ᠲᠠᠪᠤᠨ ᠵᠢᠰᠦ-ᠬᠣᠩᠭᠣᠷ ᠠᠨᠳᠠТаван зүс-Хонгор аандаа
ᠲᠠᠪᠤᠨ ᠵᠢᠰᠦ
ᠬᠣᠩᠭᠣᠷ ᠠᠨᠳᠠ
ᠬᠤᠷᠠᠭ᠎ᠠ ᠠ᠋ ᠬᠤᠷᠠᠭ᠎ᠠ ᠠ᠋ ᠴᠢ ᠶᠠᠭᠠᠬᠢᠭᠠᠳ
ᠬᠤᠨᠳᠠᠨ ᠴᠠᠭᠠᠨ ᠪᠣᠯᠤᠭᠰᠠᠨ ᠶᠤᠮ ᠪᠣᠢ
ᠴᠠᠰᠤᠨ ᠤ᠋ ᠰᠡᠭᠦᠯᠴᠢ ᠪᠡᠷ ᠲᠥᠷᠥᠭᠰᠡᠨ ᠶᠦᠮ ᠴᠢᠨᠢ
ᠴᠠᠭᠠᠨ ᠪᠣᠯᠬᠤ ᠨᠢ ᠠᠷᠭ᠎ᠠ ᠦᠭᠡᠢ ᠪᠢᠵᠡ
ᠢᠰᠢᠭᠡ ᠠ᠋ ᠢᠰᠢᠭᠡ ᠠ᠋ ᠴᠢ ᠶᠠᠭᠠᠬᠢᠭᠠᠳ
ᠬᠠᠳᠠᠭ ᠤ᠋ᠨ ᠴᠡᠩᠬᠡᠷ ᠪᠣᠯᠤᠭᠰᠠᠨ ᠶᠤᠮ ᠪᠣᠢ
ᠴᠡᠯᠮᠡᠭ ᠥᠷᠯᠥᠭᠡ ᠲᠥᠷᠥᠭᠰᠡᠨ ᠶᠦᠮ ᠴᠢᠨᠢ
ᠴᠡᠩᠬᠡᠷ ᠪᠣᠯᠬᠤ ᠨᠢ ᠠᠷᠭ᠎ᠠ ᠦᠭᠡᠢ ᠪᠢᠵᠡ
ᠤᠨᠠᠭ᠎ᠠ ᠠ᠋ ᠤᠨᠠᠭ᠎ᠠ ᠠ᠋ ᠴᠢ ᠶᠠᠭᠠᠬᠢᠭᠠᠳ
ᠬᠢᠯᠢᠩ ᠬᠠᠷ᠎ᠠ ᠪᠣᠯᠤᠭᠰᠠᠨ ᠶᠤᠮ ᠪᠣᠢ
ᠬᠠᠷᠠᠩᠭᠤᠢ ᠰᠥᠨᠢ ᠲᠥᠷᠥᠭᠰᠡᠨ ᠶᠦᠮ ᠴᠢᠨᠢ
ᠬᠠᠷ᠎ᠠ ᠪᠣᠯᠬᠤ ᠨᠢ ᠠᠷᠭ᠎ᠠ ᠦᠭᠡᠢ ᠪᠢᠵᠡ
ᠲᠤᠭᠤᠯ ᠠ᠋ ᠲᠤᠭᠤᠯ ᠠ᠋ ᠴᠢ ᠶᠠᠭᠠᠬᠢᠭᠠᠳ
ᠵᠣᠰᠣᠨ ᠤᠯᠠᠭᠠᠨ ᠪᠣᠯᠤᠭᠰᠠᠨ ᠶᠤᠮ ᠪᠣᠢ
ᠤᠷᠭᠤᠬᠤ ᠨᠠᠷᠠᠨ ᠢ᠋ᠶ᠋ᠠᠷ ᠲᠥᠷᠥᠭᠰᠡᠨ ᠶᠦᠮ ᠴᠢᠨᠢ
ᠤᠯᠠᠭᠠᠨ ᠪᠣᠯᠬᠤ ᠨᠢ ᠠᠷᠭ᠎ᠠ ᠦᠭᠡᠢ ᠪᠢᠵᠡ
ᠪᠣᠲᠣᠭᠣ ᠠ᠋ ᠪᠣᠲᠣᠭᠣ ᠠ᠋ ᠴᠢ ᠶᠠᠭᠠᠬᠢᠭᠠᠳ
ᠠᠯᠲᠠᠨ ᠰᠢᠷ᠎ᠠ ᠪᠣᠯᠤᠭᠰᠠᠨ ᠶᠤᠮ ᠪᠣᠢ
ᠰᠢᠷᠭ᠎ᠠ ᠶ᠋ᠢᠨ ᠭᠣᠪᠢ ᠳ᠋ᠤ᠌ ᠲᠥᠷᠥᠭᠰᠡᠨ ᠶᠦᠮ ᠴᠢᠨᠢ
ᠰᠢᠷ᠎ᠠ ᠪᠣᠯᠬᠤ ᠨᠢ ᠠᠷᠭ᠎ᠠ ᠦᠭᠡᠢ ᠪᠢᠵᠡ
ᠢᠷᠡᠯᠲᠡ ᠄ ᠰᠦᠯᠵᠢᠶᠡᠨ ᠡᠴᠡ ᠰᠡᠢᠷᠡᠭᠦᠯᠪᠡ᠃
ᠦᠰᠦᠭ ᠬᠠᠲᠠᠭᠰᠠᠨ ᠨᠢ ᠄ ᠴᠢ᠊ · ᠤᠷᠠᠨᠴᠡᠴᠡᠭ
ᠬᠢᠨᠠᠯᠲᠠ ᠄ ᠮᠥᠴᠢᠷ