ᠪᠠᠯᠭᠠᠰᠤᠨ ᠴᠠᠢᠳᠠᠮ -ᠤᠢᠭᠤᠷᠵᠢᠨ ᠰᠡᠴᠡᠨᠲᠤᠶᠠᠭ᠎ᠠ Балгас цайдам-Уйгуржин СэцэнтуяаBalgas tsaidam ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠯᠭᠠᠰᠤᠨ ᠴᠠᠢᠳᠠᠮ -ᠤᠢᠭᠤᠷᠵᠢᠨ ᠰᠡᠴᠡᠨᠲᠤᠶᠠᠭ᠎ᠠ Балгас цайдам-Уйгуржин СэцэнтуяаBalgas tsaidam

ᠪᠠᠯᠭᠠᠰᠤᠨ ᠴᠠᠢᠳᠠᠮ -ᠤᠢᠭᠤᠷᠵᠢᠨ ᠰᠡᠴᠡᠨᠲᠤᠶᠠᠭ᠎ᠠ Балгас цайдам-Уйгуржин СэцэнтуяаBalgas tsaidam

2025-02-28

627

ᠪᠠᠯᠭᠠᠰᠤᠨ ᠴᠠᠢᠳᠠᠮ 

     ᠣᠷᠳᠣᠰ ᠠᠷᠠᠳ ᠤ᠋ᠨ ᠳᠠᠭᠤᠤ 
       ᠳᠠᠭᠤᠴᠢᠨ ᠄ ᠤᠢᠭᠤᠷᠵᠢᠨ ᠰᠡᠴᠡᠨᠲᠤᠶᠠᠭ᠎ᠠ 

ᠪᠠᠷᠠᠭᠤᠨ ᠴᠤ᠌ ᠥᠨᠳᠥᠷ ᠳᠡᠭᠡᠷ᠎ᠡ ᠪᠡᠨ ᠭᠠᠷᠤᠭᠠᠳ ᠬᠠᠷᠠᠬᠤᠢ ᠳ᠋ᠤ᠌ 
ᠪᠠᠯᠠᠷ ᠮᠠᠩᠬ᠎ᠠ ᠪᠠᠯᠭᠠᠰᠤᠨ ᠴᠠᠢᠳᠠᠮ ᠣᠢᠷᠠᠬᠠᠨ ᠬᠠᠷᠠᠭᠳᠠᠭᠠᠳ ᠪᠠᠢᠨ᠎ᠠ 
ᠪᠠᠭ᠎ᠠ ᠶ᠋ᠢᠨ ᠢ᠋ᠶ᠋ᠡᠨ ᠶᠠᠪᠤᠭᠰᠠᠨ ᠢ᠋ᠶ᠋ᠠᠨ ᠪᠣᠳᠣᠨ ᠰᠠᠭᠤᠬᠤᠢ ᠳ᠋ᠤ᠌ 
ᠪᠠᠯ ᠢ᠋ᠶ᠋ᠠᠨ ᠢᠳᠡᠭᠡᠳ ᠰᠠᠭᠤᠪᠠᠴᠤ ᠵᠠᠩᠭᠢᠷᠠᠮᠠᠷ ᠪᠠᠢᠨ᠎ᠠ᠃ 

ᠵᠡᠭᠦᠨ ᠴᠦ᠍ ᠥᠨᠳᠥᠷ ᠳᠡᠭᠡᠷ᠎ᠡ ᠪᠡᠨ ᠭᠠᠷᠤᠭᠠᠳ ᠰᠠᠭᠤᠬᠤᠢ ᠳ᠋ᠤ᠌ 
ᠵᠢᠷᠦᠬᠡ ᠶ᠋ᠢᠨ ᠣᠪᠣᠭ᠎ᠠ ᠵᠦᠯᠭᠡᠨ ᠴᠠᠢᠳᠠᠮ ᠣᠢᠷᠠᠬᠠᠨ ᠬᠠᠷᠠᠭᠳᠠᠭᠠᠳ ᠪᠠᠢᠨ᠎ᠠ 
ᠵᠢᠭᠠᠬᠠᠨ ᠴᠤ᠌ ᠪᠠᠢᠭᠰᠠᠨ ᠢ᠋ᠶ᠋ᠠᠨ ᠪᠣᠳᠣᠨ ᠰᠠᠭᠤᠬᠤᠢ ᠳ᠋ᠤ᠌ 
ᠵᠥᠭᠡᠬᠡᠢ ᠳᠣᠲᠣᠷ᠎ᠠ ᠪᠠᠨ ᠰᠢᠬᠢᠷ ᠢ᠋ᠶ᠋ᠡᠨ ᠬᠢᠪᠡᠴᠦ ᠵᠠᠩᠭᠢᠷᠠᠮᠠᠷ ᠪᠠᠢᠨ᠎ᠠ᠃

ᠬᠣᠢᠲᠤ ᠰᠢᠯᠢ ᠳᠡᠭᠡᠷ᠎ᠡ ᠪᠡᠨ ᠭᠠᠷᠤᠭᠠᠳ ᠰᠠᠭᠤᠬᠤᠢ ᠳ᠋ᠤ᠌
ᠬᠣᠯᠪᠣᠯᠵᠠᠭᠰᠠᠨ ᠬᠣᠶᠠᠷ ᠪᠣᠭᠳᠠ ᠨᠢ ᠣᠢᠷᠠᠬᠠᠨ ᠬᠠᠷᠠᠭᠳᠠᠭᠠᠳ ᠪᠠᠢᠨ᠎ᠠ
ᠬᠣᠩᠭᠣᠷ ᠴᠢᠮ᠎ᠠ ᠶ᠋ᠢ ᠪᠡᠨ ᠪᠣᠳᠣᠨ ᠰᠠᠭᠤᠬᠤᠢ ᠳ᠋ᠤ᠌
ᠬᠣᠶᠠᠭᠤᠯᠠ ᠪᠠᠨ ᠰᠠᠭᠤᠭᠰᠠᠨ ᠳᠡᠷᠡᠰᠦᠨ ᠴᠠᠢᠳᠠᠮ ᠣᠢᠷᠠᠬᠠᠨ ᠬᠠᠷᠠᠭᠳᠠᠭᠠᠳ ᠪᠠᠢᠨ᠎ᠠ᠃

ᠤᠷᠢᠳᠤ ᠶᠣ᠌ ᠰᠢᠯᠢ ᠳᠡᠭᠡᠷ᠎ᠡ ᠪᠡᠨ ᠭᠠᠷᠤᠭᠠᠳ ᠰᠠᠭᠤᠬᠤᠢ ᠳ᠋ᠤ᠌
ᠣᠷᠣᠢ ᠳᠠᠯᠠᠩ ᠪᠣᠷᠣ ᠲᠣᠬᠣᠢ ᠣᠢᠷᠠᠬᠠᠨ ᠬᠠᠷᠠᠭᠳᠠᠭᠠᠳ ᠪᠠᠢᠨ᠎ᠠ
ᠤᠷᠢᠳᠤ ᠶ᠋ᠢᠨ ᠬᠠᠨᠢᠯᠠᠭᠰᠠᠨ ᠢ᠋ᠶ᠋ᠠᠨ ᠪᠣᠳᠣᠨ ᠰᠠᠭᠤᠬᠤᠢ ᠳ᠋ᠤ᠌
ᠦᠶ᠎ᠡ ᠶ᠋ᠢᠨ ᠵᠢᠭᠠᠬᠠᠨ ᠵᠢᠮᠢᠰᠤᠨᠴᠡᠴᠡᠭ ᠮᠢᠨᠢ ᠣᠢᠷᠠᠬᠠᠨ ᠰᠠᠨᠠᠭᠳᠠᠭᠠᠳ ᠪᠠᠢᠨ᠎ᠠ᠃

    ᠦᠰᠦᠭ ᠠᠮᠢᠯᠠᠭᠤᠯᠤᠭᠴᠢ᠄ ᠤᠤᠭᠠᠨᠵᠢᠳ