1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠡᠭᠡᠢ ᠶ᠋ᠢᠨ ᠢᠷᠥᠭᠡᠯЭсгийн ерөөл Esgiin yerööl

ᠢᠰᠡᠭᠡᠢ ᠶ᠋ᠢᠨ ᠢᠷᠥᠭᠡᠯЭсгийн ерөөл Esgiin yerööl

2025-02-28

566

ᠢᠰᠡᠭᠡᠢ ᠶ᠋ᠢᠨ ᠢᠷᠦᠭᠡᠯ

ᠣᠮ ᠰᠠᠢᠨ ᠠᠮᠤᠭᠤᠯᠠᠩ ᠪᠣᠯᠲᠤᠭᠠᠢ 
ᠡᠩᠬᠡ ᠰᠠᠢᠨ ᠵᠢᠷᠭᠠᠯᠠᠩ ᠪᠣᠯᠲᠤᠭᠠᠢ 
ᠠᠭᠤᠳᠠᠮ ᠬᠠᠩᠭᠠᠢ ᠨᠤᠲᠤᠭ ᠲᠠᠢ 
ᠠᠷᠪᠠᠨ ᠬᠠᠨᠠᠲᠤ ᠭᠡᠷ ᠲᠡᠢ 
ᠠᠯᠲᠠᠨ ᠮᠠᠢᠳᠠᠷᠢ ᠰᠠᠬᠢᠭᠤᠰᠤ ᠲᠠᠢ 
ᠠᠷᠢᠭᠤᠨ ᠰᠠᠨᠠᠭᠠᠲᠤ ᠡᠵᠡᠨ ᠲᠡᠢ᠃
ᠪᠤᠷᠬᠠᠨ ᠲᠩᠷᠢ ᠶ᠋ᠢᠨ ᠢᠪᠡᠭᠡᠯ ᠲᠡᠢ 
ᠪᠣᠭᠳᠠ ᠡᠵᠡᠨ ᠦ᠌ ᠠᠪᠤᠷᠠᠯ ᠲᠠᠢ 
ᠪᠤᠮᠠᠨ ᠴᠠᠭᠠᠨ ᠬᠣᠨᠢ ᠲᠠᠢ 
ᠪᠤᠶᠠᠨᠲᠤ ᠲᠠᠪᠤᠨ ᠬᠣᠰᠢᠭᠤ ᠮᠠᠯ ᠲᠠᠢ᠃
ᠡᠰᠡᠷᠸ᠎ᠠ ᠲᠩᠷᠢ ᠡᠴᠡ ᠡᠰᠡᠨᠢᠯ ᠲᠡᠢ
ᠡᠬᠡ ᠬᠣᠷᠸ᠎ᠠ ᠳ᠋ᠤ᠌ ᠠᠮᠢᠯᠠᠯ ᠲᠠᠢ
ᠡᠷᠭᠢᠬᠦ ᠳᠥᠷᠪᠡᠨ ᠤᠯᠠᠷᠢᠯ ᠳ᠋ᠤ᠌ ᠪᠠᠨ
ᠡᠭᠡᠯᠵᠢᠯᠡᠬᠦ ᠪᠠᠶᠠᠨ ᠪᠡᠯᠴᠢᠭᠡᠷ ᠲᠡᠢ᠃
ᠬᠣᠨᠢ ᠪᠠᠨ ᠬᠣᠯᠪᠣᠵᠤ ᠰᠠᠭᠠᠳᠠᠭ
ᠬᠤᠷᠠᠭ᠎ᠠ ᠪᠠᠨ ᠬᠥᠭᠡᠨᠡᠵᠦ ᠤᠶᠠᠳᠠᠭ
ᠬᠠᠯᠠᠭᠤᠨ ᠵᠤᠨ ᠳ᠋ᠤ᠌ ᠪᠠᠨ ᠤᠷᠲᠤᠯᠠᠵᠤ
ᠬᠠᠢᠯᠬᠤ ᠨᠠᠮᠤᠷ ᠲᠤ᠌ ᠪᠠᠨ ᠠᠬᠤᠷᠯᠠᠵᠤ
ᠡᠭᠦᠯᠡᠨ ᠴᠠᠭᠠᠨ ᠨᠣᠣᠰᠣ ᠪᠠᠨ
ᠠᠭᠤᠯᠠ ᠮᠡᠲᠦ ᠣᠪᠣᠭᠠᠯᠠᠵᠤ
ᠡᠷᠲᠡ ᠳᠡᠭᠡᠳᠦᠰ ᠦ᠋ᠨ ᠦᠶ᠎ᠡ ᠡᠴᠡ ᠪᠡᠨ
ᠢᠰᠡᠭᠡᠢ ᠬᠢᠳᠡᠭ ᠵᠠᠩᠰᠢᠯ ᠲᠠᠢ ᠪᠢᠯᠡ᠃
ᠠᠢᠯ ᠰᠠᠭᠠᠬᠠᠯᠲᠠ ᠨᠤᠲᠤᠭ ᠲᠠᠢ
ᠠᠭᠠᠰᠢ ᠵᠠᠩ ᠡᠶᠡᠯᠳᠡᠭ
ᠠᠵᠢᠯᠴᠢ ᠪᠡᠷᠢᠶᠡᠳ ᠴᠤᠭᠯᠠᠷᠠᠵᠤ
ᠬᠥᠪᠴᠢ ᠬᠠᠩᠭᠠᠢ ᠶ᠋ᠢᠨ ᠪᠤᠷᠭᠠᠰᠤ ᠪᠠᠷ
ᠬᠥᠩᠭᠡᠨ ᠰᠠᠪᠠᠭ᠎ᠠ ᠬᠢᠵᠦ
ᠬᠥᠪᠥᠩ ᠴᠠᠭᠠᠨ ᠨᠣᠣᠰᠣ ᠪᠠᠨ
ᠮᠢᠩᠭᠠᠨ ᠤᠳᠠᠭ᠎ᠠ ᠰᠠᠪᠠᠵᠤ
ᠮᠢᠨᠳᠠᠰᠤ ᠠᠳᠠᠯᠢ ᠪᠣᠯᠭᠠᠵᠤ
ᠲᠦᠮᠡᠨ ᠤᠳᠠᠭ᠎ᠠ ᠰᠠᠪᠠᠵᠤ
ᠬᠥᠪᠥᠩ ᠠᠳᠠᠯᠢ ᠪᠣᠯᠭᠠᠵᠤ
ᠰᠠᠷ᠎ᠠ ᠶ᠋ᠢᠨ ᠰᠠᠢᠨ ᠢ᠋ ᠰᠣᠩᠭᠣᠵᠤ
ᠰᠠᠢᠨ ᠡᠩᠬᠡ ᠶ᠋ᠢ ᠪᠡᠯᠭᠡᠳᠡᠵᠦ᠂
ᠡᠳᠦᠷ ᠦ᠋ᠨ ᠰᠠᠢᠨ ᠢ᠋ ᠰᠢᠯᠢᠵᠦ
ᠥᠯᠵᠡᠢ ᠬᠤᠲᠤᠭ ᠢ᠋ ᠲᠣᠭᠲᠠᠭᠠᠵᠤ
ᠠᠢᠮᠠᠭ ᠰᠠᠳᠤᠨ ᠪᠦᠭᠦᠳᠡᠭᠡᠷ ᠢ᠋ᠶ᠋ᠡᠨ
ᠠᠢᠯ ᠰᠠᠭᠠᠬᠠᠯᠲᠠ ᠣᠯᠠᠨ ᠢ᠋ᠶ᠋ᠠᠷ ᠢ᠋ᠶ᠋ᠠᠨ
ᠲᠤᠩᠭᠠᠯᠠᠭ ᠨᠠᠭᠤᠷ ᠤ᠋ᠨ ᠬᠥᠪᠡᠭᠡᠨ ᠳ᠋ᠦ᠍
ᠲᠤᠨᠤᠷᠠᠭᠰᠠᠨ ᠨᠠᠷᠠᠨ ᠤ᠋ ᠢᠯᠴᠢᠨ ᠳ᠋ᠦ᠍
ᠲᠣᠷᠭᠠᠨ ᠨᠣᠭᠣᠭᠠᠨ ᠵᠦᠯᠭᠡᠨ ᠳᠡᠭᠡᠷ᠎ᠡ
ᠲᠤᠩ ᠴᠠᠭᠠᠨ ᠨᠣᠣᠰᠣ ᠪᠠᠨ
ᠲᠣᠭᠣᠰᠣ ᠬᠦᠷᠭᠡᠯ ᠦᠭᠡᠢ
ᠲᠣᠬᠣᠢ ᠵᠤᠵᠠᠭᠠᠨ ᠵᠤᠯᠤᠵᠤ
ᠲᠣᠬᠢᠲᠠᠢ ᠨᠢᠮᠪᠠᠢ ᠤᠰᠤᠯᠠᠵᠤ
ᠲᠣᠮᠣᠭᠠᠲᠠᠢ ᠠᠬᠠᠮᠠᠳ ᠨᠢ ᠬᠢᠮᠠᠭᠠᠳᠠᠵᠤ
ᠲᠣᠢᠮᠣᠭ ᠪᠤᠬᠠᠨ ᠤ᠋ ᠠᠷᠠᠰᠤᠨ ᠳ᠋ᠤ᠌
ᠳᠤᠭᠲᠤᠷᠴᠤ ᠰᠠᠢᠨ ᠪᠣᠭᠣᠭᠠᠳ
ᠲᠣᠭᠰᠢᠨ ᠠᠵᠢᠷᠭ᠎ᠠ ᠪᠠᠷ ᠲᠠᠲᠠᠭᠤᠯᠵᠤ
ᠲᠤᠩ ᠴᠠᠭᠠᠨ ᠢᠰᠡᠭᠡᠢ ᠪᠡᠨ ᠬᠢᠵᠦ
ᠲᠣᠭᠣᠨᠣᠲᠤ ᠭᠡᠷ ᠢ᠋ᠶ᠋ᠡᠨ ᠪᠦᠷᠢᠳᠡᠭ ᠪᠢᠯᠡ᠃
ᠠᠭᠤᠯᠠ ᠬᠠᠳᠠᠨ ᠠ᠋ᠴᠠ ᠲᠣᠭᠣᠷᠢᠭᠤᠯᠤᠨ
ᠤᠷᠲᠤ ᠮᠢᠨᠳᠠᠰᠤ ᠪᠠᠷ ᠣᠭᠣᠰᠣᠷᠯᠠᠨ
ᠬᠤᠷ᠎ᠠ ᠶ᠋ᠢᠨ ᠤᠰᠤ ᠪᠠᠷ ᠤᠰᠤᠯᠠᠨ
ᠬᠤᠷᠳᠤᠨ ᠠᠵᠢᠷᠭ᠎ᠠ ᠪᠠᠷ ᠲᠠᠲᠠᠭᠤᠯᠵᠤ᠂
ᠬᠤᠷᠠᠭᠠᠨ ᠬᠣᠨᠢᠨ ᠤ᠋ ᠤᠩᠭᠠᠰᠤ ᠪᠠᠷ ᠬᠢᠭᠰᠡᠨ 
ᠬᠤᠷᠤᠭᠤ ᠵᠤᠵᠠᠭᠠᠨ ᠢᠰᠡᠭᠡᠢ
ᠲᠥᠯᠥᠭᠡᠨ ᠬᠣᠨᠢᠨ ᠤ᠋ ᠨᠣᠣᠰᠣ ᠪᠠᠷ ᠬᠢᠭᠰᠡᠨ
ᠲᠥᠭᠡ ᠵᠤᠵᠠᠭᠠᠨ ᠢᠰᠡᠭᠡᠢ
ᠭᠡᠷ ᠦ᠋ᠨ ᠪᠦᠷᠢᠶᠡᠰᠦ
ᠲᠣᠬᠣᠮ ᠤ᠋ᠨ ᠥᠩᠭᠡᠪᠴᠢ
ᠲᠣᠭᠣᠭᠠᠨ ᠤ᠋ ᠪᠠᠷᠢᠭᠤᠯ
ᠬᠤᠷᠠᠭᠠᠨ ᠤ᠋ ᠤᠭᠤᠲᠠ
ᠬᠣᠮ ᠤ᠋ᠨ ᠪᠠᠮᠪᠠᠢ
ᠤᠷᠲᠤ ᠲᠣᠭᠣᠷᠢᠭᠤᠯᠭ᠎ᠠ
ᠣᠢᠮᠣᠰᠤᠨ ᠢᠰᠡᠭᠡᠢ
ᠡᠯᠡᠭᠳᠡᠰᠢ ᠦᠭᠡᠢ ᠮᠥᠩᠬᠡ
ᠡᠪᠳᠡᠷᠡᠰᠢ ᠦᠭᠡᠢ ᠪᠥᠬᠡ
ᠡᠪ ᠰᠠᠢᠲᠠᠢ ᠡᠳ᠋ᠯᠡᠯ ᠪᠢᠯᠡ᠃
ᠢᠰᠡᠭᠡᠢ ᠨᠢ ᠮᠥᠩᠬᠡ ᠴᠠᠭᠠᠨ
ᠡᠵᠡᠨ ᠦ᠌ ᠬᠢᠨᠢ ᠰᠡᠳᠬᠢᠯ ᠨᠢ ᠰᠦᠨ ᠴᠠᠭᠠᠨ
ᠡᠭᠡᠵᠡᠭᠡᠢ ᠬᠤᠷᠤᠳ ᠨᠢ ᠡᠭᠦᠷᠢᠳᠡ ᠴᠠᠭᠠᠨ 
ᠡᠷᠳᠡᠨᠢᠲᠦ ᠰᠥᠷᠦᠭ ᠨᠢ ᠡᠭᠦᠯᠡᠨ ᠴᠠᠭᠠᠨ
ᠴᠠᠭᠠᠨ ᠢᠰᠡᠭᠡᠢ ᠥᠷᠭᠥᠭᠡ ᠳ᠋ᠦ᠍ ᠪᠡᠨ
ᠴᠠᠭᠯᠠᠰᠢ ᠦᠭᠡᠢ ᠪᠤᠶᠠᠨ ᠲᠠᠢ᠃
※※ ᠣᠪᠣᠭ ᠤ᠋ᠨ※※
ᠰᠦᠮᠪᠦᠷ ᠬᠠᠢᠷᠬᠠᠨ ᠰᠢᠭ᠋ ᠮᠥᠩᠬᠡᠷᠡᠵᠦ
ᠢᠰᠡᠭᠡᠢ ᠲᠤᠭᠤᠷᠭᠠᠲᠠᠨ ᠪᠦᠬᠦᠨ ᠢ᠋ᠶ᠋ᠡᠨ
ᠡᠩᠬᠡ ᠠᠮᠤᠭᠤᠯᠠᠩ ᠢ᠋ ᠢᠷᠦᠭᠡᠮᠦ!
(ᠶᠠᠮᠠᠷ ᠣᠪᠣᠭ ᠤ᠋ᠨ ᠬᠡᠨ ᠭᠡᠳᠡᠭ ᠢ᠋ᠶ᠋ᠡᠨ ᠬᠡᠯᠡᠨ᠎ᠡ)

   ᠦᠰᠦᠭ ᠠᠮᠢᠯᠠᠭᠤᠯᠤᠭ᠍ᠴᠢ᠄ ᠢᠷᠡᠭᠡᠳᠦᠢ
   ᠬᠢᠨᠠᠭᠴᠢ᠄ ᠠᠵᠠᠵᠠᠶᠠᠭ᠎ᠠ