ᠵᠡᠭᠡᠰᠦᠨ ᠯᠢᠩᠬᠤ᠎ᠠЗэгсэн лянхуаЗэгсэн лянхуаZegsen lyankhua ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠡᠰᠦᠨ ᠯᠢᠩᠬᠤ᠎ᠠЗэгсэн лянхуаЗэгсэн лянхуаZegsen lyankhua

ᠵᠡᠭᠡᠰᠦᠨ ᠯᠢᠩᠬᠤ᠎ᠠЗэгсэн лянхуаЗэгсэн лянхуаZegsen lyankhua

2025-02-28

274

    ᠲᠤᠰ ᠡᠮ ᠪᠣᠯ ᠮᠣᠭᠠᠢ ᠲᠥᠮᠥᠰᠥ ᠶ᠋ᠢᠨ ᠢᠵᠠᠭᠤᠷ ᠤ᠋ᠨ ᠤᠷᠭᠤᠮᠠᠯ ᠪᠣᠯᠬᠤ ᠵᠡᠭᠡᠰᠦᠨ ᠯᠢᠩᠬᠤ᠎ᠠ ᠶ᠋ᠢᠨ ᠲᠥᠮᠥᠰᠥᠯᠢᠭ ᠡᠰᠢ ᠮᠥᠨ᠃ ᠪᠠᠰᠠ ᠪᠠᠪᠤᠭᠠᠷᠪᠤ᠂ ᠴᠠᠭᠠᠨ ᠪᠠᠭᠠᠲᠤᠷ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠬᠥᠷᠥᠰᠥᠨ ᠳᠣᠣᠷᠠᠬᠢ ᠲᠥᠮᠥᠰᠥᠯᠢᠭ ᠡᠰᠢᠨ ᠦ᠌ ᠭᠠᠳᠠᠷ ᠲᠠᠯ᠎ᠠ ᠳ᠋ᠤᠨᠢ ᠬᠠᠷ᠎ᠠ ᠬᠦᠷᠡᠩ ᠵᠢᠵᠢᠭ ᠬᠠᠢᠷᠰᠤᠯᠢᠭ ᠢᠯᠲᠠᠰᠤ ᠲᠠᠢ᠂ 6~8 ᠴᠠᠭᠠᠷᠢᠭ ᠦᠶ᠎ᠡ ᠲᠡᠢ᠂ ᠳᠡᠭᠡᠷ᠎ᠡ ᠦᠵᠦᠭᠦᠷ ᠲᠦ᠋ᠨᠢ ᠰᠠᠬᠠᠯ ᠦᠨᠳᠦᠰᠦ ᠲᠣᠭᠣᠷᠢᠨ ᠤᠷᠭᠤᠳᠠᠭ᠃ ᠬᠥᠷᠥᠰᠥᠨ ᠳᠡᠭᠡᠷ᠎ᠡ ᠨᠢ ᠡᠰᠢ ᠦᠭᠡᠢ᠃ ᠨᠠᠪᠴᠢ ᠨᠢ ᠤᠵᠠᠭᠤᠷ ᠠ᠋ᠴᠠ ᠪᠠᠨ ᠤᠷᠭᠤᠨ᠎ᠠ᠂ 1~2 ᠨᠠᠰᠤᠨ ᠤ᠋ ᠤᠷᠭᠤᠮᠠᠯ ᠨᠢ ᠵᠥᠪᠬᠡᠨ ᠨᠢᠭᠡ ᠯᠡ ᠨᠠᠪᠴᠢ ᠲᠠᠢ᠂ 3~4 ᠨᠠᠰᠤᠨ ᠤ᠋ ᠤᠷᠭᠤᠮᠠᠯ ᠨᠢ 2~4 ᠨᠠᠪᠴᠢ ᠲᠠᠢ᠃ ᠪᠦᠲᠦᠨ ᠪᠤᠶᠤ ᠳᠣᠯᠭᠢᠶᠠᠯᠢᠭ ᠬᠥᠪᠡᠭᠡ ᠲᠡᠢ᠃ ᠨᠠᠪᠴᠢᠨ ᠤ᠋ ᠪᠠᠷᠢᠭᠤᠯ ᠨᠢ ᠮᠢᠬᠠᠯᠢᠭ ᠪᠦᠳᠦᠭᠦᠨ᠃ ᠴᠡᠴᠡᠭ ᠦ᠋ᠨ ᠡᠰᠢ ᠨᠢ ᠬᠥᠷᠥᠰᠥᠨ ᠳᠣᠣᠷᠠᠬᠢ ᠲᠥᠮᠥᠰᠥᠯᠢᠭ ᠡᠰᠢ ᠡᠴᠡ ᠪᠡᠨ ᠰᠢᠭᠤᠳ ᠤᠷᠭᠤᠨ᠎ᠠ᠃ ᠭᠤᠯᠳᠤ ᠪᠣᠷᠣ ᠲᠣᠯᠪᠣ ᠪᠣᠯᠤᠨ ᠠᠷᠲᠠᠢ᠃ ᠲᠦᠷᠦᠭᠦᠪᠴᠢ ᠶ᠋ᠢᠨ ᠤᠭ ᠨᠢ ᠪᠣᠷᠣ᠂ ᠬᠣᠭᠣᠯᠠᠢ ᠬᠡᠯᠪᠡᠷᠢ ᠲᠡᠢ᠂ 6cm ᠤᠷᠲᠤ᠂ ᠳᠡᠭᠡᠷ᠎ᠡ ᠬᠡᠰᠡᠭ ᠦ᠋ᠨ ᠢᠯᠲᠠᠰᠤ ᠨᠢ ᠥᠨᠳᠡᠭᠡᠯᠵᠢᠨ᠂ 15cm ᠤᠷᠲᠤ᠂ ᠮᠢᠬᠠᠯᠢᠭ ᠲᠦᠷᠦᠭᠦᠦ ᠬᠡᠯᠪᠡᠷᠢᠲᠦ ᠪᠠᠭ ᠴᠡᠴᠡᠭ ᠨᠢ ᠲᠦᠷᠦᠭᠦᠪᠴᠢ ᠳᠣᠲᠣᠷ᠎ᠠ ᠪᠠᠨ ᠤᠷᠭᠤᠨ᠎ᠠ᠂14cm ᠤᠷᠲᠤ᠃ ᠡᠮ᠎ᠡ ᠴᠡᠴᠡᠭ ᠨᠢ ᠪᠠᠭ ᠴᠡᠴᠡᠭ ᠦ᠋ᠨ ᠤᠭ ᠤ᠋ᠨ ᠬᠡᠰᠡᠭ ᠲᠤ᠌ ᠢᠬᠴᠤ ᠳᠡᠯᠭᠡᠷᠡᠵᠦ᠂ ᠡᠷ᠎ᠡ ᠴᠡᠴᠡᠭ ᠨᠢ ᠪᠠᠭ ᠴᠡᠴᠡᠭ ᠦ᠋ᠨ ᠳᠡᠭᠡᠷ᠎ᠡ ᠬᠡᠰᠡᠭ ᠲᠦ᠍ ᠳᠡᠯᠭᠡᠷᠡᠨ᠎ᠡ᠃ ᠡᠷ᠎ᠡ ᠡᠮ᠎ᠡ ᠪᠠᠭ ᠴᠡᠴᠡᠭ ᠦ᠋ᠨ ᠬᠣᠭᠣᠷᠣᠨᠳᠣᠬᠢ 2.5cm ᠤᠷᠲᠤ ᠬᠡᠰᠡᠭ ᠲᠤᠨᠢ ᠬᠥᠭᠵᠢᠯ ᠦᠭᠡᠢ ᠰᠠᠭᠠᠷᠮᠠᠭ ᠴᠡᠴᠡᠭ ᠳᠡᠯᠭᠡᠷᠡᠳᠡᠭ᠃ ᠪᠠᠭ ᠴᠡᠴᠡᠭ ᠦ᠋ᠨ ᠲᠡᠩᠭᠡᠯᠢᠭ ᠦ᠋ᠨ ᠣᠷᠣᠢ ᠨᠢ ᠰᠤᠨᠵᠤ ᠣᠷᠭᠣᠭᠠᠳ ᠨᠢᠭᠡ ᠰᠢᠳᠡᠮ ᠬᠡᠯᠪᠡᠷᠢᠲᠦ ᠳᠠᠭᠠᠯᠳᠤᠪᠤᠷᠢ ᠪᠣᠯᠳᠠᠭ᠃ ᠰᠢᠭᠦᠰᠦᠯᠢᠭ ᠵᠢᠮᠢᠰ ᠨᠢ ᠪᠠᠷᠤᠭ 1cm ᠤᠷᠲᠤ᠃ 6~8 ᠳ᠋ᠤᠭᠠᠷ ᠰᠠᠷ᠎ᠠ ᠳ᠋ᠤ᠌ ᠴᠡᠴᠡᠭᠯᠡᠵᠦ᠂ 7~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠭᠣᠣ ᠵᠢᠯᠠᠭ᠎ᠠ ᠶ᠋ᠢᠨ ᠰᠡᠭᠦᠳᠡᠷᠯᠢᠭ ᠴᠢᠭᠢᠭᠲᠡᠢ ᠭᠠᠵᠠᠷ ᠪᠤᠶᠤ ᠠᠭᠤᠯᠠ ᠶ᠋ᠢᠨ ᠬᠣᠷᠮᠣᠢ ᠶ᠋ᠢᠨ ᠭᠣᠣ ᠶ᠋ᠢᠨ ᠤᠰᠤᠨ ᠠ᠋ᠴᠠ ᠣᠢᠷ᠎ᠠ ᠭᠠᠵᠠᠷ ᠲᠤ᠌ ᠤᠷᠭᠤᠨ᠎ᠠ᠃ ᠾᠧᠪᠧᠢ᠂ ᠱᠠᠨᠳᠦ᠋ᠩ᠂ ᠱᠠᠨ ᠰᠢ᠂ ᠱᠠᠨᠰᠢ᠂ ᠭᠠᠨᠰᠦ᠂ ᠨᠢᠩᠰᠢᠶᠠ᠂ ᠰᠧᠴᠤᠸᠠᠨ᠂ ᠭᠦᠢᠵᠧᠦ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠲᠥᠮᠥᠰᠥᠯᠢᠭ ᠡᠰᠢ ᠶ᠋ᠢ ᠨᠢ ᠮᠠᠯᠲᠠᠨ ᠠᠪᠴᠤ ᠰᠠᠬᠠᠯ ᠦᠨᠳᠦᠰᠦ ᠪᠠ ᠬᠠᠯᠢᠰᠤ ᠶ᠋ᠢ ᠨᠢ ᠠᠷᠢᠯᠭᠠᠨ ᠬᠠᠶᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ᠂ ᠬᠥᠩᠭᠡᠨ ᠡᠷᠳᠡᠮ ᠲᠡᠢ; ᠬᠣᠣᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠬᠣᠣᠷ ᠤ᠋ᠨ ᠬᠠᠯᠠᠭᠤᠨ᠂ ᠨᠢᠶᠠᠨ ᠬᠠᠯᠠᠭᠤᠨ᠂ ᠬᠢᠵᠢᠭ ᠲᠠᠭᠰᠢᠭᠤᠷ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

ᠬᠢᠲᠠᠳ ᠨᠡᠷ᠎ᠡ᠄白附子(独角莲)
ᠠᠩᠭ᠌ᠯᠢ ᠨᠡᠷ᠎ᠡ᠄Typhoniium giganteum Engl.

    ᠦᠰᠦᠭ ᠠᠮᠢᠯᠠᠭᠤᠯᠤᠭᠴᠢ᠄ ᠡᠷᠳᠡᠨᠢᠭᠤᠸ᠎ᠠ
    ᠬᠢᠨᠠᠭᠴᠢ᠄ ᠤᠷᠠᠨᠴᠢᠮᠡᠭ