ ᠪᠡᠷ
ᠮᠠᠩᠭᠤᠰ ᠤ᠋ᠨ ᠨᠠᠷᠠᠨ ᠵᠡᠭᠦᠨ ᠬᠣᠢᠲᠤ ᠠ᠋ᠴᠠ
ᠮᠠᠨ ᠤ᠋ ᠨᠠᠷᠠᠨ ᠵᠡᠭᠦᠨ ᠡᠮᠦᠨ᠎ᠡ ᠡᠴᠡ》 ᠭᠡᠵᠦ ᠬᠡᠯᠡᠪᠡᠯ
《ᠶᠠᠷᠵᠢᠭᠠᠷ ᠬᠠᠷ᠎ᠠ ᠮᠠᠩᠭᠤᠰ
ᠶᠠᠮᠠᠷ ᠤᠬᠠᠭᠠᠨᠲᠠᠢ ᠦᠭᠡ ᠪᠣᠢ? ᠭᠡᠵᠦ
ᠶᠠᠳᠠᠷᠠᠲᠠᠯ᠎ᠠ ᠲᠡᠷᠡ ᠪᠣᠳᠣᠭᠠᠳ
ᠶᠠᠷᠰᠢᠭᠲᠠᠢ ᠮᠠᠭᠤ ᠵᠡᠭᠦᠳᠦᠯᠡᠵᠦ ᠤᠨᠲᠠᠬᠤ ᠶᠤᠮ》 ᠭᠡᠳ
ᠬᠤᠯᠤᠰᠤᠨ ᠰᠢᠷᠭ᠎ᠠ ᠮᠣᠷᠢ ᠪᠠᠨ ᠭᠤᠶᠠᠳᠠᠵᠤ
ᠬᠣᠯᠠ ᠵᠠᠢᠯᠠᠨ᠎ᠠ ᠶᠠᠪᠤᠪᠠ ᠭᠡᠨ᠎ᠡ᠃
ᠴᠢᠩᠭᠢᠭᠡᠳ ᠬᠠᠭᠠᠨ ᠬᠦᠦ ᠶᠠᠪᠤᠵᠤ
ᠡᠮᠦᠨ᠎ᠡ ᠠᠭᠤᠯᠠᠨ ᠳ᠋ᠤ᠌ ᠬᠦᠷᠦᠭᠰᠡᠨ ᠳ᠋ᠦ᠍
ᠮᠠᠩᠭᠤᠰ ᠤ᠋ᠨ ᠨᠢᠭᠡᠳᠦᠭᠡᠷ ᠰᠦᠨᠡᠰᠦ ᠨᠢ
ᠲᠡᠮᠡᠭᠡ ᠴᠢᠨᠡᠭᠡᠨ ᠲᠣᠮᠣ ᠠᠭᠠᠯᠵᠢ
ᠲᠩᠷᠢ ᠲᠤᠯᠤᠮ᠎ᠠ ᠦᠰᠦᠷᠴᠦ
ᠲᠡᠮᠦᠷ ᠬᠥᠯ ᠢ᠋ᠶ᠋ᠡᠨ ᠰᠠᠷᠪᠠᠢᠯᠭᠠᠨ ᠢᠷᠡᠬᠦ ᠳ᠋ᠦ᠍
ᠪᠣᠯᠣᠳ ᠨᠤᠮᠤ ᠪᠠᠨ ᠠᠪᠴᠤ
ᠪᠤᠯᠤ ᠪᠣᠯᠲᠠᠯ᠎ᠠ ᠳᠡᠯᠢᠵᠦ ᠲᠠᠯᠪᠢᠭᠰᠠᠨ ᠳ᠋ᠤ᠌
ᠲᠡᠮᠡᠭᠡᠨ ᠠᠭᠠᠯᠵᠢ ᠶ᠋ᠢᠨ ᠵᠢᠷᠦᠬᠡᠨ ᠳ᠋ᠦ᠍ ᠨᠢ
ᠲᠠᠰᠤ ᠨᠡᠪᠲᠡᠯᠵᠦ ᠣᠷᠣᠭᠰᠠᠨ ᠳ᠋ᠤ᠌᠂
ᠪᠠᠷᠠᠭᠤᠨ ᠡᠮᠦᠨ᠎ᠡ ᠵᠦᠭ ᠦ᠋ᠨ
ᠭᠠᠯᠵᠠᠭᠤ ᠬᠠᠷ᠎ᠠ ᠤᠬᠤᠨ᠎ᠠ ᠨᠢ
ᠭᠠᠩ ᠡᠪᠡᠷ ᠢ᠋ᠶ᠋ᠡᠨ ᠬᠠᠳᠬᠤᠵᠤ
ᠬᠠᠳᠠ ᠮᠥᠷᠭᠥᠨ ᠢᠷᠡᠬᠦ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠵᠢᠷ ᠡᠷᠳᠡᠨᠢ ᠶ᠋ᠢᠨ ᠢᠯᠳᠦ ᠪᠡᠨ ᠰᠤᠭᠤ ᠲᠠᠲᠠᠵᠤ
ᠰᠡᠢᠯᠪᠦᠷᠢ ᠭᠠᠷᠲᠠᠯ᠎ᠠ ᠴᠠᠪᠴᠢᠭᠠᠳ
ᠪᠠᠷᠠᠭᠤᠨ ᠵᠦᠭ ᠲᠦ᠍ ᠶᠠᠪᠤᠭᠰᠠᠨ ᠳ᠋ᠤ᠌
ᠪᠠᠷᠰ ᠲᠣᠭᠯᠠᠨ ᠬᠠᠷᠠᠢᠯᠠᠵᠤ
ᠠᠭᠵᠠᠰ ᠭᠡᠵᠦ ᠨᠣᠴᠣᠯᠳᠤᠨ ᠢᠷᠡᠭᠡᠳ
ᠠᠯᠲᠠᠨ ᠢᠯᠳᠦᠨ ᠳ᠋ᠦ᠍ᠨᠢ ᠴᠠᠪᠴᠢᠭᠳᠠᠵᠤ
ᠠᠩᠭᠢ  ᠬᠤᠪᠢᠶᠠᠷᠠᠨ ᠤᠨᠠᠪᠠ᠃
ᠪᠠᠷᠠᠭᠤᠨ ᠬᠣᠢᠲᠤ ᠵᠦᠭ ᠲᠦ᠍ ᠨᠢ
ᠭᠠᠯᠵᠠᠭᠤ ᠬᠤᠴᠠ ᠲᠣᠰᠴᠤ
ᠭᠠᠳᠠᠮ᠎ᠠ ᠬᠠᠳᠠ ᠶ᠋ᠢᠨ ᠣᠷᠣᠢ ᠠ᠋ᠴᠠ
ᠭᠠᠳᠠᠨ ᠪᠠᠭᠤᠵᠤ ᠢᠷᠡᠬᠦ ᠳ᠋ᠦ᠍᠂
ᠬᠥᠯ ᠨᠢ ᠭᠠᠵᠠᠷ ᠲᠤᠰᠬᠤ ᠠ᠋ᠴᠠ ᠡᠮᠦᠨ᠎ᠡ
ᠬᠥᠪᠴᠢ ᠶ᠋ᠢᠨ ᠳᠠᠭᠤᠨ ᠭᠠᠷᠤᠮᠠᠭᠴᠠ
ᠬᠥᠳᠡᠯᠵᠦ ᠲᠡᠷᠡ ᠴᠢᠳᠠᠭᠰᠠᠨ ᠦᠭᠡᠢ
ᠬᠥᠨᠳᠡᠢ ᠴᠡᠭᠡᠵᠢ ᠪᠡᠷ ᠨᠢ ᠨᠡᠪᠲᠡᠷᠡᠪᠡ᠃
ᠬᠣᠢᠲᠤ ᠵᠦᠭ ᠲᠦ᠍ ᠬᠡᠢᠰᠬᠡᠨ ᠣᠴᠢᠭᠰᠠᠨ ᠳ᠋ᠤ᠌
ᠠᠪᠤᠷᠭᠤ ᠪᠦᠳᠦᠭᠦᠨ ᠮᠣᠭᠠᠢ
ᠠᠷᠪᠠᠨ ᠰᠢᠯᠢ ᠶ᠋ᠢᠨ ᠭᠠᠵᠠᠷ ᠢ᠋ ᠣᠷᠢᠶᠠᠵᠤ
ᠠᠮᠢᠲᠠᠨ ᠪᠦᠬᠦᠨ ᠢ᠋ ᠰᠣᠷᠣᠵᠤ
ᠠᠲᠠᠷ ᠲᠠᠪᠠ ᠪᠠᠷ ᠢ᠋ᠶ᠋ᠠᠨ ᠬᠡᠪᠲᠡᠭᠡᠳ
ᠬᠠᠭᠠᠨ ᠬᠦᠦ ᠶ᠋ᠢᠨ ᠢᠷᠡᠬᠦ ᠶ᠋ᠢ ᠦᠵᠡᠭᠡᠳ
ᠬᠠᠮᠤᠭ ᠪᠡᠶ᠎ᠡ ᠪᠡᠨ ᠬᠣᠷᠢᠶᠠᠨ ᠠᠲᠤᠷᠢᠵᠤ
ᠬᠠᠷᠪᠤᠭᠰᠠᠨ ᠰᠤᠮᠤ ᠰᠢᠭ᠋ ᠲᠦᠷᠭᠡᠨ
ᠬᠠᠷᠰᠢᠯᠳᠤᠨ ᠨᠢᠴᠢᠭᠢᠨᠠᠨ ᠢᠷᠡᠬᠦ ᠳ᠋ᠦ᠍᠂
ᠪᠤᠮᠪᠠ ᠪᠠᠨ ᠡᠷᠭᠦᠨ ᠲᠣᠰᠴᠤ
ᠪᠣᠷᠣ ᠲᠣᠯᠣᠭᠠᠢ ᠶ᠋ᠢ ᠨᠢ ᠮᠠᠨᠠᠷᠠᠲᠠᠯ᠎ᠠ ᠮᠥᠷᠭᠥᠭᠦᠯᠵᠦ
ᠪᠥᠮᠪᠥᠷᠢᠨ ᠤᠷᠪᠠᠨ ᠤᠨᠠᠬᠤ ᠳ᠋ᠤ᠌
ᠪᠤᠰᠢᠭᠤᠬᠠᠨ ᠴᠠᠪᠴᠢᠵᠤ ᠬᠡᠰᠡᠭᠯᠡᠭᠡᠳ
ᠵᠡᠭᠦᠨ ᠬᠣᠢᠲᠤ ᠵᠦᠭ ᠲᠦ᠍ ᠣᠴᠢᠭᠰᠠᠨ ᠳ᠋ᠤ᠌
ᠠᠵᠢᠷᠭ᠎ᠠ ᠰᠦᠨᠡᠰᠦ ᠲᠡᠢ ᠲᠣᠬᠢᠶᠠᠯᠳᠤᠵᠤ
ᠳᠡᠯ ᠰᠡᠭᠦᠯ ᠢ᠋ᠶ᠋ᠡᠨ ᠬᠤᠷᠤᠢᠯᠠᠵᠤ
ᠳᠥᠷᠪᠡᠨ ᠲᠤᠭᠤᠷᠠᠢ ᠪᠠᠨ ᠴᠠᠪᠴᠢᠯᠠᠬᠤ ᠳ᠋ᠤ᠌
ᠠᠪᠤᠨ ᠬᠠᠷᠪᠤᠨ ᠠᠯᠠᠭᠠᠳ᠂
ᠵᠡᠭᠦᠨ ᠵᠦᠭ ᠲᠦ᠍ ᠣᠴᠢᠭᠰᠠᠨ ᠳ᠋ᠤ᠌
ᠵᠢᠪᠡᠭᠦᠨ ᠰᠠᠯᠬᠢᠨ ᠰᠦᠷᠴᠢᠭᠢᠨᠡᠵᠦ
ᠵᠢᠭᠲᠡᠢ ᠠᠷᠰᠯᠠᠨ ᠦᠰᠦᠷᠦᠨ ᠢᠷᠡᠭᠡᠳ
ᠵᠠᠭᠤᠷᠠᠯᠳᠤᠨ ᠬᠣᠶᠠᠭᠤᠯᠠ ᠭᠠᠵᠠᠷ ᠤᠨᠠᠵᠤ
ᠠᠭᠤᠯᠠᠨ ᠤ᠋ ᠡᠩᠭᠡᠷ ᠡᠴᠡ ᠨᠣᠴᠣᠯᠳᠤᠵᠤ
ᠣᠷᠣᠢ ᠶ᠋ᠢᠨ ᠳᠡᠭᠡᠷ᠎ᠡ ᠨᠢ ᠭᠠᠷᠲᠠᠯ᠎ᠠ ᠴᠣᠬᠢᠯᠳᠤᠵᠤ
ᠵᠣᠭᠳᠣᠷ ᠳᠡᠯ ᠡᠴᠡ ᠨᠢ ᠠᠳᠬᠤᠵᠤ
ᠵᠠᠭᠤᠷᠮ᠎ᠠ ᠪᠠᠬᠠᠨ ᠡᠷᠭᠦᠵᠦ ᠪᠠᠢᠭᠠᠳ
ᠵᠠᠭᠤᠨ ᠠᠯᠲᠠ ᠭᠠᠳᠠᠮ᠎ᠠ ᠬᠠᠳᠠ ᠤᠷᠤᠭᠤ
ᠵᠠᠶᠠᠭ᠎ᠠ ᠴᠢᠨᠢ ᠮᠡᠳᠡᠭ ᠭᠡᠵᠦ ᠣᠷᠬᠢᠭᠠᠳ
ᠵᠡᠭᠦᠨ ᠡᠮᠦᠨ᠎ᠡ ᠣᠴᠢᠭᠰᠠᠨ ᠳ᠋ᠤ᠌
ᠵᠡᠪᠡ ᠶ᠋ᠢᠨ ᠲᠤᠰᠤᠯᠲᠠ ᠮᠡᠳᠡᠭ ᠭᠡᠵᠦ
ᠵᠢᠭᠳᠡᠷᠡᠲᠡᠯ᠎ᠡ ᠲᠠᠲᠠᠵᠤ ᠬᠠᠷᠪᠤᠭᠠᠳ
ᠪᠤᠷᠤᠭᠤᠯᠠᠨ ᠳᠤᠲᠠᠭᠠᠬᠤ ᠪᠤᠬ᠎ᠠ ᠶ᠋ᠢ
ᠪᠤᠲᠠᠷᠠᠲᠠᠯ᠎ᠠ ᠬᠠᠷᠪᠤᠨ ᠠᠯᠠᠭᠠᠳ
ᠠᠷᠪᠠᠨ ᠬᠣᠶᠠᠷ ᠲᠣᠯᠣᠭᠠᠢ ᠲᠠᠢ
ᠠᠲᠤᠭᠠᠷ ᠬᠠᠷ᠎ᠠ ᠮᠠᠩᠭᠤᠰ ᠤ᠋ᠨ
ᠠᠢᠯ ᠭᠡᠷ ᠲᠦ᠋ᠨᠢ ᠤᠶᠠᠵᠤ
ᠠᠵᠢᠭᠯᠠᠨ ᠰᠠᠷᠠᠪᠴᠢᠯᠠᠵᠤ ᠦᠵᠡᠭᠰᠡᠨ ᠳ᠋ᠦ᠍
ᠲᠡᠮᠦᠷ ᠭᠠᠳᠠᠰᠤᠨ ᠪᠤᠯᠠᠭᠠᠲᠠᠢ
ᠰᠢᠷᠡᠮᠦᠨ ᠥᠷᠭᠡᠰᠦᠨ ᠲᠠᠲᠠᠯᠭ᠎ᠠ ᠲᠠᠢ
ᠳᠦᠭᠦᠷᠡᠩ ᠶᠡᠬᠡ ᠬᠠᠰᠢᠶᠠᠨ ᠳ᠋ᠠᠭᠠᠨ
ᠲᠦᠮᠡᠨ ᠮᠢᠩᠭᠠᠨ ᠠᠷᠠᠳ ᠢ᠋ ᠬᠣᠷᠢᠵᠤ
ᠡᠳᠦᠷ ᠰᠥᠨᠢ ᠶ᠋ᠢᠨ ᠢᠯᠭᠠᠯ ᠦᠭᠡᠢ
ᠡᠪᠴᠢᠭᠦᠦ ᠬᠡᠮᠬᠡᠷᠡᠲᠡᠯ᠎ᠡ ᠠᠵᠢᠯᠯᠠᠭᠤᠯᠵᠤ
ᠦᠢᠯᠡ ᠳ᠋ᠡᠭᠡᠨ ᠭᠠᠷᠭᠠᠭᠰᠠᠨ ᠡᠳ᠋ ᠢ᠋ ᠨᠢ
ᠥᠪᠡᠷ ᠦ᠋ᠨ ᠰᠠᠩ ᠳ᠋ᠠᠭᠠᠨ ᠲᠠᠲᠠᠳᠠᠭ
ᠶᠠᠰᠤ ᠶ᠋ᠢ ᠨᠢ ᠬᠤᠭᠤᠷᠠᠲᠠᠯ᠎ᠠ ᠶᠠᠪᠤᠭᠤᠯᠵᠤ
ᠠᠷᠠᠰᠤ ᠶ᠋ᠢ ᠨᠢ ᠢᠵᠠᠷᠠᠲᠠᠯ᠎ᠠ ᠭᠤᠶᠠᠳᠠᠵᠤ
ᠮᠠᠨᠠᠷᠠᠭᠤᠯᠤᠨ ᠲᠤᠨᠤᠷᠠᠭᠤᠯᠤᠨ ᠤᠨᠠᠭᠠᠵᠤ
ᠮᠢᠬ᠎ᠠ ᠴᠢᠰᠤ ᠶ᠋ᠢ ᠨᠢ ᠰᠣᠷᠣᠳᠠᠭ
ᠪᠣᠭᠣᠯ ᠰᠢᠪᠡᠭᠴᠢᠨ ᠢ᠋ᠶ᠋ᠡᠷ ᠲᠠᠬᠠᠷᠳᠠᠵᠤ
ᠪᠣᠰᠤᠭ᠎ᠠ ᠶ᠋ᠢᠨ ᠠᠶᠠᠭᠠᠴᠢ ᠪᠠᠨ ᠪᠣᠯᠭᠠᠵᠤ
ᠪᠥᠭᠡᠲᠥᠷ ᠪᠣᠯᠲᠠᠯ᠎ᠠ ᠠᠷᠠᠯᠳᠠᠭᠤᠯᠵᠤ
ᠪᠦᠷᠢᠯᠵᠦ ᠠᠷᠢᠯᠲᠠᠯ᠎ᠠ ᠮᠥᠯᠵᠢᠳᠡᠭ
ᠡᠢᠮᠦ ᠬᠠᠷᠭᠢᠰ ᠮᠠᠩᠭᠤᠰ ᠲᠤ᠌
ᠡᠰᠢ ᠦᠭᠡᠢ ᠶᠡᠬᠡ ᠠᠭᠤᠷᠯᠠᠵᠤ
ᠲᠡᠷᠰᠯᠡᠭᠦᠦ ᠮᠠᠩᠭᠤᠰ ᠢ᠋ ᠠᠷᠢᠯᠭᠠᠬᠤ ᠦᠭᠡᠢ ᠪᠣᠯ
ᠲᠩᠷᠢ ᠬᠠᠷᠠᠬᠤ ᠦᠭᠡᠢ ᠭᠡᠵᠦ ᠲᠠᠩᠭᠠᠷᠢᠭᠯᠠᠵᠤ
ᠨᠢᠭᠦᠯᠲᠦ ᠮᠠᠭᠤ ᠮᠠᠩᠭᠤᠰ ᠲᠠᠢ
ᠨᠢᠭᠡᠨ ᠨᠠᠷᠠᠨ ᠢ᠋ ᠰᠢᠲᠦᠬᠦ ᠦᠭᠡᠢ ᠭᠡᠵᠦ ᠠᠮᠠᠯᠳᠠᠭᠠᠳ
ᠮᠠᠩᠭᠤᠰ ᠤ᠋ᠨ ᠭᠡᠷ ᠡᠷᠦᠬᠡ ᠳ᠋ᠦ᠍ᠨᠢ
ᠮᠢᠷᠠᠨ ᠭᠡᠲᠡᠵᠦ ᠣᠢᠷᠠᠲᠤᠭᠠᠳ
ᠬᠠᠭᠠᠨ ᠲᠡᠭᠦᠰ ᠦ᠋ᠨ ᠪᠡᠶ᠎ᠡ ᠨᠢ
ᠬᠠᠯᠠᠰᠢᠷᠠᠲᠠᠯ᠎ᠠ ᠬᠦᠯᠢᠶᠡᠵᠦ ᠪᠠᠢᠵᠠᠢ᠃
ᠡᠴᠢᠭᠡ ᠬᠦᠦ ᠲᠡᠢ ᠪᠡᠨ ᠵᠣᠯᠭᠠᠵᠤ
ᠡᠢᠮᠦ ᠲᠡᠢᠮᠦ ᠭᠡᠵᠦ ᠰᠢᠪᠡᠨᠡᠯᠳᠦᠭᠡᠳ
ᠠᠷᠪᠠᠨ ᠬᠣᠶᠠᠷ ᠲᠣᠯᠣᠭᠠᠢ ᠲᠠᠢ
ᠠᠲᠤᠭᠠᠷ ᠬᠠᠷ᠎ᠠ ᠮᠠᠩᠭᠤᠰ ᠤ᠋ᠨ
ᠬᠥᠮᠦᠨ ᠦ᠌ ᠶᠠᠰᠤ ᠪᠠᠷ ᠬᠦᠷᠢᠶᠡᠯᠡᠵᠦ
ᠬᠡᠦᠬᠡᠳ ᠦ᠋ᠨ ᠶᠠᠰᠤ ᠪᠠᠷ ᠬᠤᠴᠢᠭᠰᠠᠨ
ᠭᠠᠪᠠᠯᠠ ᠶ᠋ᠢᠨ ᠶᠠᠰᠤ ᠪᠠᠷ ᠭᠠᠳᠠᠷᠯᠠᠵᠤ
ᠭᠠᠷ ᠬᠥᠯ ᠦ᠋ᠨ ᠶᠠᠰᠤ ᠪᠠᠷ ᠳᠣᠲᠣᠷᠯᠠᠭᠰᠠᠨ
ᠬᠣᠣᠷᠠᠲᠤ ᠮᠣᠭᠠᠢ ᠶ᠋ᠢᠨ ᠪᠦᠰᠡᠯᠡᠭᠦᠷ ᠲᠡᠢ
ᠬᠥᠮᠦᠨ ᠦ᠌ ᠠᠷᠠᠰᠤᠨ ᠬᠠᠶᠠᠭᠠᠪᠴᠢ ᠲᠠᠢ
ᠢᠷᠣ᠎ᠠ ᠲᠠᠲᠠᠭᠰᠠᠨ ᠭᠡᠷ ᠲᠦ᠋ᠨᠢ
ᠢᠷᠣ᠎ᠠ ᠮᠠᠭᠤ ᠲᠠᠢ ᠰᠠᠭᠤᠷᠢ ᠳ᠋ᠤᠨᠢ ᠣᠢᠷᠠᠳᠴᠤ᠂
ᠰᠠᠷᠠᠪᠴᠢ ᠶ᠋ᠢ ᠨᠢ ᠳᠡᠭᠡᠭᠰᠢ ᠵᠠᠪᠰᠠᠷᠯᠠᠵᠤ
ᠱᠠᠭᠠᠢᠵᠤ ᠳᠣᠲᠣᠭᠰᠢ ᠬᠠᠷᠠᠭᠰᠠᠨ ᠳ᠋ᠤ᠌᠂
ᠠᠶᠤᠩᠭ᠎ᠠ ᠶ᠋ᠢᠨ ᠨᠢᠷᠭᠡᠯᠲᠡ ᠳ᠋ᠦ᠍ ᠳᠠᠭᠠᠷᠢᠭᠳᠠᠪᠠ ᠭᠡᠵᠦ
ᠠᠶᠤᠯ ᠵᠢᠭᠲᠡᠢ ᠪᠡᠷ ᠵᠡᠭᠦᠳᠦᠯᠡᠵᠦ
ᠠᠶᠤᠨ ᠡᠮᠢᠶᠡᠨ ᠠᠲᠤᠷᠢᠵᠤ
ᠠᠶᠤᠤᠯᠢᠬᠠᠢ ᠪᠠᠨ ᠢᠷᠡᠨ ᠤᠨᠲᠠᠬᠤ ᠳ᠋ᠤ᠌
ᠬᠠᠮᠠᠷ ᠤ᠋ᠨ ᠬᠣᠶᠠᠷ ᠨᠦᠬᠡᠨ ᠡᠴᠡ ᠨᠢ
ᠬᠠᠷ᠎ᠠ ᠠᠯᠲᠠᠨ ᠯᠤᠤ ᠰᠦᠯᠵᠢᠵᠦ ᠪᠠᠢᠨ᠎ᠠ ᠭᠡᠨ᠎ᠡ᠃
ᠵᠢᠷᠪᠢᠯᠵᠡᠭᠰᠡᠨ ᠬᠣᠶᠠᠷ ᠯᠤᠤ ᠶ᠋ᠢᠨ
ᠵᠡᠷᠭᠡᠴᠡᠬᠦ ᠶ᠋ᠢ ᠲᠠᠭᠠᠷᠠᠭᠤᠯᠵᠤ ᠬᠠᠷᠪᠤᠭᠠᠳ
ᠵᠡᠷᠭᠡ ᠪᠡᠷ ᠨᠢ ᠰᠦᠪᠡᠯᠡᠵᠦ ᠠᠯᠠᠬᠤ ᠳ᠋ᠤ᠌
ᠠᠷᠪᠠᠨ ᠬᠣᠶᠠᠷ ᠲᠣᠯᠣᠭᠠᠢ ᠲᠠᠢ
ᠠᠲᠤᠭᠠᠷ ᠬᠠᠷ᠎ᠠ ᠮᠠᠩᠭᠤᠰ
ᠠᠶᠤᠩᠭ᠎ᠠ ᠰᠢᠭ᠋ ᠪᠠᠷᠬᠢᠷᠠᠵᠤ
ᠠᠭᠵᠠᠰ ᠭᠡᠵᠦ ᠦᠰᠦᠷᠦᠨ ᠪᠣᠰᠤᠭᠠᠳ
ᠴᠢᠨᠣ᠎ᠠ ᠶ᠋ᠢᠨ ᠰᠢᠲᠦ ᠲᠡᠢ ᠰᠢᠲᠠᠮ ᠢ᠋ᠶ᠋ᠠᠨ
ᠰᠢᠭᠦᠷᠦᠨ ᠠᠪᠤᠭᠠᠳ ᠵᠠᠨᠴᠢᠭᠰᠠᠨ ᠳ᠋ᠤ᠌
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠳᠠᠮ ᠢ᠋ ᠨᠢ ᠲᠣᠰᠣᠨ ᠴᠠᠪᠴᠢᠵᠤ
ᠳᠣᠣᠷ᠎ᠠ ᠪᠠᠨ ᠬᠣᠶᠠᠭᠤᠯᠠ ᠲᠤᠯᠤᠯᠳᠤᠵᠤ
ᠳᠣᠯᠣᠭ᠎ᠠ ᠨᠠᠢ᠍ᠮᠠ ᠵᠥᠷᠢᠯᠳᠦᠨ
ᠡᠷᠭᠢᠵᠦ ᠬᠣᠶᠠᠭᠤᠯᠠ ᠲᠤᠯᠤᠯᠳᠤᠵᠤ
ᠶᠢᠰᠦ ᠠᠷᠪᠠ ᠵᠥᠷᠢᠯᠳᠦᠨ
ᠠᠰ ᠳᠣᠣᠷ᠎ᠠ ᠪᠠᠨ ᠲᠤᠯᠤᠯᠳᠤᠵᠤ
ᠠᠷᠪᠠ ᠬᠣᠷᠢ ᠵᠥᠷᠢᠯᠳᠦᠨ
ᠬᠤᠷᠳᠤᠨ ᠳᠠᠷᠤᠢ ᠲᠤᠯᠤᠯᠳᠤᠵᠤ
ᠬᠣᠷᠢ ᠭᠤᠴᠢ ᠵᠥᠷᠢᠯᠳᠦᠨ
ᠠᠲᠤᠭᠠᠷ ᠮᠠᠩᠭᠤᠰ ᠠᠭᠤᠷᠯᠠᠨ
ᠠᠭᠤᠯᠠ ᠪᠠᠷ ᠠᠪᠤᠨ ᠴᠢᠯᠠᠭᠤᠳᠠᠵᠤ
ᠬᠠᠭᠠᠨ ᠬᠦᠦ ᠬᠢᠯᠢᠩᠯᠡᠵᠦ
ᠬᠠᠳᠠ ᠪᠠᠷ ᠠᠪᠤᠨ ᠰᠢᠲᠠᠵᠤ
ᠬᠥᠷᠥᠰᠥᠲᠦ ᠳᠡᠯᠡᠬᠡᠢ ᠶ᠋ᠢ  ᠬᠥᠪᠬᠡᠯᠵᠡᠲᠡᠯ᠎ᠡ
ᠬᠥᠬᠡ ᠳᠠᠯᠠᠢ ᠶ᠋ᠢ ᠴᠠᠯᠭᠢᠭᠤᠯᠵᠤ᠂
ᠠᠯᠲᠠᠨ ᠳᠡᠯᠡᠬᠡᠢ ᠶ᠋ᠢ ᠳᠣᠷᠭᠢᠭᠤᠯᠵᠤ
ᠠᠷᠤ ᠳᠠᠯᠠᠢ ᠶ᠋ᠢ ᠪᠤᠴᠠᠯᠲᠠᠯ᠎ᠠ
ᠠᠯᠠᠯᠳᠤᠭᠴᠢ ᠨᠢᠭᠡ ᠶ᠋ᠢ ᠪᠣᠳᠣᠬᠤ ᠨᠢ᠄
《ᠠᠪᠤ ᠡᠵᠢ ᠪᠡᠨ ᠬᠠᠮᠠᠭᠠᠯᠠᠵᠤ
ᠠᠷᠠᠳ ᠪᠦᠬᠦᠨ ᠢ᠋ᠶ᠋ᠡᠨ ᠭᠠᠷᠭᠠᠵᠤ
ᠠᠴᠢ ᠬᠡᠦᠬᠡᠳ ᠢ᠋ᠶ᠋ᠡᠨ ᠦᠷᠡᠵᠢᠭᠦᠯᠵᠦ
ᠠᠯᠪᠠᠲᠠᠨ ᠪᠣᠭᠣᠯᠴᠢᠯᠠᠬᠤ ᠠ᠋ᠴᠠ ᠠᠩᠭᠢᠵᠢᠷᠠᠭᠤᠯᠵᠤ
ᠠᠮᠤᠷ ᠰᠠᠢᠨ ᠳ᠋ᠠᠭᠠᠨ ᠠᠮᠢᠳᠤᠷᠠᠶ᠎ᠠ》 ᠭᠡᠳ
ᠠᠷᠭ᠎ᠠ ᠪᠠᠨ ᠭᠦᠢᠴᠡᠳᠬᠡᠨ ᠬᠦᠴᠦᠯᠡᠵᠦ
《ᠭᠣᠯᠣᠮᠲᠠ ᠪᠠᠨ ᠪᠠᠯᠠᠷᠠᠭᠤᠯᠤᠭᠰᠠᠨ ᠦᠰ ᠢ᠋ᠶ᠋ᠡᠨ
ᠭᠣᠮᠣᠳᠠᠯ ᠦᠭᠡᠢ ᠬᠠᠷᠢᠭᠤᠯᠤᠶ᠎ᠠ》 ᠭᠡᠵᠦ
ᠠᠯᠠᠬᠤ ᠰᠡᠳᠬᠢᠯ ᠰᠢᠭᠤᠳᠴᠠᠢ᠃
ᠠᠰᠲᠠᠭᠠᠨ ᠨᠢᠭᠡ ᠨᠢ ᠪᠣᠳᠣᠭᠰᠠᠨ ᠨᠢ
《ᠠᠭᠠᠷ ᠤ᠋ᠨ ᠨᠠᠷᠠᠨ ᠢ᠋ ᠠᠳᠬᠤᠵᠤ
ᠠᠯᠲᠠᠨ ᠳᠡᠯᠡᠬᠡᠢ ᠶ᠋ᠢ ᠭᠢᠰᠬᠢᠯᠡᠵᠦ
ᠠᠯᠳᠠᠷᠲᠤ ᠪᠠᠭᠠᠲᠤᠷ ᠤ᠋ᠳ ᠢ᠋ ᠰᠥᠨᠥᠭᠡᠵᠦ
ᠠᠭᠤᠳᠠᠮ ᠣᠷᠣᠨ ᠢ᠋ ᠨᠢ ᠡᠵᠡᠯᠡᠵᠦ
ᠠᠷᠠᠳ ᠣᠯᠠᠨ ᠢ᠋ ᠨᠢ ᠠᠯᠪᠠᠳᠠᠵᠤ
ᠠᠮᠢᠲᠠᠨ ᠪᠦᠬᠦᠨ ᠢ᠋ ᠨᠢ ᠳᠠᠷᠤᠯᠠᠶ᠎ᠠ》 ᠭᠡᠳ
《ᠰᠦᠨᠡᠰᠦ ᠪᠡᠨ ᠠᠯᠠᠭᠳᠠᠭᠰᠠᠨ ᠦᠰ ᠢ᠋ᠶ᠋ᠡᠨ
ᠰᠢᠨᠲᠠᠷᠠᠯ ᠦᠭᠡᠢ ᠠᠪᠤᠶ᠎ᠠ》 ᠭᠡᠳ
ᠠᠮᠢ ᠪᠠᠨ ᠬᠠᠶᠠᠵᠤ ᠳᠣᠭᠰᠢᠷᠠᠨ
ᠠᠭᠤᠯᠠ ᠬᠠᠳᠠ ᠶ᠋ᠢ ᠨᠤᠷᠠᠲᠠᠯ᠎ᠠ
ᠠᠭᠤᠳᠠᠮ ᠲᠠᠯ᠎ᠠ ᠶ᠋ᠢ ᠳᠠᠪᠠᠲᠠᠯ᠎ᠠ 
ᠤᠰᠤ ᠮᠥᠷᠡᠨ ᠢ᠋ ᠣᠷᠭᠢᠯᠲᠠᠯ᠎ᠠ
ᠣᠢ ᠰᠢᠭᠤᠢ ᠶ᠋ᠢ ᠬᠡᠪᠲᠡᠲᠡᠯ᠎ᠡ
ᠲᠠᠮᠢᠷ ᠲᠡᠩᠬᠡᠭᠡ ᠪᠡᠨ ᠦᠵᠡᠯᠴᠡᠨ
ᠳᠡᠰ ᠨᠢᠰ ᠵᠣᠳᠣᠯᠴᠠᠨ
ᠡᠷ᠎ᠡ ᠬᠦᠴᠦ ᠪᠡᠨ ᠦᠵᠡᠯᠴᠡᠨ
ᠡᠷᠭᠢ ᠶᠡᠭᠦᠷᠡᠲᠡᠯ᠎ᠡ ᠵᠠᠨᠴᠢᠯᠳᠤᠨ
ᠭᠠᠩ ᠵᠡᠪᠰᠡᠭ ᠨᠢ ᠮᠥᠷᠭᠥᠯᠳᠦᠨ
ᠭᠠᠯ ᠤ᠋ᠨ ᠨᠣᠷᠮ᠎ᠠ ᠨᠢ ᠪᠤᠲᠠᠷᠠᠨ
ᠬᠠᠷᠪᠤᠭᠰᠠᠨ ᠰᠤᠮᠤ ᠨᠢ ᠬᠢᠮᠤᠷᠠᠯᠳᠤᠨ
ᠬᠠᠭ᠎ᠠ ᠨᠢᠴᠠ ᠣᠴᠢᠵᠤ 
ᠬᠥᠲᠥ ᠵᠥᠷᠢᠨ ᠭᠠᠷᠴᠤ
ᠬᠥᠷᠪᠡᠨ ᠳᠠᠬᠢᠨ ᠣᠷᠣᠵᠤ 
ᠬᠡᠯᠲᠡ ᠵᠥᠷᠢᠨ ᠭᠠᠷᠴᠤ᠂
ᠬᠡᠯᠪᠡᠷᠢᠨ ᠳᠠᠬᠢᠨ ᠣᠷᠣᠵᠤ
ᠬᠠᠷᠠᠩᠭᠤᠢ ᠰᠥᠨᠢ ᠶ᠋ᠢᠨ ᠬᠣᠭᠣᠷᠣᠨᠳᠣ
ᠬᠠᠷᠠᠭ᠎ᠠ ᠶ᠋ᠢ ᠨᠢ ᠦᠵᠡᠨ ᠲᠤᠯᠤᠯᠴᠠᠵᠤ
ᠰᠠᠷᠠᠭᠤᠯ ᠰᠥᠨᠢ ᠶ᠋ᠢᠨ ᠬᠣᠭᠣᠷᠣᠨᠳᠣ
ᠰᠡᠭᠦᠳᠡᠷ ᠢ᠋ ᠨᠢ ᠦᠵᠡᠨ ᠪᠠᠢᠯᠳᠤᠵᠤ
ᠠᠯᠠᠶ᠎ᠠ ᠭᠡᠰᠡᠨ ᠰᠡᠳᠬᠢᠯ ᠨᠢ
ᠠᠭᠠᠷ ᠢ᠋ ᠲᠤᠯᠤᠨ ᠪᠠᠳᠠᠷᠠᠵᠤ
ᠠᠶᠤᠩᠭ᠎ᠠ ᠮᠡᠲᠦ ᠳᠠᠭᠤᠨ ᠨᠢ
ᠠᠷᠪᠠᠨ ᠰᠢᠯᠢ ᠶ᠋ᠢ ᠪᠦᠷᠬᠦᠵᠦ
ᠵᠠᠨᠤᠯᠲᠤ ᠰᠡᠳᠬᠢᠯ ᠨᠢ ᠪᠠᠳᠠᠷᠠᠵᠤ
ᠵᠠᠪᠠᠯ ᠠᠯᠠᠶ᠎ᠠ ᠭᠡᠵᠦ ᠪᠣᠳᠣᠭᠠᠳ
ᠵᠢᠭᠠᠵᠤ ᠢᠷᠡᠬᠦ ᠵᠡᠪᠰᠡᠭ ᠦ᠋ᠳ ᠨᠢ
ᠵᠢᠬᠡᠭᠦᠨ ᠰᠠᠯᠬᠢᠨ ᠲᠠᠲᠠᠵᠤ 
ᠰᠢᠲᠦ ᠪᠡᠨ ᠬᠠᠪᠢᠷᠤᠭᠰᠠᠨ ᠰᠡᠳᠬᠢᠯ ᠨᠢ
ᠰᠢᠷᠦᠭᠦᠨ ᠠᠶᠤᠮᠠᠷ ᠪᠣᠯᠵᠤ
ᠰᠢᠷᠦᠭᠦᠨ ᠢᠷᠡᠬᠦ ᠵᠡᠪᠰᠡᠭ ᠨᠢ
ᠰᠢᠷᠦᠭᠦᠨ ᠰᠠᠯᠬᠢᠨ ᠳᠡᠭᠳᠡᠵᠦ
ᠳᠠᠬᠢᠨ ᠳᠠᠬᠢᠨ ᠲᠤᠯᠤᠯᠳᠤᠵᠤ
ᠲᠠᠪᠤᠨ ᠡᠳᠦᠷ ᠪᠣᠯᠵᠤ
ᠵᠠᠭᠤᠷᠠᠯᠳᠤᠨ ᠵᠠᠭᠤᠷᠠᠯᠳᠤᠨ ᠨᠣᠴᠣᠯᠳᠤᠵᠤ
ᠵᠢᠷᠭᠤᠭᠠᠨ ᠡᠳᠦᠷ ᠪᠣᠯᠤᠭᠰᠠᠨ ᠳ᠋ᠤ᠌ 
ᠠᠲᠤᠭᠠᠷ ᠬᠠᠷ᠎ᠠ ᠮᠠᠩᠭᠤᠰ ᠤ᠋ᠨ 
ᠠᠤᠭ᠎ᠠ ᠬᠦᠴᠦ ᠨᠢ ᠪᠠᠭᠤᠷᠠᠵᠤ
ᠠᠳᠬᠤᠭᠰᠠᠨ ᠵᠡᠪᠰᠡᠭ ᠨᠢ ᠬᠦᠨᠳᠦᠷᠡᠵᠦ
ᠠᠷᠤ ᠶ᠋ᠢᠨ ᠬᠥᠯᠥᠰᠥ ᠨᠢ ᠭᠣᠭᠣᠵᠢᠭᠠᠳ
ᠬᠠᠯᠠᠰᠢᠷᠠᠵᠤ ᠳᠣᠲᠣᠷ᠎ᠠ ᠨᠢ ᠪᠥᠭᠯᠡᠷᠡᠵᠦ
ᠬᠠᠷᠠᠯᠠᠵᠤ ᠳᠣᠲᠣᠷ᠎ᠠ ᠨᠢ ᠮᠠᠨᠠᠷᠠᠵᠤ
ᠬᠠᠷᠢᠭᠤᠯᠤᠨ ᠵᠣᠳᠣᠬᠤ ᠶ᠋ᠢ ᠬᠡᠯᠡᠬᠦ ᠦᠭᠡᠢ
ᠬᠠᠯᠬᠠᠯᠠᠬᠤ ᠵᠠᠢ  ᠴᠤ᠌ ᠣᠯᠳᠠᠬᠤ ᠦᠭᠡᠢ
ᠴᠠᠪᠴᠢᠵᠤ ᠪᠠᠭᠤᠬᠤ ᠢᠯᠳᠦ ᠨᠢ
ᠴᠠᠬᠢᠯᠭᠠᠨ ᠤ᠋ ᠭᠡᠷᠡᠯ ᠰᠢᠭ ᠭᠢᠯᠪᠠᠯᠵᠠᠵᠤ
ᠴᠠᠰᠤ  ᠯᠠᠪᠰᠠᠨ ᠪᠠᠭᠤᠬᠤ ᠰᠢᠭ᠋ 
ᠴᠠᠭᠠᠨ᠎ᠠ ᠨᠠᠭᠠᠨ᠎ᠠ ᠨᠢ ᠲᠣᠰᠴᠤ
ᠮᠥᠯᠢᠢᠭᠰᠡᠨ ᠡᠷᠳᠡᠨᠢ ᠶ᠋ᠢᠨ ᠢᠯᠳᠦ ᠨᠢ
ᠮᠤᠩᠬᠠᠭ ᠮᠠᠩᠭᠤᠰ ᠤ᠋ᠨ ᠲᠣᠯᠣᠭᠠᠢ ᠤᠷᠤᠭᠤ
ᠮᠥᠨᠳᠥᠷ ᠣᠷᠣᠬᠤ ᠰᠢᠭ᠋ ᠪᠠᠭᠤᠵᠤ
ᠮᠤᠯᠲᠤ ᠮᠤᠯᠲᠤ ᠴᠠᠪᠴᠢᠭᠰᠠᠨ ᠳ᠋ᠤ᠌ 
ᠮᠢᠬ᠎ᠠ ᠤᠨᠠᠭᠰᠠᠨ ᠭᠠᠵᠠᠷ ᠠ᠋ᠴᠠ ᠨᠢ
ᠮᠠᠩᠭᠤᠰ ᠪᠣᠰᠤᠨ ᠭᠠᠷᠴᠤ
ᠮᠠᠨᠴᠤᠷᠭ᠎ᠠ ᠪᠠᠨ ᠰᠢᠭᠦᠷᠡᠨ ᠭᠦᠶᠦᠭᠡᠳ
ᠮᠢᠬ᠎ᠠ ᠢᠳᠡᠶ᠎ᠡ ᠭᠡᠵᠦ ᠪᠠᠷᠬᠢᠷᠠᠵᠠᠢ᠃
ᠴᠢᠰᠤ ᠲᠤᠰᠤᠭᠰᠠᠨ ᠭᠠᠵᠠᠷ ᠠ᠋ᠴᠠ ᠨᠢ
ᠰᠢᠮᠨᠤᠰ ᠪᠣᠰᠤᠨ ᠭᠠᠷᠴᠤ
ᠰᠢᠳᠠᠮ ᠢ᠋ᠶ᠋ᠠᠨ ᠰᠢᠭᠦᠷᠡᠨ ᠭᠦᠶᠦᠭᠡᠳ
ᠴᠢᠰᠤ ᠤᠤᠭᠤᠶ᠎ᠠ ᠭᠡᠵᠦ ᠪᠠᠷᠬᠢᠷᠠᠵᠠᠢ ᠃
ᠣᠯᠠᠨ ᠮᠠᠩᠭᠤᠰ ᠦᠢᠮᠡᠯᠳᠦᠨ
ᠣᠴᠢᠬᠤ ᠵᠠᠮ ᠢ᠋ ᠨᠢ ᠬᠠᠭᠠᠭᠠᠵᠤ᠂
ᠠᠷᠪᠢᠨ ᠰᠢᠮᠨᠤᠰ ᠠᠷᠵᠠᠢᠵᠤ
ᠠᠯᠬᠤᠬᠤ ᠵᠠᠮ ᠢ᠋ ᠨᠢ ᠬᠠᠭᠠᠭᠠᠵᠤ᠂ 
ᠡᠷᠭᠢᠨ ᠲᠣᠭᠣᠷᠢᠨ ᠡᠷᠪᠡᠢᠵᠦ
ᠡᠷᠭᠢᠬᠦ ᠵᠠᠮ ᠢ᠋ ᠨᠢ ᠬᠠᠭᠠᠭᠠᠵᠤ᠂ 
ᠪᠤᠭ ᠴᠢᠳᠬᠥᠷ ᠨᠢ ᠪᠣᠰᠴᠤ
ᠪᠤᠴᠠᠬᠤ ᠵᠠᠮ ᠢ᠋ ᠨᠢ ᠬᠠᠯᠬᠠᠯᠠᠵᠤ᠂
ᠪᠤᠭᠤᠷᠤᠯ ᠰᠠᠭᠠᠷᠠᠯ ᠢ᠋ᠶ᠋ᠠᠷ ᠪᠠᠷᠬᠢᠷᠠᠵᠤ
ᠪᠤᠰᠢᠭᠤᠬᠠᠨ ᠵᠠᠪᠳᠤᠵᠤ ᠢᠷᠡᠨ᠎ᠡ᠃
ᠵᠦᠭ ᠵᠦᠭ ᠡᠴᠡ ᠨᠢ ᠮᠠᠨᠴᠤᠷᠭᠠᠳᠠᠵᠤ
ᠵᠣᠭᠰᠣᠭᠠᠬᠤ ᠴᠢᠯᠥᠭᠡ ᠣᠯᠭᠣᠬᠤ ᠦᠭᠡᠢ᠂
ᠵᠣᠪᠬᠢᠰ ᠵᠣᠪᠬᠢᠰ ᠠ᠋ᠴᠠ ᠨᠢ ᠰᠢᠳᠠᠮᠳᠠᠵᠤ
ᠵᠠᠢᠯᠠᠬᠤ ᠵᠠᠪᠰᠢᠶᠠᠨ ᠣᠯᠭᠣᠬᠤ ᠦᠭᠡᠢ
ᠭᠤᠯᠭᠤᠨ ᠨᠢᠭᠤᠵᠤ ᠣᠢᠷᠠᠲᠤᠨ
ᠬᠣᠢᠨ᠎ᠠ ᠠ᠋ᠴᠠ ᠨᠢ ᠭᠡᠲᠡᠵᠦ ᠢᠷᠡᠨ
ᠰᠢᠷᠡᠭᠡᠲᠦ ᠶ᠋ᠢᠨ ᠮᠡᠷᠭᠡᠨ ᠬᠠᠭᠠᠨ ᠬᠦᠦ ᠶ᠋ᠢ 
ᠰᠢᠳᠠᠮᠳᠠᠵᠤ ᠮᠣᠷᠢᠨ ᠠ᠋ᠴᠠ ᠤᠨᠠᠭᠠᠭᠰᠠᠨ ᠳ᠋ᠤ᠌ 
ᠠᠲᠤᠭᠠᠷ ᠬᠠᠷ᠎ᠠ ᠮᠠᠩᠭᠤᠰ
ᠠᠮᠠ ᠪᠠᠨ ᠠᠩᠭᠠᠢᠨ ᠪᠠᠶᠠᠷᠯᠠᠵᠤ
ᠠᠮᠢᠳᠤ ᠮᠢᠬ᠎ᠠ ᠢᠳᠡᠶ᠎ᠡ ᠭᠡᠵᠦ
ᠠᠷᠪᠠᠢᠨ ᠰᠡᠷᠪᠡᠢᠨ ᠢᠷᠡᠭᠰᠡᠨ ᠳ᠋ᠦ᠍ 
ᠭᠡᠨᠡᠳᠲᠡ ᠭᠦᠶᠦᠨ ᠪᠣᠰᠴᠤ
ᠭᠡᠳᠡᠰᠦ ᠳᠡᠭᠡᠷ᠎ᠡ ᠨᠢ ᠣᠨᠢᠯᠠᠵᠤ
ᠭᠡᠳᠡᠷᠭᠡᠨ ᠣᠢᠴᠢᠲᠠᠯ᠎ᠠ ᠢᠰᠬᠦᠯᠵᠦ
ᠭᠡᠵᠢᠭᠡᠨ ᠡᠴᠡ ᠨᠢ ᠬᠣᠷᠢᠶᠠᠨ ᠪᠠᠷᠢᠭᠰᠠᠨ ᠳ᠋ᠤ᠌ 
ᠦᠮᠡᠬᠡᠢ ᠮᠠᠭᠤ ᠮᠠᠩᠭᠤᠰ
ᠢᠩᠭᠢᠵᠦ ᠶᠠᠭᠠᠬᠢᠵᠤ ᠪᠣᠯᠬᠤ ᠪᠣᠢ? ᠭᠡᠳ
ᠡᠷᠢᠶᠡᠨ ᠪᠠᠷᠢᠶᠠᠨ ᠪᠠᠷᠬᠢᠷᠠᠵᠤ
ᠡᠷᠭᠢᠨ ᠳᠠᠬᠢᠵᠤ ᠪᠣᠰᠤᠶ᠎ᠠ ᠭᠡᠲᠡᠯ᠎ᠡ
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠯᠢᠨ ᠬᠦᠵᠦᠭᠦᠦ ᠳᠡᠭᠡᠷ᠎ᠡ ᠨᠢ ᠭᠢᠰᠬᠢᠵᠦ
ᠰᠢᠷᠡᠮᠦᠨ ᠪᠣᠯᠣᠳ ᠨᠢᠳᠤᠷᠭ᠎ᠠ ᠪᠠᠷ
ᠰᠢᠯᠵᠢᠯ ᠦᠭᠡᠢ ᠴᠣᠬᠢᠭᠰᠠᠨ ᠳ᠋ᠤ᠌ 
ᠬᠥᠬᠡ ᠨᠢᠳᠦ ᠨᠢ ᠡᠷᠢᠶᠡᠯᠵᠢᠵᠦ
ᠬᠦᠷᠡᠩ ᠬᠡᠯᠡ ᠨᠢ ᠤᠨᠵᠢᠢᠵᠤ᠂
ᠬᠦᠴᠦ ᠲᠠᠮᠢᠷ ᠨᠢ ᠰᠠᠷᠨᠢᠵᠤ
ᠬᠥᠳᠡᠭᠡ  ᠲᠡᠰᠢ ᠬᠠᠨᠳᠤᠨ ᠬᠡᠪᠲᠡᠭᠡᠳ᠂
ᠰᠢᠷᠡᠭᠡᠲᠦ ᠶ᠋ᠢᠨ ᠮᠡᠷᠭᠡᠨ ᠬᠠᠭᠠᠨ ᠬᠦᠦ ᠳ᠋ᠦ᠍ 
ᠰᠢᠯᠵᠢᠯ ᠦᠭᠡᠢ ᠮᠥᠷᠭᠥᠵᠦ
ᠰᠢᠵᠢᠮ ᠲᠡᠳᠦᠢ ᠠᠮᠢ ᠪᠠᠨ
ᠰᠢᠪᠬᠤᠲᠠᠯ᠎ᠠ ᠭᠤᠶᠤᠵᠤ ᠪᠠᠢᠬᠤ ᠨᠢ᠄
《ᠠᠯᠢᠪᠠ ᠬᠥᠷᠥᠩᠭᠡ ᠪᠡᠨ ᠥᠭᠭᠦᠶ᠎ᠡ ᠪᠢ᠂
ᠠᠯᠲᠠ ᠮᠥᠩᠭᠥ ᠪᠡᠨ ᠪᠠᠷᠢᠶ᠎ᠠ ᠪᠢ᠂
ᠠᠯᠪᠠᠲᠤ ᠪᠣᠭᠣᠯ ᠴᠢᠨᠢ ᠪᠣᠯᠤᠶ᠎ᠠ ᠪᠢ᠂
ᠠᠭᠲᠠ ᠶ᠋ᠢᠨ ᠬᠥᠲᠥᠴᠢ ᠪᠡᠷ ᠴᠢᠨᠢ ᠶᠠᠪᠤᠶ᠎ᠠ ᠪᠢ᠂
ᠲᠠᠰᠢᠭᠤᠷ ᠢ᠋ ᠴᠢᠨᠢ ᠡᠷᠭᠦᠵᠦ
ᠳᠥᠷᠥᠭᠡ ᠶ᠋ᠢ ᠴᠢᠨᠢ ᠲᠦᠰᠢᠵᠦ
ᠬᠠᠷ᠎ᠠ ᠲᠣᠯᠣᠭᠠᠢ ᠪᠠᠨ ᠳᠠᠷᠤᠵᠤ
ᠬᠠᠮᠤᠭ ᠬᠦᠴᠦ ᠪᠡᠨ ᠡᠷᠭᠦᠶ᠎ᠡ᠂
ᠠᠮᠢ ᠶ᠋ᠢ ᠮᠢᠨᠢ ᠠᠪᠤᠷᠠᠪᠠᠯ
ᠠᠮᠢᠳᠤ ᠪᠤᠷᠬᠠᠨ ᠰᠢᠭ᠋ ᠰᠢᠲᠦᠶ᠎ᠡ᠂
ᠠᠯᠠᠬᠤ ᠪᠠᠨ ᠵᠣᠭᠰᠣᠵᠤ ᠨᠠᠮᠠᠶ᠋ᠢ
ᠠᠭᠤᠴᠢᠯᠠᠨ  ᠦᠷᠦᠰᠢᠶ᠎ᠡ》 ᠭᠡᠰᠡᠨ ᠳ᠋ᠦ᠍ 
ᠮᠠᠩᠭᠤᠰ ᠤ᠋ᠨ ᠶᠠᠯ᠎ᠠ ᠶ᠋ᠢ ᠨᠢ ᠲᠣᠭᠠᠴᠢᠵᠤ
ᠮᠠᠭᠤ ᠲᠡᠦᠬᠡ ᠶ᠋ᠢ ᠨᠢ ᠶᠠᠷᠢᠵᠤ
ᠣᠯᠠᠨ ᠤ᠋ ᠦᠰ ᠢ᠋ ᠠᠪᠬᠤ ᠳ᠋ᠤ᠌ 
ᠣᠭᠲᠣ ᠴᠢᠮᠠᠶ᠋ᠢ ᠥᠷᠥᠰᠢᠶᠡᠬᠦ ᠦᠭᠡᠢ
ᠴᠢᠨᠦ ᠭᠠᠷ ᠲᠤ᠌ ᠦᠬᠦᠭᠰᠡᠨ
ᠰᠢᠳᠤᠷᠭᠤ ᠠᠷᠠᠳ ᠤ᠋ᠨ ᠲᠥᠯᠥᠭᠡ ᠭᠡᠵᠦ
ᠡᠷᠳᠡᠨᠢ ᠶ᠋ᠢᠨ ᠢᠯᠳᠦ ᠪᠡᠨ ᠳᠠᠯᠠᠢᠵᠤ
ᠡᠷᠭᠢᠭᠦᠦ ᠲᠣᠯᠣᠭᠠᠢ ᠶ᠋ᠢ ᠨᠢ ᠲᠠᠰᠤ ᠴᠠᠪᠴᠢᠭᠠᠳ
ᠲᠡᠮᠦᠷ ᠬᠡᠷᠡᠮ ᠢ᠋ ᠨᠢ ᠡᠪᠳᠡᠵᠦ
ᠲᠦᠪᠡᠭᠳᠡᠭᠰᠡᠨ ᠣᠯᠠᠨ ᠢ᠋ᠶ᠋ᠠᠨ ᠲᠠᠯᠪᠢᠵᠤ
ᠠᠪᠤ ᠡᠵᠢ ᠪᠡᠨ ᠠᠪᠤᠭᠠᠳ
ᠠᠷᠠᠳ ᠣᠯᠠᠨ ᠢ᠋ᠶ᠋ᠠᠨ ᠳᠠᠭᠠᠭᠤᠯᠵᠤ
ᠠᠴᠢᠶ᠎ᠠ ᠬᠥᠰᠬᠡ ᠪᠡᠨ ᠵᠠᠰᠠᠵᠤ
ᠠᠶᠠᠨ ᠵᠠᠮ ᠳ᠋ᠠᠭᠠᠨ ᠮᠣᠷᠳᠠᠬᠤ ᠳ᠋ᠠᠭᠠᠨ 
ᠮᠠᠩᠭᠤᠰ ᠤ᠋ᠨ ᠨᠢᠭᠦᠯᠲᠦ ᠦᠬᠦᠳᠡᠯ ᠢ᠋ 
ᠮᠠᠭᠤ ᠬᠠᠷᠰᠢ ᠣᠷᠳᠣᠨ ᠲᠠᠢ ᠨᠢ
ᠵᠢᠩᠰᠡᠷᠭᠡᠯᠡᠨ ᠭᠠᠯ ᠲᠠᠯᠪᠢᠵᠤ
ᠵᠡᠭᠦᠨ ᠡᠮᠦᠨ᠎ᠡ ᠲᠢᠪ ᠲᠡᠭᠡᠨ ᠢᠷᠡᠭᠰᠡᠨ ᠳ᠋ᠦ᠍ 
ᠬᠢᠯᠠᠭᠤᠨ ᠮᠡᠷᠭᠡᠨ ᠠᠪᠠᠭᠠᠢ ᠨᠢ
ᠬᠡᠵᠢᠶᠡᠨᠡᠢ ᠬᠦᠷᠴᠦ ᠢᠷᠡᠭᠡᠳ
ᠬᠡᠷᠡᠮ ᠬᠠᠰᠢᠶ᠎ᠠ ᠪᠠᠨ ᠵᠠᠰᠠᠵᠤ
ᠬᠡᠪ ᠳᠦᠷᠢ ᠪᠡᠷ ᠪᠣᠯᠭᠠᠵᠠᠢ ᠃
ᠬᠠᠷᠢᠵᠤ ᠢᠷᠡᠭᠰᠡᠨ ᠤᠯᠤᠰ ᠲᠠᠢ
ᠬᠠᠷᠢᠯᠴᠠᠨ ᠦᠨᠦᠰᠦᠨ ᠲᠡᠪᠡᠷᠢᠯᠳᠦᠵᠦ
ᠬᠠᠯᠠᠭᠤᠨ ᠨᠢᠯᠪᠤᠰᠤ ᠪᠠᠨ ᠠᠰᠬᠠᠷᠠᠭᠤᠯᠵᠤ
ᠬᠢᠵᠠᠭᠠᠯᠠᠰᠢ ᠦᠭᠡᠢ ᠪᠠᠶᠠᠷᠯᠠᠯᠳᠤᠨ
ᠬᠠᠭᠠᠨ ᠲᠡᠭᠦᠰ ᠠᠪᠤ᠂ ᠬᠠᠲᠤᠨ ᠡᠵᠢ ᠳ᠋ᠡᠭᠡᠨ 
ᠬᠠᠷᠢ ᠳ᠋ᠤ᠌ ᠢᠷᠡᠭᠰᠡᠨ ᠪᠡᠷᠢ ᠶ᠋ᠢᠨ ᠶᠣᠰᠣ ᠶ᠋ᠢ ᠬᠢᠵᠦ
ᠬᠠᠷᠢᠶᠠᠲᠤ ᠠᠷᠠᠳ ᠣᠯᠠᠨ ᠢ᠋ᠶ᠋ᠠᠨ ᠴᠤᠭᠯᠠᠭᠤᠯᠵᠤ
ᠬᠠᠮᠲᠤᠷᠠᠭᠰᠠᠨ ᠶᠡᠬᠡ ᠪᠠᠶᠠᠷ ᠬᠢᠵᠦ
ᠬᠢᠲᠤᠭ᠎ᠠ ᠲᠠᠯᠪᠢᠬᠤ ᠦᠭᠡᠢ ᠴᠠᠳᠲᠠᠯ᠎ᠠ ᠮᠢᠬ᠎ᠠ ᠢᠳᠡᠵᠦ
ᠬᠤᠨᠳᠠᠭ᠎ᠠ ᠲᠠᠯᠪᠢᠯ ᠦᠭᠡᠢ ᠬᠠᠨᠲᠠᠯ᠎ᠠ ᠠᠷᠢᠬᠢ ᠤᠤᠭᠤᠵᠤ
ᠨᠠᠶᠠᠨ ᠡᠳᠦᠷ ᠦ᠋ᠨ ᠨᠠᠢᠷ ᠬᠢᠵᠦ
ᠵᠢᠷᠠᠨ ᠡᠳᠦᠷ ᠦ᠋ᠨ ᠵᠢᠷᠭᠠᠯ ᠬᠢᠵᠦ
ᠠᠯᠳᠠᠷᠲᠤ ᠤᠯᠤᠰ ᠢ᠋ᠶ᠋ᠠᠨ ᠪᠠᠢᠭᠤᠯᠵᠤ
ᠠᠮᠤᠷ ᠰᠠᠢᠨ ᠳ᠋ᠠᠭᠠᠨ ᠵᠢᠷᠭᠠᠭᠰᠠᠨ ᠭᠡᠨ᠎ᠡ᠃