ᠵᠠᠭᠠᠷ ᠪᠦᠷᠢᠳᠦ ᠶ᠋ᠢᠨ ᠬᠠᠭᠠᠨЖаар бүрдийн хаан Jaar bürdiin khaan ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠭᠠᠷ ᠪᠦᠷᠢᠳᠦ ᠶ᠋ᠢᠨ ᠬᠠᠭᠠᠨЖаар бүрдийн хаан Jaar bürdiin khaan

ᠵᠠᠭᠠᠷ ᠪᠦᠷᠢᠳᠦ ᠶ᠋ᠢᠨ ᠬᠠᠭᠠᠨЖаар бүрдийн хаан Jaar bürdiin khaan

ᠠᠩᠭᠢᠯᠠᠯ:ᠲᠤᠤᠯᠢᠰ
2025-02-28

391

ᠠᠯᠢ ᠡᠷᠲᠡ ᠨᠢᠭᠡᠨ ᠴᠠᠭ ᠲᠤ᠌ 
ᠠᠭᠤᠳᠠᠮ ᠮᠣᠩᠭᠣᠯ ᠤ᠋ᠨ ᠨᠤᠲᠤᠭ ᠳᠡᠭᠡᠷ᠎ᠡ 
ᠵᠠᠭᠠᠷ ᠪᠦᠷᠢᠳᠦ ᠨᠡᠷ᠎ᠡ ᠲᠡᠢ 
ᠵᠠᠯᠠᠭᠤ ᠨᠢᠭᠡᠨ ᠬᠠᠭᠠᠨ᠂
ᠡᠵᠡᠨ ᠲᠥᠷᠥ ᠪᠡᠨ ᠡᠵᠡᠮᠰᠢᠵᠦ 
ᠡᠩ ᠦᠭᠡᠢ ᠶᠡᠬᠡ ᠵᠢᠷᠭᠠᠯ ᠢ᠋ᠶ᠋ᠠᠷ 
ᠠᠵᠤ ᠲᠥᠷᠥᠨ ᠪᠠᠢᠭᠰᠠᠨ ᠳ᠋ᠤ᠌᠂
ᠠᠲᠠᠭᠠᠲᠠᠨ ᠳᠠᠢᠰᠤᠨ ᠳᠠᠭᠠᠷᠢᠵᠤ 
ᠠᠯᠲᠠᠨ ᠬᠢᠯᠢ ᠶ᠋ᠢ ᠨᠢ ᠬᠠᠯᠳᠠᠵᠤ 
ᠠᠷᠠᠳ ᠣᠯᠠᠨ ᠢ᠋ ᠨᠢ ᠵᠣᠪᠠᠭᠠᠨ 
ᠠᠳᠤᠭᠤ ᠮᠠᠯ ᠢ᠋ ᠨᠢ ᠲᠠᠭᠤᠵᠤ 
ᠠᠢᠪᠤᠩ ᠲᠠᠢᠪᠤᠩ ᠠᠮᠢᠳᠤᠷᠠᠭᠤᠯᠬᠤ ᠥᠬᠡᠢ
ᠠᠮᠤᠷ ᠲᠦᠪᠰᠢᠨ ᠰᠠᠭᠤᠯᠭᠠᠬᠤ ᠦᠭᠡᠢ
ᠠᠯᠠᠵᠤ ᠲᠦᠢᠮᠡᠷᠳᠡᠨ ᠢᠷᠡᠬᠦ ᠳ᠋ᠦ᠍᠂
ᠵᠠᠭᠠᠷ ᠪᠦᠷᠢᠳᠦ ᠬᠠᠭᠠᠨ
ᠵᠠᠨᠤᠯ ᠬᠣᠷᠣᠰᠤᠯ ᠪᠠᠳᠠᠷᠠᠵᠤ
ᠵᠠᠷᠯᠢᠭ ᠲᠤᠩᠬᠠᠭ ᠭᠠᠷᠭᠠᠵᠤ
ᠵᠠᠭᠤᠨ ᠮᠢᠩᠭᠠᠨ ᠴᠡᠷᠢᠭ ᠢ᠋ᠶ᠋ᠡᠨ ᠤᠷᠢᠵᠤ᠂
ᠵᠠᠬ᠎ᠠ ᠶ᠋ᠢ ᠵᠠᠯᠭᠢᠭᠰᠠᠨ ᠳᠠᠢᠰᠤᠨ ᠢ᠋
ᠵᠠᠪᠠᠯ ᠪᠤᠲᠠ ᠨᠢᠷᠭᠡᠨ᠎ᠡ ᠭᠡᠵᠦ᠂
ᠬᠢᠵᠠᠭᠠᠷ ᠢ᠋ ᠬᠠᠯᠳᠠᠭᠰᠠᠨ ᠳᠠᠢᠰᠤᠨ ᠢ᠋
ᠬᠠᠮᠬ᠎ᠠ ᠴᠣᠬᠢᠵᠤ ᠰᠥᠨᠥᠭᠡᠬᠦ ᠪᠡᠷ
ᠦᠵᠦᠮ ᠦ᠋ᠨ ᠤᠯᠠᠭᠠᠨ ᠲᠤᠭ ᠢ᠋ ᠪᠡᠨ
ᠤᠬᠤᠨ᠎ᠠ ᠠᠯᠠᠨ ᠲᠠᠬᠢᠵᠤ
ᠥᠩᠭᠡᠯᠵᠡᠵᠦ ᠢᠷᠡᠭᠰᠡᠨ ᠳᠡᠭᠡᠷᠡᠮᠴᠢᠳ ᠢ᠋
ᠦᠬᠦᠯ ᠦ᠋ᠨ ᠵᠠᠮ ᠳ᠋ᠤᠨᠢ ᠣᠷᠣᠭᠤᠯᠤᠨ᠎ᠠ ᠭᠡᠵᠦ
ᠪᠠᠭᠠᠲᠤᠷ ᠴᠣᠯᠠ ᠲᠠᠢ ᠴᠡᠷᠢᠭ ᠢ᠋ᠶ᠋ᠡᠨ
ᠪᠤᠳᠠᠭᠠᠯᠠᠨ ᠬᠤᠷᠢᠮᠯᠠᠵᠤ ᠮᠣᠷᠳᠠᠬᠤ ᠳ᠋ᠠᠭᠠᠨ᠂
ᠲᠥᠪ ᠣᠷᠳᠣᠨ ᠢ᠋ᠶ᠋ᠠᠨ ᠳᠠᠭᠠᠷᠢᠨ
ᠲᠥᠷᠥᠭᠰᠡᠨ ᠡᠭᠡᠴᠢ ᠳᠡᠭᠦᠦ ᠪᠣᠯᠤᠭᠴᠢ
ᠲᠥᠷᠥ ᠶ᠋ᠢᠨ ᠭᠤᠷᠪᠠᠨ ᠬᠠᠲᠤᠨ ᠠ᠋ᠴᠠ ᠪᠠᠨ
ᠲᠦᠭᠡᠮᠡᠯ ᠢᠷᠦᠭᠡᠯ ᠭᠤᠶᠤᠭᠰᠠᠨ ᠳ᠋ᠤ᠌᠂
ᠲᠡᠷᠢᠭᠦᠨ ᠶᠡᠬᠡ ᠬᠠᠲᠤᠨ ᠨᠢ᠄
《ᠳᠠᠢᠰᠤᠨ ᠢ᠋ᠶ᠋ᠠᠨ ᠳᠠᠷᠤᠭᠠᠳ ᠢᠷᠡᠪᠡᠯ
ᠳᠠᠯᠠᠨ ᠭᠤᠷᠪᠠᠨ ᠲᠣᠪᠴᠢ ᠲᠠᠢ
ᠳᠠᠨᠳᠠᠭᠠᠷ ᠬᠠᠷ᠎ᠠ ᠬᠦᠷᠮ᠎ᠡ ᠬᠢᠵᠦ
ᠢᠯᠠᠭᠰᠠᠨ ᠪᠠᠶᠠᠷ ᠢ᠋ ᠴᠢᠨᠢ ᠪᠡᠯᠡᠭᠯᠡᠵᠦ
ᠢᠷᠦᠭᠡᠯ ᠪᠣᠯᠭᠠᠨ ᠤᠭᠲᠤᠨ᠎ᠠ》 ᠭᠡᠪᠡ᠃
ᠬᠣᠶᠠᠳᠤᠭᠠᠷ ᠬᠠᠲᠤᠨ ᠨᠢ᠄
《ᠮᠠᠨᠳᠤᠭᠰᠠᠨ ᠲᠤᠭ ᠢ᠋ᠶ᠋ᠠᠨ ᠬᠡᠢᠰᠬᠡᠵᠦ
ᠮᠠᠯᠠᠭᠠᠢ ᠬᠠᠶᠠᠨ ᠳᠠᠭᠤᠯᠠᠬᠤ ᠳ᠋ᠤ᠌ ᠴᠢᠨᠢ
ᠮᠠᠨᠵᠤ ᠶ᠋ᠢᠨ ᠠᠯᠳᠠᠷᠲᠤ ᠡᠳ᠋
ᠮᠠᠭᠨᠢ ᠭᠤᠲᠤᠯ ᠢ᠋ᠶ᠋ᠠᠷ ᠪᠠᠷᠠᠳᠠᠨ᠎ᠠ》 ᠭᠡᠪᠡ᠃
ᠣᠳᠬᠣᠨ ᠪᠠᠭ᠎ᠠ ᠬᠠᠲᠤᠨ ᠨᠢ᠂
ᠣᠷᠣᠭᠰᠢ ᠪᠠᠨ ᠳᠠᠪᠰᠢᠨ ᠠᠯᠬᠤᠵᠤ᠄
《ᠠᠲᠠᠭᠠᠲᠠᠨ ᠳᠠᠢᠰᠤᠨ ᠢ᠋ᠶ᠋ᠠᠨ ᠠᠯᠠᠵᠤ
ᠠᠯᠳᠠᠷ ᠴᠣᠯᠠ ᠪᠠᠨ ᠪᠠᠳᠠᠷᠠᠭᠤᠯᠤᠨ
ᠠᠷᠤ ᠶ᠋ᠢᠨ ᠬᠤᠶᠠᠭ ᠢ᠋ᠶ᠋ᠠᠨ ᠲᠠᠢᠯᠵᠤ
ᠠᠮᠠᠭᠠᠢ ᠭᠠᠷᠭᠠᠨ ᠠᠮᠠᠷᠠᠬᠤ ᠳ᠋ᠤ᠌ ᠴᠢᠨᠢ
ᠠᠯᠲᠠᠨ ᠴᠡᠭᠡᠵᠢ᠂ ᠮᠥᠩᠭᠥᠨ ᠪᠥᠭᠰᠡ ᠲᠡᠢ
ᠠᠷᠢᠭᠤᠨ ᠬᠦᠦ ᠲᠥᠷᠥᠵᠦ ᠤᠭᠲᠤᠨ᠎ᠠ᠃》 ᠭᠡᠪᠡ᠃
ᠵᠠᠭᠠᠷ ᠪᠦᠷᠢᠳᠦ ᠶ᠋ᠢᠨ ᠬᠠᠭᠠᠨ
ᠵᠠᠬ᠎ᠠ ᠳᠠᠷᠠᠭᠠᠯᠠᠨ ᠰᠣᠨᠣᠰᠴᠤ
ᠰᠡᠳᠬᠢᠯ ᠳᠦᠭᠦᠷᠡᠩ ᠪᠠᠶᠠᠷᠯᠠᠵᠤ
ᠰᠠᠯᠬᠢᠨ ᠲᠠᠲᠠᠭᠤᠯᠤᠨ ᠮᠣᠷᠳᠠᠪᠠ᠃
ᠬᠣᠴᠣᠷᠤᠭᠰᠠᠨ ᠭᠤᠷᠪᠠᠨ ᠬᠠᠲᠤᠨ ᠤ᠋
ᠬᠣᠣᠷ ᠲᠠᠢ ᠬᠣᠶᠠᠷ ᠡᠭᠡᠴᠢ ᠨᠢ
ᠬᠣᠪᠢᠨ ᠤ᠋ ᠬᠡᠯᠡᠭᠰᠡᠨ ᠢ᠋ᠶ᠋ᠡᠨ ᠪᠠᠲᠤᠯᠠᠵᠤ
ᠬᠣᠶᠠᠭᠤᠯᠠ ᠬᠠᠷᠢᠯᠴᠠᠨ ᠵᠥᠪᠳᠡᠭᠰᠡᠨ ᠨᠢ᠄
《ᠪᠢᠳᠡ ᠬᠣᠶᠠᠷ ᠤ᠋ᠨ ᠬᠢᠭᠰᠡᠨ ᠨᠢ
ᠪᠦᠳᠦᠭᠦᠨ ᠪᠣᠯᠬᠢ ᠡᠳ᠋ ᠪᠠᠢᠨ᠎ᠠ᠃
ᠮᠠᠨ ᠤ᠋ ᠪᠠᠭ᠎ᠠ ᠬᠡᠦᠬᠡᠨ ᠳᠡᠭᠦᠦ
ᠮᠠᠭᠠᠳ ᠬᠥᠪᠡᠭᠦᠨ ᠲᠥᠷᠥᠪᠡᠯ
ᠵᠠᠭᠠᠷ ᠪᠦᠷᠢᠳᠦ ᠶ᠋ᠢᠨ ᠬᠠᠭᠠᠨ
ᠵᠠᠪᠠᠯ ᠲᠡᠭᠦᠨ ᠢ᠋ ᠬᠠᠢᠷᠠᠯᠠᠨ᠎ᠠ᠃
ᠡᠢᠮᠦ ᠬᠡᠷᠡᠭ ᠲᠣᠳᠣᠷᠠᠪᠠᠯ
ᠡᠭᠡᠴᠢ ᠪᠢᠳᠡ ᠬᠣᠶᠠᠭᠤᠯᠠ ᠬᠣᠬᠢᠷᠠᠨ᠎ᠠ ᠭᠡᠵᠦ
ᠡᠩᠬᠦᠷᠡᠢ ᠳᠡᠭᠦᠦ ᠳ᠋ᠡᠭᠡᠨ ᠥᠰᠢᠵᠦ
ᠡᠯᠳᠡᠪ ᠠᠷᠭ᠎ᠠ ᠭᠠᠷᠭᠠᠨ᠂
ᠠᠩᠭ᠎ᠠ ᠲᠥᠷᠥᠬᠦ ᠳᠡᠭᠦᠦ ᠪᠡᠨ
ᠠᠶᠤᠯᠭᠠᠨ ᠬᠡᠯᠡᠵᠦ ᠬᠠᠭᠤᠷᠤᠭᠠᠳ
ᠲᠥᠷᠥᠬᠦ ᠲᠡᠷᠡ ᠦᠶᠡᠰ
ᠲᠦᠮᠡᠨ ᠪᠡᠷᠬᠡᠰᠢᠶᠡᠯ ᠲᠡᠢ ᠴᠠᠭ ᠲᠤᠨᠢ
ᠨᠢᠳᠦ ᠴᠢᠬᠢ ᠶ᠋ᠢ ᠨᠢ ᠲᠠᠭᠯᠠᠵᠤ᠂
ᠨᠢᠯᠬ᠎ᠠ ᠬᠥᠪᠡᠭᠦᠨ ᠨᠢ ᠲᠥᠷᠥᠭᠰᠡᠨ ᠳ᠋ᠦ᠍
ᠪᠣᠷᠪᠢ ᠶ᠋ᠢᠨ ᠴᠢᠨᠡᠭᠡᠨ ᠬᠦᠦ ᠶ᠋ᠢ ᠨᠢ
ᠪᠣᠭᠣᠵᠤ ᠪᠠᠭᠯᠠᠨ ᠬᠠᠢᠷᠴᠠᠭᠯᠠᠵᠤ
ᠪᠣᠱᠣᠭ᠎ᠠ ᠬᠠᠲᠠᠪᠴᠢ ᠶ᠋ᠢᠨ ᠳᠣᠣᠷ᠎ᠠ ᠨᠢ
ᠪᠤᠯᠠᠵᠤ ᠨᠢᠭᠤᠨ ᠲᠠᠯᠪᠢᠭᠠᠳ
ᠬᠠᠷ᠎ᠠ ᠮᠤᠤᠷ ᠤ᠋ᠨ ᠵᠤᠯᠵᠠᠭ᠎ᠠ ᠶ᠋ᠢ
ᠬᠠᠷᠠᠩᠭᠤᠢᠳᠠᠵᠤ ᠬᠡᠪᠲᠡᠭᠰᠡᠨ ᠳᠡᠭᠦᠦ ᠶ᠋ᠢᠨ ᠢ᠋ᠶ᠋ᠡᠨ
ᠬᠠᠵᠠᠭᠤ ᠲᠠᠯ᠎ᠠ ᠳ᠋ᠤᠨᠢ ᠣᠷᠣᠯᠠᠭᠤᠯᠵᠤ᠂
ᠬᠠᠬᠢᠷ ᠬᠠᠲᠠᠭᠤ ᠮᠠᠭᠤ ᠪᠠᠷ
ᠬᠠᠷᠢᠶᠠᠨ ᠮᠠᠭᠤᠴᠢᠯᠠᠵᠤ ᠬᠡᠯᠡᠭᠰᠡᠨ ᠨᠢ᠄
《ᠵᠠᠶᠠᠭ᠎ᠠ ᠬᠢᠷᠢ ᠪᠡᠨ ᠮᠡᠳᠡᠬᠦ ᠦᠭᠡᠢ
ᠵᠠᠭᠠᠷ ᠪᠦᠷᠢᠳᠦ ᠶ᠋ᠢ ᠬᠠᠭᠤᠷᠴᠤ
ᠠᠯᠲᠠᠨ ᠴᠡᠭᠡᠵᠢ ᠲᠡᠢ ᠬᠦᠦ ᠲᠥᠷᠥᠨ᠎ᠡ ᠭᠡᠳ
ᠠᠷᠢᠶᠠᠲᠠᠨ ᠤ᠋ ᠵᠤᠯᠵᠠᠭ᠎ᠠ ᠲᠥᠷᠥᠪᠡ》 ᠭᠡᠵᠦ
ᠠᠯᠢ ᠪᠦᠬᠦᠨ ᠢ᠋ ᠨᠢ ᠬᠤᠷᠢᠶᠠᠮᠵᠢᠯᠠᠵᠤ
ᠠᠵᠢᠯ ᠤ᠋ᠨ ᠰᠠᠩ ᠳ᠋ᠤ᠌ ᠨᠡᠭᠦᠯᠭᠡᠭᠡᠳ
ᠠᠶᠠᠭᠠᠴᠢᠨ ᠪᠣᠯᠭᠠᠵᠤ ᠵᠠᠷᠤᠪᠠ ᠭᠡᠨ᠎ᠡ᠃
ᠵᠠᠬ᠎ᠠ ᠶ᠋ᠢ ᠲᠦᠪᠰᠢᠳᠬᠦ ᠪᠡᠷ ᠮᠣᠷᠳᠠᠭᠰᠠᠨ
ᠵᠠᠭᠠᠷ ᠪᠦᠷᠢᠳᠦ ᠶ᠋ᠢᠨ ᠬᠠᠭᠠᠨ
ᠵᠠᠨᠤᠯᠲᠤ ᠳᠠᠢᠰᠤᠨ ᠢ᠋ᠶ᠋ᠠᠨ ᠳᠠᠷᠤᠵᠤ
ᠵᠠᠯᠠᠭᠠᠲᠤ ᠲᠤᠭ ᠢ᠋ᠶ᠋ᠠᠨ ᠬᠡᠢᠰᠬᠡᠨ
ᠭᠠᠷᠴᠤ ᠮᠣᠷᠳᠠᠬᠤ ᠦᠶᠡᠰ ᠲᠤᠨᠢ
ᠭᠠᠢᠬᠠᠯᠲᠠᠢ ᠰᠠᠢᠨ ᠬᠠᠲᠤᠳ ᠤ᠋ᠨ ᠢ᠋ᠶ᠋ᠠᠨ
ᠭᠠᠪᠢᠶᠠᠯᠠᠨ ᠵᠥᠪᠰᠢᠶᠡᠷᠡᠭᠰᠡᠨ ᠢ᠋ ᠨᠢ ᠪᠣᠳᠣᠵᠤ
ᠭᠠᠵᠠᠷ ᠨᠤᠲᠤᠭ ᠢ᠋ᠶ᠋ᠠᠨ ᠰᠠᠨᠠᠵᠤ
ᠢᠷᠠᠭᠤ ᠠᠯᠳᠠᠷ ᠢ᠋ᠶ᠋ᠠᠨ ᠪᠠᠳᠠᠷᠠᠭᠤᠯᠤᠨ
ᠢᠯᠠᠭᠰᠠᠨ ᠳᠠᠭᠤᠤ ᠪᠠᠨ ᠳᠠᠭᠤᠯᠠᠵᠤ
ᠶᠠᠭᠠᠷᠠᠨ ᠪᠤᠴᠠᠵᠤ ᠡᠷᠭᠢᠭᠡᠳ
ᠶᠠᠪᠤᠭᠰᠠᠭᠠᠷ ᠣᠢᠷᠠᠳᠴᠤ ᠢᠷᠡᠬᠦ ᠳ᠋ᠡᠭᠡᠨ
ᠤᠳᠬᠤᠨ ᠬᠠᠲᠤᠨ ᠤ᠋ ᠪᠠᠨ ᠬᠡᠯᠡᠭᠰᠡᠨ
ᠡᠵᠡᠨ ᠲᠥᠷᠥ ᠶ᠋ᠢ ᠨᠢ ᠡᠵᠡᠮᠰᠢᠳᠡᠭ
ᠡᠷᠡᠯᠬᠡᠭ ᠬᠦᠦ ᠮᠡᠨᠳᠦᠯᠡᠨ᠎ᠡ ᠭᠡᠰᠡᠨ᠂
ᠤᠳᠠᠯ ᠦᠭᠡᠢ ᠠᠭᠤᠯᠵᠠᠵᠤ
ᠤᠯᠠᠭᠠᠨ ᠪᠠᠭ᠎ᠠ ᠬᠠᠴᠠᠷ ᠢ᠋ ᠨᠢ
ᠦᠨᠦᠰᠦᠨ ᠲᠠᠭᠠᠯᠠᠵᠤ ᠲᠡᠪᠡᠷᠢᠨ᠎ᠡ ᠭᠡᠵᠦ
ᠥᠨᠳᠡᠢᠨ ᠬᠠᠷᠠᠵᠤ ᠦᠵᠡᠭᠰᠡᠨ ᠳ᠋ᠦ᠍
ᠤᠭᠲᠤᠯ ᠤ᠋ᠨ ᠣᠯᠠᠨ ᠠᠷᠠᠳ ᠨᠢ
ᠤᠷᠢᠳᠠᠬᠢ ᠵᠠᠮ ᠢ᠋ ᠨᠢ ᠲᠣᠰᠴᠤ
ᠡᠭᠡᠯᠢᠲᠡᠢ ᠪᠡᠷ ᠳᠠᠯᠠᠯᠤᠨ ᠵᠣᠭᠰᠣᠵᠤ
ᠡᠷᠬᠢᠮ ᠪᠡᠯᠡᠭ ᠪᠠᠷᠢᠨ᠎ᠠ᠃
ᠠᠶᠠᠭ᠎ᠠ ᠳᠦᠭᠦᠷᠡᠩ ᠠᠷᠢᠬᠢ
ᠰᠢᠯ ᠳᠦᠭᠦᠷᠡᠩ ᠴᠡᠬᠡ ᠪᠡᠷ
ᠰᠢᠯᠢᠳᠡᠭ ᠣᠯᠠᠨ ᠪᠠᠢᠯᠳᠤᠭᠴᠢᠳ ᠲᠤ᠌
ᠢᠷᠦᠭᠡᠯ ᠲᠠᠯᠪᠢᠨ ᠪᠠᠷᠢᠵᠤ
ᠶᠣᠰᠣᠯᠠᠯ ᠬᠢᠨ ᠪᠡᠯᠡᠭᠯᠡᠨ᠎ᠡ᠃
ᠵᠠᠭᠠᠷ ᠪᠦᠷᠢᠳᠦ ᠶ᠋ᠢᠨ ᠬᠠᠭᠠᠨ
ᠵᠠᠢᠯᠠᠭᠰᠠᠨ ᠣᠯᠠᠨ ᠤ᠋ ᠳᠤᠮᠳᠠᠭᠤᠷ
ᠪᠡᠶ᠎ᠡ ᠪᠥᠬᠥᠢᠨ ᠬᠠᠷᠢᠭᠤᠯᠵᠤ
ᠪᠦᠭᠦᠷᠭᠡ ᠠᠯᠠᠭᠠᠳᠠᠨ ᠰᠠᠢᠰᠢᠶᠠᠨ
ᠣᠷᠳᠣᠨ ᠤ᠋ ᠡᠭᠦᠳᠡᠨ ᠳ᠋ᠦ᠍ ᠢᠷᠡᠵᠦ
ᠤᠨᠤᠭᠰᠠᠨ ᠬᠦᠯᠦᠭ ᠡᠴᠡ ᠪᠡᠨ ᠪᠠᠭᠤᠵᠤ
ᠣᠢᠷᠠᠲᠤᠨ ᠢᠷᠡᠵᠦ ᠬᠠᠷᠠᠢᠭᠰᠠᠨ ᠳ᠋ᠤ᠌
ᠬᠣᠶᠠᠷ ᠶᠡᠬᠡ ᠬᠠᠲᠤᠨ ᠨᠢ
ᠬᠣᠷᠮᠣᠢ ᠳᠠᠷᠤᠨ ᠤᠭᠲᠤᠵᠤ
ᠬᠤᠪᠢ ᠬᠣᠪᠢᠨ ᠤ᠋ ᠬᠡᠯᠡᠭᠰᠡᠨ ᠢ᠋ᠶ᠋ᠡᠨ
ᠬᠣᠯᠠ ᠠ᠋ᠴᠠ  ᠮᠠᠴᠤᠯᠤᠨ ᠡᠷᠭᠦᠬᠦ ᠳ᠋ᠦ᠍
ᠵᠠᠭᠠᠷ ᠪᠦᠷᠢᠳᠦ ᠶ᠋ᠢᠨ ᠬᠠᠭᠠᠨ ᠤ᠋
ᠵᠠᠢᠯᠠᠰᠢ ᠦᠭᠡᠢ ᠨᠢᠳᠦ ᠨᠢ
ᠵᠠᠯᠢᠬᠠᠢ ᠠᠷᠭᠠᠨ ᠳ᠋ᠤ᠌ ᠤᠨᠠᠭᠰᠠᠨ
ᠵᠢᠭᠠᠬᠠᠨ ᠳᠡᠭᠦᠦ ᠶ᠋ᠢ ᠨᠢ ᠡᠷᠢᠭᠰᠡᠨ ᠢ᠋ ᠨᠢ ᠮᠡᠳᠡᠵᠦ
ᠬᠠᠮᠲᠤ ᠪᠠᠷ ᠤᠷᠤᠭᠰᠢ ᠲᠠᠪᠰᠢᠵᠤ
ᠬᠠᠮᠤᠭ ᠮᠠᠭᠤ ᠪᠠᠷ ᠬᠡᠯᠡᠭᠰᠡᠨ ᠨᠢ᠄
《ᠡᠵᠡᠨ ᠦ᠌ ᠬᠠᠢᠷᠠᠲᠤ ᠬᠠᠲᠤᠨ ᠴᠢᠨᠢ
ᠡᠭᠳᠡᠭᠦᠲᠦ ᠰᠢᠮᠨᠤᠰ ᠲᠥᠷᠥᠵᠦ
ᠡᠵᠡᠨ ᠦ᠌ ᠨᠢᠭᠤᠷ ᠢ᠋ ᠡᠪᠬᠡᠨ
ᠡᠴᠢᠭᠡ ᠳᠡᠭᠡᠳᠦᠰ ᠦ᠋ᠨ ᠨᠤᠲᠤᠭ ᠢ᠋
ᠡᠩ ᠲᠡᠢ ᠪᠤᠵᠠᠷᠯᠠᠨ ᠭᠤᠲᠤᠭᠠᠭᠰᠠᠨ ᠳ᠋ᠤ᠌
ᠠᠷᠭ᠎ᠠ ᠪᠠᠨ ᠪᠢᠳᠡ ᠪᠠᠷᠠᠵᠤ
ᠠᠮᠢᠨ ᠤ᠋ ᠲᠥᠷᠥᠭᠰᠡᠨ ᠳᠡᠭᠦᠦ ᠭᠡᠪᠡᠴᠦ
ᠠᠮᠠᠷᠠᠭ ᠡᠵᠡᠨ ᠢ᠋ ᠵᠣᠪᠠᠭᠠᠬᠤ ᠪᠣᠯᠪᠠᠤ ᠭᠡᠵᠦ
ᠠᠯᠠᠵᠤ ᠬᠠᠶᠠᠰᠤᠭᠠᠢ ᠭᠡᠵᠦ ᠪᠣᠳᠣᠭᠰᠠᠨ ᠪᠣᠯᠪᠠᠴᠤ
ᠠᠷᠠᠢ ᠲᠦᠪᠳᠡᠬᠦ ᠦᠭᠡᠢ ᠲᠤᠯᠠ ᠪᠢᠳᠡ᠂
ᠠᠰᠲᠠᠭᠠᠨ ᠬᠥᠮᠦᠨ ᠳ᠋ᠦ᠍ ᠮᠡᠳᠡᠭᠦᠯᠦᠭᠰᠡᠨ ᠦᠭᠡᠢ
ᠠᠶᠤᠮᠰᠢᠭᠲᠤ ᠮᠤᠤᠷ ᠤ᠋ᠨ ᠵᠤᠯᠵᠠᠭ᠎ᠠ ᠶ᠋ᠢ ᠨᠢ
ᠠᠷᠢᠯᠭᠠᠨ ᠲᠣᠨᠢᠯᠭᠠᠨ ᠴᠢᠯᠠᠭᠤᠳᠠᠵᠤ
ᠠᠵᠢᠯ ᠤ᠋ᠨ ᠰᠠᠩ ᠳ᠋ᠤ᠌ ᠰᠢᠯᠵᠢᠭᠦᠯᠵᠦ
ᠠᠶᠠᠭᠠᠴᠢᠨ ᠬᠡᠦᠬᠡᠨ ᠪᠣᠯᠭᠠᠪᠠ》 ᠭᠡᠰᠡᠨ ᠳ᠋ᠦ᠍
ᠵᠠᠭᠠᠷ ᠪᠦᠷᠢᠳᠦ ᠬᠠᠭᠠᠨ
ᠵᠠᠩᠭᠢᠷᠠᠭᠰᠠᠨ ᠬᠥᠮᠥᠰᠬᠡ ᠪᠡᠨ ᠠᠲᠤᠷᠢᠭᠤᠯᠵᠤ
ᠰᠠᠢᠨ ᠮᠠᠭᠤ ᠬᠣᠶᠠᠭᠤᠯᠠ ᠶ᠋ᠢ
ᠰᠠᠯᠭᠠᠵᠤ ᠨᠢᠭᠡ ᠴᠦ᠍ ᠳᠤᠤᠭᠠᠷᠤᠭᠰᠠᠨ ᠦᠭᠡᠢ
ᠳᠣᠲᠣᠭᠰᠢ ᠠᠯᠬᠤᠨ ᠣᠷᠣᠬᠤ ᠳ᠋ᠤ᠌
ᠡᠭᠦᠳᠡᠨ ᠪᠣᠱᠣᠭ᠎ᠠ ᠬᠥᠳᠡᠯᠵᠦ
ᠡᠵᠡᠨ ᠦ᠌ ᠬᠥᠯ ᠢ᠋ ᠳᠣᠷᠭᠣᠨ
ᠡᠯᠢᠭᠡ ᠲᠦᠷᠦᠭᠦᠦ ᠪᠡᠷ ᠨᠢ ᠤᠨᠠᠭᠠᠪᠠ᠃
ᠡᠷᠭᠢᠨ ᠬᠠᠷᠠᠨ ᠦᠵᠡᠭᠰᠡᠨ ᠳ᠋ᠦ᠍
ᠡᠭᠦᠳᠡᠨ ᠦ᠌ ᠲᠡᠷᠡ ᠪᠣᠱᠣᠭ᠎ᠠ ᠨᠢ
ᠡᠷᠲᠡᠨ ᠡᠷᠲᠡᠨ ᠬᠥᠳᠡᠯᠬᠦ ᠳ᠋ᠦ᠍
ᠡᠵᠡᠨ ᠲᠡᠷᠡ ᠭᠠᠢᠬᠠᠵᠤ᠄
《ᠡᠭᠦᠨ ᠢ᠋ ᠨᠠᠳᠠ ᠤᠬᠤᠵᠤ ᠠᠯᠢ》 ᠭᠡᠰᠡᠨ ᠳ᠋ᠦ᠍
ᠬᠣᠶᠠᠷ ᠶᠡᠬᠡ ᠬᠠᠲᠤᠨ ᠨᠢ
ᠬᠣᠷᠢᠭᠯᠠᠨ ᠲᠡᠭᠦᠨ ᠢ᠋ ᠬᠡᠯᠡᠭᠰᠡᠨ ᠨᠢ᠄
《ᠡᠵᠡᠨ ᠬᠠᠭᠠᠨ ᠬᠥᠮᠦᠨ ᠴᠢ
ᠡᠩ ᠦᠭᠡᠢ ᠪᠠᠶᠠᠷᠲᠠᠢ ᠡᠳᠦᠷ
ᠡᠭᠦᠳᠡᠨ ᠦ᠌ ᠪᠣᠱᠣᠭ᠎ᠠ ᠪᠠᠨ ᠣᠬᠣᠪᠠᠯ
ᠡᠷᠦᠬᠡ ᠡᠪᠳᠡᠷᠡᠬᠦ ᠲᠡᠮᠳᠡᠭ》 ᠭᠡᠵᠦ
ᠵᠠᠭᠠᠷ ᠪᠦᠷᠢᠳᠦ ᠬᠠᠭᠠᠨ ᠢ᠋
ᠵᠠᠯᠢᠬᠠᠢ ᠠᠷᠭ᠎ᠠ ᠪᠠᠷ ᠮᠡᠬᠡᠯᠡᠨ
ᠵᠠᠢᠯᠠᠭᠤᠯᠤᠨ ᠳᠣᠲᠣᠭᠰᠢ ᠴᠢᠩᠭᠠᠭᠠᠵᠤ
ᠵᠠᠯᠠᠵᠤ ᠭᠡᠷ ᠲᠡᠭᠡᠨ ᠠᠪᠠᠴᠢᠭᠠᠳ᠂
ᠰᠥᠨᠢ ᠣᠷᠣᠢ ᠪᠣᠯᠤᠭᠰᠠᠨ ᠳ᠋ᠤ᠌
ᠰᠦᠷᠡᠬᠡᠢ ᠬᠣᠶᠠᠷ ᠡᠭᠡᠴᠢ ᠨᠢ᠂
ᠪᠣᠱᠣᠭᠠᠨ ᠳᠣᠣᠷ᠎ᠠ ᠪᠤᠯᠠᠪᠠᠯ
ᠪᠠᠷᠴᠢᠳ ᠪᠣᠯᠬᠤ ᠮᠠᠭᠠᠳ ᠦᠭᠡᠢ ᠭᠡᠳ
ᠪᠠᠭ᠎ᠠ ᠬᠦᠦ ᠶ᠋ᠢ ᠮᠠᠯᠲᠠᠨ ᠭᠠᠷᠭᠠᠵᠤ
ᠪᠣᠭᠣᠯᠲᠠ ᠲᠠᠢ ᠴᠢᠯᠠᠭᠤᠨ ᠳ᠋ᠤ᠌ ᠬᠢᠵᠦ
ᠠᠷᠪᠠᠨ ᠲᠦᠮᠡᠨ ᠠᠳᠤᠭᠤ ᠤᠰᠤᠯᠠᠳᠠᠭ
ᠠᠷᠤ ᠶ᠋ᠢᠨ ᠶᠡᠬᠡ ᠬᠤᠳᠳᠤᠭ ᠲᠤᠨᠢ
ᠣᠷᠬᠢᠨ ᠬᠠᠶᠠᠵᠤ ᠲᠣᠨᠣᠭᠤᠯᠤᠭᠠᠳ
ᠣᠳᠣ ᠬᠡᠷᠡᠭ ᠪᠠᠷᠠᠪᠠ ᠭᠡᠵᠦ
ᠣᠨᠴᠣᠭᠣᠢ ᠪᠠᠶᠠᠷᠲᠠᠢ ᠬᠠᠷᠢᠭᠠᠳ
ᠤᠨᠲᠠᠵᠤ ᠮᠠᠷᠭᠠᠰᠢ ᠪᠣᠯᠤᠭᠰᠠᠨ ᠳ᠋ᠤ᠌᠂
ᠠᠳᠤᠭᠤ ᠮᠠᠯ ᠬᠠᠷᠢᠭᠤᠯᠤᠭᠴᠢ
ᠠᠷᠪᠠ ᠲᠠᠪᠤᠨ ᠬᠥᠮᠦᠨ ᠢᠷᠡᠵᠦ᠄
ᠠᠷᠤ ᠶ᠋ᠢᠨ ᠶᠡᠬᠡ ᠬᠤᠳᠳᠤᠭ ᠠ᠋ᠴᠠ
ᠠᠷᠪᠠᠨ ᠥᠩᠭᠡᠲᠡᠢ ᠰᠣᠯᠣᠩᠭ᠎ᠠ ᠲᠠᠲᠠᠵᠤ
ᠠᠳᠤᠭᠤ ᠤᠰᠤᠯᠠᠬᠤ ᠠᠷᠭ᠎ᠠ ᠦᠭᠡᠢ ᠭᠡᠰᠡᠨ ᠳ᠋ᠦ᠍
ᠵᠠᠭᠠᠷ ᠪᠦᠷᠢᠳᠦ ᠶ᠋ᠢᠨ ᠬᠠᠭᠠᠨ
ᠵᠠ! ᠪᠢ ᠣᠴᠢᠵᠤ ᠦᠵᠡᠶ᠎ᠡ ᠭᠡᠳ
ᠪᠣᠰᠤᠨ ᠭᠠᠷᠴᠤ ᠶᠠᠪᠤᠬᠤ ᠳ᠋ᠤ᠌
ᠬᠣᠣᠷᠲᠠᠢ ᠮᠠᠭᠤ ᠡᠭᠡᠴᠢ ᠨᠦ᠍ᠭᠦᠳ ᠨᠢ
ᠬᠣᠶᠠᠭᠤᠯᠠ ᠬᠠᠮᠲᠤᠪᠠᠷ ᠪᠣᠰᠴᠤ
ᠬᠣᠶᠠᠷ ᠭᠠᠷ ᠠ᠋ᠴᠠ ᠨᠢ ᠲᠠᠲᠠᠵᠤ
ᠬᠤᠷᠬᠢᠷᠠᠨ ᠤᠬᠢᠯᠠᠵᠤ ᠬᠡᠯᠡᠭᠰᠡᠨ ᠨᠢ᠄
《ᠠᠷᠪᠠᠨ ᠥᠩᠭᠡᠲᠡᠢ ᠰᠣᠯᠣᠩᠭ᠎ᠠ ᠭᠡᠭᠴᠢ
ᠠᠲᠠᠭᠠᠲᠠᠨ ᠤ᠋ ᠰᠦᠨᠡᠰᠦ ᠪᠠᠢᠨ᠎ᠠ᠃
ᠠᠮᠠᠷᠠᠭ ᠡᠵᠡᠨ ᠢ᠋ ᠮᠡᠬᠡᠯᠡᠨ ᠠᠪᠠᠴᠢᠵᠤ
ᠠᠮᠢ ᠪᠡᠶ᠎ᠡ ᠶ᠋ᠢ ᠴᠢᠨᠢ ᠬᠣᠣᠷᠯᠠᠬᠤ ᠭᠡᠵᠦ ᠪᠠᠢᠨ᠎ᠠ᠃
ᠥᠴᠥᠭᠡᠳᠦᠷ ᠣᠷᠣᠢ ᠶ᠋ᠢᠨ ᠵᠡᠭᠦᠳᠦᠨ ᠳ᠋ᠦ᠍
ᠥᠪ ᠦᠨᠡᠬᠡᠷ ᠣᠷᠣᠭᠰᠠᠨ ᠶᠤᠮ》 ᠭᠡᠵᠦ
ᠦᠳᠡᠰᠢ ᠪᠣᠯᠲᠠᠯ᠎ᠠ ᠵᠠᠭᠤᠷᠠᠵᠤ
ᠥᠨᠳᠡᠢᠯᠭᠡᠨ ᠪᠤᠰᠬᠠᠵᠤ ᠶᠠᠪᠤᠭᠤᠯᠤᠭᠰᠠᠨ ᠦᠭᠡᠢ᠃
ᠬᠠᠷᠠᠩᠭᠤᠢ ᠰᠥᠨᠢ ᠪᠣᠯᠤᠭᠰᠠᠨ ᠳ᠋ᠤ᠌
ᠬᠠᠷᠭᠢᠰ ᠬᠣᠶᠠᠭᠤᠯᠠ ᠪᠠᠨ ᠪᠣᠰᠴᠤ
ᠬᠣᠢᠲᠤ ᠶᠡᠬᠡ ᠬᠤᠳᠳᠤᠭ ᠲᠤ᠌
ᠬᠤᠷᠴᠠ ᠳᠡᠭᠡᠭᠡ ᠲᠠᠯᠪᠢᠵᠤ
ᠪᠣᠷᠪᠢ ᠪᠠᠭ᠎ᠠ ᠬᠦᠦ ᠶ᠋ᠢ ᠨᠢ ᠭᠠᠷᠭᠠᠵᠤ
ᠪᠤᠴᠠᠯᠤᠭᠰᠠᠨ ᠤᠰᠤᠨ ᠳ᠋ᠤ᠌ ᠴᠢᠨᠠᠭᠠᠳ
ᠭᠦᠷᠦᠭᠴᠢ ᠦᠨᠢᠶ᠎ᠡ ᠶ᠋ᠢ ᠠᠪᠴᠢᠷᠠᠵᠤ
ᠬᠦᠷᠲᠡᠭᠦᠯᠵᠦ ᠪᠦᠭᠦᠳᠡ ᠶ᠋ᠢ ᠨᠢ ᠤᠤᠭᠤᠯᠭᠠᠪᠠ᠃
ᠭᠥᠷᠥᠭᠴᠢ ᠦᠨᠢᠶ᠎ᠡ ᠤᠤᠭᠤᠭᠰᠠᠨ ᠳᠠᠷᠤᠢ
ᠰᠠᠪᠠ ᠶᠡᠬᠡ ᠭᠡᠳᠡᠰᠦ ᠨᠢ ᠬᠡᠭᠡᠯᠲᠦᠵᠦ
ᠰᠠᠷ᠎ᠠ ᠡᠳᠦᠷ ᠤᠳᠠᠭᠰᠠᠨ ᠦᠭᠡᠢ
ᠰᠠᠢᠬᠠᠨ ᠠᠯᠠᠭ ᠲᠤᠭᠤᠯ ᠲᠥᠷᠥᠪᠡ᠃
ᠡᠪᠴᠢᠭᠦᠦ ᠴᠠᠭᠠᠨ ᠲᠤᠭᠤᠯ ᠨᠢ
ᠡᠵᠡᠨ ᠵᠠᠭᠠᠷ ᠪᠦᠷᠢᠳᠦ ᠳ᠋ᠡᠭᠡᠨ ᠬᠠᠢᠷᠠᠯᠠᠭᠳᠠᠨ᠂
ᠡᠷᠦᠬᠡ ᠭᠡᠷ ᠲᠡᠭᠡᠨ ᠬᠣᠷᠢᠵᠤ
ᠡᠨᠡᠷᠢᠨ ᠠᠰᠠᠷᠠᠨ ᠲᠡᠵᠢᠭᠡᠬᠦ ᠳ᠋ᠦ᠍
ᠵᠠᠯᠢᠬᠠᠢ ᠬᠣᠶᠠᠷ ᠬᠠᠲᠤᠨ ᠨᠢ
ᠵᠠᠨᠤᠵᠤ ᠬᠣᠷᠣᠰᠤᠨ ᠬᠡᠯᠡᠯᠴᠡᠭᠰᠡᠨ ᠨᠢ᠄
《ᠡᠨᠡ ᠮᠠᠭᠤ ᠠᠯᠠᠭ ᠲᠤᠭᠤᠯ ᠢ᠋
ᠡᠵᠡᠨ ᠡᠢᠮᠦ ᠬᠠᠢᠷᠠᠯᠠᠭᠰᠠᠨ ᠢ᠋ᠶ᠋ᠠᠷ
ᠡᠷᠲᠡ ᠣᠷᠣᠢ ᠦᠭᠡᠢ ᠮᠡᠳᠡᠭᠳᠡᠪᠡᠯ
ᠡᠭᠡᠴᠢ ᠳᠡᠭᠦᠦ ᠪᠢᠳᠡ ᠬᠣᠶᠠᠭᠤᠯᠠ
ᠠᠮᠢᠳᠤ ᠭᠠᠷᠤᠨ᠎ᠠ ᠭᠡᠵᠦ ᠤᠤ ᠳᠠ!
ᠠᠮᠠᠷᠬᠠᠨ ᠪᠢᠲᠡᠭᠡᠢ ᠰᠠᠨᠠ᠂
ᠠᠷᠭ᠎ᠠ ᠨᠢᠭᠡ ᠶ᠋ᠢ ᠪᠣᠳᠣᠵᠤ
ᠠᠷᠢᠯᠭᠠᠨ ᠪᠦᠷᠢᠯᠭᠡᠨ ᠲᠠᠯᠪᠢᠶ᠎ᠠ》 ᠭᠡᠳ
ᠡᠷᠭᠢᠵᠦ ᠢᠷᠡᠬᠦ ᠡᠳᠦᠷ ᠨᠢ
ᠡᠭᠡᠴᠢ ᠨᠢ ᠲᠣᠩᠭᠣᠢᠨ ᠬᠡᠪᠲᠡᠵᠦ
ᠡᠯᠢᠭᠡ ᠵᠢᠷᠦᠬᠡ ᠡᠪᠡᠳᠦᠨ᠎ᠡ ᠭᠡᠵᠦ
ᠡᠪᠴᠢᠭᠦᠦ ᠪᠡᠨ ᠲᠡᠪᠡᠷᠢᠨ ᠶᠣᠣᠯᠠᠵᠤ᠄
《ᠡᠯᠡᠢ ᠬᠠᠯᠠᠢ ᠮᠠᠭᠤ ᠪᠠᠢᠨ᠎ᠠ᠃
ᠡᠨᠡ ᠡᠳᠦᠷ ᠦᠬᠦᠬᠦ ᠶᠤᠮ ᠪᠠᠢᠨ᠎ᠠ》 ᠭᠡᠵᠦ
ᠵᠠᠭᠠᠷ ᠪᠦᠷᠢᠳᠦ ᠶ᠋ᠢᠨ ᠬᠠᠭᠠᠨ ᠢ᠋
ᠵᠠᠢ ᠵᠠᠪᠰᠠᠷ ᠦᠭᠡᠢ ᠱᠠᠭᠠᠷᠳᠠᠵᠤ
ᠬᠣᠶᠠᠳᠤᠭᠠᠷ ᠬᠠᠲᠤᠨ ᠨᠢ
ᠬᠣᠢᠰᠢ ᠤᠷᠤᠭᠰᠢ ᠭᠦᠶᠦᠵᠦ᠄
《ᠡᠭᠡᠴᠢ ᠮᠢᠨᠢ ᠦᠬᠦᠬᠦ ᠭᠡᠵᠦ ᠪᠠᠢᠬᠤ ᠳ᠋ᠤ᠌
ᠡᠵᠡᠨ ᠶᠠᠭᠤᠨ ᠳ᠋ᠤ᠌ ᠬᠠᠮᠢᠶᠠᠷᠬᠤ ᠦᠭᠡᠢ ᠪᠣᠢ?
ᠡᠷᠲᠡᠬᠡᠨ ᠠᠷᠭ᠎ᠠ ᠭᠠᠷᠭᠠᠨ
ᠡᠪᠡᠳᠴᠢᠨ ᠢ᠋ ᠨᠢ ᠠᠨᠠᠭᠠᠶ᠎ᠠ》 ᠭᠡᠰᠡᠨ ᠳ᠋ᠦ᠍
ᠵᠠᠭᠠᠷ ᠪᠦᠷᠢᠳᠦ ᠶ᠋ᠢᠨ ᠬᠠᠭᠠᠨ
ᠵᠠᠮ ᠮᠥᠷ ᠢ᠋ᠶ᠋ᠡᠨ ᠠᠯᠳᠠᠵᠤ
《ᠣᠳᠣ ᠡᠭᠦᠨ ᠢ᠋ ᠶᠠᠭᠠᠬᠢᠬᠤ ᠪᠣᠢ?
ᠣᠨᠴᠣᠭᠣᠢ ᠠᠷᠭ᠎ᠠ ᠪᠠᠢᠨ᠎ᠠ ᠤᠤ?》 ᠭᠡᠰᠡᠨ ᠳ᠋ᠦ᠍
《ᠠᠷᠭ᠎ᠠ ᠨᠢᠭᠡ ᠪᠠᠢᠨ᠎ᠠ᠃
ᠠᠶᠤᠮᠰᠢᠭ ᠦᠭᠡᠢ ᠬᠡᠯᠡᠬᠦ ᠦᠭᠡᠢ》 ᠭᠡᠰᠡᠨ ᠳ᠋ᠦ᠍
ᠵᠠᠭᠠᠷ ᠪᠦᠷᠢᠳᠦ ᠶ᠋ᠢᠨ ᠬᠠᠭᠠᠨ
ᠵᠠ ᠦᠭᠡᠢ ᠶᠡᠬᠡ ᠪᠠᠴᠢᠮᠳᠠᠵᠤ᠄
《ᠬᠥᠮᠦᠨ ᠦ᠌ ᠠᠮᠢ ᠴᠢᠬᠤᠯᠠ
ᠬᠦᠰᠡᠯᠲᠦ ᠵᠠᠰᠠᠯᠭ᠎ᠠ ᠪᠠᠨ ᠬᠡᠯᠡ》 ᠭᠡᠰᠡᠨ ᠳ᠋ᠦ᠍
《ᠬᠠᠭᠠᠨ ᠡᠵᠡᠨ ᠦ᠌ ᠬᠠᠢᠷᠠᠯᠠᠳᠠᠭ
ᠬᠠᠷᠠᠬᠠᠨ ᠠᠯᠠᠭ ᠲᠤᠭᠤᠯ ᠤ᠋ᠨ
ᠲᠠᠷᠢᠬᠢ ᠶ᠋ᠢ ᠨᠢ ᠢᠳᠡᠪᠡᠯ
ᠲᠡᠩᠬᠡᠷᠡᠵᠦ ᠪᠣᠯᠤᠨ᠎ᠠ》 ᠭᠡᠰᠡᠨ ᠳ᠋ᠦ᠍
ᠵᠠᠭᠠᠷ ᠪᠦᠷᠢᠳᠦ ᠶ᠋ᠢᠨ ᠬᠠᠭᠠᠨ
ᠰᠢᠳᠦ ᠪᠡᠨ ᠵᠠᠭᠤᠨ ᠬᠠᠲᠠᠭᠤᠵᠢᠵᠤ᠄
《ᠴᠢᠷᠦᠨ ᠠᠪᠠᠴᠢᠵᠤ ᠠᠯᠠ》 ᠭᠡᠪᠡ᠃
ᠬᠣᠶᠠᠳᠤᠭᠠᠷ ᠬᠠᠲᠤᠨ ᠨᠢ ᠰᠣᠨᠣᠰᠤᠭᠠᠳ
ᠬᠣᠢᠰᠢᠯᠠᠬᠤ ᠦᠭᠡᠢ ᠶᠠᠭᠠᠷᠠᠵᠤ
ᠬᠤᠷᠴᠠ ᠰᠦᠬᠡ ᠳᠠᠯᠠᠢᠵᠤ
ᠬᠥᠭᠡᠷᠦᠬᠦᠨ ᠲᠤᠭᠤᠯ ᠢ᠋ ᠴᠠᠪᠴᠢᠭᠰᠠᠨ ᠳ᠋ᠤ᠌
ᠬᠦᠷᠢᠶ᠎ᠡ ᠳᠦᠭᠦᠷᠡᠩ ᠭᠡᠷᠡᠯ ᠭᠠᠷᠴᠤ
ᠥᠨᠥ ᠪᠠᠭ᠎ᠠ ᠲᠤᠭᠤᠯ ᠨᠢ ᠬᠤᠪᠢᠯᠵᠤ
ᠦᠵᠡᠰᠬᠦᠯᠡᠩ ᠰᠠᠢᠬᠠᠨ ᠬᠦᠦ ᠪᠣᠯᠪᠠ᠃
ᠵᠠᠭᠠᠷ ᠪᠦᠷᠢᠳᠦ ᠶ᠋ᠢᠨ ᠬᠠᠭᠠᠨ
ᠵᠠᠷᠴᠢᠮ ᠢ᠋ᠶ᠋ᠠᠨ ᠠᠯᠲᠠᠨ ᠪᠠᠶᠠᠷᠯᠠᠵᠤ
ᠵᠠᠭᠤᠷᠠᠨ ᠲᠡᠪᠡᠷᠢᠵᠦ ᠦᠨᠦᠰᠦᠭᠰᠡᠨ ᠳ᠋ᠦ᠍᠂
ᠵᠢᠭᠠᠬᠠᠨ ᠪᠠᠭ᠎ᠠ ᠬᠦᠦ ᠶ᠋ᠢᠨ ᠬᠡᠯᠡᠭᠰᠡᠨ ᠨᠢ᠄
《ᠡᠴᠢᠭᠡ ᠬᠠᠭᠠᠨ ᠮᠢᠨᠢ ᠰᠣᠨᠣᠰ!
ᠡᠷᠭᠢᠨ ᠲᠠᠨ ᠢ᠋ ᠮᠣᠷᠢᠯᠠᠵᠤ
ᠡᠰᠡᠷᠭᠦᠦ ᠳᠠᠢᠰᠤᠨ ᠢ᠋ ᠳᠠᠷᠤᠬᠤ ᠳ᠋ᠤ᠌
ᠡᠵᠢ ᠮᠢᠨᠢ ᠢᠷᠥᠭᠡᠨ ᠪᠠᠲᠤᠯᠠᠭᠰᠠᠨ
ᠠᠯᠲᠠᠨ ᠴᠡᠭᠡᠵᠢ ᠲᠡᠢ ᠦᠷ᠎ᠡ
ᠮᠥᠩᠭᠥᠨ ᠪᠥᠭᠰᠡ ᠲᠡᠢ ᠬᠦᠦ ᠭᠡᠰᠡᠨ ᠨᠢ
ᠮᠢᠨᠦ ᠪᠡᠶ᠎ᠡ ᠮᠥᠨ᠃
ᠡᠵᠢ ᠮᠢᠨᠢ ᠲᠥᠷᠥᠬᠦ ᠳ᠋ᠦ᠍
ᠠᠪᠠᠭᠠᠢ ᠨᠠᠷ ᠤ᠋ᠳ ᠠᠲᠠᠭᠠᠷᠬᠠᠵᠤ
ᠠᠶᠤᠮᠰᠢᠭᠲᠠᠢ ᠠᠷᠭ᠎ᠠ ᠭᠠᠷᠭᠠᠵᠤ
ᠠᠮᠠᠷᠠᠭ ᠡᠵᠢ ᠶ᠋ᠢ ᠮᠢᠨᠢ ᠬᠣᠣᠷᠯᠠᠵᠤ
ᠠᠷᠢᠶᠠᠲᠠᠨ ᠤ᠋ ᠵᠤᠯᠵᠠᠭ᠎ᠠ ᠪᠠᠷ ᠰᠣᠯᠢᠵᠤ
ᠠᠯᠢ ᠮᠠᠭᠤ ᠪᠠᠷ ᠳᠣᠷᠣᠮᠵᠢᠯᠠᠵᠤ
ᠠᠶᠠᠭᠠᠴᠢᠨ ᠬᠡᠦᠬᠡᠨ ᠪᠣᠯᠭᠠᠭᠠᠳ
ᠠᠪᠤ ᠲᠠᠨ ᠤ᠋ ᠰᠠᠨᠠᠯ ᠪᠠ
ᠠᠰᠢᠳᠠ ᠶ᠋ᠢᠨ ᠡᠷᠬᠢᠮ ᠵᠢᠷᠭᠠᠯ ᠢ᠋
ᠠᠮᠢ ᠪᠡᠶ᠎ᠡ ᠳ᠋ᠡᠭᠡᠨ ᠲᠠᠲᠠᠨ᠎ᠠ ᠭᠡᠵᠦ
ᠰᠠᠶᠢ ᠭᠠᠷᠤᠭᠰᠠᠨ ᠨᠠᠮᠠᠶ᠋ᠢ
ᠰᠢᠷᠦᠭᠦᠨ ᠪᠥᠰ ᠲᠦ᠍ ᠬᠤᠴᠢᠵᠤ
ᠪᠣᠱᠣᠭ᠎ᠠ ᠶ᠋ᠢᠨ ᠳᠣᠣᠷ᠎ᠠ ᠳᠠᠷᠤᠵᠤ
ᠪᠤᠯᠠᠵᠤ ᠨᠢᠭᠤᠨ ᠲᠠᠯᠪᠢᠭᠰᠠᠨ ᠳ᠋ᠤ᠌
ᠡᠴᠢᠭᠡ ᠶ᠋ᠢᠨ ᠬᠥᠯ ᠢ᠋ ᠪᠢ ᠳᠣᠷᠳᠣᠭᠠᠵᠤ
ᠡᠭᠦᠨ ᠢ᠋ᠶ᠋ᠡᠷ ᠳᠣᠬᠢᠶ᠎ᠠ ᠪᠣᠯᠭᠠᠶ᠎ᠠ ᠭᠡᠰᠡᠨ ᠳ᠋ᠦ᠍
ᠬᠣᠣᠷᠲᠠᠢ ᠠᠪᠠᠭᠠᠢ ᠨᠠᠷ ᠬᠠᠭᠤᠷᠴᠤ
ᠬᠤᠳᠳᠤᠭ ᠲᠤ᠌ ᠨᠠᠮᠠᠶ᠋ᠢ ᠴᠢᠯᠠᠭᠤᠳᠠᠭᠰᠠᠨ ᠳ᠋ᠤ᠌
ᠠᠷᠪᠠᠨ ᠥᠩᠭᠡ ᠶ᠋ᠢᠨ ᠰᠣᠯᠣᠩᠭ᠎ᠠ ᠪᠠᠷ
ᠠᠪᠤ ᠲᠠᠨ ᠳ᠋ᠤ᠌ ᠰᠣᠨᠢᠷᠬᠠᠯ ᠥᠭᠭᠦᠭᠰᠡᠨ ᠳ᠋ᠦ᠍
ᠠᠪᠠᠭᠠᠢ ᠨᠠᠷ ᠤ᠋ᠳ ᠬᠣᠷᠢᠭᠯᠠᠵᠤ
ᠣᠷᠣᠢ ᠰᠥᠨᠢ ᠪᠡᠷ ᠣᠴᠢᠵᠤ
ᠤᠰᠤᠨ ᠳ᠋ᠤ᠌ ᠨᠠᠮᠠᠶ᠋ᠢ ᠴᠢᠨᠠᠭᠠᠳ
ᠬᠦᠷᠦᠭᠴᠢ ᠦᠨᠢᠶᠡᠨ ᠳ᠋ᠦ᠍ ᠤᠤᠭᠤᠯᠭᠠᠵᠤ
ᠬᠥᠷᠥᠰᠥ ᠦᠭᠡᠢ ᠪᠣᠯᠭᠠᠶ᠎ᠠ ᠭᠡᠰᠡᠨ ᠳ᠋ᠦ᠍
ᠡᠵᠢ ᠶ᠋ᠢᠨ ᠮᠢᠨᠢ ᠲᠡᠵᠢᠭᠡᠭᠰᠡᠨ
ᠡᠬᠡ ᠶ᠋ᠢᠨ ᠰᠠᠨᠠᠯ ᠲᠠᠢ ᠦᠨᠢᠶ᠎ᠡ
ᠡᠷᠭᠢᠨ ᠨᠠᠮᠠᠶ᠋ᠢ ᠲᠥᠷᠥᠵᠦ
ᠡᠷᠢᠶᠡᠨ ᠲᠤᠭᠤᠯ ᠪᠣᠯᠭᠠᠭᠰᠠᠨ ᠳ᠋ᠤ᠌
ᠬᠠᠭᠠᠨ ᠡᠴᠢᠭᠡ ᠬᠠᠢᠷᠠᠯᠠᠵᠤ
ᠬᠠᠯᠠᠭᠤᠨ ᠬᠦᠢᠲᠡᠨ ᠢ᠋ ᠲᠠᠭᠠᠷᠠᠭᠤᠯᠬᠤ ᠳ᠋ᠤ᠌
ᠬᠠᠷᠭᠢᠰ ᠠᠪᠠᠭᠠᠢ ᠨᠠᠷ ᠰᠡᠵᠢᠭᠯᠡᠵᠦ᠂
ᠬᠠᠷ᠎ᠠ ᠵᠢᠷᠦᠬᠡ ᠭᠠᠷᠭᠠᠵᠤ
ᠬᠠᠭᠤᠷᠮᠠᠭ ᠡᠪᠡᠳᠦᠨ ᠬᠡᠪᠲᠡᠭᠡᠳ
ᠬᠠᠭᠠᠨ ᠡᠴᠢᠭᠡ ᠶ᠋ᠢ ᠮᠡᠬᠡᠯᠡᠵᠦ
ᠬᠠᠢᠷᠠᠬᠠᠨ ᠪᠡᠶ᠎ᠡ ᠶ᠋ᠢ ᠮᠢᠨᠢ ᠠᠯᠠᠭᠠᠳ
ᠬᠣᠭ ᠲᠣᠭᠣᠰᠣ ᠦᠭᠡᠢ ᠪᠣᠯᠭᠠᠶ᠎ᠠ ᠭᠡᠰᠡᠨ ᠳ᠋ᠦ᠍
ᠬᠣᠶᠠᠳᠤᠭᠠᠷ ᠠᠪᠠᠭᠠᠢ ᠶ᠋ᠢᠨ ᠰᠦᠬᠡ
ᠬᠣᠷᠢᠭᠳᠠᠯ ᠲᠠᠲᠠᠭᠲᠠᠯ ᠢ᠋ ᠮᠢᠨᠢ ᠲᠠᠢᠯᠵᠤ
ᠬᠥᠮᠦᠨ ᠦ᠌ ᠪᠠᠢᠷᠢ ᠳ᠋ᠤ᠌ ᠮᠢᠨᠢ ᠬᠠᠷᠢᠭᠤᠯᠪᠠ》 ᠭᠡᠰᠡᠨ ᠳ᠋ᠦ᠍
ᠵᠠᠭᠠᠷ ᠪᠦᠷᠢᠳᠦ ᠶ᠋ᠢᠨ ᠬᠠᠭᠠᠨ
ᠵᠠᠷᠯᠢᠭ ᠪᠠᠭᠤᠯᠭᠠᠨ ᠬᠡᠯᠡᠭᠰᠡᠨ ᠨᠢ᠄
《ᠦᠷ᠎ᠡ ᠬᠦᠦ ᠪᠡᠨ ᠣᠯᠪᠠ ᠪᠢ᠃
ᠥᠰᠢᠶᠡᠲᠡᠨ ᠳᠠᠢᠰᠤᠨ ᠢ᠋ᠶ᠋ᠠᠨ ᠳᠠᠷᠤᠪᠠ ᠪᠢ》 ᠭᠡᠵᠦ
ᠠᠶᠠᠭᠠᠴᠢᠨ ᠪᠠᠢᠭᠰᠠᠨ ᠬᠠᠲᠤᠨ ᠢ᠋ᠶ᠋ᠠᠨ
ᠬᠢᠯᠢᠰᠳᠡᠪᠡ ᠭᠡᠵᠦ ᠲᠣᠬᠣᠨᠢᠭᠤᠯᠵᠤ
ᠬᠠᠲᠤᠨ ᠴᠣᠯᠠ ᠶ᠋ᠢ ᠨᠢ ᠥᠰᠬᠡᠵᠦ
ᠬᠠᠷᠭᠢᠰ ᠬᠣᠶᠠᠷ ᠡᠭᠡᠴᠢ ᠶ᠋ᠢ ᠨᠢ
ᠬᠢᠵᠠᠭᠠᠷ ᠭᠠᠷᠲᠠᠯ᠎ᠠ ᠴᠦᠯᠡᠭᠡᠳ
ᠬᠠᠮᠤᠭ ᠰᠠᠢᠨ ᠢ᠋ᠶ᠋ᠠᠷ ᠢ᠋ᠶ᠋ᠠᠨ ᠨᠡᠢᠯᠡᠵᠦ
ᠬᠢᠵᠠᠭᠠᠷᠯᠠᠰᠢ ᠦᠭᠡᠢ ᠪᠠᠶᠠᠷ ᠢ᠋ᠶ᠋ᠠᠷ
ᠬᠠᠷᠢᠯᠴᠠᠨ ᠢᠨᠠᠭᠯᠠᠨ ᠬᠠᠢᠷᠠᠯᠠᠯᠴᠠᠵᠤ
ᠠᠮᠤᠷ ᠰᠠᠢᠬᠠᠨ ᠳ᠋ᠠᠭᠠᠨ ᠵᠢᠷᠭᠠᠪᠠ ᠭᠡᠨ᠎ᠡ᠃