ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠤᠨ ᠲᠣᠢᠮᠣ 01Умардын цөөн тоот үндэстэний уран зохилын тойм
ᠣᠷᠣᠰᠢᠯ
ᠮᠠᠨ ᠤ᠋ ᠤᠯᠤᠰ ᠤ᠋ᠨ ᠤᠮᠠᠷᠠᠲᠤ ᠶ᠋ᠢᠨ (ᠬᠣᠢᠲᠤ ᠣᠷᠣᠨ ᠤ᠋) ᠲᠡᠦᠬᠡ ᠤᠳᠬ᠎ᠠ ᠰᠣᠶᠣᠯ ᠢ᠋ ᠡᠯ᠎ᠡ ᠴᠥᠭᠡᠨ ᠲᠣᠭᠠᠲᠤ ᠦᠨᠳᠦᠰᠦᠲᠡᠨ ᠦ᠌ ᠠᠷᠠᠳ ᠲᠦᠮᠡᠨ ᠵᠢᠴᠢ ᠬᠢᠲᠠᠳ ᠦᠨᠳᠦᠰᠦᠲᠡᠨ ᠦ᠌ ᠠᠷᠠᠳ ᠲᠦᠮᠡᠨ ᠲᠡᠢ ᠬᠠᠮᠲᠤ ᠪᠠᠷ ᠡᠭᠦᠳᠦᠨ ᠪᠦᠲᠦᠭᠡᠭᠰᠡᠨ ᠶᠦᠮ᠃ᠡᠢᠮᠦ ᠡᠴᠡ ᠮᠠᠨ ᠤ᠋ ᠤᠯᠤᠰ ᠤ᠋ᠨ ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠲᠡᠦᠬᠡᠨ ᠡᠴᠡ ᠨᠡᠰᠢ ᠶᠠᠭ ᠯᠠ ᠮᠥᠩᠬᠡ ᠪᠠᠯᠠᠷᠠᠰᠢ ᠦᠭᠡᠢ ᠭᠡᠷᠡᠯᠲᠦ ᠰᠤᠪᠤᠳ ᠭᠡᠭᠡᠨ ᠲᠠᠨ᠎ᠠ ᠮᠡᠲᠦ ᠪᠡᠷ ᠭᠢᠯᠠᠯᠵᠠᠨ ᠰᠠᠴᠤᠷᠠᠵᠤ᠂ ᠮᠠᠨ ᠤ᠋ ᠤᠯᠤᠰ ᠪᠠ ᠴᠢᠨᠠᠭᠰᠢᠯᠠᠪᠠᠯ ᠪᠦᠬᠦ ᠳᠡᠯᠡᠬᠡᠢ ᠶ᠋ᠢᠨ ᠤᠷᠠᠨ ᠵᠣᠬᠢᠶᠠᠯ ᠤ᠋ᠨ ᠳᠤᠲᠠᠭᠳᠠᠵᠤ ᠪᠣᠯᠣᠰᠢ ᠦᠭᠡᠢ ᠴᠢᠬᠤᠯᠠ ᠪᠦᠷᠢᠯᠳᠦᠬᠦᠨ ᠬᠡᠰᠡᠭ ᠪᠣᠯᠵᠤ᠂ ᠨᠡᠢᠭᠡᠮ ᠦ᠋ᠨ ᠠᠵᠤ ᠠᠬᠤᠢ ᠶ᠋ᠢᠨ ᠰᠠᠭᠤᠷᠢ ᠪᠠ ᠨᠡᠢᠭᠡᠮ ᠦ᠋ᠨ ᠳᠡᠪᠰᠢᠯᠲᠡ ᠬᠥᠭᠵᠢᠯᠲᠡ ᠳ᠋ᠦ᠍ ᠯᠤᠲᠤ ᠶᠡᠬᠡ ᠠᠬᠢᠭᠤᠯᠬᠤ ᠦᠶᠯᠡᠳᠦᠯ ᠦᠵᠡᠭᠦᠯᠦᠭᠰᠡᠭᠡᠷ ᠢᠷᠡᠪᠡ᠃ᠡᠭᠦᠨ ᠡᠴᠡ ᠪᠣᠯᠵᠤ ᠴᠢᠯᠥᠭᠡᠯᠡᠭᠳᠡᠭᠰᠡᠨ ᠡᠴᠡ ᠨᠡᠰᠢ ᠨᠠᠮ ᠵᠠᠰᠠᠭ ᠤ᠋ᠨ ᠬᠣᠯᠪᠣᠭᠳᠠᠯ ᠲᠠᠢ ᠪᠠᠢᠭᠤᠯᠤᠯᠭ᠎ᠠ ᠠ᠋ᠴᠠ ᠮᠠᠨ ᠤ᠋ ᠤᠯᠤᠰ ᠤ᠋ᠨ ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠢ᠋ ᠡᠮᠬᠢᠳᠬᠡᠨ ᠴᠤᠭᠯᠠᠭᠤᠯᠬᠤ᠂ ᠬᠡᠪᠯᠡᠵᠦ ᠨᠡᠢᠲᠡᠯᠡᠬᠦ ᠪᠠ ᠰᠤᠷᠴᠤ ᠡᠵᠡᠮᠰᠢᠬᠦ ᠠᠵᠢᠯ ᠢ᠋ ᠮᠠᠰᠢ ᠴᠢᠬᠤᠯᠠ ᠪᠠᠢᠷᠢᠨ ᠳ᠋ᠤ᠌ ᠲᠠᠯᠪᠢᠵᠤ᠂ ᠡᠯ᠎ᠡ ᠲᠠᠯ᠎ᠠ ᠶ᠋ᠢᠨ ᠤᠳᠤᠷᠢᠳᠤᠯᠭ᠎ᠠ ᠪᠣᠯᠤᠨ ᠡᠷᠳᠡᠮᠲᠡᠨ ᠮᠡᠷᠭᠡᠳ ᠲᠡᠭᠦᠨ ᠳ᠋ᠦ᠍ ᠶᠡᠬᠡᠬᠡᠨ ᠬᠦᠴᠦ ᠬᠥᠳᠡᠯᠮᠦᠷᠢ ᠵᠠᠷᠤᠴᠠᠭᠤᠯᠤᠭᠰᠠᠭᠠᠷ ᠢᠷᠡᠵᠦ ᠪᠢᠯᠡ᠃ᠢᠯᠠᠩᠭᠤᠶ᠎ᠠ ᠵᠢᠷᠠᠭᠠᠳ ᠣᠨ ᠠ᠋ᠴᠠ ᠡᠬᠢᠯᠡᠵᠦ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠢ᠋ ᠪᠦᠷ ᠬᠣᠯᠪᠣᠭᠳᠠᠯ ᠲᠠᠢ ᠶᠡᠬᠡ᠂ ᠳᠡᠭᠡᠳᠦ ᠰᠤᠷᠭᠠᠭᠤᠯᠢ ᠶ᠋ᠢᠨ ᠵᠢᠩᠬᠢᠨᠢ ᠬᠢᠴᠢᠶᠡᠯ ᠪᠣᠯᠭᠠᠨ ᠪᠠᠢᠷᠢᠰᠢᠭᠤᠯᠵᠤ᠂ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠢ᠋ ᠰᠤᠷᠴᠤ ᠡᠵᠡᠮᠰᠢᠬᠦ ᠳᠥᠭᠥᠮ ᠨᠥᠬᠥᠴᠡᠯ ᠢ᠋ ᠪᠦᠷᠢᠯᠳᠦᠭᠦᠯᠪᠡ᠃ᠡᠨᠡᠬᠦ ᠬᠢᠴᠢᠶᠡᠯ ᠦ᠋ᠨ ᠴᠢᠨᠠᠷ ᠢ᠋ ᠲᠠᠰᠤᠷᠠᠯᠲᠠ ᠦᠭᠡᠢ ᠪᠡᠷ ᠳᠡᠭᠡᠭᠰᠢᠯᠡᠭᠦᠯᠬᠦ ᠶ᠋ᠢᠨ ᠲᠥᠯᠥᠭᠡ ᠨᠠᠶᠠᠭᠠᠳ ᠣᠨ ᠠ᠋ᠴᠠ ᠡᠬᠢᠯᠡᠵᠦ ᠬᠣᠯᠪᠣᠭᠳᠠᠯ ᠲᠠᠢ ᠳᠡᠭᠡᠳᠦ ᠰᠤᠷᠭᠠᠭᠤᠯᠢ ᠨᠤᠭᠤᠳ ᠤᠷᠢᠳ ᠬᠣᠵᠢᠳ ᠬᠢᠲᠠᠳ ᠢ᠋ᠶ᠋ᠠᠷ 《ᠳᠤᠮᠳᠠᠳᠤ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠤ᠋ᠨ ᠰᠣᠩᠭᠣᠮᠠᠯ》᠂ 《ᠳᠤᠮᠳᠠᠳᠤ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ》᠂ 《ᠳᠤᠮᠳᠠᠳᠤ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠤ᠋ᠨ ᠲᠡᠦᠬᠡ》 ᠮᠡᠲᠦ ᠶᠠᠩᠵᠤ ᠪᠦᠷᠢ ᠶ᠋ᠢᠨ ᠬᠢᠴᠢᠶᠡᠯ ᠦ᠋ᠨ ᠳᠡᠪᠲᠡᠷ ᠪᠤᠶᠤ ᠯᠠᠪᠯᠠᠯᠲᠠ ᠶ᠋ᠢᠨ ᠮᠠᠲ᠋ᠧᠷᠢᠶᠠᠯ ᠤᠳ ᠢ᠋ ᠪᠢᠴᠢᠨ ᠨᠡᠢᠲᠡᠯᠡᠵᠦ ᠪᠢᠯᠡ᠃
ᠮᠠᠨ ᠤ᠋ ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠳᠡᠭᠡᠳᠦ ᠰᠤᠷᠭᠠᠭᠤᠯᠢ ᠴᠦ᠍ ᠪᠠᠷᠠᠭᠤᠨ ᠬᠣᠢᠲᠤ ᠣᠷᠣᠨ ᠤ᠋ ᠡᠯ᠎ᠡ ᠴᠥᠭᠡᠨ ᠲᠣᠭᠠᠲᠤ ᠦᠨᠳᠦᠰᠦᠲᠡᠨ ᠦ᠌ ᠶᠡᠷᠦᠩᠬᠡᠢᠪᠴᠢᠯᠡᠭᠰᠡᠨ ᠳᠡᠭᠡᠳᠦ ᠰᠤᠷᠭᠠᠭᠤᠯᠢ ᠮᠥᠨ ᠪᠥᠭᠡᠳ ᠡᠯ᠎ᠡ ᠠᠬ᠎ᠠ ᠳᠡᠭᠦᠦ ᠦᠨᠳᠦᠰᠦᠲᠡᠨ ᠦ᠌ ᠡᠷᠳᠡᠮ ᠦ᠋ᠨ ᠬᠠᠯᠠᠭᠤᠨ ᠥᠯᠥᠭᠡᠢ ᠮᠡᠳᠡᠯᠭᠡ ᠶ᠋ᠢᠨ ᠨᠠᠨᠳᠢᠨ ᠭᠣᠯᠣᠮᠲᠠ ᠪᠣᠯᠤᠭᠰᠠᠨ ᠤ᠋ ᠬᠤᠪᠢ ᠳ᠋ᠤ᠌ ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠤ᠋ᠨ ᠬᠢᠴᠢᠶᠡᠯ ᠢ᠋ ᠮᠠᠰᠢ ᠴᠢᠬᠤᠯᠠᠴᠢᠯᠠᠨ ᠦᠵᠡᠵᠦ᠂ ᠨᠠᠶᠠᠭᠠᠳ ᠣᠨ ᠠ᠋ᠴᠠ ᠡᠬᠢᠯᠡᠵᠦ ᠵᠠᠪᠠᠯ ᠰᠤᠷᠬᠤ ᠬᠢᠴᠢᠶᠡᠯ ᠢ᠋ᠶ᠋ᠡᠷ ᠮᠣᠩᠭᠣᠯ ᠲᠥᠪᠡᠳ ᠬᠢᠲᠠᠳ ᠮᠡᠲᠦ ᠬᠡᠯᠡ ᠤᠳᠬ᠎ᠠ ᠵᠣᠬᠢᠶᠠᠯ ᠤ᠋ᠨ ᠰᠠᠯᠪᠤᠷᠢ ᠨᠤᠭᠤᠳ ᠲᠤ᠌ ᠨᠡᠭᠡᠭᠡᠪᠡ᠃ᠲᠤᠰ ᠬᠢᠴᠢᠶᠡᠯ ᠦ᠋ᠨ ᠮᠣᠩᠭᠣᠯ ᠰᠠᠯᠪᠤᠷᠢ ᠳ᠋ᠠᠬᠢ ᠵᠢᠭᠠᠨ ᠰᠤᠷᠭᠠᠬᠤ ᠡᠭᠦᠷᠭᠡ ᠶ᠋ᠢ ᠰᠤᠷᠭᠠᠭᠤᠯᠢ ᠠ᠋ᠴᠠ ᠪᠢᠳᠡᠨ ᠳ᠋ᠦ᠍ ᠲᠤᠰᠢᠶᠠᠨ ᠥᠭᠭᠦᠭᠰᠡᠨ ᠡᠴᠡ ᠬᠣᠢᠰᠢ᠂ ᠪᠢᠳᠡ ᠨᠠᠶᠠᠭᠠᠳ ᠣᠨ ᠤ᠋ ᠡᠬᠢᠨ ᠳ᠋ᠦ᠍ ᠤᠷᠢᠳᠠᠪᠡᠷ ᠬᠢᠲᠠᠳ ᠨᠣᠮ ᠢ᠋ᠶ᠋ᠠᠷ ᠮᠥᠷᠳᠡᠯᠭᠡ ᠪᠣᠯᠭᠠᠨ ᠵᠢᠭᠠᠨ ᠵᠢᠯᠣᠭᠣᠳᠬᠤ ᠬᠡᠯᠪᠡᠷᠢ ᠪᠡᠷ ᠵᠢᠭᠠᠵᠤ ᠪᠠᠢᠭᠰᠠᠨ ᠢ᠋ᠶ᠋ᠠᠨ ᠨᠠᠶᠠᠭᠠᠳ ᠣᠨ ᠤ᠋ ᠳᠤᠮᠳᠠᠴᠢ ᠠ᠋ᠴᠠ ᠡᠬᠢᠯᠡᠵᠦ ᠮᠣᠩᠭᠣᠯ ᠲᠠᠢᠯᠤᠮᠵᠢ ᠨᠠᠢᠷᠠᠭᠤᠯᠤᠨ ᠰᠢᠰᠲ᠋ᠧᠮ ᠲᠡᠢ ᠵᠢᠭᠠᠵᠤ ᠡᠬᠢᠯᠡᠪᠡ᠃ᠲᠤᠰ ᠬᠢᠴᠢᠶᠡᠯ ᠦ᠋ᠨ ᠴᠢᠨᠠᠷ ᠢ᠋ ᠳᠡᠭᠡᠭᠰᠢᠯᠡᠭᠦᠯᠵᠦ᠂ ᠨᠢᠳᠦᠨ ᠡᠮᠦᠨᠡᠬᠢ ᠵᠢᠩᠬᠢᠨᠢ ᠠᠩᠭᠢ ᠪᠠ ᠳᠡᠳ᠋ ᠡᠷᠳᠡᠮᠲᠡᠨ ᠴᠣᠯᠠ ᠬᠠᠮᠠᠭᠠᠯᠠᠬᠤ ᠠᠰᠫᠢᠷᠠᠨᠲ ᠤ᠋ᠨ ᠬᠢᠴᠢᠶᠡᠯ ᠬᠥᠮᠦᠵᠢᠯ ᠦ᠋ᠨ ᠪᠠᠴᠢᠮ ᠲᠤᠯᠭᠠᠮ ᠬᠡᠷᠡᠭᠴᠡᠭᠡ ᠳ᠋ᠦ᠍ ᠲᠣᠬᠢᠷᠠᠭᠤᠯᠤᠨ ᠬᠡᠷᠡᠭᠯᠡᠬᠦ ᠵᠣᠷᠢᠯᠭ᠎ᠠ ᠠ᠋ᠴᠠ ᠪᠢᠳᠡ ᠣᠯᠠᠨ ᠵᠢᠯ ᠬᠢᠴᠢᠶᠡᠯᠡᠯᠡᠭᠰᠡᠨ ᠬᠢᠴᠢᠶᠡᠯ ᠦ᠋ᠨ ᠲᠠᠢᠯᠤᠮᠵᠢ ᠶ᠋ᠢᠨ ᠢ᠋ᠶ᠋ᠡᠨ ᠰᠠᠭᠤᠷᠢᠨ ᠳᠡᠭᠡᠷ᠎ᠡ ᠠᠯᠢ ᠣᠯᠠᠨ ᠨᠥᠬᠥᠪᠥᠷᠢ ᠵᠠᠰᠠᠪᠤᠷᠢ ᠣᠷᠣᠭᠤᠯᠤᠨ ᠪᠠᠢᠵᠤ ᠲᠤᠰ ᠨᠣᠮ ᠢ᠋ ᠨᠠᠢᠷᠠᠭᠤᠯᠤᠨ ᠪᠢᠴᠢᠭᠰᠡᠨ ᠶᠦᠮ᠃
ᠲᠤᠰ ᠨᠣᠮ ᠳ᠋ᠤ᠌ ᠤᠮᠠᠷᠠᠲᠤ ᠶ᠋ᠢᠨ ᠬᠣᠷᠢᠨ ᠬᠣᠶᠠᠷ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠤ᠋ᠨ ᠳᠣᠢᠮᠤ ᠶ᠋ᠢ ᠪᠠᠭᠲᠠᠭᠠᠪᠠ᠃ᠦᠨᠳᠦᠰᠦᠲᠡᠨ ᠪᠦᠷᠢ ᠶ᠋ᠢᠨ ᠤᠷᠠᠨ ᠵᠣᠬᠢᠶᠠᠯ ᠳ᠋ᠤ᠌ ᠬᠣᠶᠠᠷ ᠬᠡᠰᠡᠭ ᠠᠭᠤᠯᠭ᠎ᠠ ᠲᠠᠢ᠃ᠡᠬᠢᠨ ᠦ᠌ ᠬᠡᠰᠡᠭ ᠲᠦ᠍ ᠲᠤᠰ ᠦᠨᠳᠦᠰᠦᠲᠡᠨ ᠦ᠌ ᠤᠷᠠᠨ ᠵᠣᠬᠢᠶᠠᠯ ᠤ᠋ᠨ ᠳᠣᠢᠮᠤ ᠶ᠋ᠢ ᠲᠠᠨᠢᠯᠴᠠᠭᠤᠯᠤᠨ ᠥᠭᠦᠯᠡᠵᠦ ᠳᠠᠷᠠᠭᠠᠴᠢ ᠶ᠋ᠢᠨ ᠬᠡᠰᠡᠭ ᠲᠦ᠍ ᠲᠤᠰ ᠦᠨᠳᠦᠰᠦᠲᠡᠨ ᠦ᠌ ᠲᠥᠯᠥᠭᠡᠯᠡᠬᠦ ᠴᠢᠨᠠᠷᠲᠠᠢ ᠠᠮᠠ ᠪᠠ ᠪᠢᠴᠢᠭ ᠦ᠋ᠨ ᠵᠣᠬᠢᠶᠠᠯ ᠠ᠋ᠴᠠ ᠬᠣᠶᠠᠷ ᠠ᠋ᠴᠠ ᠲᠠᠪᠤ ᠶ᠋ᠢ ᠰᠣᠩᠭᠣᠨ ᠵᠣᠬᠢᠬᠤ ᠲᠠᠢᠯᠪᠤᠷᠢ ᠶ᠋ᠢᠨ ᠬᠠᠮᠲᠤ ᠨᠡᠢᠲᠡᠯᠡᠭᠰᠡᠨ ᠶᠦᠮ᠃
《ᠳᠣᠢᠮᠤ》 ᠶ᠋ᠢᠨ ᠬᠡᠰᠡᠭ ᠢ᠋ ᠨᠠᠢᠷᠠᠭᠤᠯᠤᠨ ᠪᠢᠴᠢᠬᠦ ᠳ᠋ᠦ᠍ ᠭᠣᠣᠯᠳᠠᠭᠤ ᠮᠠᠤ ᠰᠢᠩ ᠦ᠋ᠨ ᠭᠣᠣᠯᠯᠠᠨ ᠨᠠᠢᠷᠠᠭᠤᠯᠤᠭᠰᠠᠨ 《ᠳᠤᠮᠳᠠᠳᠤ ᠤᠯᠤᠰ ᠤ᠋ᠨ ᠴᠥᠭᠡᠨ ᠲᠣᠭᠠᠲᠤ
ᠦᠨᠳᠦᠰᠦᠲᠡᠨ ᠦ᠌ ᠤᠷᠠᠨ ᠵᠣᠬᠢᠶᠠᠯ》 (ᠬᠤᠨᠠᠨ ᠤ᠋ ᠠᠷᠠᠳ ᠤ᠋ᠨ ᠬᠡᠪᠯᠡᠯ ᠦ᠋ᠨ ᠬᠣᠷᠢᠶ᠎ᠠ)᠂ ᠮᠠ᠋ ᠰᠢᠶᠣᠤ ᠯᠢᠶᠠᠩ ᠤ᠋ᠨ ᠭᠣᠣᠯᠯᠠᠨ ᠨᠠᠢᠷᠠᠭᠤᠯᠤᠭᠰᠠᠨ 《ᠳᠤᠮᠳᠠᠳᠤ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠤ᠋ᠨ ᠰᠣᠩᠭᠣᠮᠠᠯ》 (ᠱᠠᠩᠬᠠᠢ ᠶ᠋ᠢᠨ ᠤᠳᠬ᠎ᠠ ᠤᠷᠠᠯᠢᠭ ᠤ᠋ᠨ ᠬᠡᠪᠯᠡᠯ ᠦ᠋ᠨ ᠬᠣᠷᠢᠶ᠎ᠠ)᠂ ᠹᠠᠨ ᠢᠦᠢ ᠮᠧᠢ ᠮᠡᠲᠦ ᠬᠣᠷᠢ ᠭᠠᠷᠤᠢ ᠬᠥᠮᠦᠰ ᠦ᠋ᠨ ᠵᠣᠬᠢᠶᠠᠭᠰᠠᠨ 《ᠦᠨᠳᠦᠰᠦᠲᠡᠨ ᠦ᠌ ᠮᠡᠳᠡᠯᠭᠡ ᠶ᠋ᠢᠨ ᠴᠤᠪᠤᠷᠠᠯ ᠪᠢᠴᠢᠭ》 (ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ) ᠵᠡᠷᠭᠡ ᠬᠢᠲᠠᠳ ᠨᠣᠮ ᠤ᠋ᠨ ᠦᠯᠢᠭᠡᠷ ᠳᠠᠭᠤᠤ ᠪᠠᠭᠲᠠᠨ᠎ᠠ᠃ ᠡᠭᠦᠨ ᠳ᠋ᠦ᠍ ᠰᠢᠳᠢᠲᠦ ᠦᠯᠢᠭᠡᠷ᠂ ᠳᠣᠮᠣᠭ ᠶᠠᠷᠢᠶ᠎ᠠ ᠪᠣᠯ ᠮᠣᠩᠭᠣᠯ ᠠᠷᠠᠳ ᠤ᠋ᠨ ᠠᠮᠠᠨ ᠵᠣᠬᠢᠶᠠᠯ ᠳᠣᠲᠣᠷᠠᠬᠢ ᠬᠠᠮᠤᠭ ᠤ᠋ᠨ ᠲᠦᠷᠦᠭᠦᠨ ᠳ᠋ᠦ᠍ ᠪᠣᠢ ᠪᠣᠯᠤᠭᠰᠠᠨ ᠰᠲ᠋ᠢᠯᠢ ᠬᠡᠯᠪᠡᠷᠢ ᠶᠦᠮ᠃
ᠰᠢᠳᠢᠲᠦ ᠦᠯᠢᠭᠡᠷ ᠲᠦ᠍ ᠬᠥᠮᠦᠨ ᠲᠥᠷᠥᠯᠬᠢᠲᠡᠨ ᠦ᠌ ᠪᠠᠢᠭᠠᠯᠢ ᠶ᠋ᠢ ᠢᠯᠠᠬᠤ ᠬᠦᠰᠡᠯ ᠪᠣᠳᠣᠯ ᠢ᠋ ᠢᠯᠡᠳᠬᠡᠭᠰᠡᠨ《ᠳᠣᠭᠰᠢᠨ ᠬᠠᠷ᠎ᠠ ᠯᠤᠤᠰ ᠢ᠋ ᠳᠠᠷᠤᠭᠰᠠᠨ ᠳᠣᠮᠣᠭ》 ᠭᠡᠬᠦ ᠮᠡᠲᠦ ᠪᠠᠢᠳᠠᠭ᠃ ᠳᠣᠮᠣᠭ ᠶᠠᠷᠢᠶ᠎ᠠ ᠳ᠋ᠤ᠌ ᠲᠦᠷᠦᠭᠦᠨ ᠳ᠋ᠡᠭᠡᠨ ᠲᠩᠷᠢ ᠭᠠᠵᠠᠷ ᠤ᠋ᠨ ᠡᠭᠦᠰᠦᠯ ᠪᠦᠷᠢᠯᠳᠦᠯ ᠦ᠋ᠨ ᠲᠤᠬᠠᠢ᠂ ᠤᠷᠭᠤᠮᠠᠯ ᠠᠮᠢᠲᠠᠨ ᠪᠤᠶᠤ ᠲᠡᠳᠡᠭᠡᠷ ᠦ᠋ᠨ ᠲᠣᠲ᠋ᠸᠮ ᠤ᠋ᠨ ᠲᠤᠬᠠᠢ ᠳᠣᠮᠣᠭ ᠶᠠᠷᠢᠶ᠎ᠠ ᠦᠯᠡᠮᠵᠢᠬᠡᠨ ᠵᠣᠬᠢᠶᠠᠭᠳᠠᠵᠤ ᠪᠠᠢᠭᠰᠠᠨ ᠢ᠋ᠶ᠋ᠠᠨ ᠬᠣᠵᠢᠮ ᠨᠢ ᠬᠥᠭᠵᠢᠭᠡᠳ ᠣᠪᠣᠭ ᠠᠢᠮᠠᠭ ᠤ᠋ᠨ ᠢᠷᠡᠯ ᠡᠭᠦᠰᠦᠯ ᠦ᠋ᠨ ᠲᠤᠬᠠᠢ ᠪᠤᠶᠤ ᠪᠠᠭᠠᠲᠤᠷ ᠬᠥᠮᠦᠨ ᠦ᠌ ᠲᠤᠬᠠᠢ ᠳᠣᠮᠣᠭ ᠶᠠᠷᠢᠶ᠎ᠠ ᠠᠷᠪᠢᠨ ᠵᠣᠬᠢᠶᠠᠭᠳᠠᠵᠤ ᠲᠤᠩ ᠶᠡᠬᠡ ᠨᠥᠯᠥᠭᠡ ᠲᠡᠢ ᠪᠣᠯᠤᠭᠰᠠᠨ ᠶᠤᠮ᠃
ᠵᠢᠱ᠌ᠢᠶᠡᠯᠡᠪᠡᠯ《ᠡᠷᠭᠢᠨ᠎ᠡ ᠬᠤᠨ ᠤ᠋ ᠳᠣᠮᠣᠭ》᠂《ᠳᠠᠭᠢᠨᠢ ᠶ᠋ᠢᠨ ᠠᠴᠢ》 ᠮᠡᠲᠦ ᠳ᠋ᠦ᠍ ᠪᠦᠷ ᠥᠪᠡᠷ ᠦ᠋ᠨ ᠠᠢᠮᠠᠭ ᠤ᠋ᠨ ᠢ᠋ᠶ᠋ᠠᠨ ᠲᠦᠷᠦᠭᠦᠴᠢ ᠪᠡᠨ ᠲᠩᠷᠢ ᠲᠡᠢ ᠬᠣᠯᠪᠣᠨ ᠥᠭᠦᠯᠡᠵᠦ᠂ ᠠᠢᠮᠠᠭ ᠪᠦᠯᠦᠭ ᠦ᠋ᠨ ᠢ᠋ᠶ᠋ᠡᠨ ᠬᠦᠴᠦᠷᠬᠡᠭᠵᠢᠬᠦ ᠳ᠋ᠦ᠍ ᠶᠠᠷᠢᠶ᠎ᠠ ᠬᠡᠯᠡᠯᠴᠡᠭᠡ ᠵᠣᠬᠢᠶᠠᠭᠰᠠᠨ ᠪᠠᠢᠳᠠᠭ᠃ ᠮᠣᠩᠭᠣᠯ ᠦᠨᠳᠦᠰᠦᠲᠡᠨ ᠦ᠌ ᠢᠷᠦᠭᠡᠯ ᠮᠠᠭᠲᠠᠭᠠᠯ ᠪᠣᠯ ᠲᠣᠭᠠᠨ ᠤ᠋ ᠲᠠᠯ᠎ᠠ ᠪᠠᠷ ᠲᠣᠩ ᠣᠯᠠᠨ ᠪᠠᠢᠳᠠᠭ᠃ ᠲᠡᠷᠡ ᠨᠢ ᠠᠷᠠᠳ ᠲᠦᠮᠡᠨ ᠦ᠌ ᠵᠠᠩ ᠦᠢᠯᠡ᠂ ᠶᠣᠰᠣ ᠰᠤᠷᠲᠠᠬᠤᠨ᠂ ᠠᠵᠢᠯ ᠬᠥᠳᠡᠯᠮᠦᠷᠢ ᠲᠡᠢ ᠨᠢᠭᠲᠠ ᠤᠶᠠᠯᠳᠤᠭ᠎ᠠ ᠲᠠᠢ ᠪᠠᠢᠳᠠᠭ ᠰᠲ᠋ᠢᠯᠢ ᠬᠡᠯᠪᠡᠷᠢ ᠶᠦᠮ᠃ ᠮᠣᠩᠭᠣᠯ ᠠᠷᠠᠳ ᠲᠦᠮᠡᠨ ᠠᠵᠤ ᠠᠮᠢᠳᠤᠷᠠᠯ ᠤ᠋ᠨ ᠢ᠋ᠶ᠋ᠠᠨ ᠠᠯᠢᠪᠠ ᠦᠢᠯᠡᠰ ᠪᠦᠬᠦᠨ ᠢ᠋ ᠰᠠᠨᠠᠭᠰᠠᠨ ᠬᠦᠰᠡᠭᠰᠡᠨ ᠢ᠋ᠶ᠋ᠡᠷ ᠢ᠋ᠶ᠋ᠡᠨ ᠶᠣᠰᠣᠴᠢᠯᠠᠨ ᠪᠦᠲᠦᠭᠡᠬᠦ ᠶ᠋ᠢ ᠢᠷᠦᠭᠡᠯ ᠪᠡᠯᠭᠡ ᠶ᠋ᠢᠨ ᠦᠭᠡ ᠪᠡᠷ ᠭᠠᠢᠬᠠᠯᠲᠠᠢ ᠰᠠᠢᠬᠠᠨ ᠢᠯᠡᠳᠬᠡᠳᠡᠭ᠃ ᠡᠭᠦᠨ ᠳ᠋ᠦ᠍《ᠠᠩ ᠤ᠋ᠨ ᠰᠠᠩ》 ᠮᠡᠲᠦ ᠠᠩ ᠠᠪᠠ ᠶ᠋ᠢᠨ ᠠᠮᠢᠳᠤᠷᠠᠯ ᠢ᠋ ᠬᠠᠷᠠᠭᠤᠯᠤᠭᠰᠠᠨ ᠴᠥᠭᠡᠪᠲᠦᠷ ᠢᠷᠦᠭᠡᠯ ᠮᠠᠭᠲᠠᠭᠠᠯ ᠪᠠᠢᠳᠠᠭ ᠤ᠋ᠨ ᠬᠠᠮᠲᠤ ᠲᠣᠭᠠᠨ ᠤ᠋ ᠲᠠᠯ᠎ᠠ ᠪᠠᠷ ᠬᠠᠮᠤᠭ ᠤ᠋ᠨ ᠠᠷᠪᠢᠨ ᠨᠢ《ᠰᠢᠪᠠᠭᠤᠨ ᠳᠠᠯᠠᠯᠭ᠎ᠠ》᠂ ᠲᠡᠮᠡᠭᠡᠨ ᠳᠠᠯᠠᠯᠭ᠎ᠠ》᠂《ᠭᠡᠷ ᠦ᠋ᠨ ᠢᠷᠦᠭᠡᠯ ᠂《ᠪᠠᠶᠠᠨ ᠰᠥᠩ ᠦ᠋ᠨ ᠢᠷᠦᠭᠡᠯ》᠂《ᠨᠠᠭᠠᠳᠤᠮ ᠤ᠋ᠨ ᠢᠷᠦᠭᠡᠯ》《ᠢᠰᠡᠭᠡᠢ ᠶ᠋ᠢᠨ ᠢᠷᠦᠭᠡᠯ》᠂《ᠳᠠᠯᠤ ᠶ᠋ᠢᠨ ᠢᠷᠦᠭᠡᠯ》᠂《ᠮᠣᠷᠢᠨ ᠤ᠋ ᠮᠠᠭᠲᠠᠭᠠᠯ》 ᠮᠡᠲᠦ ᠮᠠᠯᠵᠢᠬᠤ ᠠᠵᠤ ᠠᠮᠢᠳᠤᠷᠠᠯ ᠢ᠋ ᠬᠠᠷᠠᠭᠤᠯᠤᠭᠰᠠᠨ ᠢᠷᠦᠭᠡᠯ ᠮᠠᠭᠲᠠᠭᠠᠯ ᠤ᠋ᠳ ᠪᠠᠢᠳᠠᠭ᠃ ᠬᠣᠵᠢᠭᠤ ᠦᠶ᠎ᠡ ᠪᠣᠯᠬᠤ ᠳ᠋ᠤ᠌《ᠦᠲᠦᠷᠮ᠎ᠡ ᠶ᠋ᠢᠨ ᠢᠷᠦᠭᠡᠯ》 ᠮᠡᠲᠦ ᠲᠠᠷᠢᠶᠠᠯᠠᠩ ᠦᠢᠯᠡᠳᠪᠦᠷᠢᠯᠡᠯ ᠢ᠋ ᠬᠠᠷᠠᠭᠤᠯᠤᠭᠰᠠᠨ ᠢᠷᠦᠭᠡᠯ ᠮᠠᠭᠲᠠᠭᠠᠯᠴᠤ ᠪᠣᠢ ᠪᠣᠯᠪᠠ᠃ ᠵᠠᠷᠢᠮ ᠢᠷᠦᠭᠡᠯ ᠮᠠᠭᠲᠠᠭᠠᠯ ᠳ᠋ᠤ᠌ ᠲᠤᠬᠠᠢ ᠶ᠋ᠢᠨ ᠴᠠᠭ ᠲᠤᠬᠠᠢ ᠶ᠋ᠢᠨ ᠭᠠᠵᠠᠷ ᠣᠷᠣᠨ ᠤ᠋ ᠲᠡᠦᠬᠡᠲᠦ ᠦᠢᠯᠡ ᠶᠠᠪᠤᠳᠠᠯ ᠪᠣᠯᠤᠨ ᠵᠠᠩ ᠵᠠᠩᠰᠢᠯ ᠵᠡᠷᠭᠡ ᠶ᠋ᠢ ᠪᠠᠭᠲᠠᠭᠠᠭᠰᠠᠨ ᠲᠤᠯᠠ ᠰᠤᠳᠤᠯᠭᠠᠨ ᠤ᠋ ᠦᠨ᠎ᠡ ᠴᠠᠨ᠎ᠠ ᠪᠠᠷ ᠶᠡᠬᠡ ᠶᠦᠮ᠃《ᠪᠠᠶᠠᠨ ᠰᠥᠩ ᠦ᠋ᠨ ᠢᠷᠦᠭᠡᠯ》 ᠢ᠋ᠶ᠋ᠡᠷ ᠵᠢᠱ᠌ᠢᠶᠡᠯᠡᠪᠡᠯ ᠥᠪᠥᠷ ᠮᠣᠩᠭᠣᠯ ᠤ᠋ᠨ ᠣᠷᠳᠣᠰ᠂ ᠤᠯᠠᠭᠠᠨᠴᠠᠪ ᠤ᠋ᠨ ᠬᠤᠪᠢᠯᠪᠤᠷᠢ ᠳ᠋ᠤ᠌ ᠲᠡᠦᠬᠡᠲᠦ ᠦᠢᠯᠡ ᠶᠠᠪᠤᠳᠠᠯ ᠢ᠋ ᠪᠠᠭᠲᠠᠭᠠᠭᠰᠠᠨ ᠦᠭᠡᠢ᠂ ᠳ᠋ᠠᠩ ᠢᠷᠥᠭᠡᠨ ᠪᠡᠯᠭᠡᠳᠡᠭᠰᠡᠨ ᠦᠭᠡ ᠪᠡᠷ ᠪᠦᠷᠢᠯᠳᠦᠭᠰᠡᠨ ᠪᠠᠢᠬᠤ ᠳ᠋ᠤ᠌ ᠭᠠᠨᠰᠦ ᠬᠥᠬᠡᠨᠠᠭᠤᠷ ᠤ᠋ᠨ ᠬᠤᠪᠢᠯᠪᠤᠷᠢ ᠳ᠋ᠤ᠌ ᠬᠠᠷᠢᠨ ᠴᠢᠩᠭᠢᠰ ᠦ᠋ᠨ ᠮᠣᠩᠭᠣᠯ ᠢ᠋ ᠨᠢᠭᠡᠳᠬᠡᠭᠰᠡᠨ᠂ ᠬᠣᠱᠤᠳ ᠤ᠋ᠨ ᠭᠦᠦᠰᠢ ᠬᠠᠨ ᠤ᠋ ᠬᠥᠬᠡᠨᠠᠭᠤᠷᠲᠤ ᠨᠡᠭᠦᠳᠡᠯᠯᠡᠨ ᠢᠷᠡᠭᠰᠡᠨ ᠪᠠ ᠲᠥᠪᠡᠳ ᠲᠦ᠍ ᠴᠡᠷᠢᠭᠯᠡᠭᠰᠡᠨ ᠵᠢᠴᠢ ᠲᠡᠭᠦᠨ ᠦ᠌ ᠳᠠᠯᠠᠢ ᠯᠠᠮᠠ᠂ ᠪᠠᠨᠴᠢᠨ ᠪᠣᠭᠳᠠ ᠯᠤᠭ᠎ᠠ ᠶ᠋ᠢᠨ ᠬᠠᠷᠢᠴᠠᠭ᠎ᠠ ᠵᠡᠷᠭᠡ ᠶ᠋ᠢ ᠥᠭᠦᠯᠡᠵᠦ᠂ ᠲᠤᠬᠠᠢ ᠶ᠋ᠢᠨ ᠦᠶ᠎ᠡ ᠶ᠋ᠢᠨ ᠣᠷᠣᠨ ᠨᠤᠲᠤᠭ ᠤ᠋ᠨ ᠲᠡᠦᠬᠡ ᠶ᠋ᠢ ᠣᠢᠯᠠᠭᠠᠵᠤ ᠮᠡᠳᠡᠬᠦ ᠳ᠋ᠦ᠍ ᠴᠢᠬᠤᠯᠠ ᠪᠠᠷᠢᠮᠲᠠ ᠪᠣᠯᠤᠭᠰᠠᠨ ᠪᠠᠢᠨ᠎ᠠ᠃ ᠪᠠᠭᠠᠲᠤᠷᠯᠢᠭ ᠲᠤᠤᠯᠢ ᠪᠣᠯᠤᠨ ᠪᠥᠬᠡ ᠮᠥᠷᠭᠥᠯ ᠦ᠋ᠨ ᠢᠷᠠᠭᠤ ᠨᠠᠢᠷᠠᠭ ᠪᠣᠯ ᠮᠣᠩᠭᠣᠯ ᠠᠷᠠᠳ ᠤ᠋ᠨ ᠠᠮᠠᠨ ᠵᠣᠬᠢᠶᠠᠯ ᠳᠣᠲᠣᠷᠠᠬᠢ ᠬᠣᠶᠠᠷ ᠶᠡᠬᠡ ᠴᠢᠬᠤᠯᠠ ᠰᠠᠩ ᠬᠥᠮᠥᠷᠭᠡ ᠪᠡᠷ ᠦᠨᠡᠯᠡᠭᠳᠡᠵᠦ ᠪᠠᠢᠨ᠎ᠠ᠃ ᠮᠠᠨ ᠤ᠋ ᠤᠯᠤᠰ ᠤ᠋ᠨ ᠮᠣᠩᠭᠣᠯ ᠪᠠᠭᠠᠲᠤᠷᠯᠢᠭ ᠲᠤᠤᠯᠢ ᠶ᠋ᠢ ᠥᠪᠥᠷ ᠮᠣᠩᠭᠣᠯ ᠢ᠋ᠶ᠋ᠠᠷ ᠭᠣᠣᠯᠳᠠᠭᠤᠯᠤᠭᠰᠠᠨ ᠪᠠᠷᠭᠤ ᠪᠤᠷᠢᠶᠠᠳ ᠰᠢᠰᠲ᠋ᠧᠮ ᠦ᠋ᠨ ᠳᠠᠩ ᠪᠦᠲᠦᠴᠡ ᠲᠡᠢ ᠲᠤᠤᠯᠢ ᠪᠣᠯᠤᠨ ᠰᠢᠨᠵᠢᠶᠠᠩ ᠤ᠋ᠨ ᠣᠢᠷᠠᠳ ᠢ᠋ᠶ᠋ᠠᠷ ᠭᠣᠣᠯᠳᠠᠭᠤᠯᠤᠭᠰᠠᠨ ᠣᠢᠷᠠᠳ ᠰᠢᠰᠲ᠋ᠧᠮ ᠦ᠋ᠨ ᠤᠭᠰᠠᠷᠠᠭᠰᠠᠨ ᠨᠡᠢᠯᠡᠮᠡᠯ ᠪᠦᠲᠦᠴᠡ ᠲᠡᠢ ᠪᠠᠭᠠᠲᠤᠷᠯᠢᠭ ᠲᠤᠤᠯᠢ ᠭᠡᠮᠡᠨ ᠠᠩᠭᠢᠯᠠᠨ ᠬᠤᠪᠢᠶᠠᠵᠤ ᠨᠡᠢᠲᠡ ᠨᠢᠭᠡ ᠵᠠᠭᠤ ᠰᠢᠬᠠᠮ ᠪᠠᠢᠨ᠎ᠠ᠃ ᠡᠳᠡᠭᠡᠷ ᠪᠠᠭᠠᠲᠤᠷᠯᠢᠭ ᠲᠤᠤᠯᠢ ᠳᠣᠲᠣᠷᠠᠬᠢ ᠮᠣᠩᠭᠣᠯ ᠤᠷᠠᠨ ᠵᠣᠬᠢᠶᠠᠯ ᠤ᠋ᠨ ᠭᠤᠷᠪᠠᠨ ᠣᠷᠭᠢᠯ ᠳ᠋ᠤ᠌ ᠪᠠᠭᠲᠠᠭᠠᠭᠳᠠᠨ᠂ ᠳᠤᠮᠳᠠᠳᠤ ᠤᠯᠤᠰ ᠤ᠋ᠨ ᠭᠤᠷᠪᠠᠨ ᠶᠡᠬᠡ ᠠᠯᠳᠠᠷᠲᠤ ᠲᠤᠤᠯᠢ ᠳ᠋ᠤ᠌ ᠲᠣᠭᠠᠴᠢᠭᠳᠠᠨ ᠪᠦᠬᠦᠢ ᠳᠡᠯᠡᠬᠡᠢ ᠳ᠋ᠠᠬᠢᠨ᠎ᠠ ᠠᠯᠳᠠᠷᠰᠢᠭᠰᠠᠨ《ᠵᠠᠩᠭᠠᠷ》《ᠭᠡᠰᠡᠷ》 ᠪᠣᠯ ᠬᠠᠮᠤᠭ ᠤ᠋ᠨ ᠲᠥᠯᠥᠭᠡᠯᠡᠬᠦ ᠴᠢᠨᠠᠷ ᠲᠠᠢ ᠬᠣᠶᠠᠷ ᠪᠠᠭᠠᠲᠤᠷᠯᠢᠭ ᠲᠤᠤᠯᠢ ᠶᠤᠮ᠃1950 ᠣᠨ ᠳ᠋ᠤ᠌ ᠪᠢᠶᠠᠨ ᠶᠤᠸᠠᠨ《ᠬᠣᠩᠭᠣᠷ》 ᠭᠡᠭᠴᠢ ᠨᠣᠮ ᠬᠡᠪᠯᠡᠭᠦᠯᠦᠭᠰᠡᠨ ᠨᠢ ᠮᠠᠨ ᠤ᠋ ᠤᠯᠤᠰ ᠤ᠋ᠨ《ᠵᠠᠩᠭᠠᠷ》 ᠤ᠋ᠨ ᠢ᠋ᠶ᠋ᠠᠷ ᠬᠡᠪᠯᠡᠯ ᠦ᠋ᠨ ᠡᠭᠦᠳᠡ ᠶ᠋ᠢ ᠨᠡᠭᠡᠭᠡᠭᠰᠡᠨ ᠠᠩᠬᠠᠨ ᠤ᠋ ᠣᠷᠣᠯᠳᠣᠯᠭ᠎ᠠ ᠭᠡᠮᠡᠨ ᠦᠨᠡᠯᠡᠭᠦᠰᠢᠲᠡᠢ᠃ ᠲᠡᠭᠦᠨ ᠡᠴᠡ ᠬᠣᠢᠰᠢ1958 ᠣᠨ ᠳ᠋ᠤ᠌ ᠥᠪᠥᠷ ᠮᠣᠩᠭᠣᠯ ᠳ᠋ᠤ᠌ ᠠᠷᠪᠠᠨ ᠭᠤᠷᠪᠠᠨ ᠪᠦᠯᠦᠭᠲᠦ《ᠵᠠᠩᠭᠠᠷ》 ᠬᠡᠪᠯᠡᠭᠳᠡᠵᠦ᠂《ᠵᠠᠩᠭᠠᠷ》 ᠤ᠋ᠨ ᠨᠥᠯᠥᠭᠡ ᠲᠤᠰᠬᠠᠯ ᠢ᠋ ᠶᠡᠬᠡᠪᠡᠷ ᠥᠷᠭᠡᠵᠢᠭᠦᠯᠦᠭᠰᠡᠨ ᠪᠠᠢᠨ᠎ᠠ᠃1980 ᠣᠨ ᠠ᠋ᠴᠠ ᠬᠣᠢᠰᠢ《ᠵᠠᠩᠭᠠᠷ》 ᠢ᠋ ᠡᠮᠬᠢᠳᠬᠡᠨ ᠬᠡᠪᠯᠡᠬᠦ ᠠᠵᠢᠯ ᠮᠠᠰᠢ ᠶᠡᠬᠡ ᠬᠥᠭᠵᠢᠭᠡᠨ ᠲᠡᠢ ᠶᠠᠪᠤᠭᠳᠠᠵᠤ᠂ ᠰᠢᠨᠵᠢᠶᠠᠩ ᠪᠠ ᠥᠪᠥᠷ ᠮᠣᠩᠭᠣᠯ ᠳ᠋ᠤ᠌ ᠠᠷᠪᠠᠨ ᠲᠠᠪᠤᠨ ᠪᠦᠯᠦᠭᠲᠦ《ᠵᠠᠩᠭᠠᠷ》 ᠬᠡᠪᠯᠡᠭᠳᠡᠭᠰᠡᠨ ᠡᠴᠡ ᠬᠣᠢᠰᠢ ᠤᠳᠠᠯ ᠦᠭᠡᠢ ᠰᠢᠨᠵᠢᠶᠠᠩ ᠳ᠋ᠤ᠌ ᠪᠠᠰᠠ ᠠᠷᠪᠠᠨ ᠬᠣᠶᠠᠷ ᠲᠦᠮᠡ ᠭᠠᠷᠤᠢ ᠮᠥᠷ ᠲᠡᠢ᠂ ᠶᠡᠷᠡᠨ ᠲᠠᠪᠤᠨ ᠪᠦᠯᠦᠭᠲᠦ ᠶᠢᠰᠦᠨ ᠡᠮᠬᠢᠳᠬᠡᠯ《ᠵᠠᠩᠭᠠᠷ ᠤ᠋ᠨ ᠡᠬᠡ ᠮᠠᠲ᠋ᠧᠷᠢᠶᠠᠯ》 ᠪᠣᠯᠤᠨ ᠨᠠᠢ᠍ᠮᠠᠨ ᠲᠦᠮᠡ ᠭᠠᠷᠤᠢ ᠮᠥᠷ ᠲᠡᠢ ᠵᠢᠷᠠᠨ ᠪᠦᠯᠦᠭᠲᠦ《ᠵᠠᠩᠭᠠᠷ》 ᠡᠮᠬᠢᠳᠬᠡᠨ ᠬᠡᠪᠯᠡᠭᠳᠡᠵᠦ᠂《ᠵᠠᠩᠭᠠᠷ》 ᠤ᠋ᠨ ᠡᠮᠬᠢᠳᠬᠡᠨ ᠬᠡᠪᠯᠡᠬᠦ ᠠᠵᠢᠯ ᠤ᠋ᠨ ᠬᠠᠮᠤᠭ ᠤ᠋ᠨ ᠭᠢᠯᠠᠯᠵᠠᠭᠰᠠᠨ ᠶᠡᠬᠡ ᠠᠮᠵᠢᠯᠲᠠ ᠶ᠋ᠢ ᠬᠠᠷᠠᠭᠤᠯᠤᠭᠰᠠᠨ ᠪᠠᠢᠨ᠎ᠠ᠃《ᠵᠠᠩᠭᠠᠷ》 ᠪᠣᠯ ᠣᠢᠷᠠᠳ ᠤ᠋ᠨ ᠪᠠᠭᠠᠲᠤᠷᠯᠢᠭ ᠲᠤᠤᠯᠢ᠂ ᠢᠷᠦᠭᠡᠯ ᠮᠠᠭᠲᠠᠭᠠᠯ᠂ ᠳᠠᠭᠤᠤ ᠦᠯᠢᠭᠡᠷ ᠦ᠋ᠨ ᠰᠠᠭᠤᠷᠢᠨ ᠳᠡᠭᠡᠷ᠎ᠡ15 ᠳ᠋ᠤᠭᠠᠷ ᠵᠠᠭᠤᠨ ᠤ᠋ ᠦᠶ᠎ᠡ ᠳ᠋ᠦ᠍ ᠮᠠᠨ ᠤ᠋ ᠤᠯᠤᠰ ᠤ᠋ᠨ ᠠᠯᠲᠠᠢ ᠠᠭᠤᠯᠠ ᠡᠷᠴᠢᠰ ᠮᠥᠷᠡᠨ ᠦ᠌ ᠬᠠᠪᠢ ᠳ᠋ᠤ᠌ ᠪᠣᠢ ᠪᠣᠯᠤᠭᠰᠠᠨ ᠣᠢᠷᠠᠳ ᠤ᠋ᠨ ᠪᠠᠭᠠᠲᠤᠷᠯᠢᠭ ᠲᠤᠤᠯᠢ ᠶᠤᠮ᠃《ᠵᠠᠩᠭᠠᠷ》 ᠤ᠋ᠨ ᠰᠤᠳᠤᠯᠭᠠᠨ ᠠᠯᠢ ᠡᠷᠲᠡ1804 ᠣᠨ ᠳ᠋ᠤ᠌ ᠭᠧᠷᠮᠠᠨ ᠤ᠋ ᠡᠷᠳᠡᠮᠲᠡᠨ ᠹᠧᠷᠭᠧᠮᠡᠨ《ᠵᠠᠩᠭᠠᠷ》 ᠢ᠋ ᠡᠮᠬᠢᠳᠬᠡᠨ ᠣᠷᠴᠢᠭᠤᠯᠵᠤ᠂ ᠲᠠᠨᠢᠯᠴᠠᠭᠤᠯᠤᠨ ᠨᠡᠢᠲᠡᠯᠡᠭᠰᠡᠨ ᠡᠴᠡ ᠡᠬᠢᠯᠡᠵᠦ ᠣᠳᠣ ᠪᠣᠯᠲᠠᠯ᠎ᠠ ᠨᠢᠭᠡ ᠵᠠᠭᠤ ᠶᠡᠷᠡ ᠭᠠᠷᠤᠢ ᠵᠢᠯ ᠦ᠋ᠨ ᠲᠤᠷᠰᠢ ᠠᠽᠢᠶ᠎ᠠ᠂ ᠧᠦ᠋ᠷᠣᠫᠠ᠂ ᠠᠮᠧᠷᠢᠺᠠ ᠲᠢᠪ ᠦ᠋ᠨ ᠠᠯᠢ ᠣᠯᠠᠨ ᠡᠷᠳᠡᠮᠲᠡᠳ ᠲᠠᠯ᠎ᠠ ᠲᠠᠯ᠎ᠠ ᠠ᠋ᠴᠠ ᠪᠠᠨ ᠰᠤᠳᠤᠯᠵᠤ《ᠵᠠᠩᠭᠠᠷ》 ᠳᠡᠯᠡᠬᠡᠢ ᠶ᠋ᠢᠨ ᠴᠢᠨᠠᠷᠲᠠᠢ ᠰᠤᠳᠤᠯᠭᠠᠨ ᠪᠣᠯᠤᠭᠰᠠᠨ ᠤ᠋ ᠬᠤᠪᠢ ᠳ᠋ᠤ᠌ ᠶᠡᠬᠡᠴᠤ ᠭᠦᠨᠵᠡᠭᠡᠢᠷᠡᠨ ᠬᠥᠭᠵᠢᠭᠰᠡᠨ ᠪᠠᠢᠨ᠎ᠠ᠃ ᠡᠨᠡᠬᠦ ᠰᠤᠳᠤᠯᠭᠠᠨ ᠢ᠋ ᠮᠠᠨ ᠤ᠋ ᠤᠯᠤᠰ ᠤ᠋ᠨ ᠡᠷᠳᠡᠮᠲᠡᠳ᠂ ᠢᠯᠠᠩᠭᠤᠶ᠎ᠠ ᠣᠢᠷᠠᠳ ᠤ᠋ᠨ ᠡᠷᠳᠡᠮᠲᠡᠳ ᠣᠨᠴᠠ ᠶᠡᠬᠡᠪᠡᠷ ᠬᠥᠭᠵᠢᠭᠦᠯᠵᠦ᠂1982.1988 ᠣᠨ ᠳ᠋ᠤ᠌ ᠲᠤᠰ ᠪᠦᠷᠢ ᠬᠣᠶᠠᠷ ᠤᠳᠠᠭᠠᠨ ᠤ᠋ ᠪᠦᠬᠦ ᠤᠯᠤᠰ ᠤ᠋ᠨ ᠪᠠ ᠳᠡᠯᠡᠬᠡᠢ ᠶ᠋ᠢᠨ ᠴᠢᠨᠠᠷ ᠲᠠᠢ《ᠵᠠᠩᠭᠠᠷ》 ᠤ᠋ᠨ ᠰᠤᠳᠤᠯᠭᠠᠨ ᠤ᠋ ᠬᠤᠷᠠᠯ ᠢ᠋ ᠬᠤᠷᠠᠯᠳᠤᠭᠤᠯᠵᠤ᠂ ᠶᠡᠷᠡ ᠭᠠᠷᠤᠢ ᠥᠭᠦᠯᠡᠯ ᠭᠠᠷᠳᠠᠨ ᠠᠪᠤᠭᠰᠠᠨ ᠪᠠᠢᠨ᠎ᠠ᠃ ᠪᠠᠰᠠ ᠪᠦᠬᠦ ᠤᠯᠤᠰ ᠤ᠋ᠨ 《ᠵᠠᠩᠭᠠᠷ》 ᠤ᠋ᠨ ᠰᠤᠳᠤᠯᠭᠠᠨ ᠤ᠋ ᠨᠡᠢᠭᠡᠮᠯᠢᠭ ᠢ᠋ ᠪᠠᠢᠭᠤᠯᠵᠤ᠂ ᠪᠠᠢᠩᠭᠤ ᠶ᠋ᠢᠨ ᠴᠢᠨᠠᠷᠲᠠᠢ ᠡᠷᠳᠡᠮ ᠰᠢᠨᠵᠢᠯᠡᠭᠡᠨ ᠦ᠌ ᠰᠤᠳᠤᠯᠭᠠᠨ ᠬᠢᠵᠦ᠂《ᠵᠠᠩᠭᠠᠷ ᠤ᠋ᠨ ᠲᠤᠬᠠᠢ ᠥᠭᠦᠯᠡᠬᠦ ᠨᠢ》 ᠮᠡᠲᠦ ᠠᠯᠢ ᠣᠯᠠᠨ ᠰᠤᠳᠤᠯᠭᠠᠨ ᠤ᠋ ᠲᠤᠰᠬᠠᠢ ᠪᠦᠲᠦᠭᠡᠯ ᠦ᠋ᠳ ᠢ᠋ ᠬᠡᠪᠯᠡᠭᠦᠯᠵᠦ᠂《ᠵᠠᠩᠭᠠᠷ》 ᠤ᠋ᠨ ᠰᠤᠳᠤᠯᠭᠠᠨ ᠢ᠋ ᠴᠦ᠍ ᠰᠢᠨ᠎ᠡ ᠱᠠᠲᠤᠨ ᠳ᠋ᠤ᠌ ᠲᠦᠯᠬᠢᠨ ᠠᠬᠢᠭᠤᠯᠵᠤ᠂ᠰᠢᠨ᠎ᠡ ᠲᠦᠪᠰᠢᠨ ᠳ᠋ᠦ᠍ ᠬᠦᠷᠭᠡᠭᠰᠡᠨ ᠪᠠᠢᠨ᠎ᠠ᠃《ᠵᠠᠩᠭᠠᠷ》ᠲᠤ ᠵᠠᠩᠭᠠᠷ ᠬᠣᠩᠭᠣᠷ ᠤ᠋ᠨ ᠪᠠᠭᠠᠲᠤᠷᠴᠤᠳ ᠢ᠋ᠶ᠋ᠠᠨ ᠴᠤᠭᠯᠠᠭᠤᠯᠵᠤ᠂ ᠳᠣᠪᠲᠣᠯᠤᠭᠴᠢ ᠳᠠᠢᠰᠤᠨ ᠲᠠᠢ ᠲᠡᠮᠡᠴᠡᠨ᠂ ᠳᠠᠷᠤᠯᠠᠯ ᠳᠣᠷᠣᠮᠵᠢᠯᠠᠯ ᠢ᠋ ᠡᠰᠡᠷᠭᠦᠴᠡᠨ᠂ ᠡᠬᠡ ᠨᠤᠲᠤᠭ ᠪᠤᠮᠪᠠ ᠶ᠋ᠢᠨ ᠣᠷᠣᠨ ᠢ᠋ᠶ᠋ᠠᠨ ᠬᠠᠮᠠᠭᠠᠯᠠᠭᠰᠠᠨ ᠦᠢᠯᠡ ᠶᠠᠪᠤᠳᠠᠯ ᠢ᠋ ᠥᠭᠦᠯᠡᠬᠦ ᠪᠡᠷ ᠳᠠᠮᠵᠢᠭᠤᠯᠵᠤ᠂ ᠠᠷᠠᠳ ᠲᠦᠮᠡᠨ ᠦ᠌ ᠡᠷᠬᠡ ᠴᠢᠯᠥᠭᠡᠲᠡᠢ ᠵᠣᠯ ᠵᠢᠷᠭᠠᠯᠲᠠᠢ ᠠᠮᠢᠳᠤᠷᠠᠬᠤ ᠬᠦᠰᠡᠯ ᠮᠥᠷᠥᠭᠡᠳᠦᠯ ᠢ᠋ ᠢᠯᠡᠷᠡᠭᠦᠯᠦᠨ᠂ ᠢᠲᠡᠭᠡᠯ ᠵᠣᠷᠢᠭ ᠢ᠋ ᠨᠢ ᠨᠡᠮᠡᠭᠳᠡᠭᠦᠯᠦᠨ ᠬᠦᠴᠦ ᠵᠣᠷᠢᠭ ᠢ᠋ ᠨᠢ ᠬᠥᠪᠴᠢᠯᠡᠳᠡᠭ ᠲᠤᠯᠠ《ᠵᠠᠩᠭᠠᠷ》 ᠤ᠋ᠨ ᠤᠳᠬ᠎ᠠ ᠰᠠᠨᠠᠭ᠎ᠠ ᠪᠣᠯ ᠲᠤᠢᠯ ᠤ᠋ᠨ ᠡᠷᠡᠭᠦᠯ ᠴᠢᠬᠢᠷᠡᠭ᠂ ᠠᠷᠠᠳ ᠲᠦᠮᠡᠨ ᠦ᠌ ᠪᠠᠬᠠᠳᠤᠯ ᠬᠠᠢᠷ᠎ᠠ ᠶ᠋ᠢ ᠭᠦᠨ ᠬᠦᠷᠲᠡᠭᠰᠡᠨ ᠶᠦ᠍ᠮ ᠃《ᠭᠡᠰᠡᠷ ᠦ᠋ᠨ ᠲᠣᠭᠣᠵᠢ 》 ᠪᠣᠯ ᠬᠥᠬᠡᠨᠠᠭᠤᠷ ᠤ᠋ᠨ ᠬᠠᠲᠤᠨ ᠭᠣᠣᠯ ᠤ᠋ᠨ ᠡᠬᠢᠨ ᠦ᠌ ᠳᠡᠭᠡᠳᠦ ᠮᠣᠩᠭᠣᠯᠴᠤᠳ ᠤ᠋ᠨ ᠳᠤᠮᠳᠠ᠂ ᠲᠥᠪᠡᠳ ᠦ᠋ᠨ《ᠭᠡᠰᠡᠷ ᠸᠠᠩ ᠤ᠋ᠨ ᠲᠣᠭᠣᠵᠢ 》 ᠶ᠋ᠢᠨ ᠨᠥᠯᠦᠭᠡᠨ ᠳᠣᠣᠷ᠎ᠠ ᠵᠣᠬᠢᠶᠠᠭᠳᠠᠭᠰᠠᠨ ᠠᠯᠳᠠᠷᠲᠤ ᠲᠤᠤᠯᠢ ᠶᠤᠮ᠃ ᠲᠤᠰ ᠲᠤᠤᠯᠢ ᠳ᠋ᠤ᠌ ᠭᠡᠰᠡᠷ ᠂ ᠵᠠᠰᠠᠨ ᠰᠢᠬᠢᠷ᠂ ᠱᠤᠮᠢᠷ᠂ ᠪᠠᠮ ᠱᠦᠷᠵᠡ᠂ ᠪᠣᠢᠳᠦᠩ ᠮᠡᠲᠦ ᠠᠯᠢ ᠣᠯᠠᠨ ᠥᠪᠡᠷᠮᠢᠴᠡ ᠵᠠᠩ ᠴᠢᠨᠠᠷ ᠲᠠᠢ ᠪᠠᠭᠠᠲᠤᠷ ᠤ᠋ᠨ ᠳᠦᠷᠢ ᠶ᠋ᠢ ᠪᠦᠲᠦᠭᠡᠵᠦ᠂ ᠲᠡᠳᠡᠨ ᠦ᠌ ᠳᠣᠲᠣᠭᠠᠳᠤ ᠶ᠋ᠢᠨ ᠵᠠᠯᠢᠬᠠᠢ ᠴᠣᠳᠣᠩ ᠪᠣᠯᠤᠨ ᠭᠠᠳᠠᠭᠠᠳᠤ ᠶ᠋ᠢᠨ ᠵᠦᠢᠯ ᠵᠢᠰᠦᠮ ᠦ᠋ᠨ ᠳᠠᠢᠰᠤᠨ ᠪᠣᠯᠬᠤ ᠮᠠᠩᠭᠤᠰ᠂ ᠰᠢᠷᠠᠢᠭᠣᠣᠯ ᠤ᠋ᠨ ᠬᠠᠭᠠᠨ ᠮᠡᠲᠦ ᠲᠡᠢ ᠬᠢᠭᠰᠡᠨ ᠭᠠᠢᠬᠠᠮᠰᠢᠭᠲᠤ ᠲᠡᠮᠡᠴᠡᠯ ᠦ᠋ᠳ ᠢ᠋ ᠬᠦᠰᠡᠬᠦᠢᠴᠢ ᠦᠵᠡᠯ ᠦ᠋ᠨ ᠠᠷᠭ᠎ᠠ ᠪᠠᠷ ᠳᠡᠯᠭᠡᠨ ᠪᠢᠴᠢᠬᠦ ᠪᠡᠷ ᠳᠠᠮᠵᠢᠭᠤᠯᠵᠤ᠂ ᠠᠷᠠᠳ ᠲᠦᠮᠡᠨ ᠦ᠌ ᠡᠬᠡ ᠣᠷᠣᠨᠴᠢ ᠦᠵᠡᠯ ᠂ ᠪᠠᠭᠠᠲᠤᠷᠯᠢᠭ ᠦᠵᠡᠯ᠂ ᠪᠠᠶᠠᠰᠬᠤᠯᠠᠩᠲᠤ ᠵᠣᠷᠢᠭ ᠰᠠᠨᠠᠭ᠎ᠠ ᠶ᠋ᠢ ᠢᠯᠡᠷᠡᠭᠦᠯᠦᠭᠰᠡᠨ ᠲᠤᠯᠠ ᠠᠷᠠᠳ ᠲᠦᠮᠡᠨ ᠦ᠌ ᠰᠡᠳᠬᠢᠯ ᠦ᠋ᠨ ᠬᠥᠪᠴᠢ ᠶ᠋ᠢ ᠲᠠᠲᠠᠵᠤ᠂ ᠠᠷᠠᠳ ᠲᠦᠮᠡᠨ ᠦ᠌ ᠰᠡᠳᠬᠢᠯ ᠦ᠋ᠨ ᠬᠠᠨᠢ ᠪᠣᠯᠤᠭᠰᠠᠨ ᠶᠤᠮ᠃
1717 ᠣᠨ ᠳ᠋ᠤ᠌ ᠪᠡᠭᠡᠵᠢᠩᠳᠦ ᠬᠡᠪᠯᠡᠭᠳᠡᠭᠰᠡᠨ ᠠᠷᠪᠠᠨ ᠭᠤᠷᠪᠠᠨ ᠪᠦᠯᠦᠭᠲᠦ《ᠭᠡᠰᠡᠷ ᠦ᠋ᠨ ᠲᠣᠭᠣᠵᠢ 》 ᠠ᠋ᠴᠠ ᠭᠠᠳᠠᠨ᠎ᠠ ᠪᠠᠰᠠ《ᠣᠢᠷᠠᠳ ᠭᠡᠰᠡᠷ 》·《ᠬᠥᠬᠡᠨᠠᠭᠤᠷ ᠭᠡᠰᠡᠷ 》·《ᠭᠠᠨᠰᠦ ᠭᠡᠰᠡᠷ 》·《ᠣᠷᠳᠣᠰ ᠭᠡᠰᠡᠷ 》·《ᠪᠠᠭᠠᠷᠢᠨ ᠭᠡᠰᠡᠷ 》ᠭᠡᠬᠦ ᠮᠡᠲᠦ ᠠᠷᠪᠠ ᠭᠠᠷᠤᠢ ᠵᠦᠢᠯ ᠦ᠋ᠨ ᠣᠷᠣᠨ ᠨᠤᠲᠤᠭ ᠤ᠋ᠨ ᠠᠳᠠᠯᠢ ᠪᠤᠰᠤ ᠬᠤᠪᠢᠯᠪᠤᠷᠢ ᠡᠬᠡ ᠨᠦ᠍ᠭᠦᠳ ᠵᠣᠬᠢᠶᠠᠭᠳᠠᠵᠤ᠂ ᠶᠡᠷᠦᠩᠬᠡᠢ ᠤᠳᠬ᠎ᠠ ᠰᠠᠨᠠᠭ᠎ᠠ ᠠᠳᠠᠯᠢᠪᠲᠤᠷ ᠤᠷᠢᠳᠠᠯ ᠳᠣᠣᠷ᠎ᠠ ᠣᠷᠣᠨ ᠨᠤᠲᠤᠭ ᠤ᠋ᠨ ᠢ᠋ᠶ᠋ᠠᠨ ᠥᠪᠡᠷᠮᠢᠴᠡ ᠣᠨᠴᠠᠯᠢᠭ ᠢ᠋ ᠲᠡᠭᠦᠰ ᠰᠠᠢᠬᠠᠨ ᠢᠯᠡᠷᠡᠭᠦᠯᠵᠦ᠂《ᠭᠡᠰᠡᠷ 》 ᠦ᠋ᠨ ᠦᠢᠯᠡ ᠶᠠᠪᠤᠳᠠᠯ ᠤᠳᠬ᠎ᠠ ᠰᠠᠨᠠᠭ᠎ᠠ ᠶ᠋ᠢ ᠳᠡᠯᠭᠡᠷᠡᠭᠦᠯᠦᠨ ᠬᠥᠭᠵᠢᠭᠦᠯᠦᠭᠰᠡᠨ ᠪᠠᠢᠨ᠎ᠠ᠃ ᠡᠭᠦᠨ ᠡᠴᠡ ᠭᠠᠳᠠᠨ᠎ᠠ《ᠭᠡᠰᠡᠷ 》ᠲᠤ᠌ ᠬᠣᠯᠪᠣᠭᠳᠠᠭᠰᠠᠨ ᠠᠭᠤᠯᠠ ᠤᠰᠤᠨ ᠤ᠋ ᠳᠣᠮᠣᠭ ᠦᠯᠢᠭᠡᠷ᠂ ᠲᠠᠢᠯᠪᠤᠷᠢ ᠲᠣᠳᠣᠷᠬᠠᠢᠯᠠᠯᠴᠤ ᠠᠯᠢ ᠣᠯᠠᠨ ᠵᠣᠬᠢᠶᠠᠭᠳᠠᠵᠤ᠂《ᠭᠡᠰᠡᠷ 》 ᠦ᠋ᠨ ᠨᠥᠯᠥᠭᠡ ᠲᠤᠰᠬᠠᠯ ᠢ᠋ ᠥᠷᠭᠡᠵᠢᠭᠦᠯᠵᠦ᠂ᠠᠷᠠᠳ ᠲᠦᠮᠡᠨ ᠦ᠌ ᠠᠮᠢᠳᠤᠷᠠᠯ ᠯᠤᠭ᠎ᠠ ᠰᠠᠯᠤᠰᠢ ᠦᠭᠡᠢ ᠬᠣᠯᠪᠣᠭ᠎ᠠ ᠲᠠᠢ ᠪᠣᠯᠭᠠᠨ ᠬᠥᠮᠦᠨ ᠦ᠌ ᠰᠡᠳᠬᠢᠯ ᠳ᠋ᠦ᠍ ᠭᠦᠨ ᠬᠣᠨᠣᠭᠰᠢᠭᠤᠯᠪᠠ᠃《ᠭᠡᠰᠡᠷ 》 ᠦ᠋ᠨ ᠰᠤᠳᠤᠯᠤᠯ ᠳ᠋ᠤ᠌ ᠮᠠᠨ ᠤ᠋ ᠤᠯᠤᠰ ᠬᠣᠰᠢᠭᠤᠴᠢᠯᠠᠬᠤ ᠦᠢᠯᠡᠳᠦᠯ ᠢ᠋ ᠭᠦᠢᠴᠡᠳᠬᠡᠭᠰᠡᠨ ᠶᠤᠮ᠃ᠠᠯᠢ ᠡᠷᠲᠡ 18 ᠳ᠋ᠤᠭᠠᠷ ᠵᠠᠭᠤᠨ ᠤ᠋ ᠦᠶ᠎ᠡ ᠳ᠋ᠦ᠍ ᠬᠥᠬᠡᠨᠠᠭᠤᠷ ᠤ᠋ᠨ ᠠᠯᠳᠠᠷᠲᠤ ᠡᠷᠳᠡᠮᠲᠡᠨ ᠰᠦᠮᠪᠦ ᠬᠠᠮᠪᠤ ᠢᠰᠢᠪᠠᠯᠵᠤᠤᠷ (1704—1788)《ᠭᠡᠰᠡᠷ ᠦ᠋ᠨ ᠲᠣᠭᠣᠵᠢ》 ᠶ᠋ᠢ ᠨᠠᠷᠢᠪᠴᠢᠯᠠᠨ ᠰᠤᠳᠤᠯᠤᠭᠠᠳ ᠭᠡᠰᠡᠷ ᠪᠣᠯ ᠪᠣᠳᠠᠲᠠᠢ ᠲᠡᠦᠬᠡᠲᠦ ᠬᠥᠮᠦᠨ ᠦ᠌ ᠰᠠᠭᠤᠷᠢᠨ ᠳᠡᠭᠡᠷ᠎ᠡ ᠪᠢᠴᠢᠭᠳᠡᠭᠰᠡᠨ᠂ ᠡᠨᠡ ᠲᠡᠦᠬᠡᠲᠦ ᠬᠥᠮᠦᠨ ᠠᠨᠳᠤ ᠣᠷᠣᠨ ᠤ᠋ ᠨᠢᠭᠡ ᠵᠢᠵᠢᠭ ᠬᠠᠨ ᠪᠠᠢᠭᠰᠠᠨ᠂ ᠡᠨᠡ ᠬᠠᠭᠠᠨ ᠮᠠᠰᠢ ᠡᠷᠲᠡ ᠴᠠᠭ ᠤ᠋ᠨ ᠬᠥᠮᠦᠨ ᠪᠢᠰᠢ᠂《ᠭᠡᠰᠡᠷ ᠦ᠋ᠨ ᠲᠣᠭᠣᠵᠢ》 ᠪᠣᠯ ᠱᠠᠰᠢᠨ ᠤ᠋ ᠵᠣᠬᠢᠶᠠᠯ ᠪᠢᠰᠢ᠂ ᠬᠠᠷ᠎ᠠ ᠶ᠋ᠢᠨ ᠵᠣᠬᠢᠶᠠᠯ᠂ ᠠᠷᠠᠳ ᠤ᠋ᠨ ᠵᠣᠬᠢᠶᠠᠯ ᠭᠡᠬᠦ ᠦᠵᠡᠯᠲᠡ ᠶ᠋ᠢ ᠳᠤᠷᠠᠳᠤᠭᠰᠠᠨ ᠪᠠᠢᠪᠠ᠃ ᠲᠡᠭᠦᠨ ᠡᠴᠡ ᠬᠣᠢᠰᠢ ᠴᠠᠬᠠᠷ ᠬᠡᠪᠰᠢ ᠯᠤᠪᠰᠠᠩᠴᠥ᠋ᠯᠳᠦᠮ (1740—1810) ᠪᠣᠯᠤᠨ ᠬᠣᠶᠠᠳᠤᠭᠠᠷ ᠵᠠᠩᠵᠢᠶᠠᠨ ᠬᠤᠲᠤᠭᠲᠤ ᠷᠤᠯᠪᠢᠳᠣᠷᠵᠢ (1717—1786) ᠨᠠᠷ《ᠭᠡᠰᠡᠷ ᠦ᠋ᠨ ᠲᠣᠭᠣᠵᠢ 》 ᠶ᠋ᠢ ᠨᠠᠷᠢᠨ ᠨᠢᠮᠪᠠᠢ ᠰᠤᠳᠤᠯᠤᠨ ᠰᠢᠨᠵᠢᠯᠡᠪᠡ᠃ ᠲᠤᠰ ᠵᠠᠭᠤᠨ ᠤ᠋ ᠲᠠᠪᠢᠭᠠᠳ ᠣᠨ ᠠ᠋ᠴᠠ ᠡᠬᠢᠯᠡᠵᠦ᠂《ᠭᠡᠰᠡᠷ ᠦ᠋ᠨ ᠲᠣᠭᠣᠵᠢ 》 ᠶ᠋ᠢᠨ ᠰᠤᠳᠤᠯᠭᠠᠨ ᠶᠡᠬᠡᠪᠡᠷ ᠥᠷᠨᠢᠨ ᠬᠥᠭᠵᠢᠵᠦ ᠂《ᠭᠡᠰᠡᠷ ᠦ᠋ᠨ ᠲᠣᠭᠣᠵᠢ 》 ᠶ᠋ᠢ ᠲᠠᠯ᠎ᠠ ᠲᠠᠯ᠎ᠠ ᠠ᠋ᠴᠠ ᠰᠤᠳᠤᠯᠤᠭᠰᠠᠨ ᠨᠢᠭᠡ ᠵᠠᠭᠤ ᠭᠠᠷᠤᠢ ᠥᠭᠦᠯᠡᠯ ᠂ ᠠᠷᠪᠠ ᠭᠠᠷᠤᠢ ᠲᠤᠰᠬᠠᠢ ᠰᠤᠳᠤᠯᠭᠠᠨ ᠤ᠋ ᠨᠣᠮ ᠬᠡᠪᠯᠡᠭᠳᠡᠭᠰᠡᠨ ᠢ᠋ᠶ᠋ᠡᠷ ᠦᠯᠦ ᠪᠠᠷᠠᠨ ᠢᠯᠠᠩᠭᠤᠶ᠎ᠠ ᠨᠠᠶᠠᠭᠠᠳ ᠣᠨ ᠠ᠋ᠴᠠ ᠨᠡᠰᠢ ᠪᠦᠬᠦ ᠤᠯᠤᠰ ᠤ᠋ᠨ ᠪᠠ ᠣᠷᠣᠨ ᠨᠤᠲᠤᠭ ᠤ᠋ᠨ《ᠭᠡᠰᠡᠷ》 ᠦ᠋ᠨ ᠠᠯᠪᠠᠨ ᠭᠡᠷ ᠪᠠᠢᠭᠤᠯᠤᠭᠳᠠᠵᠤ᠂《ᠭᠡᠰᠡᠷ》 ᠦ᠋ᠨ ᠰᠤᠳᠤᠯᠭᠠᠨ ᠤ᠋ ᠳᠡᠯᠡᠬᠡᠢ ᠶ᠋ᠢᠨ ᠴᠢᠨᠠᠷ ᠲᠠᠢ ᠬᠤᠷᠠᠯ ᠢ᠋ ᠳᠥᠷᠪᠡ ᠤᠳᠠᠭ᠎ᠠ ᠬᠢᠵᠦ᠄《ᠭᠡᠰᠡᠷ》 ᠦ᠋ᠨ ᠠᠵᠢᠯ ᠤ᠋ᠨ ᠡᠩ ᠦ᠋ᠨ ᠶᠠᠷᠢᠯᠴᠠᠭᠠᠨ ᠤ᠋ ᠬᠤᠷᠠᠯ ᠢ᠋ ᠠᠷᠪᠠ ᠭᠠᠷᠤᠢ ᠤᠳᠠᠭ᠎ᠠ ᠬᠢᠭᠰᠡᠨ ᠪᠠᠢᠨ᠎ᠠ᠃《ᠭᠡᠰᠡᠷ》 ᠦ᠋ᠨ ᠰᠤᠳᠤᠯᠭᠠᠨ ᠢ᠋ ᠡᠨᠡ ᠮᠡᠲᠦ ᠤᠷᠢᠳ ᠭᠠᠷᠤᠭ᠎ᠠ ᠦᠭᠡᠢ ᠭᠦᠨᠵᠡᠭᠡᠢᠷᠡᠭᠦᠯᠵᠦ᠂ ᠠᠤᠭ᠎ᠠ ᠶᠡᠬᠡ ᠪᠦᠲᠦᠮᠵᠢ ᠶ᠋ᠢ ᠳᠠᠪᠬᠤᠷ ᠳᠠᠪᠬᠤᠷ ᠣᠯᠵᠤ᠂ ᠮᠠᠨ ᠤ᠋ ᠤᠯᠤᠰ ᠤ᠋ᠨ ᠮᠣᠩᠭᠣᠯ ᠭᠠᠵᠠᠷ ᠣᠷᠣᠨ ᠳᠡᠯᠡᠬᠡᠢ ᠶ᠋ᠢᠨ《ᠭᠡᠰᠡᠷ》 ᠦ᠋ᠨ ᠰᠤᠳᠤᠯᠭᠠᠨ ᠤ᠋ ᠭᠣᠣᠯ ᠲᠥᠪ ᠪᠣᠯᠤᠭᠰᠠᠨ ᠪᠠᠢᠨ᠎ᠠ᠃ ᠡᠭᠦᠨ ᠡᠴᠡ ᠭᠠᠳᠠᠨ᠎ᠠ ᠪᠠᠷᠭᠤ ᠪᠤᠷᠢᠶᠠᠳ ᠰᠢᠰᠲ᠋ᠧᠮ ᠦ᠋ᠨ ᠪᠠᠭᠠᠲᠤᠷᠯᠢᠭ ᠲᠤᠤᠯᠢ ᠳ᠋ᠤ᠌ 《ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ 》᠂《ᠲᠣᠭᠣᠭᠠᠨ ᠰᠢᠷᠡᠮᠦᠨ ᠬᠠᠨ 》 ᠮᠡᠲᠦ ᠠᠯᠢ ᠣᠯᠠᠨ ᠲᠤᠤᠯᠢ ᠮᠠᠰᠢ ᠨᠥᠯᠥᠭᠡ ᠲᠠᠢ ᠶᠤᠮ᠃ ᠲᠡᠳᠡᠭᠡᠷ ᠦ᠋ᠨ ᠦᠢᠯᠡ ᠶᠠᠪᠤᠳᠠᠯ ᠨᠢ ᠠᠰ ᠰᠢᠯᠤᠭᠤᠨ ᠬᠥᠭᠵᠢᠵᠦ᠂ ᠪᠠᠭᠠᠲᠤᠷ ᠮᠠᠩᠭᠤᠰᠲᠤ ᠪᠤᠯᠢᠶᠠᠭᠳᠠᠭᠰᠠᠨ ᠠᠪᠠᠭᠠᠢ ᠪᠠᠨ ᠪᠤᠴᠠᠭᠠᠨ ᠠᠪᠴᠢᠷᠠᠬᠤ᠂ ᠡᠰᠡᠬᠦᠯ᠎ᠡ ᠮᠠᠩᠭᠤᠰᠲᠤ ᠪᠤᠯᠢᠶᠠᠭᠳᠠᠭᠰᠠᠨ ᠨᠤᠲᠤᠭ ᠤᠰᠤ ᠪᠠᠨ ᠪᠤᠴᠠᠭᠠᠨ ᠠᠪᠴᠢᠷᠠᠬᠤ ᠪᠠᠷ ᠬᠢᠭᠰᠡᠨ ᠲᠡᠢᠨ ᠲᠤᠯᠤᠯᠳᠤᠭᠠᠨ ᠢ᠋ ᠳᠦᠷᠰᠦᠯᠡᠨ ᠪᠢᠴᠢᠭᠰᠡᠨ ᠤᠷᠤᠭ ᠤ᠋ᠨ ᠦᠢᠯᠡ᠂ ᠲᠡᠢᠨ ᠦ᠌ ᠦᠢᠯᠡ ᠶ᠋ᠢ ᠥᠭᠦᠯᠡᠵᠦ᠂ ᠠᠷᠠᠳ ᠲᠦᠮᠡᠨ ᠦ᠌ ᠰᠠᠢᠨ ᠰᠠᠢᠬᠠᠨ ᠢ᠋ ᠪᠠᠬᠠᠳᠤᠵᠤ ᠮᠠᠭᠤ ᠮᠠᠭᠤᠬᠠᠢ ᠶ᠋ᠢ ᠵᠢᠭᠰᠢᠭᠰᠡᠨ᠂ ᠲᠠᠢᠪᠤᠩ ᠰᠠᠢᠨ ᠰᠠᠢᠬᠠᠨ ᠠᠮᠢᠳᠤᠷᠠᠯ ᠢ᠋ ᠬᠦᠰᠡᠭᠰᠡᠨ ᠬᠦᠰᠡᠯ ᠰᠡᠳᠬᠢᠯ ᠢ᠋ ᠢᠯᠡᠳᠬᠡᠪᠡ᠃ ᠣᠢᠷᠠᠳ ᠰᠢᠰᠲ᠋ᠧᠮ ᠦ᠋ᠨ ᠪᠠᠭᠠᠲᠤᠷᠯᠢᠭ ᠲᠤᠤᠯᠢ ᠳ᠋ᠤ᠌《ᠨᠠᠷᠠᠨ ᠬᠠᠭᠠᠨ ᠤ᠋ ᠲᠣᠭᠣᠵᠢ》᠂《ᠡᠪᠡᠯ ᠳ᠋ᠦᠩᠭᠡᠨ ᠪᠤᠭᠤᠷᠤᠯ ᠲᠠᠢ ᠡᠷᠭᠢᠭᠦᠦ ᠶ᠋ᠢᠨ ᠭᠤᠨᠠᠨ ᠬᠠᠷ᠎ᠠ》᠂ 《ᠬᠠᠨ ᠴᠡᠩᠭᠡᠯ ᠦ᠋ᠨ ᠲᠤᠤᠯᠢ》᠂《ᠬᠠᠨ ᠬᠠᠷᠠᠩᠭᠤᠢ》 ᠮᠡᠲᠦ ᠬᠡᠳᠦᠨ ᠠᠷᠪᠠᠨ ᠪᠠᠭᠠᠲᠤᠷᠯᠢᠭ ᠲᠤᠤᠯᠢ ᠮᠠᠰᠢ ᠨᠥᠯᠥᠭᠡ ᠶᠡᠬᠡᠲᠡᠢ ᠶᠦᠮ᠃ ᠡᠳᠡᠭᠡᠷ ᠪᠠᠭᠠᠲᠤᠷᠯᠢᠭ ᠲᠤᠤᠯᠢ ᠶ᠋ᠢᠨ ᠦᠢᠯᠡ ᠶᠠᠪᠤᠳᠠᠯ ᠪᠠᠷᠭᠤ ᠪᠤᠷᠢᠶᠠᠳ ᠰᠢᠰᠲ᠋ᠧᠮ ᠦ᠋ᠨ ᠪᠠᠭᠠᠲᠤᠷᠯᠢᠭ ᠲᠤᠤᠯᠢ ᠠ᠋ᠴᠠ ᠬᠣᠯᠠ ᠢᠯᠡᠭᠦᠦ ᠪᠤᠳᠤᠯᠢᠶᠠᠨ ᠲᠠᠢ᠃ ᠦᠨᠳᠦᠰᠦᠨ ᠦᠢᠯᠡ ᠶᠠᠪᠤᠳᠠᠯ ᠠ᠋ᠴᠠ ᠭᠠᠳᠠᠨ᠎ᠠ ᠪᠠᠰᠠ ᠡᠭᠦᠰᠦᠮᠡᠯ ᠦᠢᠯᠡ ᠶᠠᠪᠤᠳᠠᠯ ᠪᠣᠢ ᠪᠣᠯᠵᠤ᠂ ᠪᠠᠭᠠᠲᠤᠷ ᠪᠣᠯᠤᠨ ᠮᠠᠩᠭᠤᠰ ᠤ᠋ᠨ ᠲᠡᠮᠡᠴᠡᠯ ᠳ᠋ᠦ᠍ ᠨᠤᠭᠤᠷᠠᠯ ᠪᠦᠳᠦᠷᠢᠯ ᠲᠤᠯᠭᠠᠷᠠᠵᠤ᠂ ᠪᠠᠭᠠᠲᠤᠷ ᠲᠠᠩᠳᠠ ᠨᠠᠢᠵᠢ ᠨᠥᠬᠥᠳ ᠦ᠋ᠨ ᠢ᠋ᠶ᠋ᠡᠨ ᠳᠡᠮᠵᠢᠯᠭᠡ ᠲᠤᠰᠠᠯᠠᠮᠵᠢ ᠪᠠᠷ ᠳᠠᠬᠢᠨ ᠳᠠᠪᠲᠠᠨ ᠪᠠᠢᠯᠳᠤᠵᠤ ᠪᠠᠢᠭᠠᠳ ᠰᠠᠶᠢ ᠮᠠᠩᠭᠤᠰ ᠢ᠋ ᠢᠯᠠᠵᠤ᠂ ᠰᠡᠳᠬᠢᠯ ᠦ᠋ᠨ ᠬᠣᠩᠭᠣᠷ ᠬᠡᠦᠬᠡᠨ ᠲᠡᠢ ᠪᠡᠨ ᠬᠤᠷᠢᠮᠯᠠᠵᠤ ᠨᠤᠲᠤᠭ ᠤᠰᠤ ᠪᠠᠨ ᠬᠠᠮᠠᠭᠠᠯᠠᠭᠰᠠᠨ ᠨᠥᠬᠥᠷᠯᠡᠯ ᠦ᠋ᠨ ᠦᠢᠯᠡ᠂ ᠤᠷᠤᠭ ᠤ᠋ᠨ ᠦᠢᠯᠡ᠂ ᠲᠡᠢᠨ ᠦ᠌ ᠦᠢᠯᠡ ᠶ᠋ᠢ ᠳᠡᠯᠭᠡᠨ᠂ ᠠᠷᠠᠳ ᠲᠦᠮᠡᠨ ᠳ᠋ᠦ᠍ ᠲᠡᠢᠨ ᠳᠠᠢᠰᠤᠨ ᠦᠭᠡᠢ ᠂ ᠨᠤᠲᠤᠭ ᠤᠰᠤᠨ ᠳ᠋ᠠᠭᠠᠨ ᠵᠣᠯ ᠵᠢᠷᠭᠠᠯᠲᠠᠢ ᠠᠮᠢᠳᠤᠷᠠᠬᠤ ᠬᠦᠰᠡᠯ ᠪᠣᠳᠣᠯ ᠢ᠋ ᠬᠠᠷᠠᠭᠤᠯᠪᠠ᠃ ᠮᠠᠨ ᠤ᠋ ᠤᠯᠤᠰ ᠤ᠋ᠨ ᠮᠣᠩᠭᠣᠯ ᠦᠨᠳᠦᠰᠦᠲᠡᠨ ᠤᠷᠲᠤ ᠬᠤᠭᠤᠴᠠᠭ᠎ᠠ ᠪᠥᠬᠡ ᠮᠥᠷᠭᠥᠯ ᠦ᠋ᠨ ᠱᠠᠰᠢᠨ ᠢ᠋ ᠰᠢᠲᠦᠵᠦ ᠲᠦᠮᠡᠨ ᠪᠣᠳᠠᠰ ᠳᠤ ᠪᠦᠷ ᠰᠦᠨᠡᠰᠦ ᠰᠠᠬᠢᠭᠤᠯᠰᠤᠨ ᠲᠠᠢ ᠭᠡᠮᠡᠨ ᠦᠵᠡᠵᠦ ᠲᠡᠳᠡᠭᠡᠷ ᠲᠦ᠍ ᠳᠠᠭᠠᠳᠬᠠᠨ ᠵᠠᠯᠪᠠᠷᠢᠳᠠᠭ᠃ ᠡᠨᠡᠬᠦ ᠳᠠᠭᠠᠳᠬᠠᠯ ᠵᠠᠯᠪᠠᠷᠢᠯᠭᠠ ᠳᠤᠮᠳᠠ ᠪᠣᠢ ᠪᠣᠯᠤᠭᠰᠠᠨ ᠦᠭᠡ ᠦ᠋ᠳ ᠨᠢ ᠰᠢᠯᠦᠭ ᠢ᠋ᠶ᠋ᠡᠷ ᠲᠡᠮᠳᠡᠭᠯᠡᠭᠳᠡᠨ ᠢᠷᠡᠭᠡᠳ ᠪᠥᠬᠡ ᠮᠥᠷᠭᠥᠯ ᠦ᠋ᠨ ᠢᠷᠠᠭᠤ ᠨᠠᠢᠷᠠᠭ ᠪᠣᠯᠵᠤ ᠪᠦᠷᠢᠯᠳᠦᠭᠰᠡᠨ ᠪᠠᠢᠨ᠎ᠠ᠃ ᠡᠢᠮᠦ ᠡᠴᠡ ᠪᠥᠬᠡ ᠮᠥᠷᠭᠥᠯ ᠦ᠋ᠨ ᠢᠷᠠᠭᠤ ᠨᠠᠢᠷᠠᠭ ᠪᠣᠯ ᠠᠮᠠᠨ ᠤᠯᠠᠮᠵᠢᠯᠠᠯ ᠤ᠋ᠨ ᠰᠢᠨᠵᠢ ᠴᠢᠨᠠᠷ᠂ ᠵᠠᠯᠭᠠᠮᠠᠯ ᠰᠢᠨᠵᠢ ᠴᠢᠨᠠᠷ ᠲᠠᠢ ᠪᠠᠢᠳᠠᠭ ᠢ᠋ᠶ᠋ᠠᠷ ᠦᠯᠦ ᠪᠠᠷᠠᠨ ᠪᠠᠰᠠ ᠬᠤᠪᠢᠷᠠᠮᠠᠲᠠᠭᠠᠢ ᠰᠢᠨᠵᠢ ᠴᠢᠨᠠᠷ᠂ ᠣᠯᠠᠨ ᠲᠦᠮᠡᠨᠴᠢ ᠰᠢᠨᠵᠢ ᠴᠢᠨᠠᠷ ᠲᠠᠢ ᠪᠠᠢᠳᠠᠭ ᠶᠤᠮ᠃ ᠪᠥᠬᠡ ᠮᠥᠷᠭᠥᠯ ᠦ᠋ᠨ ᠢᠷᠠᠭᠤ ᠨᠠᠢᠷᠠᠭ ᠢ᠋ ᠮᠠᠨ ᠤ᠋ ᠤᠯᠤᠰ ᠤ᠋ᠨ ᠶᠤᠸᠠᠨ ᠤᠯᠤᠰ ᠤ᠋ᠨ ᠦᠶ᠎ᠡ ᠡᠴᠡ ᠡᠬᠢᠯᠡᠨ ᠰᠤᠳᠤᠯᠵᠤ᠂ ᠮᠢᠩ ᠴᠢᠩ ᠤᠯᠤᠰ ᠤ᠋ᠨ ᠦᠶ᠎ᠡ ᠳ᠋ᠦ᠍《ᠠᠯᠲᠠᠨ ᠳᠡᠪᠲᠡᠷ》 ᠭᠡᠬᠦ ᠪᠥᠬᠡ ᠮᠥᠷᠭᠥᠯ ᠦ᠋ᠨ ᠢᠷᠠᠭᠤ ᠨᠠᠢᠷᠠᠭ ᠤ᠋ᠨ ᠡᠮᠬᠢᠳᠬᠡᠯ ᠡᠮᠬᠡᠳᠬᠡᠭᠳᠡᠪᠡ᠃ ᠥᠪᠥᠷ ᠮᠣᠩᠭᠣᠯ ᠤ᠋ᠨ ᠤᠷᠠᠳ ᠮᠡᠷᠭᠡᠨ ᠭᠡᠭᠡᠨ (1717—1766) ᠤ᠋ ᠵᠣᠬᠢᠶᠠᠯ ᠤ᠋ᠨ ᠡᠮᠬᠢᠳᠬᠡᠯ ᠳᠣᠲᠣᠷᠠᠬᠢ ᠨᠡᠯᠢᠶᠡᠳ ᠨᠢᠭᠡ ᠬᠡᠰᠡᠭ ᠨᠢ ᠴᠦ᠍ ᠮᠥᠨ ᠠᠷᠠᠳ ᠤ᠋ᠨ ᠳᠤᠮᠳᠠᠬᠢ ᠪᠥᠬᠡ ᠮᠥᠷᠭᠥᠯ ᠦ᠋ᠨ ᠢᠷᠠᠭᠤ ᠨᠠᠢᠷᠠᠭ ᠤ᠋ᠨ ᠲᠣᠲ᠋ᠸᠮ ᠰᠢᠲᠦᠯᠭᠡ (ᠰᠦᠯᠳᠡ ᠰᠢᠲᠦᠯᠭᠡ)᠂ ᠲᠩᠷᠢ (ᠨᠠᠷᠠ ᠰᠠᠷ᠎ᠠ ᠣᠳᠣᠨ) ᠤ᠋ ᠰᠢᠲᠦᠯᠭᠡ᠂ ᠭᠠᠵᠠᠷ (ᠠᠭᠤᠯᠠ ᠤᠰᠤ ᠣᠪᠣᠭ᠎ᠠ) ᠶ᠋ᠢᠨ ᠰᠢᠲᠦᠯᠭᠡ᠂ ᠭᠠᠯ ᠤ᠋ᠨ ᠰᠢᠲᠦᠯᠭᠡ᠂ ᠣᠩᠭᠣᠳ ᠳᠡᠭᠡᠳᠦᠰ ᠦ᠋ᠨ ᠰᠢᠲᠦᠯᠭᠡ ᠶ᠋ᠢᠨ ᠢᠷᠠᠭᠤ ᠨᠠᠢᠷᠠᠭ ᠪᠠ ᠲᠠᠬᠢᠯᠭ᠎ᠠ ᠳᠠᠭᠤᠳᠠᠯᠭ᠎ᠠ ᠮᠡᠲᠦ ᠲᠠᠪᠤᠨ ᠲᠥᠷᠥᠯ ᠳ᠋ᠦ᠍ ᠬᠤᠪᠢᠶᠠᠳᠠᠭ᠃ ᠪᠥᠬᠡ ᠮᠥᠷᠭᠥᠯ ᠦ᠋ᠨ ᠢᠷᠠᠭᠤ ᠨᠠᠢᠷᠠᠭ ᠪᠣᠯ ᠪᠠᠯᠠᠷᠯᠢᠭ ᠦᠵᠡᠯᠲᠡ ᠪᠡᠷ ᠶᠠᠭᠤᠮ᠎ᠠ ᠪᠦᠬᠦᠨ ᠢ᠋ ᠲᠠᠬᠢᠯᠭ᠎ᠠ ᠳᠠᠭᠤᠳᠠᠯᠭ᠎ᠠ ᠮᠡᠲᠦ ᠲᠠᠪᠤᠨ ᠲᠥᠷᠥᠯ ᠵᠦᠢᠯ ᠳ᠋ᠦ᠍ ᠬᠤᠪᠢᠶᠠᠳᠠᠭ᠃ ᠪᠥᠬᠡ ᠮᠥᠷᠭᠥᠯ ᠦ᠋ᠨ ᠢᠷᠠᠭᠤ ᠨᠠᠢᠷᠠᠭ ᠪᠣᠯ ᠪᠠᠯᠠᠷᠯᠢᠭ ᠦᠵᠡᠯᠲᠡ ᠪᠡᠷ ᠶᠠᠭᠤᠮ᠎ᠠ ᠪᠦᠬᠦᠨ ᠢ᠋ ᠡᠵᠡᠨ ᠰᠠᠬᠢᠭᠤᠯᠰᠤᠨ ᠵᠠᠬᠢᠷᠵᠤ ᠪᠠᠢᠨ᠎ᠠ ᠭᠡᠮᠡᠨ ᠦᠵᠡᠭᠡᠳ᠂ ᠲᠡᠳᠡᠭᠡᠷ ᠡᠵᠡᠳ ᠰᠠᠬᠢᠭᠤᠯᠰᠤᠨ ᠳ᠋ᠤ᠌ ᠰᠦᠰᠦᠭᠯᠡᠨ ᠰᠢᠲᠦᠵᠦ᠂ ᠲᠡᠳᠡᠭᠡᠷ ᠲᠦ᠍ ᠭᠤᠶᠤᠨ ᠳᠠᠭᠠᠳᠬᠠᠭᠰᠠᠨ᠂ ᠢᠷᠥᠭᠡᠨ ᠮᠠᠭᠲᠠᠭᠰᠠᠨ᠂ ᠬᠦᠰᠡᠨ ᠮᠥᠷᠥᠭᠡᠳᠦᠭᠰᠡᠨ᠂ ᠰᠢᠲᠦᠵᠦ ᠪᠢᠰᠢᠷᠡᠭᠰᠡᠨ᠂ ᠤᠷᠠᠢᠯᠠᠨ ᠳᠠᠭᠤᠳᠠᠭᠰᠠᠨ ᠰᠠᠨᠠᠭ᠎ᠠ ᠪᠠᠨ ᠢᠯᠡᠳᠬᠡᠵᠦ᠂ ᠠᠷᠠᠳ ᠲᠦᠮᠡᠨ ᠦ᠌ ᠰᠠᠢᠨ ᠰᠠᠢᠬᠠᠨ ᠢ᠋ ᠪᠠᠬᠠᠳᠤᠭᠰᠠᠨ᠂ ᠮᠠᠭᠤ ᠮᠠᠭᠤᠬᠠᠢ ᠶ᠋ᠢ ᠵᠢᠭᠰᠢᠭᠰᠡᠨ ᠪᠠ ᠠᠮᠤᠷ ᠲᠠᠢᠪᠤᠩ᠂ ᠵᠣᠯ ᠵᠢᠷᠭᠠᠯ᠂ ᠪᠠᠶᠠᠷ ᠪᠠᠶᠠᠰᠤᠯ ᠲᠠᠢ ᠠᠮᠢᠳᠤᠷᠠᠬᠤ ᠶ᠋ᠢ ᠬᠦᠰᠡᠭᠰᠡᠨ ᠰᠠᠢᠨ ᠰᠠᠢᠬᠠᠨ ᠬᠦᠰᠡᠯ ᠪᠣᠳᠣᠯ ᠢ᠋ᠶ᠋ᠠᠨ ᠢᠯᠡᠳᠬᠡᠭᠰᠡᠨ ᠦ᠌ ᠬᠠᠮᠲᠤᠳᠠ ᠣᠩᠭᠣᠳ ᠰᠢᠲᠦᠭᠡᠨ ᠦ᠌ ᠬᠠᠷᠭᠢᠰ ᠬᠦᠴᠦᠨ ᠳ᠋ᠦ᠍ ᠬᠡᠵᠢᠶᠡᠳᠡ ᠳᠠᠷᠤᠯᠭ᠎ᠠ ᠪᠣᠯᠵᠤ ᠪᠠᠢᠬᠤ ᠶ᠋ᠢ ᠭᠤᠶᠤᠨ ᠪᠡᠯᠭᠡᠳᠡᠭᠰᠡᠨ ᠪᠠᠢᠨ᠎ᠠ᠃ ᠪᠥᠬᠡ ᠮᠥᠷᠭᠥᠯ ᠦ᠋ᠨ ᠢᠷᠠᠭᠤ ᠨᠠᠢᠷᠠᠭᠲᠤ ᠳᠦᠷᠰᠦᠯᠢᠭ ᠬᠡᠪ ᠬᠡᠯᠪᠡᠷᠢ᠂ ᠤᠶᠠᠩᠭᠠᠯᠢᠭ ᠬᠡᠪ ᠬᠡᠯᠪᠡᠷᠢ᠂ ᠵᠦᠴᠦᠭᠡᠯᠢᠭ ᠬᠡᠪ ᠬᠡᠯᠪᠡᠷᠢ ᠲᠡᠢ ᠪᠠᠢᠳᠠᠭ ᠪᠥᠭᠡᠳ ᠤᠳᠬ᠎ᠠ ᠰᠠᠨᠠᠭ᠎ᠠ ᠪᠠᠨ ᠭᠦᠨᠵᠡᠭᠡᠢᠷᠡᠭᠦᠯᠬᠦ ᠬᠡᠷᠡᠭᠴᠡᠭᠡᠨ ᠡᠴᠡ ᠪᠣᠯᠵᠤ ᠳᠠᠪᠲᠠᠯᠲᠠ ᠶ᠋ᠢᠨ ᠬᠡᠪ ᠬᠡᠯᠪᠡᠷᠢ ᠶ᠋ᠢ ᠴᠦ᠍ ᠪᠠᠢᠩᠭᠤ ᠬᠡᠷᠡᠭᠯᠡᠳᠡᠭ᠃ ᠪᠥᠬᠡ ᠮᠥᠷᠭᠥᠯ ᠦ᠋ᠨ ᠢᠷᠠᠭᠤ ᠨᠠᠢᠷᠠᠭ ᠲᠣᠭᠠᠨ ᠤ᠋ ᠲᠠᠯ᠎ᠠ ᠪᠠᠷ ᠲᠣᠩ ᠣᠯᠠᠨ᠂ ᠠᠭᠤᠯᠭ᠎ᠠ ᠪᠠᠶᠠᠯᠢᠭ᠂ ᠬᠡᠯᠪᠡᠷᠢ ᠶᠠᠩᠵᠤ ᠠᠷᠪᠢᠨ᠂ ᠤᠷᠠᠯᠢᠭ ᠭᠣᠢᠳᠠ ᠰᠠᠢᠬᠠᠨ ᠲᠤᠯᠠ ᠠᠷᠠᠳ ᠤ᠋ᠨ ᠠᠮᠠᠨ ᠵᠣᠬᠢᠶᠠᠯ ᠳᠣᠲᠣᠷ᠎ᠠ ᠴᠢᠬᠤᠯᠠ ᠪᠠᠢᠷᠢ ᠰᠠᠭᠤᠷᠢ ᠡᠵᠡᠯᠡᠨ᠂ ᠤᠷᠠᠨ ᠵᠣᠬᠢᠶᠠᠯ ᠤ᠋ᠨ ᠬᠥᠭᠵᠢᠯᠲᠡ ᠳ᠋ᠦ᠍ ᠴᠢᠬᠤᠯᠠ ᠠᠬᠢᠭᠤᠯᠬᠤ ᠦᠢᠯᠡᠳᠦᠯ ᠦᠵᠡᠭᠦᠯᠦᠭᠰᠡᠨ ᠶᠦᠮ᠃ ᠮᠣᠩᠭᠣᠯ ᠠᠷᠠᠳ ᠤ᠋ᠨ ᠳᠠᠭᠤᠤ ᠰᠢᠯᠦᠭ ᠪᠣᠯ ᠨᠡᠩ ᠥᠷᠭᠡᠨ ᠲᠦᠭᠡᠮᠡᠯ ᠪᠠᠢᠳᠠᠭ ᠪᠥᠭᠡᠳ ᠪᠠᠷᠤᠭ ᠤ᠋ᠨ ᠮᠣᠩᠭᠣᠯ ᠬᠥᠮᠦᠨ ᠪᠦᠷ ᠳᠠᠭᠤᠯᠠᠵᠤ ᠰᠢᠯᠦᠭᠯᠡᠵᠦ ᠴᠢᠳᠠᠳᠠᠭ᠃ ᠡᠢᠮᠦ ᠡᠴᠡ ᠭᠠᠳᠠᠭᠠᠳᠤ ᠳᠣᠲᠣᠭᠠᠳᠤ ᠶ᠋ᠢᠨ ᠵᠢᠭᠤᠯᠴᠢᠨ ᠪᠣᠯᠤᠨ ᠪᠢᠴᠢᠭᠲᠡᠳ ᠮᠣᠩᠭᠣᠯ ᠨᠤᠲᠤᠭ ᠢ᠋《ᠳᠠᠭᠤᠤ ᠶ᠋ᠢᠨ ᠳᠠᠯᠠᠢ ᠳᠠᠭᠤᠴᠢ ᠶ᠋ᠢᠨ ᠨᠤᠲᠤᠭ》 ᠭᠡᠰᠡᠨ ᠨᠢ ᠬᠡᠲᠦᠷᠡᠭᠦᠯᠦᠯ ᠣᠭᠲᠣ ᠪᠢᠰᠢ ᠶᠤᠮ᠃ ᠮᠣᠩᠭᠣᠯ ᠣᠷᠣᠨ ᠨᠤᠭᠤᠳ ᠤ᠋ᠨ ᠳᠠᠭᠤᠤ ᠰᠢᠯᠦᠭ ᠦ᠋ᠳ ᠢ᠋ ᠪᠢᠳᠡ ᠶᠡᠬᠡ ᠲᠥᠯᠥᠪ ᠰᠢᠰᠲ᠋ᠧᠮᠵᠢᠭᠦᠯᠦᠨ ᠦᠵᠡᠪᠡᠯ ᠠᠩ ᠠᠩᠨᠠᠬᠤ ᠪᠠ ᠮᠠᠯᠵᠢᠯ ᠤ᠋ᠨ ᠦᠢᠯᠡᠳᠪᠦᠷᠢᠯᠡᠯ ᠬᠥᠳᠡᠯᠮᠦᠷᠢ ᠶ᠋ᠢ ᠳᠤᠰᠬᠠᠭᠰᠠᠨ ᠳᠠᠭᠤᠤ᠂ ᠠᠪᠤ ᠡᠵᠢ ᠪᠣᠯᠤᠨ ᠨᠤᠲᠤᠭ ᠤᠰᠤ ᠪᠠᠨ ᠰᠠᠨᠠᠵᠤ ᠮᠥᠷᠥᠭᠡᠳᠦᠨ ᠮᠠᠭᠲᠠᠨ ᠳᠠᠭᠤᠯᠠᠭᠰᠠᠨ ᠳᠠᠭᠤᠤ᠂ ᠲᠡᠦᠬᠡᠨ ᠲᠡᠮᠳᠡᠭᠯᠡᠯ ᠪᠤᠶᠤ ᠪᠠᠭᠠᠲᠤᠷ ᠤ᠋ᠨ ᠮᠠᠭᠲᠠᠭᠠᠯ ᠳᠠᠭᠤᠤ᠂ ᠬᠤᠷᠢᠮ ᠨᠠᠢᠷ ᠪᠠᠶᠠᠷ ᠶᠣᠰᠣᠯᠠᠯ ᠳ᠋ᠤ᠌ ᠵᠣᠷᠢᠭᠤᠯᠤᠭᠰᠠᠨ ᠳᠠᠭᠤᠤ᠂ ᠢᠨᠠᠭ ᠳᠤᠷᠠᠯᠠᠯ ᠤ᠋ᠨ ᠲᠤᠬᠠᠢ ᠳᠠᠭᠤᠤ᠂ ᠱᠠᠰᠢᠨ ᠰᠤᠷᠲᠠᠬᠤᠨ ᠤ᠋ ᠲᠤᠬᠠᠢ ᠳᠠᠭᠤᠤ ᠵᠡᠷᠭᠡ ᠪᠡᠷ ᠬᠤᠪᠢᠶᠠᠨ ᠠᠩᠭᠢᠯᠠᠵᠤ ᠪᠣᠯᠤᠨ᠎ᠠ᠃ ᠡᠭᠦᠨ ᠳ᠋ᠦ᠍ ᠠᠪᠤ ᠡᠵᠢ ᠪᠣᠯᠤᠨ ᠨᠤᠲᠤᠭ ᠤᠰᠤ ᠪᠠᠨ ᠰᠠᠨᠠᠵᠤ ᠮᠥᠷᠥᠭᠡᠳᠦᠨ ᠮᠠᠭᠲᠠᠨ ᠳᠠᠭᠤᠯᠠᠭᠰᠠᠨ ᠳᠠᠭᠤᠤ ᠪᠣᠯᠤᠨ ᠢᠨᠠᠭ ᠳᠤᠷᠠᠯᠠᠯ ᠤ᠋ᠨ ᠲᠤᠬᠠᠢ ᠳᠠᠭᠤᠤ ᠲᠣᠭᠠᠨ ᠤ᠋ ᠲᠠᠯ᠎ᠠ ᠪᠠᠷ ᠳᠡᠢᠯᠦᠩᠬᠡᠢ ᠪᠠᠢᠳᠠᠭ᠃ ᠡᠨᠡ ᠨᠢ ᠨᠢᠭᠡ ᠲᠠᠯ᠎ᠠ ᠪᠠᠷ ᠮᠣᠩᠭᠣᠯᠴᠤᠳ ᠤ᠋ᠨ ᠠᠪᠤ ᠡᠵᠢ ᠪᠡᠨ ᠬᠦᠨᠳᠦᠳᠬᠡᠨ ᠬᠠᠢᠷᠠᠯᠠᠳᠠᠭ ᠵᠠᠩ ᠵᠠᠩᠰᠢᠯ ᠢ᠋ ᠬᠠᠷᠠᠭᠤᠯᠬᠤ ᠶ᠋ᠢᠨ ᠬᠠᠮᠲᠤᠳᠠ ᠥᠰᠴᠦ ᠲᠥᠷᠥᠭᠰᠡᠨ ᠥᠯᠥᠭᠡᠢ ᠨᠤᠲᠤᠭ ᠲᠠᠭᠠᠨ ᠬᠠᠢᠷᠠᠲᠠᠢ ᠪᠠᠢᠳᠠᠭ ᠡᠬᠡ ᠣᠷᠣᠨᠴᠢ ᠦᠵᠡᠯ ᠦ᠋ᠨ ᠢᠯᠡᠷᠡᠭᠦᠯᠦᠯ ᠪᠣᠯᠵᠤ ᠪᠣᠢ᠃ ᠢᠨᠠᠭ ᠠᠮᠠᠷᠠᠭ ᠤ᠋ᠨ ᠳᠠᠭᠤᠨ ᠳ᠋ᠤ᠌ ᠭᠣᠣᠯᠳᠠᠭᠤ ᠢᠨᠠᠭ ᠬᠣᠩᠭᠣᠷ ᠢ᠋ᠶ᠋ᠠᠨ ᠰᠠᠨᠠᠵᠤ ᠮᠥᠷᠥᠭᠡᠳᠦᠭᠰᠡᠨ ᠰᠡᠳᠬᠢᠯᠭᠡ ᠪᠡᠨ ᠢᠯᠡᠷᠡᠭᠦᠯᠦᠭᠰᠡᠨ ᠡᠰᠡᠬᠦᠯ᠎ᠡ ᠰᠡᠳᠬᠢᠯ ᠦ᠋ᠨ ᠢᠨᠠᠭ ᠠ᠋ᠴᠠ ᠪᠠᠨ ᠥᠭᠡᠷ᠎ᠡ ᠪᠠᠶᠠᠳ ᠨᠣᠶᠠᠳ ᠤ᠋ᠨ ᠬᠡᠦᠬᠡᠳ ᠲᠡᠢ ᠰᠠᠭᠤᠬᠤ ᠦᠭᠡᠢ ᠭᠡᠬᠦ ᠬᠠᠲᠠᠭᠤ ᠲᠠᠩᠭᠠᠷᠢᠭ ᠢ᠋ᠶ᠋ᠠᠨ ᠢᠯᠡᠳᠬᠡᠭᠰᠡᠨ ᠮᠡᠲᠦ ᠠᠭᠤᠯᠭ᠎ᠠ ᠲᠠᠢ ᠪᠠᠢᠵᠤ᠂ ᠵᠠᠯᠠᠭᠤᠴᠤᠳ ᠤ᠋ᠨ ᠦᠨᠡᠨᠴᠢ ᠢᠨᠠᠭ ᠤ᠋ᠨ ᠰᠡᠳᠬᠢᠯ ᠢ᠋ ᠢᠯᠡᠷᠡᠭᠦᠯᠵᠦ᠂ ᠹᠧᠣᠳᠠᠯ ᠤ᠋ᠨ ᠠᠯᠪᠠᠳᠠᠯᠭ᠎ᠠ ᠶ᠋ᠢᠨ ᠤᠷᠤᠭ ᠢ᠋ ᠡᠰᠡᠷᠭᠦᠴᠡᠭᠰᠡᠨ ᠰᠠᠨᠠᠭ᠎ᠠ ᠶ᠋ᠢ ᠢᠯᠡ ᠲᠣᠳᠣ ᠭᠠᠷᠭᠠᠭᠰᠠᠨ ᠶᠤᠮ᠃ ᠵᠢᠱ᠌ᠢᠶᠡᠯᠡᠪᠡᠯ《ᠰᠠᠶᠢᠭ ᠰᠠᠶᠢᠭ ᠤᠯᠠᠭᠠᠨ》 ᠭᠡᠬᠦ ᠳᠠᠭᠤᠤ ᠳ᠋ᠤ᠌《ᠰᠠᠶᠢᠭ ᠰᠠᠶᠢᠭ ᠤᠯᠠᠭᠠᠨ ᠢ᠋ᠶ᠋ᠠᠨ/ ᠰᠣᠢᠵᠤ ᠳᠠᠰᠬᠠᠵᠤ ᠤᠨᠤᠯᠠ/ ᠰᠣᠨᠢᠬᠠᠨ ᠪᠠᠭ᠎ᠠ ᠲᠠᠨ ᠢ᠋ ᠪᠡᠨ/ ᠮᠠᠷᠲᠠᠬᠤ ᠦᠭᠡᠢ ᠰᠠᠭᠤᠨ᠎ᠠ᠁》 ᠭᠡᠬᠦ ᠮᠡᠲᠦ ᠪᠡᠷ ᠳᠠᠭᠤᠯᠠᠭᠰᠠᠨ ᠪᠠ 《ᠬᠣᠵᠢᠭᠢᠷ ᠵᠠᠩᠭᠢ ᠶ᠋ᠢᠨ ᠬᠡᠦᠬᠡᠨ》 ᠭᠡᠬᠦ ᠳᠠᠭᠤᠤ ᠳ᠋ᠤ᠌᠄《ᠬᠣᠵᠢᠭᠡᠷ ᠵᠠᠩᠬᠢ ᠶ᠋ᠢᠨ ᠬᠡᠦᠬᠡᠨ ᠢ᠋/ ᠭᠣᠶᠣᠯᠠᠭᠠᠳ ᠥᠭᠭᠦᠭᠰᠡᠨ ᠴᠦ᠍ ᠠᠪᠬᠤ ᠦᠭᠡᠢ/ ᠭᠣᠣᠯ ᠤ᠋ᠨ ᠬᠠᠢᠷᠠᠲᠠᠢ ᠴᠢᠮ᠎ᠠ ᠶ᠋ᠢ ᠪᠡᠨ/ ᠭᠣᠷᠢ ᠦᠭᠡᠢ ᠭᠡᠰᠡᠨ ᠴᠦ᠍ ᠠᠪᠤᠨ᠎ᠠ ᠳᠠ᠁》 ᠭᠡᠬᠦ ᠮᠡᠲᠦ ᠳᠠᠪᠲᠠᠯᠲᠠ ᠶ᠋ᠢᠨ ᠬᠡᠯᠪᠡᠷᠢ ᠪᠡᠷ ᠳᠠᠭᠤᠯᠠᠭᠰᠠᠨ ᠨᠢ ᠰᠠᠨᠠᠭ᠎ᠠ ᠠᠬᠤᠢ ᠪᠠᠷ ᠮᠠᠰᠢ ᠲᠣᠳᠣᠷᠬᠠᠢ ᠪᠢᠰᠢᠦ᠃ ᠳᠠᠭᠤᠤ ᠰᠢᠯᠦᠭ ᠦ᠋ᠳ ᠦ᠋ᠨ ᠬᠡᠯᠪᠡᠷᠢ ᠶ᠋ᠢᠨ ᠲᠠᠯ᠎ᠠ ᠪᠠᠷ ᠪᠠᠷᠠᠭᠤᠨ ᠮᠣᠩᠭᠣᠯ ᠣᠷᠣᠨ ᠳ᠋ᠤ᠌ ᠪᠣᠯ ᠤᠷᠲᠤ ᠠᠶᠠᠯᠭᠤ ᠲᠠᠢ᠂ ᠤᠶᠠᠩᠭᠠᠲᠤ ᠳᠠᠭᠤᠤ ᠭᠣᠣᠯ ᠪᠣᠯᠵᠤ᠂ ᠵᠡᠭᠦᠨ ᠮᠣᠩᠭᠣᠯ ᠣᠷᠣᠨ ᠳ᠋ᠤ᠌ ᠪᠣᠯ ᠣᠬᠣᠷ ᠠᠶᠠᠯᠭᠤ ᠲᠠᠢ᠂ ᠦᠯᠢᠭᠡᠷᠲᠦ ᠳᠠᠭᠤᠤ (ᠦᠯᠢᠭᠡᠷ ᠪᠣᠯᠤᠨ ᠳᠠᠭᠤᠤ ᠶ᠋ᠢ ᠤᠶᠠᠯᠳᠤᠭᠤᠯᠤᠭᠰᠠᠨ) ᠭᠣᠣᠯ ᠪᠣᠯᠵᠤ ᠪᠠᠢᠳᠠᠭ᠃ ᠦᠯᠢᠭᠡᠷ ᠮᠥᠨ ᠲᠣᠭᠠᠨ ᠤ᠋ ᠲᠠᠯ᠎ᠠ ᠪᠠᠷ ᠮᠠᠰᠢ ᠠᠷᠪᠢᠨ ᠪᠥᠭᠡᠳ ᠦᠵᠡᠯ ᠰᠠᠨᠠᠭᠠᠴᠢ ᠴᠢᠨᠠᠷ ᠢ᠋ᠶ᠋ᠠᠷ ᠣᠨᠴᠠ ᠴᠢᠩᠭ᠎ᠠ ᠪᠠᠢᠳᠠᠭ᠃ ᠡᠭᠦᠨ ᠳ᠋ᠦ᠍ ᠭᠣᠣᠯᠳᠠᠭᠤ ᠳᠣᠣᠷᠠᠬᠢ ᠳᠥᠷᠪᠡᠨ ᠲᠥᠷᠥᠯ ᠵᠦᠢᠯ ᠦ᠋ᠨ ᠠᠭᠤᠯᠭ᠎ᠠ ᠭᠣᠣᠯᠯᠠᠨ᠎ᠠ᠃ ᠨᠢᠭᠡ ᠳ᠋ᠦ᠍ ᠮᠥᠯᠵᠢᠭᠴᠢ ᠨᠣᠶᠠᠷᠬᠠᠭᠴᠢ ᠡᠲᠡᠭᠡᠳ ᠦ᠋ᠨ ᠮᠥᠨ ᠴᠢᠨᠠᠷ ᠢ᠋ ᠢᠯᠡᠴᠢᠯᠡᠨ ᠳᠡᠯᠭᠡᠵᠦ ᠬᠣᠱᠣᠩᠨᠠᠨ ᠶᠣᠵᠣᠯᠠᠵᠤ᠂ ᠠᠷᠠᠳ ᠲᠦᠮᠡᠨ ᠦ᠌ ᠠᠤᠭ᠎ᠠ ᠶᠡᠬᠡ ᠬᠦᠴᠦᠨ ᠴᠢᠳᠠᠯ᠂ ᠲᠥᠪ ᠰᠢᠳᠤᠷᠭᠤ ᠲᠡᠮᠡᠴᠡᠯ᠂ ᠮᠡᠷᠭᠡᠨ ᠰᠡᠴᠡᠨ ᠣᠶᠤᠨ ᠤᠬᠠᠭᠠᠨ ᠢ᠋ ᠮᠠᠭᠲᠠᠨ ᠰᠤᠷᠲᠠᠯᠴᠢᠯᠠᠭᠰᠠᠨ ᠦᠯᠢᠭᠡᠷ᠂ ᠮᠣᠩᠭᠣᠯ ᠣᠷᠣᠨ ᠤ᠋ ᠠᠯᠢᠴᠤ ᠭᠠᠵᠠᠷ ᠤ᠋ᠨ ᠦᠯᠢᠭᠡᠷ ᠲᠦ᠍ ᠪᠦᠷ ᠭᠣᠣᠯ ᠪᠠᠢᠷᠢ ᠶ᠋ᠢ ᠡᠵᠡᠯᠡᠵᠦ᠂ ᠲᠠᠷᠬᠠᠵᠤ ᠳᠡᠯᠭᠡᠷᠡᠭᠰᠡᠨ ᠨᠢ ᠬᠠᠮᠤᠭ ᠤ᠋ᠨ ᠥᠷᠭᠡᠨ ᠳᠡᠯᠭᠡᠷ ᠪᠥᠭᠡᠳ ᠬᠥᠮᠦᠰ ᠲᠦ᠍ ᠥᠭᠬᠦ ᠨᠥᠯᠥᠭᠡ ᠨᠢ ᠴᠦ᠍ ᠬᠠᠮᠤᠭ ᠤ᠋ᠨ ᠭᠦᠨᠵᠡᠭᠡᠢ ᠪᠠᠢᠳᠠᠭ᠃
ᠡᠢᠮᠦᠷᠬᠦ ᠦᠯᠢᠭᠡᠷ ᠲᠦ᠍ ᠦᠨᠡᠨ ᠪᠣᠳᠠᠲᠤ ᠬᠥᠮᠦᠨ ᠦ᠌ ᠡᠰᠢᠲᠦ ᠦᠯᠢᠭᠡᠷ《ᠪᠥᠬᠡ ᠪᠤᠭᠤᠷᠤᠯ》᠂ ᠪᠠᠶᠠᠨ ᠨᠣᠶᠠᠳ ᠲᠠᠢ ᠠᠰ ᠲᠤᠯᠤᠨ ᠠᠪᠤᠨ ᠬᠠᠷᠢᠭᠤᠴᠠᠭᠰᠠᠨ《ᠠᠯᠠᠱᠠᠨ ᠪᠥᠬᠡ— ᠪᠥᠬᠡ ᠱᠠᠯᠪᠢᠨ ᠤ᠋ ᠨᠠᠮᠲᠠᠷ》 ᠵᠢᠴᠢ ᠳᠤᠮᠳᠠᠳᠤ ᠠᠽᠢᠶ᠎ᠠ ᠶ᠋ᠢᠨ ᠦᠯᠢᠭᠡᠷ ᠦ᠋ᠨ ᠨᠥᠯᠥᠭᠡ ᠪᠡᠷ ᠵᠣᠬᠢᠶᠠᠭᠳᠠᠵᠤ ᠮᠣᠩᠭᠣᠯ ᠣᠷᠣᠨ ᠳ᠋ᠤ᠌ ᠨᠡᠢᠳᠡᠮ ᠲᠦᠭᠡᠮᠡᠯ ᠲᠠᠷᠬᠠᠭᠰᠠᠨ《ᠡᠯᠵᠢᠭᠡᠨ ᠴᠢᠬᠢᠲᠦ ᠬᠠᠭᠠᠨ》᠂《ᠠᠯᠲᠠ ᠳ᠋ᠤ᠌ ᠳᠤᠷᠠᠲᠠᠢ ᠬᠠᠭᠠᠨ》 ᠵᠡᠷᠭᠡ ᠭᠣᠣᠯ ᠵᠢᠱ᠌ᠢᠶ᠎ᠡ ᠪᠣᠯᠤᠨ᠎ᠠ᠃ ᠪᠠᠰᠠ ᠬᠡᠪᠴᠢᠶ᠎ᠡ ᠪᠠᠭᠲᠠᠭᠠᠮᠵᠢ ᠪᠠᠷ ᠲᠤᠩ ᠶᠡᠬᠡ ᠪᠠᠢᠳᠠᠭ ᠵᠡᠭᠦᠨ ᠮᠣᠩᠭᠣᠯ ᠣᠷᠣᠨ ᠤ᠋《ᠪᠠᠯᠭᠠᠨᠰᠠᠩ》 ᠤ᠋ᠨ ᠬᠡᠯᠬᠢᠶ᠎ᠡ ᠦᠯᠢᠭᠡᠷ᠂《ᠱᠠᠭᠳᠠᠷ》 ᠤ᠋ᠨ ᠬᠡᠯᠬᠢᠶ᠎ᠡ ᠦᠯᠢᠭᠡᠷ᠂ ᠪᠠᠷᠠᠭᠤᠨ ᠮᠣᠩᠭᠣᠯ ᠣᠷᠣᠨ ᠤ᠋《ᠠᠷᠭᠠᠴᠢ》 ᠶ᠋ᠢᠨ ᠬᠡᠯᠬᠢᠶ᠎ᠡ ᠦᠯᠢᠭᠡᠷ᠂《ᠰᠡᠴᠡᠨ ᠪᠡᠷᠢ》 ᠶ᠋ᠢᠨ ᠬᠡᠯᠬᠢᠶ᠎ᠡ ᠦᠯᠢᠭᠡᠷ《ᠮᠢᠩᠭᠠᠨ ᠶᠣᠨᠳᠣᠨ》 ᠤ᠋ ᠬᠡᠯᠬᠢᠶ᠎ᠡ ᠦᠯᠢᠭᠡᠷ ᠮᠡᠲᠦ ᠰᠡᠴᠡᠨ ᠤᠬᠠᠭᠠᠨᠲᠤ᠂ ᠤᠷᠠᠨ ᠪᠢᠯᠢᠭᠴᠢ ᠬᠥᠮᠦᠨ ᠦ᠌ ᠠᠯᠢ ᠣᠯᠠᠨ ᠦᠯᠢᠭᠡᠷ ᠴᠦ᠍ ᠪᠠᠭᠲᠠᠨ᠎ᠠ᠃ ᠬᠣᠶᠠᠷᠲᠤ ᠨᠠᠰᠤᠲᠠᠨ ᠢ᠋ᠶ᠋ᠠᠨ ᠬᠦᠨᠳᠦᠯᠡᠵᠦ ᠨᠢᠯᠬᠠᠰ ᠢ᠋ᠶ᠋ᠠᠨ ᠬᠠᠢᠷᠠᠯᠠᠬᠤ ᠮᠡᠲᠦ ᠬᠥᠮᠦᠨ ᠳ᠋ᠦ᠍ ᠪᠠᠢᠪᠠᠯ ᠵᠣᠬᠢᠬᠤ ᠶᠣᠰᠣ ᠮᠣᠷᠠᠯ ᠢ᠋ ᠰᠤᠷᠲᠠᠯᠴᠢᠯᠠᠭᠰᠠᠨ ᠦᠯᠢᠭᠡᠷ ᠴᠦ᠍ ᠨᠡᠯᠢᠶᠡᠳ ᠪᠣᠢ᠃ ᠡᠭᠦᠨ ᠳ᠋ᠦ᠍《ᠥᠩᠭᠡ ᠪᠣᠯᠤᠨ ᠮᠥᠩᠭᠥ》᠂《ᠦᠨᠡᠨ ᠦᠭᠡᠨ ᠦ᠌ ᠤᠴᠢᠷ》《ᠡᠬᠡ ᠶ᠋ᠢᠨ ᠰᠠᠨᠠᠭ᠎ᠠ ᠦᠷ᠎ᠡ ᠳ᠋ᠦ᠍᠂ ᠦᠷ᠎ᠡ ᠶ᠋ᠢᠨ ᠰᠠᠨᠠᠭ᠎ᠠ ᠬᠠᠳᠠᠨ ᠳ᠋ᠤ᠌》 ᠮᠡᠲᠦ ᠦᠯᠢᠭᠡᠷ ᠦ᠋ᠳ ᠬᠡᠪ ᠵᠢᠱ᠌ᠢᠶ᠎ᠡ ᠪᠣᠯᠤᠨ᠎ᠠ᠃ ᠡᠳᠡᠭᠡᠷ ᠦᠯᠢᠭᠡᠷ ᠲᠦ᠍ ᠵᠠᠷᠢᠮ ᠬᠥᠮᠦᠨ ᠦ᠌ ᠠᠪᠤ ᠡᠵᠢ ᠪᠡᠨ ᠬᠦᠨᠳᠦᠳᠬᠡᠬᠦ ᠦᠭᠡᠢ᠂ ᠠᠴᠢᠯᠠᠵᠤ ᠰᠤᠪᠢᠯᠠᠬᠤ ᠦᠭᠡᠢ ᠡᠴᠡ ᠪᠣᠯᠵᠤ ᠡᠴᠦᠰ ᠲᠦ᠍ ᠠᠮᠢ ᠪᠠᠨ ᠠᠯᠳᠠᠭᠰᠠᠨ᠂ ᠬᠣᠭᠣᠰᠣᠨ ᠬᠣᠴᠣᠷᠤᠭᠰᠠᠨ ᠮᠡᠲᠦ ᠮᠠᠭᠤ ᠲᠡᠭᠦᠰᠬᠡᠯ ᠣᠯᠣᠭᠰᠠᠳ ᠢ᠋ ᠰᠤᠷᠭᠠᠮᠵᠢᠯᠠᠨ ᠥᠭᠦᠯᠡᠵᠦ ᠨᠡᠢᠭᠡᠮ ᠨᠡᠢᠲᠡ ᠳ᠋ᠦ᠍ ᠴᠡᠭᠡᠷᠯᠡᠭᠦᠯᠦᠭᠰᠡᠨ ᠪᠠᠢᠨ᠎ᠠ᠃ ᠭᠤᠷᠪᠠ ᠳ᠋ᠤ᠌ ᠰᠠᠢᠨ ᠰᠠᠨᠠᠭᠠᠨ ᠤ᠋ ᠦᠵᠦᠭᠦᠷ ᠲᠦ᠍ ᠰᠦ᠂ ᠮᠠᠭᠤ ᠰᠠᠨᠠᠭᠠᠨ ᠤ᠋ ᠦᠵᠦᠭᠦᠷ ᠲᠦ᠍ ᠴᠢᠰᠤ ᠭᠡᠳᠡᠭ ᠶᠣᠰᠣ ᠤᠴᠢᠷ ᠢ᠋ ᠢᠯᠡᠳᠬᠡᠨ᠂ ᠰᠠᠢᠨ ᠤ᠋ ᠦᠯᠢᠭᠡᠷ ᠰᠠᠭᠠᠷ ᠤ᠋ᠨ ᠵᠢᠱ᠌ᠢᠶ᠎ᠡ ᠶ᠋ᠢ ᠮᠠᠰᠢ ᠲᠣᠳᠣᠷᠬᠠᠢ ᠥᠭᠦᠯᠡᠭᠰᠡᠨ ᠦᠯᠢᠭᠡᠷ ᠴᠦ᠍ ᠡᠳᠦᠢ ᠲᠡᠳᠦᠢ ᠪᠠᠢᠳᠠᠭ᠃ ᠵᠢᠱ᠌ᠢᠶᠡᠯᠡᠪᠡᠯ《ᠪᠠᠶᠠᠨ ᠬᠠᠷ᠎ᠠ ᠳ᠋ᠤᠨᠠ》᠂《ᠪᠣᠭᠳᠠ ᠴᠠᠭᠠᠨ ᠡᠪᠦᠭᠡᠨ》 ᠭᠡᠬᠦ ᠮᠡᠲᠦ᠃《ᠪᠣᠭᠳᠠ ᠴᠠᠭᠠᠨ ᠡᠪᠦᠭᠡᠨ》 ᠳ᠋ᠡᠬᠢ ᠭᠣᠣᠯ ᠪᠠᠭᠠᠲᠤᠷ ᠪᠣᠭᠳᠠ ᠴᠠᠭᠠᠨ ᠡᠪᠦᠭᠡᠨ ᠥᠭᠯᠢᠭᠡᠴᠢ᠂ ᠥᠭᠭᠢᠶᠡᠮᠦᠷ᠂ ᠪᠠᠢᠩᠭᠤ ᠪᠤᠰᠤᠳ ᠢ᠋ ᠲᠤᠰᠠᠯᠠᠵᠤ ᠶᠠᠪᠤᠳᠠᠭ ᠠ᠋ᠴᠠ ᠡᠴᠦᠰ ᠲᠦ᠍ ᠡᠷᠯᠢᠭ ᠦ᠋ᠨ ᠳᠠᠩᠰᠠ ᠠ᠋ᠴᠠ ᠭᠠᠷᠴᠤ ᠤᠷᠲᠤ ᠨᠠᠰᠤᠯᠠᠵᠤ ᠤᠳᠠᠭᠠᠨ ᠵᠢᠷᠭᠠᠭᠰᠠᠨ ᠦᠢᠯᠡ ᠶᠠᠪᠤᠳᠠᠯ ᠢ᠋ ᠥᠭᠦᠯᠡᠪᠡ᠃ ᠡᠭᠦᠨ ᠲᠡᠢ ᠡᠰᠡᠷᠭᠦ ᠪᠡᠷ ᠲᠡᠳᠡᠭᠡᠷ ᠬᠠᠷᠠᠮᠴᠢ᠂ ᠬᠤᠯᠠᠭᠠᠢᠴᠢ᠂ ᠬᠤᠳᠠᠯᠴᠢ᠂ ᠮᠡᠬᠡᠯᠡᠭᠴᠢ ᠬᠥᠮᠦᠰ ᠢ᠋ ᠬᠡᠵᠢᠶᠡᠳᠡ ᠦᠬᠦᠭᠦᠯᠬᠦ ᠪᠤᠶᠤ ᠢᠯᠠᠭᠳᠠᠭᠤᠯᠬᠤ ᠮᠠᠭᠤ ᠲᠡᠭᠦᠰᠬᠡᠯ ᠲᠡᠢ ᠪᠡᠷ ᠥᠭᠦᠯᠡᠳᠡᠭ ᠪᠢᠯᠡ᠃ ᠳᠥᠷᠪᠡ ᠳ᠋ᠦ᠍ ᠪᠤᠰᠤᠳ ᠠᠮᠢᠳᠤᠷᠠᠯ ᠤ᠋ᠨ ᠶᠣᠰᠣ ᠤᠴᠢᠷ᠂ ᠠᠭᠤᠯᠠ ᠤᠰᠤᠨ ᠤ᠋ ᠢᠷᠡᠯ᠂ ᠠᠷᠢᠶᠠᠲᠠᠨ ᠠᠮᠢᠲᠠᠨ ᠳ᠋ᠤ᠌ ᠬᠣᠯᠪᠣᠭᠳᠠᠭᠰᠠᠨ ᠦᠯᠢᠭᠡᠷ ᠳᠣᠮᠣᠭᠴᠤ《ᠪᠠᠬᠤᠲᠤ ᠡᠮᠡᠭᠡᠨ》᠂《ᠮᠤᠤᠷ ᠨᠣᠬᠠᠢ ᠶ᠋ᠢᠨ ᠦᠯᠢᠭᠡᠷ》᠂《ᠬᠠᠷ᠎ᠠ ᠪᠠᠲᠠᠭᠠᠨ᠎ᠠ ᠶ᠋ᠢᠨ ᠦᠯᠢᠭᠡᠷ》᠂《ᠵᠢᠭᠦᠷᠲᠦ ᠬᠦᠯᠦᠭ》 ᠮᠡᠲᠦ ᠣᠯᠠᠨ ᠪᠤᠢ᠃ ᠣᠨᠴᠠᠭᠠᠢᠯᠠᠨ ᠳᠤᠷᠠᠳᠤᠭᠤᠰᠢᠲᠠᠢ ᠨᠢ ᠮᠣᠩᠭᠣᠯ ᠣᠷᠣᠨ ᠳ᠋ᠤ᠌《ᠳᠠᠯᠠᠨ ᠬᠤᠳᠠᠯᠴᠢ》 ᠶ᠋ᠢᠨ ᠦᠯᠢᠭᠡᠷ ᠲᠤᠩ ᠥᠷᠭᠡᠨ ᠲᠦᠭᠡᠮᠡᠯ ᠳᠠᠷᠬᠠᠨ ᠳᠡᠯᠭᠡᠷᠡᠵᠦ᠂ ᠠᠳᠠᠯᠢ ᠪᠤᠰᠤ ᠭᠠᠵᠠᠷ ᠠᠳᠠᠯᠢ ᠪᠤᠰᠤ ᠣᠯᠠᠨ ᠵᠦᠢᠯ ᠦ᠋ᠨ ᠬᠤᠪᠢᠯᠪᠤᠷᠢ ᠲᠠᠢ ᠪᠣᠯᠪᠠ᠃ ᠵᠢᠱ᠌ᠢᠶᠡᠯᠡᠪᠡᠯ ᠰᠢᠨᠵᠢᠶᠠᠩ ᠳ᠋ᠤ᠌ ᠰᠢᠯᠦᠭᠯᠡᠯ ᠦ᠋ᠨ ᠬᠡᠯᠪᠡᠷᠢ ᠪᠡᠷ ᠲᠠᠷᠬᠠᠭᠰᠠᠨ ᠪᠠᠢᠬᠤ ᠳ᠋ᠤ᠌ ᠭᠠᠨᠰᠦ ᠬᠥᠬᠡᠨᠠᠭᠤᠷᠲᠤ ᠦᠷᠭᠦᠯᠵᠢᠯᠡᠭᠰᠡᠨ ᠦᠭᠡ ᠶ᠋ᠢᠨ ᠬᠡᠯᠪᠡᠷᠢ ᠪᠡᠷ ᠲᠠᠷᠬᠠᠵᠤ᠂ ᠥᠪᠥᠷ ᠮᠣᠩᠭᠣᠯ ᠤ᠋ᠨ ᠠᠯᠠᠱᠠ᠂ ᠣᠷᠳᠣᠰ ᠵᠢᠴᠢ ᠪᠤᠰᠤᠳ ᠨᠡᠯᠢᠶᠡᠳ ᠣᠷᠣᠨ ᠳ᠋ᠤ᠌ ᠪᠠᠰᠠ ᠠ᠂ ᠡ ᠬᠣᠶᠠᠷ ᠬᠥᠮᠦᠨ ᠦ᠌ ᠱᠣᠭ ᠶᠠᠷᠢᠶᠠᠨ ᠤ᠋ ᠬᠡᠯᠪᠡᠷᠢ ᠪᠡᠷ ᠪᠤᠶᠤ ᠰᠢᠯᠦᠭ ᠪᠣᠯᠤᠨ ᠦᠷᠭᠦᠯᠵᠢᠯᠡᠭᠰᠡᠨ ᠦᠭᠡ ᠶ᠋ᠢ ᠤᠶᠠᠯᠳᠤᠭᠤᠯᠤᠭᠰᠠᠨ ᠬᠡᠯᠪᠡᠷᠢ ᠪᠡᠷ ᠲᠠᠷᠬᠠᠵᠤ᠂ ᠡᠳᠦᠢ ᠲᠡᠳᠦᠢ ᠰᠢᠨ᠎ᠡ ᠠᠭᠤᠯᠭ᠎ᠠ ᠨᠡᠮᠡᠭᠳᠡᠪᠡ᠃ ᠮᠥᠨ ᠰᠢᠨᠵᠢᠶᠠᠩ ᠭᠠᠨᠰᠦ ᠬᠥᠬᠡᠨᠠᠭᠤᠷ ᠤ᠋ᠨ ᠡᠬᠡ ᠨᠤᠭᠦᠳ ᠲᠦ ᠹᠧᠣᠳᠠᠯ ᠨᠣᠶᠠᠷᠬᠠᠭᠴᠢᠳ ᠤ᠋ᠨ ᠬᠤᠳᠠᠯ ᠬᠡᠯᠡᠵᠦ ᠬᠠᠭᠤᠷᠮᠠᠴᠢ ᠳᠦᠷᠢᠯᠡᠵᠦ᠂ ᠬᠠᠷ᠎ᠠ ᠴᠠᠭᠠᠨ ᠢ᠋ ᠲᠣᠩᠭᠣᠷᠠᠭᠤᠯᠤᠨ᠂ ᠦᠨᠡᠨ ᠬᠤᠳᠠᠯ ᠊ᠢ ᠬᠤᠳᠬᠤᠯᠳᠤᠭᠤᠯᠤᠭᠰᠠᠨ ᠬᠤᠳᠠᠯᠴᠢ ᠮᠥᠨ ᠴᠢᠨᠠᠷ ᠢ᠋ ᠬᠣᠱᠣᠩᠨᠠᠨ ᠢᠯᠡᠴᠢᠯᠡᠭᠰᠡᠨ ᠪᠠᠢᠬᠤ ᠳ᠋ᠤ᠌ ᠥᠪᠥᠷ ᠮᠣᠩᠭᠣᠯ ᠤ᠋ᠨ ᠠᠯᠠᠱᠠ᠂ ᠣᠷᠳᠣᠰ ᠮᠡᠲᠦ ᠭᠠᠵᠠᠷ ᠤ᠋ᠨ《ᠳᠠᠯᠠᠨ ᠬᠤᠳᠠᠯᠴᠢ》 ᠳ᠋ᠤ᠌ ᠬᠠᠷᠢᠨ ᠬᠤᠳᠠᠯᠴᠢ ᠱᠠᠰᠢᠨᠲᠠᠨ ᠤ᠋ ᠬᠤᠳᠠᠯ ᠬᠠᠭᠤᠷᠮᠠᠴᠢ᠂ ᠥᠩᠭᠡ ᠮᠥᠩᠭᠥ ᠳ᠋ᠦ᠍ ᠰᠢᠨᠤᠬᠠᠢ ᠮᠥᠨ ᠴᠢᠨᠠᠷ ᠢ᠋ ᠬᠤᠷᠴᠠ ᠣᠨᠣᠪᠴᠢᠲᠠᠢ ᠬᠣᠱᠣᠩᠨᠠᠨ ᠢᠯᠡᠷᠡᠭᠦᠯᠦᠭᠰᠡᠨ ᠨᠢ ᠥᠪᠥᠷ ᠮᠣᠩᠭᠣᠯ ᠤ᠋ᠨ ᠠᠯᠠᠱᠠ᠂ ᠣᠷᠳᠣᠰ ᠮᠡᠲᠦ ᠭᠠᠵᠠᠷ᠎ᠲᠤ ᠱᠠᠰᠢᠨ ᠤ᠋ ᠬᠣᠣᠷ ᠨᠥᠯᠥᠭᠡ ᠶᠡᠬᠡ ᠪᠠᠢᠭᠰᠠᠨ ᠪᠣᠳᠠᠲᠤ ᠪᠠᠢᠳᠠᠯ ᠠ᠋ᠴᠠ ᠡᠭᠦᠰᠦᠭᠰᠡᠨ ᠪᠠᠢᠮᠠᠷ ᠶᠤᠮ᠃ ᠮᠣᠩᠭᠣᠯ ᠤ᠋ᠨ《ᠳᠠᠯᠠᠨ ᠬᠤᠳᠠᠯᠴᠢ》 ᠲᠠᠢ ᠲᠥᠰᠦᠷᠬᠡᠦ ᠤᠳᠬ᠎ᠠ ᠰᠠᠨᠠᠭ᠎ᠠ ᠪᠦᠬᠦᠢ ᠦᠯᠢᠭᠡᠷ ᠤᠮᠠᠷᠠᠲᠤ ᠶ᠋ᠢᠨ ᠬᠠᠰᠠᠭ᠂ ᠣᠽᠢᠪᠧᠺ ᠵᠡᠷᠭᠡ ᠦᠨᠳᠦᠰᠦᠲᠡᠨ ᠳ᠋ᠦ᠍ ᠴᠦ᠍ ᠨᠡᠪᠲᠡᠷᠡᠨ ᠣᠷᠣᠵᠤ᠂ ᠲᠡᠳᠡᠭᠡᠷ ᠦᠨᠳᠦᠰᠦᠲᠡᠨ ᠦ᠌ ᠳᠤᠮᠳᠠ《ᠳᠥᠴᠢᠨ ᠬᠤᠳᠠᠯᠴᠢ ᠶ᠋ᠢᠨ ᠦᠯᠢᠭᠡᠷ》᠂《ᠳᠥᠴᠢᠨ ᠬᠤᠳᠠᠯᠴᠢ ᠶ᠋ᠢᠨ ᠳᠠᠭᠤᠤ》 ᠪᠣᠢ ᠪᠣᠯᠵᠤ᠂ ᠬᠤᠳᠠᠯᠴᠢ ᠶ᠋ᠢ ᠡᠰᠡᠷᠭᠦᠴᠡᠨ ᠬᠣᠱᠣᠩᠨᠠᠭᠰᠠᠨ ᠤᠳᠬ᠎ᠠ ᠰᠠᠨᠠᠭ᠎ᠠ ᠬᠡᠳᠦᠨ ᠦᠨᠳᠦᠰᠦᠲᠡᠨ ᠦ᠌ ᠬᠠᠮᠲᠤ ᠶ᠋ᠢᠨ ᠵᠣᠷᠢᠭ ᠰᠠᠨᠠᠭᠠᠨ ᠤ᠋ ᠬᠦᠴᠦᠨ ᠪᠣᠯᠵᠤ ᠬᠣᠨᠣᠭᠰᠢᠭᠰᠠᠨ ᠪᠠᠢᠨ᠎ᠠ᠃ ᠣᠢᠷ᠎ᠠ ᠶ᠋ᠢᠨ ᠵᠢᠯ ᠡᠴᠡ ᠨᠠᠰᠢ᠂ ᠮᠣᠩᠭᠣᠯ ᠠᠷᠠᠳ ᠤ᠋ᠨ ᠠᠮᠠᠨ ᠦᠯᠢᠭᠡᠷ ᠦ᠋ᠳ ᠢ᠋ ᠡᠮᠬᠢᠳᠬᠡᠵᠦ᠂《ᠮᠣᠩᠭᠣᠯ ᠠᠷᠠᠳ ᠤ᠋ᠨ ᠠᠮᠠᠨ ᠦᠯᠢᠭᠡᠷ 》᠂《ᠮᠣᠩᠭᠣᠯ ᠠᠷᠠᠳ ᠤ᠋ᠨ ᠶᠠᠪᠠᠭᠠᠨ ᠦᠯᠢᠭᠡᠷ》᠂《ᠣᠢᠷᠠᠳ ᠮᠣᠩᠭᠣᠯ ᠤ᠋ᠨ ᠦᠯᠢᠭᠡᠷ ᠳᠣᠮᠣᠭ》 ᠮᠡᠲᠦ ᠬᠡᠳᠦᠨ ᠠᠷᠪᠠᠨ ᠲᠣᠰᠠᠬᠠᠢ ᠨᠣᠮ ᠤ᠋ᠳ ᠢ᠋ ᠬᠡᠪᠯᠡᠨ ᠲᠠᠷᠬᠠᠭᠠᠵᠤ᠂ ᠰᠤᠳᠤᠯᠤᠯ ᠰᠢᠨᠵᠢᠯᠡᠯ ᠪᠠ ᠪᠤᠰᠤᠳ ᠲᠠᠯ᠎ᠠ ᠶ᠋ᠢᠨ ᠬᠡᠷᠡᠭᠴᠡᠭᠡ ᠳ᠋ᠦ᠍ ᠳᠥᠭᠥᠮ ᠨᠥᠬᠥᠴᠡᠯ ᠢ᠋ ᠪᠦᠷᠢᠳᠦᠭᠦᠯᠦᠭᠰᠡᠨ ᠪᠠᠢᠨ᠎ᠠ᠃
ᠳᠡᠭᠡᠷᠡᠬᠢ ᠡᠯᠪᠡᠭ ᠳᠡᠯᠪᠡᠭ ᠠᠷᠠᠳ ᠤ᠋ᠨ ᠠᠮᠠᠨ ᠵᠣᠬᠢᠶᠠᠯ ᠤ᠋ᠨ ᠭᠦᠨ ᠵᠤᠵᠠᠭᠠᠨ ᠬᠥᠷᠥᠰᠥᠨ ᠳᠡᠭᠡᠷ᠎ᠡ ᠨᠡᠢᠲᠡ ᠮᠣᠩᠭᠣᠯ ᠤ᠋ᠨ ᠪᠢᠴᠢᠭ ᠦ᠋ᠨ ᠤᠷᠠᠨ ᠵᠣᠬᠢᠶᠠᠯ ᠡᠰᠡᠨᠢᠨ ᠮᠡᠨᠳᠦᠯᠡᠵᠦ᠂ ᠨᠡᠶ᠋ᠢᠭᠡᠮ ᠤ᠋ᠨ ᠬᠥᠭᠵᠢᠯᠲᠡ ᠶ᠋ᠢᠨ ᠲᠡᠦᠬᠡ ᠪᠠ ᠦᠵᠡᠯ ᠰᠠᠨᠠᠭᠠᠨ ᠤ᠋ ᠲᠡᠦᠬᠡ ᠶ᠋ᠢᠨ ᠤᠷᠤᠭᠰᠢᠯᠠᠯᠲᠠ ᠶ᠋ᠢ ᠳᠠᠭᠠᠯᠲᠠ ᠲᠠᠰᠤᠷᠠᠯᠲᠠ ᠦᠭᠡᠢ ᠪᠠᠶᠠᠯᠢᠭᠵᠢᠨ ᠬᠥᠭᠵᠢᠵᠦ᠂ ᠨᠢᠭᠡ ᠪᠦᠷᠢᠨ ᠲᠥᠬᠥᠷ ᠰᠢᠰᠲ᠋ᠧᠮ ᠢ᠋ ᠪᠦᠷᠢᠳᠦᠭᠦᠯᠦᠭᠰᠡᠨ ᠪᠠᠢᠳᠠᠭ᠃ ᠴᠢᠩᠭᠢᠰ ᠬᠠᠭᠠᠨ ᠮᠣᠩᠭᠣᠯ ᠢ᠋ ᠨᠢᠭᠡᠳᠬᠡᠵᠦ ᠨᠢᠭᠡᠳᠦᠯ ᠪᠥᠬᠦᠮᠳᠡᠯᠲᠡᠨ ᠤᠯᠤᠰ ᠪᠠᠶ᠋ᠢᠭᠤᠯᠤᠭᠰᠠᠨ ᠦᠢᠯᠡ ᠶᠠᠪᠤᠳᠠᠯ᠂ ᠮᠣᠩᠭᠣᠯ ᠤ᠋ᠨ ᠳᠠᠪᠬᠤᠷᠭ᠎ᠠ ᠶ᠋ᠢᠨ ᠡᠯ᠎ᠡ ᠬᠦᠷᠢᠶ᠎ᠡ ᠬᠡᠪᠴᠢᠶ᠎ᠡ ᠶ᠋ᠢ ᠪᠦᠷ ᠶᠡᠬᠡᠬᠡᠨ ᠨᠥᠯᠥᠭᠡᠯᠡᠭᠰᠡᠨ ᠪᠠᠢᠨ᠎ᠠ᠃ ᠮᠣᠩᠭᠣᠯ ᠤᠷᠠᠨ ᠵᠣᠬᠢᠶᠠᠯ ᠴᠤ᠌ ᠳᠠᠪᠬᠤᠷᠭ᠎ᠠ ᠶ᠋ᠢᠨ ᠨᠢᠭᠡ ᠲᠥᠷᠥᠯ ᠪᠣᠯᠤᠭᠰᠠᠨ ᠤ᠋ ᠬᠤᠪᠢ ᠳ᠋ᠤ᠌᠂ ᠡᠨᠡᠬᠦ ᠨᠡᠶ᠋ᠢᠭᠡᠮ ᠤ᠋ᠨ ᠬᠤᠪᠢᠰᠤᠯᠲᠠ ᠳ᠋ᠤ᠌ ᠲᠤᠩ ᠶᠡᠬᠡ ᠨᠥᠯᠥᠭᠡᠯᠡᠭᠳᠡᠵᠢ᠃ ᠶᠠᠭᠤᠨ ᠤ᠋ ᠡᠮᠦᠨ᠎ᠡ ᠴᠢᠩᠭᠢᠰ ᠢ᠋ᠶ᠋ᠡᠷ ᠵᠣᠬᠢᠶᠠᠯ ᠤ᠋ᠨ ᠭᠣᠣᠯ ᠪᠠᠭᠠᠲᠤᠷ ᠪᠣᠯᠭᠠᠨ᠂ ᠨᠢᠭᠡᠳᠦᠯ ᠪᠦᠯᠬᠦᠮᠳᠡᠯ ᠦ᠋ᠨ ᠦᠵᠡᠯ ᠰᠠᠨᠠᠭ᠎ᠠ ᠶ᠋ᠢ ᠰᠤᠷᠲᠠᠯᠴᠢᠯᠠᠭᠰᠠᠨ ᠵᠣᠬᠢᠶᠠᠯ ᠪᠦᠲᠦᠭᠡᠯ ᠬᠣᠢᠨ᠎ᠠ ᠡᠮᠦᠨ᠎ᠡ ᠴᠥᠭᠡᠨ ᠪᠤᠰᠤ ᠵᠣᠬᠢᠶᠠᠭᠳᠠᠵᠤ᠂ ᠨᠡᠢᠲᠡ ᠮᠣᠩᠭᠣᠯ ᠤ᠋ᠨ ᠪᠢᠴᠢᠭ ᠦ᠋ᠨ ᠤᠷᠠᠨ ᠵᠣᠬᠢᠶᠠᠯ ᠤ᠋ᠨ ᠳᠠᠷᠳᠠᠩ ᠵᠠᠮ ᠢ᠋ ᠨᠡᠭᠡᠭᠡᠪᠡ᠃ ᠡᠭᠦᠨ ᠳ᠋ᠦ᠍ ᠬᠠᠮᠤᠭ ᠲᠦᠷᠦᠭᠦᠨ ᠳ᠋ᠦ᠍ ᠵᠣᠬᠢᠶᠠᠭᠳᠠᠭᠰᠠᠨ ᠮᠣᠩᠭᠣᠯ ᠤ᠋ᠨ ᠪᠢᠴᠢᠭ ᠦ᠋ᠨ ᠤᠷᠠᠨ ᠵᠣᠬᠢᠶᠠᠯ ᠤ᠋ᠨ ᠠᠩᠬᠠᠨ ᠤ᠋ ᠬᠣᠰᠢᠭᠤᠴᠢᠯᠠᠬᠤ ᠦᠢᠯᠡᠳᠦᠯ ᠭᠦᠢᠴᠡᠳᠬᠡᠭᠰᠡᠨ ᠠᠪᠤᠷᠭᠤ ᠲᠣᠮᠣ ᠵᠣᠬᠢᠶᠠᠯ ᠪᠦᠲᠦᠭᠡᠯ ᠪᠣᠯ1240 ᠣᠨ ᠳ᠋ᠤ᠌ ᠵᠣᠬᠢᠶᠠᠭᠳᠠᠭᠰᠠᠨ ᠲᠡᠦᠬᠡ ᠤᠷᠠᠨ ᠵᠣᠬᠢᠶᠠᠯ ᠤ᠋ᠨ ᠴᠢᠬᠤᠯᠠ ᠲᠣᠷᠰᠠᠬᠠᠯᠳᠣ ᠪᠢᠴᠢᠭ ᠪᠣᠯᠬᠤ《ᠮᠣᠩᠭᠣᠯ ᠤ᠋ᠨ ᠨᠢᠭᠤᠴᠠ ᠲᠣᠪᠴᠢᠶᠠᠨ》 ᠶᠤᠮ᠃ ᠲᠤᠰ ᠵᠣᠬᠢᠶᠠᠯ ᠠᠷᠪᠠᠨ ᠬᠣᠶᠠᠷ ᠪᠦᠯᠦᠭ᠂282 ᠵᠦᠢᠯ ᠢ᠋ᠶ᠋ᠡᠷ ᠪᠦᠷᠢᠯᠳᠦᠵᠦ᠂ ᠴᠢᠩᠭᠢᠰ ᠡᠴᠡ ᠡᠮᠦᠨᠡᠬᠢ ᠬᠣᠷᠢᠨ ᠬᠣᠶᠠᠷ ᠦᠶ᠎ᠡ ᠶ᠋ᠢᠨ ᠦᠶ᠎ᠡ ᠲᠠᠭᠠᠷᠠᠯᠳᠤᠯᠭᠠ ᠶ᠋ᠢ ᠲᠣᠪᠴᠢ ᠠᠪᠰᠠᠷᠬᠠᠨ ᠥᠭᠦᠯᠡᠵᠦ᠂ ᠴᠢᠩᠭᠢᠰ ᠪᠣᠯᠤᠨ ᠥᠭᠡᠳᠡᠢ ᠬᠠᠭᠠᠨ ᠤ᠋ ᠲᠡᠦᠬᠡᠲᠦ ᠦᠢᠯᠡ ᠶᠠᠪᠤᠳᠠᠯ ᠢ᠋ ᠨᠠᠷᠢᠨ ᠲᠣᠳᠣᠷᠬᠠᠢ᠂ ᠤᠷᠠᠨ ᠵᠣᠬᠢᠶᠠᠯ ᠤ᠋ᠨ ᠵᠢᠷᠤᠭᠯᠠᠬᠤ ᠠᠷᠭ᠎ᠠ ᠬᠡᠯᠪᠡᠷᠢ ᠪᠡᠷ ᠨᠢᠮᠪᠠᠢ ᠳᠦᠷᠰᠦᠯᠡᠵᠦ᠂ ᠴᠢᠩᠭᠢᠰ ᠦ᠋ᠨ ᠮᠣᠩᠭᠣᠯ ᠢ᠋ ᠨᠢᠭᠡᠳᠬᠡᠭᠰᠡᠨ ᠪᠠ ᠥᠭᠡᠳᠡᠢ ᠬᠠᠭᠠᠨ ᠤ᠋ ᠮᠣᠩᠭᠣᠯ ᠤ᠋ᠨ ᠪᠦᠯᠬᠦᠮᠳᠡᠯ ᠢ᠋ ᠬᠠᠮᠠᠭᠠᠯᠠᠭᠰᠠᠨ ᠦᠢᠯᠡ ᠶᠠᠪᠤᠳᠠᠯ ᠢ᠋ ᠮᠠᠭᠲᠠᠨ ᠳᠠᠭᠤᠯᠠᠭᠰᠠᠨ ᠪᠠᠢᠨ᠎ᠠ᠃《ᠮᠣᠩᠭᠣᠯ ᠤ᠋ᠨ ᠨᠢᠭᠤᠴᠠ ᠲᠣᠪᠴᠢᠶᠠᠨ》 ᠲᠡᠦᠬᠡ ᠶ᠋ᠢᠨ ᠴᠢᠬᠤᠯᠠ ᠲᠤᠷᠠᠰᠠᠬᠠᠯᠳᠣ ᠪᠢᠴᠢᠭ ᠪᠣᠯᠤᠭᠰᠠᠨ ᠢ᠋ᠶ᠋ᠠᠷ ᠦᠯᠦ ᠪᠠᠷᠠᠨ ᠪᠠᠰᠠ ᠮᠣᠩᠭᠣᠯ ᠤᠷᠠᠨ ᠵᠣᠬᠢᠶᠠᠯ ᠤ᠋ᠨ ᠲᠡᠦᠬᠡ᠂ ᠤᠷᠠᠨ ᠵᠣᠬᠢᠶᠠᠯ ᠢ᠋ ᠤᠶᠠᠯᠳᠤᠭᠤᠯᠤᠨ ᠪᠢᠴᠢᠬᠦ ᠬᠡᠯᠪᠡᠷᠢ ᠶ᠋ᠢ ᠪᠣᠢ ᠪᠣᠯᠭᠠᠵᠤ ᠬᠣᠵᠢᠭᠤ ᠦᠶ᠎ᠡ ᠶ᠋ᠢᠨ ᠨᠡᠯᠢᠶᠡᠳ ᠤᠷᠲᠤ ᠬᠤᠭᠤᠴᠠᠭᠠᠨ ᠤ᠋ ᠤᠷᠠᠨ ᠵᠣᠬᠢᠶᠠᠯ ᠳ᠋ᠤ᠌ ᠪᠦᠷ ᠬᠡᠪ ᠵᠢᠱ᠌ᠢᠶ᠎ᠡ ᠪᠣᠯᠬᠤᠢᠴᠠ ᠦᠢᠯᠡᠳᠦᠯ ᠢ᠋ ᠦᠵᠡᠭᠦᠯᠦᠭᠰᠡᠨ ᠪᠠᠢᠨ᠎ᠠ᠃ ᠲᠡᠭᠦᠨ ᠡᠴᠡ ᠬᠣᠢᠰᠢ ᠮᠥᠨ ᠴᠢᠩᠭᠢᠰ ᠢ᠋ ᠵᠥᠪᠲᠥᠭᠡᠬᠦ ᠣᠪᠣᠷ ᠢ᠋ᠶ᠋ᠠᠷ ᠳᠦᠷᠰᠦᠯᠡᠨ ᠪᠢᠴᠢᠵᠦ᠂ ᠨᠢᠭᠡᠳᠦᠯ ᠪᠦᠯᠬᠦᠮᠳᠡᠯ ᠦ᠋ᠨ ᠤᠳᠬ᠎ᠠ ᠰᠠᠨᠠᠭ᠎ᠠ ᠶ᠋ᠢ ᠳᠣᠪᠣᠢᠯᠭᠠᠨ᠂ ᠬᠠᠭᠠᠴᠠᠯ ᠵᠠᠳᠠᠷᠠᠯ ᠢ᠋ ᠡᠰᠡᠷᠭᠦᠴᠡᠭᠰᠡᠨ ᠰᠠᠨᠠᠭ᠎ᠠ ᠠᠬᠤᠢ ᠲᠠᠢ《ᠭᠤᠷᠪᠠᠨ ᠵᠠᠭᠤᠨ ᠲᠠᠢᠴᠢᠭᠤᠳ ᠢ ᠳᠠᠷᠤᠭᠰᠠᠨ ᠳᠣᠮᠣᠭ》᠂《ᠠᠷᠭᠠᠰᠤᠨ ᠬᠣᠷᠴᠢ ᠶ᠋ᠢᠨ ᠳᠣᠮᠣᠭ》᠂《ᠬᠣᠶᠠᠷ ᠵᠢᠭᠠᠯ ᠤ᠋ᠨ ᠲᠣᠭᠣᠵᠢ》 ᠵᠡᠷᠭᠡ ᠵᠣᠬᠢᠶᠠᠯ ᠪᠦᠲᠦᠭᠡᠯ ᠪᠣᠢ ᠪᠣᠯᠤᠭᠰᠠᠨ ᠪᠠᠢᠨ᠎ᠠ᠃ ᠨᠡᠩ《ᠴᠢᠩᠭᠢᠰ ᠦ᠋ᠨ ᠶᠢᠰᠦᠨ ᠥᠷᠯᠥᠭ ᠲᠡᠢ ᠥᠨᠥᠴᠢᠨ ᠬᠥᠪᠡᠭᠦᠨ ᠦ᠌ ᠰᠡᠴᠡᠯᠡᠭᠰᠡᠨ ᠱᠠᠰᠲᠢᠷ》 ᠪᠣᠯ ᠠᠷᠠᠳ ᠤ᠋ᠨ ᠠᠮᠠᠨ ᠵᠣᠬᠢᠶᠠᠯ ᠤ᠋ᠨ ᠨᠥᠯᠥᠭᠡ ᠶ᠋ᠢ ᠬᠦᠷᠲᠡᠭᠰᠡᠨ ᠠᠷᠠᠳᠴᠢ ᠴᠢᠨᠠᠷ ᠢ᠋ᠶ᠋ᠠᠷ ᠮᠠᠰᠢ ᠬᠤᠷᠴᠠ ᠲᠣᠳᠣᠷᠬᠠᠢ ᠵᠣᠬᠢᠶᠠᠯ ᠪᠦᠲᠦᠭᠡᠯ ᠶᠤᠮ᠃ ᠵᠣᠬᠢᠶᠠᠯ ᠳ᠋ᠤ᠌ ᠠᠷᠠᠳ ᠲᠦᠮᠡᠨ ᠦ᠌ ᠲᠥᠯᠥᠭᠡᠯᠡᠭᠴᠢ ᠳᠦᠷᠢ ᠪᠣᠯᠬᠤ ᠥᠨᠥᠴᠢᠨ ᠬᠦᠦ ᠶ᠋ᠢᠨ ᠠᠷᠢᠬᠢᠨ ᠤ᠋ ᠠᠰᠢᠭ ᠬᠣᠣᠷ ᠤ᠋ᠨ ᠲᠤᠬᠠᠢ ᠡᠪ ᠵᠦᠢᠲᠡᠢ ᠥᠭᠦᠯᠡᠵᠦ᠂ ᠶᠢᠰᠦᠨ ᠥᠷᠯᠥᠭ ᠬᠡᠴᠢᠨᠡᠨ ᠮᠠᠷᠭᠤᠭᠠᠳ ᠵᠥᠪ ᠵᠦᠢᠲᠡᠢ ᠳ᠋ᠦᠩᠨᠡᠯᠲᠡ ᠭᠠᠷᠭᠠᠵᠤ ᠴᠢᠳᠠᠬᠤ ᠦᠭᠡᠢ ᠪᠠᠢᠭᠰᠠᠨ ᠠᠰᠠᠭᠤᠳᠠᠯ ᠢ᠋ ᠵᠥᠪ ᠰᠠᠢᠬᠠᠨ ᠰᠢᠢᠳᠪᠦᠷᠢᠯᠡᠭᠰᠡᠨ ᠪᠠ ᠪᠠᠯᠠᠮᠠᠳ ᠬᠡᠷᠴᠡᠭᠡᠢ ᠨᠣᠶᠠᠷᠬᠠᠭᠴᠢ ᠠᠩᠭᠢ ᠶ᠋ᠢᠨ ᠲᠥᠯᠥᠭᠡᠯᠡᠭᠴᠢ ᠳᠦᠷᠢ ᠪᠣᠯᠬᠤ ᠴᠢᠨᠳᠠᠭ᠎ᠠ ᠰᠡᠴᠡᠨ ᠦ᠌ ᠳᠠᠷᠤᠯᠲᠠ ᠠ᠋ᠴᠠ ᠡᠮᠢᠶᠡᠯ ᠦᠭᠡᠢ ᠡᠰᠡᠷᠭᠦᠴᠡᠨ ᠲᠡᠮᠡᠴᠡᠵᠦ᠂ ᠡᠴᠦᠰ ᠲᠦ᠍ ᠴᠢᠩᠭᠢᠰ ᠬᠠᠭᠠᠨ ᠤ᠋ ᠳᠡᠮᠵᠢᠯᠭᠡ ᠶ᠋ᠢ ᠬᠦᠷᠲᠡᠵᠦ ᠢᠯᠠᠯᠲᠠ ᠣᠯᠤᠭᠰᠠᠨ ᠦᠢᠯᠡ ᠶᠠᠪᠤᠳᠠᠯ ᠢ᠋ ᠪᠢᠴᠢᠵᠦ᠂ ᠠᠷᠠᠳ ᠲᠦᠮᠡᠨ ᠦ᠌ ᠬᠦᠰᠡᠯ ᠪᠣᠳᠣᠯ ᠢ᠋ ᠵᠢᠭᠲᠡᠢ ᠰᠠᠢᠬᠠᠨ ᠢᠯᠡᠷᠡᠭᠦᠯᠦᠭᠰᠡᠨ ᠪᠠᠢᠨ᠎ᠠ᠃ ᠪᠠᠰᠠ ᠲᠥᠪᠡᠳ ᠦ᠋ᠨ《ᠰᠤᠪᠠᠰᠢᠲᠠᠢ》 ᠮᠡᠲᠦ ᠰᠤᠷᠭᠠᠯ ᠰᠢᠯᠦᠭ ᠦ᠋ᠨ ᠨᠥᠯᠥᠭᠡ ᠶ᠋ᠢ ᠬᠦᠷᠲᠡᠵᠦ《ᠣᠶᠤᠨ ᠲᠦᠯᠬᠢᠭᠦᠷ》᠂《ᠴᠢᠩᠭᠢᠰ ᠦ᠋ᠨ ᠪᠢᠯᠢᠭ》 ᠮᠡᠲᠦ ᠰᠤᠷᠭᠠᠯ ᠤ᠋ᠨ ᠴᠢᠨᠠᠷᠲᠠᠢ ᠰᠢᠯᠦᠭ ᠵᠣᠬᠢᠶᠠᠯᠴᠤ ᠪᠣᠢ ᠪᠣᠯᠵᠤ ᠬᠥᠭᠵᠢᠭᠰᠡᠨ ᠪᠠᠢᠨ᠎ᠠ᠃ ᠡᠭᠦᠨ ᠦ ᠵᠡᠷᠭᠡ ᠪᠡᠷ ᠪᠠᠰᠠ ᠮᠣᠩᠭᠣᠯ ᠤ᠋ᠨ ᠭᠠᠳᠠᠭᠰᠢ ᠲᠦᠷᠢᠬᠦ ᠲᠡᠢᠨ ᠪᠠᠢᠯᠳᠤᠭᠠᠨ ᠢ᠋ ᠡᠰᠡᠷᠭᠦᠴᠡᠵᠦ᠂ ᠲᠡᠢᠨ ᠳᠠᠵᠢᠨ ᠤ᠋ ᠠᠷᠠᠳ ᠲᠦᠮᠡᠨ ᠳ᠋ᠦ᠍ ᠤᠴᠠᠷᠠᠭᠤᠯᠤᠭᠰᠠᠨ ᠬᠣᠣᠷ ᠬᠥᠨᠥᠭᠡᠯ ᠢ᠋ ᠢᠯᠡᠴᠢᠯᠡᠨ ᠳᠡᠯᠭᠡᠭᠰᠡᠨ ᠵᠢᠩᠬᠢᠨᠢ ᠠᠷᠠᠳ ᠤ᠋ᠨ ᠲᠠᠯ᠎ᠠ ᠶ᠋ᠢ ᠪᠠᠷᠢᠮᠲᠠᠯᠠᠭᠰᠠᠨ《ᠠᠯᠲᠠᠨ ᠣᠷᠳᠣᠨ ᠤ᠋ ᠤᠢᠰᠤᠨ ᠳᠡᠭᠡᠷᠡᠬᠢ ᠪᠢᠴᠢᠭ》᠂《ᠠᠯᠠᠢᠴᠢᠮᠪᠤᠤ》 ᠮᠡᠲᠦ ᠤᠶᠠᠩᠭᠠᠲᠤ ᠳᠠᠭᠤᠤ ᠪᠣᠢ ᠪᠣᠯᠵᠤ《ᠬᠦᠳᠡᠷ ᠦ᠋ᠨ ᠴᠠᠭᠠᠨ ᠴᠢᠯᠠᠭᠤ》 ᠮᠡᠲᠦ ᠣᠯᠠᠨ ᠵᠦᠢᠯ ᠦ᠋ᠨ ᠬᠤᠪᠢᠯᠪᠤᠷᠢ ᠲᠠᠢ ᠪᠠᠷ ᠬᠣᠵᠢᠭᠤ ᠦᠶ᠎ᠡ ᠪᠣᠯᠲᠠᠯ᠎ᠠ ᠤᠯᠠᠮᠵᠢᠯᠠᠭᠳᠠᠪᠠ᠃ ᠳᠤᠮᠳᠠᠳᠤ ᠵᠠᠭᠤᠨ ᠤ᠋ ᠦᠶ᠎ᠡ ᠪᠣᠯᠬᠤ ᠳ᠋ᠤ᠌ ᠯᠤᠪᠰᠠᠩᠳᠠᠨᠵᠢᠨ᠂ ᠰᠠᠭᠠᠩ ᠰᠡᠴᠡᠨ ᠮᠡᠲᠦ ᠡᠳᠦᠢ ᠲᠡᠳᠦᠢ ᠠᠯᠳᠠᠷᠲᠤ ᠲᠡᠦᠬᠡᠴᠢᠳ《ᠠᠯᠲᠠᠨ ᠲᠣᠪᠴᠢ》᠂《ᠡᠷᠳᠡᠨᠢ ᠲᠣᠪᠴᠢ》 ᠮᠡᠲᠦ ᠲᠡᠦᠬᠡᠲᠦ ᠵᠣᠬᠢᠶᠠᠯ ᠪᠦᠲᠦᠭᠡᠯ ᠢ᠋ᠶ᠋ᠡᠨ ᠮᠥᠨ ᠤᠷᠠᠨ ᠵᠣᠬᠢᠶᠠᠯ ᠤ᠋ᠨ ᠠᠷᠭ᠎ᠠ ᠪᠠᠷᠢᠯ ᠢ᠋ᠶ᠋ᠠᠷ ᠳᠦᠷᠰᠦᠯᠡᠨ ᠪᠢᠴᠢᠭᠰᠡᠨ ᠮᠥᠷᠲᠡᠭᠡᠨ ᠪᠠᠰᠠ《ᠮᠠᠨᠳᠤᠬᠠᠢ ᠰᠡᠴᠡᠨ ᠬᠠᠲᠤᠨ ᠤ᠋ ᠳᠣᠮᠣᠭ》 ᠮᠡᠲᠦ ᠠᠯᠢ ᠣᠯᠠᠨ ᠤᠷᠠᠨ ᠵᠣᠬᠢᠶᠠᠯ ᠢ᠋ ᠲᠡᠷᠡ ᠬᠡᠪ ᠢ᠋ᠶ᠋ᠡᠷ ᠪᠠᠭᠲᠠᠭᠠᠨ ᠣᠷᠣᠭᠤᠯᠤᠭᠰᠠᠨ ᠲᠤᠯᠠ ᠤᠷᠠᠨ ᠵᠣᠬᠢᠶᠠᠯ ᠤ᠋ᠨ ᠰᠢᠨᠵᠢ ᠴᠢᠨᠠᠷ ᠢ᠋ᠶ᠋ᠠᠷ ᠮᠥᠨ ᠲᠤᠩ ᠶᠡᠬᠡ ᠶᠤᠮ᠃ ᠪᠠᠰᠠ ᠥᠪᠥᠷ ᠮᠣᠩᠭᠣᠯ ᠤ᠋ᠨ ᠤᠷᠠᠳ ᠤ᠋ᠨ ᠮᠡᠷᠭᠡᠨ ᠭᠡᠭᠡᠨ ᠯᠣᠪᠰᠠᠩᠳᠠᠮᠪᠢᠵᠠᠯᠰᠠᠨ ᠤ᠋《ᠬᠡᠪᠦᠮ ᠵᠠᠷᠯᠢᠭ ᠬᠡᠮᠡᠭᠳᠡᠬᠦ ᠣᠷᠣᠰᠢᠪᠠ》 ᠭᠡᠬᠦ ᠰᠦᠮ᠎ᠡ ᠶ᠋ᠢᠨ ᠮᠣᠩᠭᠣᠯ ᠤᠩᠰᠢᠯᠭ᠎ᠠ ᠳ᠋ᠤ᠌ ᠭᠣᠣᠯᠳᠠᠭᠤᠯᠤᠨ ᠵᠣᠷᠢᠭᠤᠯᠵᠤ ᠪᠢᠴᠢᠭᠰᠡᠨ ᠰᠠᠩ ᠰᠠᠴᠤᠯᠢ ᠳᠠᠯᠠᠯᠭ᠎ᠠ ᠳᠠᠭᠤᠳᠠᠯᠭ᠎ᠠ᠂ ᠲᠠᠬᠢᠯᠭ᠎ᠠ ᠳᠠᠭᠠᠳᠬᠠᠯ᠂ ᠥᠴᠢᠭ ᠵᠠᠯᠪᠠᠷᠢᠯ ᠮᠡᠲᠦ ᠣᠯᠠᠨ ᠵᠦᠢᠯ ᠦ᠋ᠨ ᠰᠲ᠋ᠢᠯᠢ ᠬᠡᠯᠪᠡᠷᠢ ᠲᠡᠢ ᠰᠤᠷᠭᠠᠯ ᠤ᠋ᠨ ᠰᠢᠨᠵᠢ ᠴᠢᠨᠠᠷ ᠢ᠋ ᠪᠠᠭᠲᠠᠭᠠᠭᠰᠠᠨ ᠵᠣᠬᠢᠶᠠᠯ ᠪᠦᠲᠦᠭᠡᠯ ᠪᠣᠢ ᠪᠣᠯᠵᠤ᠂ ᠬᠡᠳᠦᠢᠪᠡᠷ ᠣᠯᠠᠩᠬᠢ ᠵᠣᠬᠢᠶᠠᠯ ᠳ᠋ᠤᠨᠢ ᠪᠦᠷ ᠰᠢᠷ᠎ᠠ ᠶ᠋ᠢᠨ ᠱᠠᠰᠢᠨ ᠤ᠋ ᠨᠣᠮᠯᠠᠯ ᠭᠦᠨ ᠨᠡᠪᠲᠡᠷᠡᠭᠰᠡᠨ ᠪᠣᠯᠪᠠᠴᠤ ᠨᠤᠲᠤᠭ ᠤᠰᠤ ᠪᠠᠨ ᠬᠠᠢᠷᠠᠯᠠᠵᠤ ᠪᠠᠬᠠᠳᠤᠭᠰᠠᠨ ᠪᠠ ᠠᠷᠠᠳ ᠲᠦᠮᠡᠨ ᠦ᠌ ᠬᠦᠰᠡᠯ ᠡᠷᠡᠮᠡᠯᠵᠡᠯᠡᠯ᠂ ᠪᠣᠳᠣᠯ ᠰᠡᠳᠬᠢᠯᠭᠡ ᠶ᠋ᠢ ᠣᠯᠠᠨ ᠲᠠᠯ᠎ᠠ ᠪᠠᠷ ᠳᠤᠰᠬᠠᠭᠰᠠᠨ ᠢᠳᠡᠪᠬᠢᠲᠡᠢ ᠲᠠᠯ᠎ᠠ ᠲᠠᠢ ᠶᠤᠮ᠃ ᠳᠤᠮᠳᠠᠳᠤ ᠵᠠᠭᠤᠨ ᠤ᠋ ᠦᠶ᠎ᠡ ᠶ᠋ᠢᠨ ᠨᠡᠢᠲᠡ ᠮᠣᠩᠭᠣᠯ ᠤ᠋ᠨ ᠤᠷᠠᠨ ᠵᠣᠬᠢᠶᠠᠯ ᠳ᠋ᠤ᠌ ᠣᠢᠷᠠᠳ ᠤ᠋ᠨ ᠤᠷᠠᠨ ᠵᠣᠬᠢᠶᠠᠯ ᠴᠢᠬᠤᠯᠠ ᠪᠠᠢᠷᠢ ᠰᠠᠭᠤᠷᠢ ᠶ᠋ᠢ ᠡᠵᠡᠯᠡᠵᠦ᠂ ᠳᠤᠲᠠᠭᠳᠠᠵᠤ ᠪᠣᠯᠣᠰᠢ ᠦᠭᠡᠢ ᠪᠦᠷᠢᠯᠳᠦᠬᠦᠨ ᠬᠡᠰᠡᠭ ᠪᠣᠯᠤᠭᠰᠠᠨ ᠪᠠᠢᠨ᠎ᠠ᠃ ᠡᠨᠡᠬᠦ ᠦᠶ᠎ᠡ ᠶ᠋ᠢᠨ ᠣᠢᠷᠠᠳ ᠤ᠋ᠨ ᠥᠭᠦᠯᠡᠯᠭᠡ ᠶ᠋ᠢᠨ ᠵᠣᠬᠢᠶᠠᠯ ᠪᠦᠲᠦᠭᠡᠯ᠂ ᠨᠡᠢᠲᠡ ᠮᠣᠩᠭᠣᠯ ᠤ᠋ᠨ ᠥᠭᠦᠯᠡᠯᠭᠡ ᠶ᠋ᠢᠨ ᠵᠣᠬᠢᠶᠠᠯ ᠪᠦᠲᠦᠭᠡᠯ ᠳᠤᠲᠠᠮᠠᠭ ᠣᠩᠭᠣᠷᠬᠠᠢ ᠶ᠋ᠢ ᠪᠥᠭᠯᠡᠵᠦ᠂ ᠥᠭᠦᠯᠡᠯᠭᠡ ᠶ᠋ᠢᠨ ᠬᠥᠭᠵᠢᠯᠲᠡ ᠶ᠋ᠢᠨ ᠵᠠᠮ ᠢ᠋ ᠨᠡᠭᠡᠭᠡᠵᠦ ᠪᠢᠯᠡ᠃ ᠲᠣᠳᠣ ᠦᠰᠦᠭ ᠵᠣᠬᠢᠶᠠᠭᠳᠠᠬᠤ ᠠ᠋ᠴᠠ ᠡᠮᠦᠨ᠎ᠡ ᠮᠣᠩᠭᠣᠯ ᠤ᠋ᠨ ᠠᠩᠬᠠᠳᠤᠭᠴᠢ ᠥᠭᠦᠯᠡᠯᠭᠡ ᠶ᠋ᠢᠨ ᠵᠣᠬᠢᠶᠠᠯ ᠪᠣᠯᠬᠤ《ᠤᠪᠠᠰᠢ ᠬᠣᠩ ᠲᠠᠢᠵᠢ ᠶ᠋ᠢᠨ ᠲᠣᠭᠣᠵᠢ》 ᠣᠢᠷᠠᠳ ᠨᠤᠲᠤᠭ ᠳᠤ ᠤᠢᠭᠤᠷᠵᠢᠨ (ᠬᠤᠳᠤᠮ) ᠮᠣᠩᠭᠣᠯ ᠦᠰᠦᠭ ᠢ᠋ᠶ᠋ᠡᠷ ᠵᠣᠬᠢᠶᠠᠭᠳᠠᠨ᠂ ᠣᠢᠷᠠᠳ ᠪᠣᠯᠤᠨ ᠮᠣᠩᠭᠣᠯ ᠤ᠋ᠨ1587 ᠣᠨ ᠳ᠋ᠤ᠌ ᠪᠣᠯᠤᠭᠰᠠᠨ ᠨᠢᠭᠡ ᠤᠳᠠᠭᠠᠨ ᠤ᠋ ᠪᠠᠢᠯᠳᠤᠭᠠᠨ ᠢ᠋ᠶ᠋ᠠᠷ ᠰᠡᠳᠦᠪᠯᠡᠨ ᠪᠢᠴᠢᠵᠦ᠂ ᠮᠣᠩᠭᠣᠯ ᠤ᠋ᠨ ᠤᠪᠠᠰᠢ ᠬᠣᠩ ᠲᠠᠢᠵᠢ ᠳᠣᠲᠣᠭᠠᠳᠤ ᠳ᠋ᠠᠭᠠᠨ ᠡᠪ ᠪᠦᠯᠬᠦᠮ ᠦᠭᠡᠢ ᠪᠥᠭᠡᠳ ᠪᠤᠰᠤᠳ ᠢ᠋ ᠳᠣᠪᠲᠣᠯᠤᠭᠰᠠᠨ ᠲᠤᠯᠠ ᠲᠤᠰ ᠲᠡᠢᠨ ᠳ᠋ᠦ᠍ ᠢᠯᠠᠭᠳᠠᠵᠤ᠂ ᠳᠥᠷᠪᠡᠨ ᠣᠢᠷᠠᠳ《ᠵᠠᠷᠠᠭ᠎ᠠ ᠶ᠋ᠢᠨ ᠦᠰᠦ ᠬᠢᠷᠥᠭᠡ ᠶ᠋ᠢᠨ ᠰᠢᠲᠦ ᠪᠣᠯᠵᠤ ᠪᠠᠲᠤ ᠳᠥᠷᠪᠡᠯᠵᠢᠯᠡᠨ ᠪᠠᠢᠵᠤ》 ᠳᠣᠲᠣᠭᠠᠳᠤ ᠳ᠋ᠠᠭᠠᠨ ᠡᠪ ᠪᠦᠯᠬᠦᠮᠳᠡᠯ ᠲᠡᠢ ᠪᠠᠢᠭᠰᠠᠨ ᠤᠴᠢᠷ ᠢᠯᠠᠯᠲᠠ ᠣᠯᠤᠭᠰᠠᠨ ᠪᠣᠯᠬᠤ ᠶ᠋ᠢ ᠬᠠᠷᠠᠭᠤᠯᠵᠤ᠂ ᠨᠢᠭᠡᠳᠦᠯ ᠪᠦᠯᠬᠦᠮᠳᠡᠯ ᠦ᠋ᠨ ᠦᠵᠡᠯ ᠰᠠᠨᠠᠭ᠎ᠠ ᠶ᠋ᠢ ᠣᠨᠴᠠ ᠲᠣᠳᠣᠷᠠᠭᠤᠯᠤᠭᠰᠠᠨ ᠨᠢ ᠨᠡᠢᠭᠡᠮ ᠨᠡᠢᠲᠡ ᠳ᠋ᠦ᠍ ᠵᠥᠪ ᠲᠠᠯ᠎ᠠ ᠶ᠋ᠢᠨ ᠬᠥᠮᠦᠵᠢᠯ ᠣᠯᠭᠣᠨ᠂ ᠢᠳᠡᠪᠬᠢᠲᠡᠢ ᠤᠳᠬ᠎ᠠ ᠠᠭᠤᠯᠭ᠎ᠠ ᠲᠠᠢ ᠥᠭᠦᠯᠡᠯᠭᠡ ᠪᠣᠯᠵᠤ᠂ ᠳᠡᠯᠡᠬᠡᠢ ᠶ᠋ᠢᠨ ᠣᠯᠠᠨ ᠤᠯᠤᠰ ᠳᠤ ᠨᠡᠢᠳᠡᠮ ᠳᠡᠯᠭᠡᠷ ᠲᠠᠷᠬᠠᠵᠤ᠂ ᠲᠤᠩ ᠶᠡᠬᠡ ᠨᠥᠯᠥᠭᠡ ᠶ᠋ᠢ ᠦᠵᠡᠭᠦᠯᠦᠭᠰᠡᠨ ᠪᠠᠢᠨ᠎ᠠ᠃ ᠲᠣᠳᠣ ᠦᠰᠦᠭ ᠵᠣᠬᠢᠶᠠᠭᠳᠠᠭᠰᠠᠨ ᠬᠣᠢᠨ᠎ᠠ ᠪᠠᠰᠠ ᠣᠢᠷᠠᠳ ᠤ᠋ᠨ ᠵᠦᠩᠭᠠᠷ ᠪᠣᠯᠤᠨ ᠲᠣᠷᠭᠤᠳ ᠬᠣᠶᠠᠷ ᠠᠢᠮᠠᠭ ᠤ᠋ᠨ ᠵᠥᠷᠢᠴᠡᠯ ᠲᠡᠮᠡᠴᠡᠯ ᠢ᠋ ᠬᠠᠷᠠᠭᠤᠯᠤᠭᠰᠠᠨ ᠥᠭᠦᠯᠡᠯᠭᠡ《ᠰᠡᠳᠡᠷᠵᠠᠪ ᠤ᠋ᠨ ᠲᠣᠭᠣᠵᠢ》 ᠪᠣᠯᠤᠨ ᠣᠢᠷᠠᠳ ᠤ᠋ᠨ ᠴᠢᠩ ᠤᠯᠤᠰ ᠯᠤᠭ᠎ᠠ ᠶ᠋ᠢᠨ ᠵᠥᠷᠢᠴᠡᠯ ᠲᠡᠮᠡᠴᠡᠯ ᠢ᠋ ᠬᠠᠷᠠᠭᠤᠯᠤᠭᠰᠠᠨ《ᠳᠥᠷᠪᠡᠨ ᠣᠢᠷᠠᠳ ᠤ᠋ᠨ ᠡᠪᠳᠡᠷᠡᠯᠴᠡᠭᠰᠡᠨ ᠨᠢ》 ᠵᠡᠷᠭᠡ ᠵᠣᠬᠢᠶᠠᠯ ᠪᠣᠢ ᠪᠣᠯᠪᠠ᠃《ᠰᠡᠳᠡᠷᠵᠠᠪ ᠤ᠋ᠨ ᠲᠣᠭᠣᠵᠢ》 ᠳ᠋ᠤ᠌ ᠵᠦᠩᠭᠠᠷ ᠤ᠋ᠨ ᠣᠮᠣᠷᠬᠠᠭ ᠳᠡᠭᠡᠷᠡᠩᠭᠦᠢ ᠬᠣᠩ ᠲᠠᠢᠵᠢ᠂ ᠲᠣᠷᠭᠤᠳ ᠤ᠋ᠨ ᠶᠠᠮᠤᠨ ᠢ᠋ᠶ᠋ᠠᠷ ᠲᠥᠷᠥᠭᠦᠯᠦᠭᠰᠡᠨ ᠰᠡᠴᠡᠨ ᠤᠬᠠᠭᠠᠲᠠᠢ᠂ ᠬᠦᠴᠦ ᠴᠢᠳᠠᠯ ᠲᠡᠭᠦᠰ ᠳᠣᠯᠣᠭᠠᠨ ᠡᠯᠴᠢ ᠲᠡᠢ ᠣᠶᠤᠨ ᠤᠬᠠᠭᠠᠨ ᠬᠦᠴᠦ ᠴᠢᠳᠠᠯ ᠤ᠋ᠨ ᠲᠡᠮᠡᠴᠡᠯ ᠶᠠᠪᠤᠭᠤᠯᠵᠤ ᠪᠦᠷ ᠢᠯᠠᠭᠳᠠᠭᠰᠠᠨ ᠪᠠᠢᠨ᠎ᠠ᠃ ᠲᠡᠭᠡᠬᠦ ᠳ᠋ᠦ᠍ ᠬᠣᠩ ᠲᠠᠢᠵᠢ ᠬᠣᠷᠣᠰᠴᠤ ᠳᠣᠯᠣᠭᠠᠨ ᠡᠯᠴᠢ ᠶ᠋ᠢ ᠬᠣᠣᠷᠯᠠᠵᠤ ᠠᠯᠠᠬᠤ ᠪᠠᠷ ᠤᠬᠠᠭᠠᠯᠠᠪᠠ᠃ ᠭᠡᠪᠡᠴᠦ ᠳᠣᠯᠣᠭᠠᠨ ᠡᠯᠴᠢ ᠶ᠋ᠢᠨ ᠭᠣᠢᠳᠠ ᠰᠣᠷᠭᠣᠭ ᠤᠬᠠᠭᠠᠨ ᠰᠠᠨᠠᠭ᠎ᠠ ᠠᠷᠭ᠎ᠠ ᠪᠣᠳᠣᠯᠭ᠎ᠠ ᠠ᠋ᠴᠠ ᠪᠣᠯᠵᠤ᠂ ᠬᠣᠩ ᠲᠠᠢᠵᠢ ᠶ᠋ᠢᠨ ᠤᠪ ᠶᠠᠪᠤᠭᠤᠯᠭ᠎ᠠ ᠨᠢ ᠪᠦᠷ ᠬᠣᠭᠣᠰᠣᠨ ᠬᠣᠴᠣᠷᠤᠭᠰᠠᠨ ᠦᠢᠯᠡ ᠶᠠᠪᠤᠳᠠᠯ ᠢ᠋ ᠪᠢᠴᠢᠬᠦ ᠪᠡᠷ ᠳᠠᠮᠵᠢᠭᠤᠯᠵᠤ᠂ ᠬᠦᠴᠦᠷᠬᠡᠭᠯᠡᠯ ᠢ᠋ ᠡᠰᠡᠷᠭᠦᠴᠡᠵᠦ᠂ ᠠᠢᠮᠠᠭ ᠪᠦᠯᠦᠭ ᠬᠣᠭᠣᠷᠣᠨᠳᠣ ᠪᠠᠨ ᠲᠡᠭᠰᠢ ᠰᠠᠢᠬᠠᠨ ᠶᠠᠪᠤᠯᠴᠠᠵᠤ᠂ ᠡᠪ ᠪᠦᠯᠬᠦᠮ ᠲᠡᠢ ᠪᠠᠢᠬᠤ ᠶ᠋ᠢ ᠵᠣᠷᠢᠭᠰᠠᠨ ᠨᠢ ᠮᠥᠨ ᠳᠠᠪᠰᠢᠩᠭᠤᠢ ᠤᠳᠬ᠎ᠠ ᠠᠭᠤᠯᠭ᠎ᠠ ᠲᠠᠢ ᠵᠣᠷᠢᠯᠲᠠ ᠪᠠᠷᠢᠮᠲᠠᠯᠠᠯ ᠪᠣᠯᠤᠨ᠎ᠠ᠃《ᠳᠥᠷᠪᠡᠨ ᠣᠢᠷᠠᠳ ᠤ᠋ᠨ ᠡᠪᠳᠡᠷᠡᠯᠴᠡᠭᠰᠡᠨ ᠨᠢ》 ᠳ᠋ᠦ᠍ ᠳᠥᠷᠪᠡᠨ ᠣᠢᠷᠠᠳ ᠤ᠋ᠨ ᠴᠢᠩ ᠤᠯᠤᠰᠲᠤ ᠨᠢᠭᠡᠳᠬᠡᠭᠰᠡᠨ ᠢ᠋ ᠲᠡᠳᠡᠨ ᠦ᠌ ᠳᠣᠲᠣᠭᠠᠳᠤ ᠳ᠋ᠠᠭᠠᠨ ᠡᠪᠳᠡᠷᠡᠯᠴᠡᠵᠦ᠂ ᠬᠠᠷᠢᠯᠴᠠᠨ ᠠᠯᠠᠯᠳᠤᠨ ᠬᠢᠳᠤᠯᠴᠠᠭᠰᠠᠨ ᠠ᠋ᠴᠠ ᠪᠣᠯᠤᠭᠰᠠᠨ ᠭᠡᠮᠡᠨ ᠲᠠᠢᠯᠪᠤᠷᠢᠯᠠᠭᠰᠠᠨ ᠨᠢ ᠮᠥᠨ ᠶᠣᠰᠣ ᠤᠴᠢᠷ ᠢ᠋ᠶ᠋ᠠᠷ ᠭᠦᠨᠵᠡᠭᠡᠢ ᠶᠦᠮ᠃ ᠳᠡᠭᠡᠷᠡᠬᠢ ᠥᠭᠦᠯᠡᠯᠭᠡ ᠶ᠋ᠢᠨ ᠵᠣᠬᠢᠶᠠᠯ ᠤ᠋ᠳ ᠲᠤᠬᠠᠢ ᠶ᠋ᠢᠨ ᠦᠶ᠎ᠡ ᠶ᠋ᠢᠨ ᠣᠢᠷᠠᠳ ᠤ᠋ᠨ ᠲᠡᠦᠬᠡ ᠪᠠ ᠠᠮᠢᠳᠤᠷᠠᠯ᠂ ᠬᠥᠮᠦᠰ ᠦ᠋ᠨ ᠬᠦᠰᠡᠯ ᠪᠣᠳᠣᠯ ᠢ᠋ ᠳᠤᠰᠬᠠᠵᠤ᠂ ᠢᠳᠡᠪᠬᠢᠲᠡᠢ᠂ ᠲᠠᠪᠰᠢᠯᠲᠠ ᠲᠠᠢ᠂ ᠵᠦᠢᠲᠡᠢ ᠰᠠᠢᠬᠠᠨ ᠦᠵᠡᠯ ᠰᠠᠨᠠᠭ᠎ᠠ ᠪᠠᠷ ᠢ᠋ᠶ᠋ᠠᠨ ᠠᠷᠠᠳ ᠲᠦᠮᠡᠨ ᠦ᠌ ᠵᠣᠷᠢᠭ ᠰᠦᠯᠳᠡ ᠶ᠋ᠢ ᠬᠥᠪᠴᠢᠯᠡᠵᠦ᠂ ᠠᠷᠠᠳ ᠲᠦᠮᠡᠨ ᠳ᠋ᠦ᠍ ᠢᠳᠡ ᠬᠦᠴᠦᠨ ᠢ᠋ ᠣᠯᠭᠣᠵᠤ ᠢᠷᠡᠭᠰᠡᠨ ᠶᠤᠮ᠃ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠡᠷᠳᠡᠮᠲᠡᠳ ᠠᠯᠢ ᠡᠷᠲᠡ ᠳᠡᠭᠡᠷ᠎ᠡ ᠵᠠᠭᠤᠨ ᠠ᠋ᠴᠠ ᠣᠳᠣ ᠪᠣᠯᠲᠠᠯ᠎ᠠ ᠳᠡᠭᠡᠷᠡᠬᠢ ᠥᠭᠦᠯᠡᠯᠭᠡ ᠶ᠋ᠢᠨ ᠵᠣᠬᠢᠶᠠᠯ ᠤ᠋ᠳ ᠢ᠋ ᠭᠦᠢᠴᠡᠳ ᠦᠨᠡᠯᠡᠵᠦ ᠰᠢᠮᠳᠠᠨ ᠰᠤᠳᠤᠯᠵᠤ ᠰᠢᠨ᠎ᠡ ᠦᠷ᠎ᠡ ᠪᠦᠲᠦᠮᠵᠢ ᠶ᠋ᠢ ᠣᠯᠤᠭᠰᠠᠭᠠᠷ ᠢᠷᠡᠪᠡ᠃ ᠪᠠᠰᠠ ᠲᠥᠪᠡᠳ ᠦ᠋ᠨ ᠤᠷᠠᠨ ᠵᠣᠬᠢᠶᠠᠯ ᠤ᠋ᠨ ᠨᠥᠯᠥᠭᠡ ᠶ᠋ᠢ ᠬᠦᠷᠲᠡᠵᠦ᠂ ᠣᠢᠷᠠᠳ ᠤ᠋ᠨ ᠠᠯᠳᠠᠷᠲᠤ ᠭᠤᠷᠪᠠᠨ ᠱᠠᠰᠢᠨᠲᠠᠨ ᠵᠠᠶ᠎ᠠ ᠪᠠᠨᠳᠢᠳᠠ ᠨᠠᠮᠠᠬᠠᠢᠵᠠᠮᠰᠤ (1599—1662)᠂ ᠰᠠᠮᠪᠤ ᠬᠠᠮᠪᠤ ᠢᠰᠢᠪᠠᠯᠵᠤᠤᠷ (1704—1788) ᠪᠣᠯᠤᠨ ᠠᠭᠸᠠᠩᠳᠠᠨᠳᠠᠷ (1758—1840) ᠲᠤᠩ ᠣᠯᠠᠨ ᠲᠥᠪᠡᠳ ᠵᠣᠬᠢᠶᠠᠯ ᠢ᠋ ᠣᠷᠴᠢᠭᠤᠯᠤᠭᠰᠠᠨ ᠤ᠋ ᠬᠠᠮᠲᠤᠳᠠ ᠪᠠᠰᠠ ᠠᠯᠢ ᠣᠯᠠᠨ ᠰᠤᠷᠭᠠᠯ ᠰᠢᠯᠦᠭ ᠦ᠋ᠳ ᠢ᠋ ᠪᠢᠴᠢᠵᠦ᠂ ᠲᠡᠳᠡᠭᠡᠷ ᠠᠮᠠᠨ ᠳ᠋ᠠᠭᠠᠨ ᠲᠠᠷᠨᠢ ᠤᠩᠰᠢᠵᠤ ᠪᠠᠢᠪᠠᠴᠤ ᠠᠯᠤᠰ ᠴᠠᠭᠠᠨ᠎ᠠ ᠪᠠᠨ ᠠᠮᠢ ᠬᠣᠪᠢᠨ ᠤ᠋ ᠪᠠᠨ ᠲᠥᠯᠥᠭᠡ ᠦᠬᠦᠨ ᠵᠢᠳᠬᠦᠵᠦ ᠪᠠᠢᠬᠤ ᠬᠠᠭᠤᠷᠮᠠᠴᠢ ᠠᠮᠢᠨᠴᠢᠷ ᠬᠥᠮᠦᠨ ᠪᠣᠯᠤᠨ ᠪᠠᠭ᠎ᠠ ᠰᠠᠭ᠎ᠠ ᠮᠡᠳᠡᠭᠰᠡᠨ ᠳ᠋ᠡᠭᠡᠨ ᠡᠷᠳᠦᠵᠦ᠂ ᠣᠷᠪᠣᠢᠵᠤ ᠰᠠᠭᠰᠠᠭᠤᠷᠠᠵᠤ ᠪᠠᠢᠬᠤ ᠬᠥᠭᠡᠷᠦᠦ ᠬᠥᠪᠰᠥᠷᠬᠦ ᠬᠥᠮᠦᠰ ᠢ᠋ ᠣᠨᠣᠪᠴᠢᠲᠠᠢ ᠢᠯᠡᠴᠢᠯᠡᠨ ᠰᠢᠭᠦᠮᠵᠢᠯᠡᠵᠦ᠂ ᠬᠥᠮᠦᠰ ᠢ᠋ ᠡᠷᠳᠡᠮ ᠮᠡᠳᠡᠯᠭᠡ ᠪᠦᠲᠦᠭᠡᠯ ᠴᠢᠳᠠᠪᠤᠷᠢ ᠶ᠋ᠢᠨ ᠬᠣᠢᠨ᠎ᠠ ᠠ᠋ᠴᠠ ᠰᠢᠮᠳᠠᠨ ᠬᠥᠭᠡᠭᠡᠴᠡᠯᠳᠦᠬᠦ ᠶ᠋ᠢ ᠤᠷᠢᠶᠠᠯᠠᠭᠰᠠᠨ ᠨᠢ ᠲᠤᠬᠠᠢ ᠶ᠋ᠢᠨ ᠦᠶ᠎ᠡ ᠪᠠ ᠣᠳᠣᠴᠤ ᠭᠡᠳ ᠪᠦᠷ ᠠᠬᠤᠢᠴᠢ ᠠᠴᠢ ᠬᠣᠯᠪᠣᠭᠳᠠᠯ ᠲᠠᠢ ᠶᠤᠮ᠃1691 ᠣᠨ ᠳ᠋ᠤ᠌ ᠵᠠᠶ᠎ᠠ ᠪᠠᠨᠳᠢᠳᠠ ᠨᠠᠮᠠᠬᠠᠢᠵᠠᠮᠰᠤ ᠶ᠋ᠢᠨ ᠳᠣᠲᠣᠨᠣ ᠱᠠᠪᠢ ᠷᠠᠳᠨᠠᠪᠠᠳᠠᠷᠠ ᠶ᠋ᠢᠨ ᠪᠢᠴᠢᠭᠰᠡᠨ《ᠰᠠᠷᠠᠨ ᠤ᠋ ᠭᠡᠷᠡᠯ》 ᠪᠣᠯ ᠨᠠᠮᠲᠠᠷᠴᠢᠯᠠᠭᠰᠠᠨ ᠵᠣᠬᠢᠶᠠᠯ ᠶᠤᠮ᠃ ᠳᠠᠷᠤᠢ ᠪᠠᠭᠰᠢ ᠵᠠᠶ᠎ᠠ ᠪᠠᠨᠳᠢᠳᠠ ᠶ᠋ᠢᠨ ᠨᠢᠭᠡ ᠨᠠᠰᠤᠨ ᠤ᠋ ᠭᠣᠣᠯ ᠪᠣᠯᠬᠤ ᠦᠢᠯᠡ ᠶᠠᠪᠤᠳᠠᠯ ᠤ᠋ᠳ ᠢ᠋ ᠷᠢᠳᠢ ᠰᠢᠳᠢ ᠲᠡᠢ ᠴᠢᠮᠡᠭᠯᠡᠵᠦ ᠪᠢᠴᠢᠭᠰᠡᠨ ᠪᠢᠰᠢ ᠬᠠᠷᠢᠨ ᠦᠨᠡᠨ ᠵᠥᠪ ᠢ᠋ᠶ᠋ᠡᠷ ᠪᠢᠴᠢᠭᠰᠡᠨ ᠲᠡᠦᠬᠡ ᠶ᠋ᠢᠨ ᠰᠣᠨᠢᠨ ᠰᠤᠷᠪᠤᠯᠵᠢ ᠪᠣᠯᠤᠨ᠎ᠠ᠃ ᠡᠨᠡ ᠨᠢ ᠵᠠᠶ᠎ᠠ ᠪᠠᠨᠳᠢᠳᠠ ᠶ᠋ᠢᠨ ᠲᠡᠦᠬᠡ ᠨᠠᠮᠲᠠᠷ ᠢ᠋ ᠣᠢᠯᠠᠭᠠᠬᠤ ᠳ᠋ᠤ᠌ ᠪᠠᠲᠤᠲᠠᠢ ᠪᠠᠷᠢᠮᠲᠠ ᠪᠣᠯᠬᠤ ᠪᠠᠷ ᠪᠠᠷᠠᠬᠤ ᠦᠭᠡᠢ ᠣᠢᠷᠠᠳ ᠤ᠋ᠨ ᠤᠷᠠᠨ ᠵᠣᠬᠢᠶᠠᠯ ᠤ᠋ᠨ ᠰᠢᠨ᠎ᠡ ᠨᠢᠭᠡ ᠵᠦᠢᠯ ᠦ᠋ᠨ ᠰᠲ᠋ᠢᠯᠢ ᠬᠡᠯᠪᠡᠷᠢ ᠶ᠋ᠢᠨ ᠨᠡᠭᠡᠭᠡᠯᠲᠡ ᠡᠭᠦᠳᠦᠯᠲᠡ ᠭᠡᠯᠲᠡᠢ ᠶᠤᠮ᠃ ᠡᠢᠮᠦ ᠡᠴᠡ ᠠᠯᠢ ᠡᠷᠲᠡ ᠡᠴᠡ ᠡᠬᠢᠯᠡᠵᠦ᠂ ᠮᠠᠨ ᠤ᠋ ᠤᠯᠤᠰ ᠪᠠ ᠣᠷᠣᠰ᠂ ᠮᠣᠩᠭᠣᠯ ᠤᠯᠤᠰ ᠤ᠋ᠨ ᠡᠷᠳᠡᠮᠲᠡᠳ ᠦ᠋ᠨ ᠠᠩᠬᠠᠷᠤᠯ ᠢ᠋ ᠲᠠᠲᠠᠵᠤ᠂ ᠣᠷᠣᠰ ᠮᠣᠩᠭᠣᠯ ᠢ᠋ᠶ᠋ᠠᠷ ᠣᠯᠠᠨ ᠳᠠᠬᠢᠨ ᠬᠡᠪᠯᠡᠭᠳᠡᠵᠦ ᠭᠦᠨᠵᠡᠭᠡᠢ ᠰᠤᠳᠤᠯᠤᠭᠳᠠᠨ ᠢᠷᠡᠭᠰᠡᠨ ᠨᠢ ᠠᠶᠠᠨᠳᠠᠭᠠᠨ ᠶᠤᠮ᠃ ᠬᠠᠮᠲᠤᠳᠠ ᠪᠠᠰᠠ《ᠳᠥᠷᠪᠡᠨ ᠣᠢᠷᠠᠳ ᠤ᠋ᠨ ᠲᠡᠦᠬᠡ ᠲᠣᠭᠣᠵᠢ ᠣᠷᠣᠰᠢᠪᠠ》᠃ ᠮᠡᠲᠦ ᠡᠳᠦᠢ ᠲᠡᠳᠦᠢ ᠲᠡᠦᠬᠡ ᠶ᠋ᠢᠨ ᠨᠣᠮ ᠰᠤᠳᠤᠷ ᠵᠣᠬᠢᠶᠠᠭᠳᠠᠭᠰᠠᠨ ᠪᠥᠭᠡᠳ ᠡᠳᠡᠭᠡᠷ ᠦ᠋ᠨ ᠳᠣᠲᠣᠷᠠᠬᠢ ᠨᠡᠯᠢᠶᠡᠳ ᠦᠢᠯᠡ ᠶᠠᠪᠤᠳᠠᠯ ᠢ᠋ ᠪᠦᠷ ᠤᠷᠠᠨ ᠵᠣᠬᠢᠶᠠᠯ ᠤ᠋ᠨ ᠪᠢᠴᠢᠯᠭᠡ ᠪᠡᠷ ᠪᠢᠴᠢᠵᠦ᠂ ᠤᠷᠠᠨ ᠰᠡᠳᠬᠢᠮᠵᠢ ᠳᠦᠷᠰᠦᠯᠢᠭ ᠰᠡᠳᠬᠢᠬᠦᠢ ᠣᠷᠣᠭᠤᠯᠤᠭᠰᠠᠨ ᠨᠢ ᠮᠠᠨ ᠤ᠋ ᠤᠷᠠᠨ ᠵᠣᠬᠢᠶᠠᠯ ᠤ᠋ᠨ ᠴᠢᠬᠤᠯᠠ ᠬᠠᠭᠤᠳᠠᠰᠤ ᠪᠣᠯᠤᠨ ᠨᠡᠮᠡᠷᠢᠯᠡᠭᠰᠡᠨ ᠶᠦᠮ᠃ ᠨᠡᠢᠲᠡ ᠮᠣᠩᠭᠣᠯ ᠤ᠋ᠨ ᠤᠷᠠᠨ ᠵᠣᠬᠢᠶᠠᠯ ᠤ᠋ᠨ ᠣᠢᠷ᠎ᠠ ᠣᠷᠴᠢᠨ ᠦᠶ᠎ᠡ ᠪᠣᠯᠬᠤ ᠳ᠋ᠤ᠌ ᠶᠡᠬᠡ ᠵᠣᠬᠢᠶᠠᠯᠴᠢ ᠢᠨᠵᠠᠨᠨᠠᠰᠢ ᠶ᠋ᠢᠨ ᠨᠢᠭᠡ ᠭᠡᠷ ᠦ᠋ᠨ ᠲᠠᠪᠤᠨ ᠵᠣᠬᠢᠶᠠᠯᠴᠢ (ᠸᠠᠩᠴᠢᠨᠪᠠᠯᠠ᠂ ᠭᠦᠯᠡᠷᠡᠨᠰᠡ᠂ ᠭᠦᠩᠴᠥ᠋ᠭᠡ᠂ ᠢᠨᠵᠠᠨᠨᠠᠰᠢ᠂ ᠰᠦᠩᠸᠠᠶ᠋ᠢᠳᠠᠨᠵᠦᠩ) ᠪᠣᠯᠤᠨ ᠬᠠᠰᠪᠤ ᠪᠣᠢ ᠪᠣᠯᠵᠤ᠂ ᠮᠣᠩᠭᠣᠯ ᠤᠷᠠᠨ ᠵᠣᠬᠢᠶᠠᠯ ᠪᠠ ᠤᠷᠠᠨ ᠵᠣᠬᠢᠶᠠᠯ ᠤ᠋ᠨ ᠣᠨᠣᠯ ᠤ᠋ᠨ ᠠᠭᠤᠯᠭ᠎ᠠ ᠬᠡᠯᠪᠡᠷᠢ ᠪᠣᠯᠤᠨ ᠤᠷᠠᠯᠢᠭ ᠢᠯᠡᠳᠬᠡᠮᠵᠢ ᠶ᠋ᠢ ᠶᠡᠬᠡᠪᠡᠷ ᠪᠠᠶᠠᠯᠢᠭᠵᠢᠭᠤᠯᠤᠨ ᠬᠥᠭᠵᠢᠭᠦᠯᠪᠡ᠃ ᠢᠨᠵᠠᠨᠨᠠᠰᠢ (1837—1892) ᠤ᠋1870—1891 ᠣᠨ ᠤ᠋ ᠬᠣᠭᠣᠷᠣᠨᠳᠣ ᠪᠢᠴᠢᠭᠰᠡᠨ《ᠬᠥᠬᠡ ᠰᠤᠳᠤᠷ》 ᠪᠣᠯ ᠬᠢᠲᠠᠳ ᠤ᠋ᠨ ᠪᠦᠯᠦᠭᠲᠦ ᠷᠣᠮᠠᠨ ᠤ᠋ ᠠᠷᠭ᠎ᠠ ᠪᠠᠷ ᠪᠢᠴᠢᠭᠳᠡᠭᠰᠡᠨ ᠭᠠᠢᠬᠠᠮᠰᠢᠭᠲᠤ ᠵᠣᠬᠢᠶᠠᠯ ᠶᠤᠮ᠃ ᠲᠤᠰ ᠷᠣᠮᠠᠨ ᠨᠡᠢᠲᠡ ᠶᠡᠷᠡ ᠶᠢᠰᠦᠨ ᠪᠦᠯᠦᠭ ᠪᠠᠢᠵᠤ᠂ ᠮᠣᠩᠭᠣᠯ ᠤ᠋ᠨ ᠴᠢᠩᠭᠢᠰ ᠪᠣᠯᠤᠨ ᠥᠭᠡᠳᠡᠢ ᠶ᠋ᠢᠨ ᠦᠶ᠎ᠡ ᠶ᠋ᠢᠨ ᠳᠠᠯᠠᠨ ᠳᠥᠷᠪᠡᠨ ᠵᠢᠯ ᠦ᠋ᠨ ᠬᠣᠭᠣᠷᠣᠨᠳᠣᠬᠢ ᠲᠡᠦᠬᠡᠲᠦ ᠦᠢᠯᠡ ᠶᠠᠪᠤᠳᠠᠯ ᠢ᠋ ᠤᠷᠠᠨ ᠵᠣᠬᠢᠶᠠᠯ ᠤ᠋ᠨ ᠬᠡᠯᠪᠡᠷᠢ ᠪᠡᠷ ᠳᠦᠷᠰᠦᠯᠡᠨ ᠪᠢᠴᠢᠵᠦ᠂ ᠮᠣᠩᠭᠣᠯ ᠤ᠋ᠨ ᠨᠢᠭᠡᠳᠦᠯ ᠪᠦᠯᠬᠦᠮᠳᠡᠯ ᠢ᠋ ᠬᠠᠯᠠᠭᠤᠨ ᠢ᠋ᠶ᠋ᠠᠷ ᠮᠠᠭᠲᠠᠨ ᠳᠠᠭᠤᠯᠠᠵᠤ᠂ ᠮᠣᠩᠭᠣᠯ ᠦᠨᠳᠦᠰᠦᠲᠡᠨ ᠦ᠌ ᠠᠷᠠᠳ ᠲᠦᠮᠡᠨ ᠳ᠋ᠦ᠍ ᠥᠪᠡᠷ ᠢ᠋ ᠪᠡᠨ ᠢᠲᠡᠭᠡᠬᠦ ᠢᠳᠡ ᠵᠣᠷᠢᠭ ᠢ᠋ ᠣᠯᠭᠣᠵᠤ ᠪᠢᠯᠡ᠃ ᠨᠡᠩ ᠢᠨᠵᠠᠨᠨᠠᠰᠢ ᠶ᠋ᠢᠨ1860 ᠣᠨ ᠤ᠋ ᠬᠣᠢᠨ᠎ᠠ ᠡᠮᠦᠨ᠎ᠡ ᠪᠢᠴᠢᠭᠰᠡᠨ《ᠨᠢᠭᠡᠨ ᠳᠠᠪᠬᠤᠷ ᠠᠰᠠᠷ》᠂《ᠤᠯᠠᠭᠠᠨ᠎ᠠ ᠤᠬᠢᠯᠠᠬᠤ ᠲᠠᠩᠬᠢᠮ》 ᠪᠣᠯ ᠮᠣᠩᠭᠣᠯ ᠤ᠋ᠨ ᠲᠡᠦᠬᠡ ᠪᠠ ᠤᠷᠠᠨ ᠵᠣᠬᠢᠶᠠᠯ ᠢ᠋ ᠤᠶᠠᠯᠳᠤᠭᠤᠯᠤᠨ ᠪᠢᠴᠢᠬᠦ ᠤᠯᠠᠮᠵᠢᠯᠠᠯᠲᠤ ᠬᠡᠪ ᠵᠤᠷᠰᠢᠯ ᠠ᠋ᠴᠠ ᠰᠠᠯᠵᠤ᠂ ᠲᠤᠬᠠᠢ ᠶ᠋ᠢᠨ ᠠᠬᠤᠢ ᠠᠮᠢᠳᠤᠷᠠᠯ ᠢ᠋ ᠰᠢᠭᠤᠳ ᠪᠣᠳᠠᠲᠠᠢ ᠬᠠᠷᠠᠭᠤᠯᠤᠭᠰᠠᠨ ᠷᠣᠮᠠᠨ ᠪᠣᠯᠬᠤ ᠶᠤᠮ᠃ ᠡᠢᠮᠦ ᠡᠴᠡ ᠡᠨᠡᠬᠦ ᠬᠣᠶᠠᠷ ᠷᠣᠮᠠᠨ ᠴᠢᠬᠤᠯᠠ ᠠᠬᠤᠢᠴᠢ ᠦᠵᠡᠯ ᠦ᠋ᠨ ᠠᠴᠢ ᠬᠣᠯᠪᠣᠭᠳᠠᠯᠲᠠᠢ ᠷᠣᠮᠠᠨ ᠪᠠᠢᠵᠤ᠂ ᠺᠦ ᠢᠦᠢ᠂ ᠯᠦ᠍ ᠮᠧᠢ ᠨᠠᠷ ᠤ᠋ᠨ ᠢᠨᠠᠭ ᠤ᠋ᠨ ᠠᠮᠢᠳᠤᠷᠠᠯ ᠢ᠋ ᠰᠡᠳᠦᠪᠯᠡᠨ ᠪᠢᠴᠢᠬᠦ ᠪᠡᠷ ᠳᠠᠮᠵᠢᠭᠤᠯᠵᠤ᠂ ᠹᠧᠣᠳᠠᠯ ᠤ᠋ᠨ ᠤᠷᠤᠭ ᠤ᠋ᠨ ᠬᠠᠤᠯᠢ ᠶ᠋ᠢ ᠡᠰᠡᠷᠭᠦᠴᠡᠨ ᠢᠯᠡᠴᠢᠯᠡᠵᠦ᠂ ᠹᠧᠣᠳᠠᠯ ᠨᠡᠢᠭᠡᠮ ᠦ᠋ᠨ ᠤᠷᠤᠭᠤᠳᠠᠨ ᠳᠣᠷᠣᠢᠲᠠᠵᠤ ᠪᠠᠢᠭᠰᠠᠨ ᠨᠡᠢᠭᠡᠮ ᠦ᠋ᠨ ᠬᠠᠨᠳᠤᠰᠢ ᠶ᠋ᠢ ᠢᠯᠡᠷᠡᠭᠦᠯᠦᠭᠰᠡᠨ ᠶᠦᠮ᠃ ᠢᠨᠵᠠᠨᠨᠠᠰᠢ ᠵᠠᠯᠠᠭᠤ ᠪᠠᠭ᠎ᠠ ᠪᠠᠢᠬᠤ ᠳ᠋ᠠᠭᠠᠨ ᠪᠠᠰᠠ《ᠰᠠᠷᠠᠨ ᠬᠥᠬᠥᠭᠡ ᠶ᠋ᠢᠨ ᠱᠠᠰᠲᠢᠷ》᠂《ᠤᠯᠠᠭᠠᠨ ᠥᠩᠭᠡᠲᠡᠨ ᠦ᠌ ᠨᠢᠯᠪᠤᠰᠤ》 ᠮᠡᠲᠦ ᠲᠣᠭᠣᠵᠢ ᠷᠣᠮᠠᠨ ᠪᠣᠯᠤᠨ ᠠᠷᠪᠢᠨ ᠰᠢᠯᠦᠭ᠂ ᠥᠭᠦᠯᠡᠯ ᠬᠣᠴᠢ ᠵᠣᠬᠢᠶᠠᠯ ᠪᠢᠴᠢᠵᠦ᠂ ᠹᠧᠣᠳᠠᠯ ᠢ᠋ ᠢᠯᠡᠴᠢᠯᠡᠨ ᠠᠷᠠᠳᠴᠢᠯᠠᠯᠲᠤ ᠦᠵᠡᠯ ᠰᠠᠨᠠᠭ᠎ᠠ ᠶ᠋ᠢ ᠢᠯᠡᠷᠡᠭᠦᠯᠵᠦ᠂ ᠮᠣᠩᠭᠣᠯ ᠬᠢᠲᠠᠳ ᠤ᠋ᠨ ᠤᠳᠬ᠎ᠠ ᠰᠣᠶᠣᠯ ᠤ᠋ᠨ ᠬᠠᠷᠢᠯᠴᠠᠭ᠎ᠠ ᠰᠣᠯᠢᠯᠴᠠᠭ᠎ᠠ ᠶ᠋ᠢ ᠶᠡᠬᠡᠪᠡᠷ ᠠᠬᠢᠭᠤᠯᠤᠭᠰᠠᠨ ᠪᠠᠢᠨ᠎ᠠ᠃ ᠬᠠᠰᠪᠤ ᠪᠣᠯ ᠮᠣᠩᠭᠣᠯ ᠤᠷᠠᠨ ᠵᠣᠬᠢᠶᠠᠯ ᠤ᠋ᠨ ᠣᠨᠣᠯᠴᠢ ᠮᠥᠷᠲᠡᠭᠡᠨ ᠠᠯᠳᠠᠷᠲᠤ ᠴᠤᠬᠤᠯᠪᠥᠷᠢᠯᠠᠭᠴᠢ᠂ ᠣᠷᠴᠢᠭᠤᠯᠤᠭᠴᠢ ᠶᠤᠮ᠃ ᠲᠡᠷᠡ ᠬᠢᠲᠠᠳ ᠤ᠋ᠨ ᠨᠢᠭᠡ ᠵᠠᠭᠤ ᠬᠣᠷᠢᠨ ᠪᠦᠯᠦᠭᠲᠦ ᠨᠡᠷᠡᠲᠦ ᠷᠣᠮᠠᠨ《ᠤᠯᠠᠭᠠᠨ ᠠᠰᠠᠷ ᠤ᠋ᠨ ᠵᠡᠭᠦᠳᠦ》 ᠶ᠋ᠢ ᠳᠥᠴᠢᠨ ᠪᠦᠯᠦᠭ ᠪᠣᠯᠭᠠᠨ ᠲᠣᠪᠴᠢᠯᠠᠨ ᠣᠷᠴᠢᠭᠤᠯᠤᠭᠰᠠᠨ ᠮᠥᠷᠲᠡᠭᠡᠨ ᠪᠠᠰᠠ ᠳᠥᠴᠢᠨ ᠠᠩᠭᠢ ᠴᠣᠬᠣᠯᠪᠣᠷᠢ ᠪᠢᠴᠢᠵᠦ᠂ ᠲᠤᠰ ᠷᠣᠮᠠᠨ ᠤ᠋ ᠬᠥᠮᠦᠨ ᠦ᠌ ᠳᠦᠷᠢ ᠶ᠋ᠢ ᠵᠠᠳᠠᠯᠤᠨ᠂ ᠦᠢᠯᠡ ᠶᠠᠪᠤᠳᠠᠯ ᠵᠣᠬᠢᠶᠠᠮᠵᠢ ᠶ᠋ᠢ ᠰᠤᠳᠤᠯᠵᠤ᠂ ᠦᠵᠡᠯ ᠰᠠᠨᠠᠭ᠎ᠠ ᠪᠠ ᠨᠡᠢᠭᠡᠮ ᠳ᠋ᠦ᠍ ᠦᠵᠡᠭᠦᠯᠬᠦ ᠠᠴᠢ ᠬᠣᠯᠪᠣᠭᠳᠠᠯ ᠤ᠋ᠨ ᠲᠤᠬᠠᠢ ᠥᠭᠦᠯᠡᠭᠰᠡᠨ ᠨᠢ《ᠤᠯᠠᠭᠠᠨ ᠠᠰᠠᠷ ᠤ᠋ᠨ ᠵᠡᠭᠦᠳᠦᠨ》 ᠦ᠌ ᠰᠤᠳᠤᠯᠭᠠᠨ ᠳ᠋ᠤ᠌ ᠮᠠᠰᠢ ᠶᠡᠬᠡ ᠰᠢᠨ᠎ᠡ ᠠᠬᠢᠭᠤᠯᠤᠯ ᠪᠣᠯᠤᠭᠰᠠᠨ ᠪᠠᠢᠨ᠎ᠠ᠃ ᠬᠠᠮᠲᠤᠳᠠ ᠬᠠᠰᠪᠤ ᠪᠠᠰᠠ ᠤᠷᠠᠨ ᠵᠣᠬᠢᠶᠠᠯ ᠤ᠋ᠨ ᠬᠥᠮᠦᠨ ᠦ᠌ ᠳᠦᠷᠢ ᠳ᠋ᠦ᠍ ᠪᠣᠳᠠᠭᠠᠯᠢ ᠰᠢᠨᠵᠢ ᠶ᠋ᠢ ᠣᠯᠭᠣᠬᠤ ᠲᠤᠰ ᠢ᠋ ᠣᠯᠭᠣᠬᠤ ᠣᠨᠣᠯ ᠢ᠋ ᠳᠣᠷᠳᠤᠨ ᠭᠠᠷᠭᠠᠭᠰᠠᠨ ᠨᠢ ᠣᠳᠣ ᠶ᠋ᠢᠨ ᠣᠨᠣᠯ ᠤ᠋ᠨ ᠰᠤᠳᠤᠯᠭᠠᠨ ᠳ᠋ᠤ᠌ ᠴᠢᠬᠤᠯᠠ ᠰᠡᠳᠦᠪᠯᠡᠭᠦᠨ ᠪᠣᠯᠵᠤ ᠡᠷᠳᠡᠮ ᠰᠢᠨᠵᠢᠯᠡᠭᠡᠨ ᠦ᠌ ᠡᠲᠡᠭᠡᠳ ᠦ᠋ᠨ ᠰᠣᠨᠢᠷᠬᠠᠯ ᠢ᠋ ᠲᠠᠲᠠᠵᠤ ᠪᠠᠢᠨ᠎ᠠ᠃ ᠬᠠᠰᠪᠤ ᠢᠨᠵᠠᠨᠨᠠᠰᠢ ᠶ᠋ᠢᠨ ᠳᠠᠷᠠᠭ᠎ᠠ ᠢᠰᠢᠳᠠᠨᠵᠠᠨᠸᠠᠩᠵᠢᠯ᠂ ᠭᠠᠮᠠᠯ᠂ ᠬᠡᠰᠢᠩᠭᠡ᠂ ᠬᠡᠰᠢᠭᠪᠠᠲᠤ᠂ ᠯᠣᠷᠤᠶ᠋ᠢᠰᠠᠩᠪᠤ ᠮᠡᠲᠦ ᠠᠷᠪᠢᠨ ᠰᠢᠯᠦᠭᠴᠢ ᠭᠠᠷᠤᠭᠰᠠᠨ ᠪᠥᠭᠡᠳ ᠪᠠᠰᠠ ᠪᠤᠶᠠᠨᠳᠡᠯᠭᠡᠷ ᠮᠡᠲᠦ ᠨᠠᠢᠷᠠᠭᠤᠯᠤᠯ ᠤ᠋ᠨ ᠵᠣᠬᠢᠶᠠᠯᠴᠢ ᠪᠣᠢ ᠪᠣᠯᠪᠠ᠃ ᠨᠡᠩ ᠷᠢᠨᠴᠢᠨᠬᠣᠷᠯᠣ ᠶ᠋ᠢᠨ《ᠭᠠᠰᠢᠭᠤᠨ ᠤ᠋ ᠳᠣᠲᠣᠷᠠᠬᠢ ᠲᠡᠯᠴᠢᠯᠡᠭᠴᠢ》 ᠲᠣᠭᠣᠵᠢ᠂ ᠹᠧᠣᠳᠠᠯ ᠤ᠋ᠨ ᠮᠡᠬᠡᠯᠡᠭᠴᠢ᠂ ᠣᠪᠯᠠᠭᠴᠢ ᠪᠥᠭᠡᠳ ᠵᠠᠪᠰᠢᠭᠴᠢ ᠴᠢᠳᠠᠭᠴᠢ ᠯᠠᠮᠠ ᠶ᠋ᠢᠨ ᠳᠦᠷᠢ ᠪᠡᠷ ᠳᠠᠮᠵᠢᠭᠤᠯᠵᠤ᠂ ᠲᠤᠬᠠᠢ ᠶ᠋ᠢᠨ ᠨᠡᠢᠭᠡᠮ ᠦ᠋ᠨ ᠬᠠᠷᠠᠩᠭᠤᠢ ᠪᠦᠷᠬᠦᠭ ᠪᠠᠢᠳᠠᠯ ᠢ᠋ ᠬᠠᠢᠷ᠎ᠠ ᠨᠠᠢᠷ ᠦᠭᠡᠢ ᠢᠯᠡᠴᠢᠯᠡᠨ᠂ ᠰᠣᠶᠣᠯ ᠰᠢᠨᠵᠢᠯᠡᠬᠦ ᠤᠬᠠᠭᠠᠨ ᠤᠯᠤᠰ ᠦᠨᠳᠦᠰᠦᠲᠡᠨ ᠢ᠋ᠶ᠋ᠡᠨ ᠬᠥᠭᠵᠢᠭᠦᠯᠬᠦ ᠶ᠋ᠢ ᠵᠣᠷᠢᠵᠤ ᠪᠠᠢᠭᠰᠠᠨ ᠨᠢ ᠲᠤᠩ ᠳᠡᠪᠰᠢᠯᠲᠡ ᠤᠳᠬ᠎ᠠ ᠠᠭᠤᠯᠭ᠎ᠠ ᠲᠠᠢ ᠶᠤᠮ᠃ ᠳᠡᠭᠡᠷᠡᠬᠢ ᠡᠷᠲᠡ ᠳᠤᠮᠳᠠᠳᠤ ᠵᠠᠭᠤᠨ ᠪᠠ ᠣᠢᠷ᠎ᠠ ᠣᠷᠴᠢᠨ ᠦᠶ᠎ᠡ ᠶ᠋ᠢᠨ ᠤᠷᠠᠨ ᠵᠣᠬᠢᠶᠠᠯ ᠤ᠋ᠨ ᠬᠥᠭᠵᠢᠯᠲᠡ ᠶ᠋ᠢᠨ ᠰᠠᠭᠤᠷᠢᠨ ᠳᠡᠭᠡᠷ᠎ᠡ ᠣᠳᠣ ᠦᠶ᠎ᠡ ᠶ᠋ᠢᠨ ᠤᠷᠠᠨ ᠵᠣᠬᠢᠶᠠᠯ ᠬᠥᠭᠵᠢᠨ ᠴᠡᠴᠡᠭᠯᠡᠵᠦ᠂ ᠨᠠ᠊·ᠰᠠᠢᠨᠴᠣᠭᠲᠣ᠂ ᠪ· ᠪᠦᠷᠢᠨᠪᠡᠬᠢ ᠮᠡᠲᠦ ᠰᠢᠯᠦᠭᠴᠢᠳ ᠦ᠋ᠨ《ᠪᠠᠶᠠᠷ ᠤ᠋ᠨ ᠳᠠᠭᠤᠯᠠᠯ》᠂《ᠠᠮᠢᠯᠠᠯ ᠤ᠋ᠨ ᠪᠡᠯᠭᠡᠲᠦ ᠴᠡᠴᠡᠭ》 ᠮᠡᠲᠦ ᠵᠣᠬᠢᠶᠠᠯ ᠪᠦᠲᠦᠭᠡᠯ ᠣᠳᠣ ᠦᠶ᠎ᠡ ᠶ᠋ᠢᠨ ᠢᠷᠠᠭᠤ ᠨᠠᠢᠷᠠᠭ ᠤ᠋ᠨ ᠰᠠᠭᠤᠷᠢ ᠶ᠋ᠢ ᠲᠠᠯᠪᠢᠨ ᠵᠠᠮ ᠢ᠋ ᠨᠡᠭᠡᠭᠡᠵᠦ᠂ ᠠ᠊᠂ ᠣᠳᠽᠠᠷ ᠮᠠᠯᠴᠢᠨᠬᠦᠦ᠂ ᠴᠢᠮᠡᠳᠳᠣᠷᠵᠢ᠂ ᠵᠠᠯᠭᠠᠬᠦᠦ᠂ ᠮᠠᠯᠴᠢᠨᠬᠦᠦ ᠨᠠᠷ ᠤ᠋ᠨ ᠤᠢᠭᠤᠷᠵᠢᠨ ᠮᠣᠩᠭᠣᠯ (ᠬᠤᠳᠤᠮ) ᠮᠣᠩᠭᠣᠯ ᠪᠠ ᠬᠢᠲᠠᠳ ᠢ᠋ᠶ᠋ᠠᠷ ᠪᠢᠴᠢᠭᠰᠡᠨ《ᠠᠯᠮᠠᠰ ᠤ᠋ᠨ ᠳᠠᠭᠤᠤ》᠂《ᠰᠠᠷᠠᠭᠤᠯ ᠨᠤᠲᠤᠭ》᠂《ᠰᠢᠷ᠎ᠠ ᠮᠥᠷᠡᠨ ᠦ᠌ ᠳᠣᠯᠭᠢᠶᠠᠨ》᠂《ᠤᠯᠠᠭᠠᠨ ᠵᠠᠮ》᠂《ᠵᠠᠮ》 ᠵᠡᠷᠭᠡ ᠵᠣᠬᠢᠶᠠᠯ ᠪᠦᠲᠦᠭᠡᠯ ᠦᠯᠢᠭᠡᠷ ᠲᠣᠭᠣᠵᠢ ᠶ᠋ᠢᠨ ᠵᠣᠬᠢᠶᠠᠯ ᠪᠦᠲᠦᠭᠡᠯ ᠦ᠋ᠨ ᠰᠠᠭᠤᠷᠢ ᠶ᠋ᠢ ᠲᠠᠯᠪᠢᠨ ᠵᠠᠮ ᠢ᠋ ᠨᠡᠭᠡᠭᠡᠪᠡ᠃ ᠲᠡᠭᠡᠭᠡᠳ ᠣᠬᠣᠷᠬᠠᠨ ᠬᠡᠳᠦᠨ ᠵᠢᠯ ᠦ᠋ᠨ ᠲᠤᠷᠰᠢ ᠴᠣᠭᠲᠤᠨᠠᠷᠠᠨ᠂ ᠬᠠ᠊᠂ ᠳ᠋ᠠᠮᠪᠢᠵᠠᠯᠰᠠᠨ᠂ ᠨᠠ᠊· ᠰᠠᠢᠰᠢᠶᠠᠯᠳᠤ᠂ ᠮ᠂ ᠠᠰᠠᠷ᠂ ᠯᠢᠭᠳᠡᠨ· ᠴ· ᠵᠢᠷᠭᠠᠯ᠂ ᠴᠠᠭᠠᠨ᠂ ᠠᠷᠲᠠᠢ ᠮᠡᠲᠦ ᠥᠨᠢᠷ ᠣᠯᠠᠨ ᠵᠣᠬᠢᠶᠠᠯᠴᠢᠳ ᠢ᠋ ᠪᠠᠭᠲᠠᠭᠠᠭᠰᠠᠨ ᠥᠷᠭᠡᠨ ᠶᠡᠬᠡ ᠵᠣᠬᠢᠶᠠᠯᠴᠢᠳ ᠤ᠋ᠨ ᠡᠩᠨᠡᠭᠡ ᠪᠦᠷᠢᠯᠳᠦᠵᠦ᠂ ᠠᠬᠠᠮᠠᠳ ᠢᠳᠡᠷ ᠵᠠᠯᠠᠭᠤ ᠵᠣᠬᠢᠶᠠᠯᠴᠢᠳ ᠬᠡᠳᠦᠨ ᠵᠠᠭᠤ ᠪᠠᠷ ᠴᠣᠯᠭᠣᠷᠠᠨ ᠭᠠᠷᠴᠤ᠂ ᠰᠢᠯᠦᠭ ᠨᠠᠢᠷᠠᠭᠤᠯᠤᠯ᠂ ᠦᠯᠢᠭᠡᠷ ᠲᠣᠭᠣᠵᠢ ᠶ᠋ᠢᠨ ᠵᠣᠬᠢᠶᠠᠯ ᠪᠣᠯᠤᠨ ᠵᠦᠵᠦᠭᠡ ᠶ᠋ᠢᠨ ᠵᠣᠬᠢᠶᠠᠯ ᠪᠦᠲᠦᠭᠡᠯ ᠮᠢᠩᠭ᠎ᠠ ᠲᠦᠮᠡ ᠪᠡᠷ ᠬᠡᠪᠯᠡᠨ ᠨᠡᠢᠲᠡᠯᠡᠭᠳᠡᠵᠦ᠂ ᠮᠣᠩᠭᠣᠯ ᠰᠢᠨ᠎ᠡ ᠤᠷᠠᠨ ᠵᠣᠬᠢᠶᠠᠯ ᠢ᠋ ᠪᠦᠷᠢᠯᠳᠦᠭᠦᠯᠦᠨ ᠬᠥᠭᠵᠢᠭᠦᠯᠦᠭᠰᠡᠨ ᠪᠠᠢᠨ᠎ᠠ᠃ ᠳᠡᠭᠡᠷᠡᠬᠢ ᠣᠳᠣ ᠦᠶ᠎ᠡ ᠶ᠋ᠢᠨ ᠤᠷᠠᠨ ᠵᠣᠬᠢᠶᠠᠯ ᠤ᠋ᠨ ᠬᠥᠭᠵᠢᠯᠲᠡ ᠲᠡᠢ ᠠᠯᠬᠤᠭ᠎ᠠ ᠨᠢᠭᠡᠲᠡᠢ ᠪᠡᠷ᠂ ᠰᠢᠨᠵᠢᠶᠠᠩ ᠤ᠋ᠨ ᠣᠢᠷᠠᠳ ᠤ᠋ᠨ ᠭᠣᠣᠯ ᠨᠢ ᠲᠣᠳᠣ ᠦᠰᠦᠭ ᠢ᠋ᠶ᠋ᠡᠷ ᠪᠢᠴᠢᠭᠳᠡᠭᠰᠡᠨ ᠤᠷᠠᠨ ᠵᠣᠬᠢᠶᠠᠯᠴᠤ ᠲᠤᠩ ᠶᠡᠬᠡ ᠬᠥᠭᠵᠢᠨ ᠴᠡᠴᠡᠭᠯᠡᠭᠰᠡᠨ ᠪᠣᠯᠬᠤ ᠶ᠋ᠢ ᠣᠨᠴᠠᠯᠠᠨ ᠲᠡᠮᠳᠡᠭᠯᠡᠯᠲᠡᠢ ᠶᠤᠮ᠃ ᠪᠦᠳᠦᠭᠦᠪᠴᠢ ᠪᠡᠷ ᠪᠦᠷᠢᠳᠬᠡᠨ ᠪᠠᠷᠤᠭᠴᠠᠭᠠᠯᠠᠪᠠᠯ ᠳᠥᠴᠢ ᠭᠠᠷᠤᠢ ᠵᠢᠯ ᠦ᠋ᠨ ᠲᠤᠷᠰᠢ《ᠰᠠᠢᠷᠢ ᠤ᠋ ᠤᠶᠠᠩᠭ᠎ᠠ》᠂《ᠪᠠᠶᠠᠨ ᠰᠠᠢᠬᠠᠨ ᠪᠣᠷᠣᠳᠠᠯ᠎ᠠ》᠂《ᠪᠣᠭᠳᠠ ᠶ᠋ᠢᠨ ᠣᠷᠭᠢᠯ ᠤ᠋ᠨ ᠬᠠᠪᠤᠷ》 ᠮᠡᠲᠦ ᠣᠯᠠᠨ ᠬᠥᠮᠦᠨ ᠦ᠌ ᠵᠣᠬᠢᠶᠠᠯ ᠤ᠋ᠨ ᠲᠡᠭᠦᠪᠦᠷᠢ ᠭᠤᠴᠢ ᠰᠢᠬᠠᠮ ᠬᠡᠪᠯᠡᠭᠳᠡᠵᠦ᠂《ᠭᠣᠪᠢ ᠶ᠋ᠢᠨ ᠱᠣᠩᠬᠣᠷ》 (ᠯ· ᠪᠠᠲᠤᠸᠴᠢᠷ)᠂《ᠨᠡᠮᠢᠷᠢᠯᠢᠭ ᠠᠭᠤᠯᠠ ᠶ᠋ᠢᠨ ᠰᠠᠯᠬᠢᠨ》 (ᠬᠣ ᠪᠠᠳᠠᠢ)《ᠨᠠᠷᠠ ᠪᠠ ᠨᠠᠰᠤ》 (ᠳᠤ· ᠨᠡᠢᠲᠡᠢ)᠂《ᠲᠩᠷᠢ ᠠᠭᠤᠯᠠ ᠶ᠋ᠢᠨ (ᠵ· ᠪᠠᠲᠤᠨᠠᠰᠤᠨ) ᠮᠡᠲᠦ ᠬᠤᠪᠢ ᠬᠥᠮᠦᠨ ᠦ᠌ ᠷᠣᠮᠠᠨ ᠲᠣᠭᠣᠵᠢ᠂ ᠥᠭᠦᠯᠡᠯᠭᠡ ᠪᠣᠯᠤᠨ ᠰᠢᠯᠦᠭ ᠦ᠋ᠨ ᠲᠡᠭᠦᠪᠦᠷᠢ ᠭᠤᠴᠢ ᠭᠠᠷᠤᠢ ᠳᠡᠪᠲᠡᠷ ᠬᠡᠪᠯᠡᠭᠳᠡᠪᠡ᠃ ᠨᠡᠩ ᠰᠢᠨᠵᠢᠶᠠᠩ ᠤ᠋ᠨ ᠡᠯ᠎ᠡ ᠰᠣᠨᠢᠨ ᠰᠡᠳᠬᠦᠯ ᠳ᠋ᠦ᠍ ᠵᠠᠯᠭᠠᠭ᠎ᠠ ᠨᠡᠢᠲᠡᠯᠡᠨ ᠪᠣᠢ ᠡᠯ᠎ᠡ ᠲᠥᠷᠥᠯ ᠦ᠋ᠨ ᠤᠷᠠᠨ ᠵᠣᠬᠢᠶᠠᠯ ᠪᠣᠯ ᠲᠣᠭᠠᠯᠠᠰᠢ ᠦᠭᠡᠢ ᠣᠯᠠᠨ ᠶᠤᠮ᠃ ᠡᠭᠦᠨ ᠦ᠌ ᠳᠠᠭᠠᠤ ᠤᠷᠠᠨ ᠵᠣᠬᠢᠶᠠᠯ ᠤ᠋ᠨ ᠰᠢᠭᠦᠮᠵᠢ ᠰᠤᠳᠤᠯᠭᠠᠨ ᠤ᠋ ᠠᠵᠢᠯᠴᠤ ᠲᠤᠩ ᠠᠮᠵᠢᠯᠲᠠ ᠲᠠᠢ ᠥᠷᠨᠢᠵᠦ᠂《ᠣᠢᠷᠠᠳ ᠰᠤᠳᠤᠯᠭᠠᠨ ᠤ᠋ ᠤᠨᠠᠭᠠᠨ ᠳᠠᠭᠤᠤ》 ᠮᠡᠲᠦ ᠲᠤᠰᠬᠠᠢ ᠰᠤᠳᠤᠯᠭᠠᠨ ᠤ᠋ ᠨᠣᠮ ᠳᠡᠪᠲᠡᠷ ᠡᠳᠦᠢ ᠲᠡᠳᠦᠢ ᠬᠡᠪᠯᠡᠭᠳᠡᠭᠰᠡᠨ ᠢ᠋ᠶ᠋ᠡᠷ ᠪᠠᠷᠠᠬᠤ ᠦᠭᠡᠢ ᠰᠤᠳᠤᠯᠭᠠᠨ ᠤ᠋ ᠥᠭᠦᠯᠡᠯ ᠵᠣᠬᠢᠶᠠᠯᠴᠤ ᠤᠯᠤᠰ ᠤ᠋ᠨ ᠳᠣᠲᠣᠭᠠᠳᠤ ᠭᠠᠳᠠᠭᠠᠳᠤ ᠳ᠋ᠤ᠌ ᠮᠠᠰᠢ ᠣᠯᠠᠨ ᠨᠡᠢᠲᠡᠯᠡᠭᠳᠡᠵᠦ᠂ ᠤᠷᠠᠨ ᠵᠣᠬᠢᠶᠠᠯ ᠪᠠ ᠤᠷᠠᠨ ᠵᠣᠬᠢᠶᠠᠯ ᠤ᠋ᠨ ᠰᠤᠳᠤᠯᠤᠯ ᠰᠢᠨᠵᠢᠯᠡᠭᠡᠨ ᠦ᠌ ᠥᠷᠭᠡᠨ ᠳᠡᠯᠭᠡᠷ ᠰᠢᠰᠲ᠋ᠧᠮ ᠢ᠋ ᠪᠦᠷᠢᠯᠳᠦᠭᠦᠯᠵᠦ᠂ ᠮᠠᠨ ᠤ᠋ ᠤᠯᠤᠰ ᠪᠣᠯᠤᠨ ᠳᠡᠯᠡᠬᠡᠢ ᠨᠡᠢᠲᠡ ᠶ᠋ᠢᠨ ᠠᠩᠬᠠᠷᠤᠯ ᠰᠣᠨᠢᠷᠬᠠᠯ ᠢ᠋ ᠬᠦᠴᠦᠲᠡᠢ ᠲᠠᠲᠠᠵᠤ ᠪᠣᠢ᠃
ᠦᠰᠦᠭ ᠠᠮᠢᠯᠠᠭᠤᠯᠤᠭᠴᠢ᠄ ᠲᠣᠳᠤᠭᠡᠷᠡᠯ᠂ ᠨᠠ᠊· ᠴᠠᠭᠠᠨ᠂ ᠣᠳᠬᠠᠨᠴᠡᠴᠡᠭ᠂ ᠲᠣᠭᠲᠠᠭᠤᠨ᠂ ᠬᠦᠭᠵᠢᠯᠴᠡᠴᠡᠭ ᠂ ᠣᠶᠤᠨᠴᠢᠮᠡᠭ ᠂᠂᠂
ᠬᠢᠨᠠᠭᠴᠢ᠄ ᠣᠳᠬᠠᠨᠰᠣ᠎ᠠ᠂ ᠨᠠᠷᠠᠨ᠂ ᠮᠣᠩᠭᠣᠯ ᠰᠦᠨᠡᠰᠦ᠂ ᠬᠥᠬᠡ ᠲᠣᠯᠪᠣᠲᠠᠨ᠂ ᠬᠥᠬᠡ ᠲᠤᠯᠪᠤᠲᠠᠨ᠂ ᠣᠳᠬᠠᠨᠴᠡᠴᠡᠭ᠂ ᠲᠣᠳᠤᠭᠡᠷᠡᠯ᠂ ᠲᠣᠭᠲᠠᠭᠤᠨ᠂ ᠂᠂᠂᠂
