ᠤᠷᠠᠨᠳᠦ᠋ᠰᠢ ᠶᠢᠨ ᠳᠣᠮᠣᠭ (ᠭᠤᠷᠪᠠ)– ᠭᠠᠰᠢᠸ᠎ᠠ Урандүшийн домог(3) – Гашваа ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠠᠨᠳᠦ᠋ᠰᠢ ᠶᠢᠨ ᠳᠣᠮᠣᠭ (ᠭᠤᠷᠪᠠ)– ᠭᠠᠰᠢᠸ᠎ᠠ Урандүшийн домог(3) – Гашваа

ᠤᠷᠠᠨᠳᠦ᠋ᠰᠢ ᠶᠢᠨ ᠳᠣᠮᠣᠭ (ᠭᠤᠷᠪᠠ)– ᠭᠠᠰᠢᠸ᠎ᠠ Урандүшийн домог(3) – Гашваа

2025-02-26

573

ᠤᠷᠠᠨᠳᠦ᠋ᠰᠢ ᠶᠢᠨ ᠳᠣᠮᠣᠭ (ᠭᠤᠷᠪᠠ)


                  ᠭᠤᠷᠪᠠ   

       ᠰᠥᠨᠢ ᠶᠠᠮᠠᠷ ᠴᠤ᠌ ᠬᠥᠮᠦᠨ ᠠᠮᠢᠲᠠᠨ ᠤ᠋ ᠠᠨᠢᠷ ᠴᠢᠮᠡᠭᠡ ᠦᠭᠡᠢ ᠨᠠᠮ ᠨᠠᠮᠵᠢᠭᠤᠨ᠂ ᠰᠦᠮ᠎ᠡ ᠶ᠋ᠢᠨ ᠬᠣᠨᠣᠭ ᠵᠤᠯᠠ ᠴᠣᠩᠬᠣᠨ ᠤ᠋ ᠳᠣᠲᠣᠷ᠎ᠠ ᠠ᠋ᠴᠠ ᠬᠡᠷᠡᠯᠳᠦᠬᠦ ᠶ᠋ᠢ ᠭᠠᠷᠭᠠᠪᠠᠯ ᠣᠷᠴᠢᠨ ᠲᠣᠭᠣᠷᠢᠨ ᠬᠠᠪ ᠬᠠᠷᠠᠩᠭᠤᠢ᠂ ᠬᠠᠶᠠ ᠨᠢᠭᠡ ᠠᠭᠤᠯᠠᠨ ᠳ᠋ᠤ᠌ ᠢᠳᠡᠰᠢᠯᠡᠭᠰᠡᠨ ᠢᠮᠠᠭ᠎ᠠ ᠢᠰᠢᠭᠡ ᠶ᠋ᠢᠨ ᠬᠠᠷᠢᠯᠴᠠᠨ ᠡᠷᠢᠯᠴᠡᠵᠦ ᠮᠠᠢᠯᠠᠬᠤ ᠳᠠᠭᠤ ᠪᠦᠦᠷ ᠲᠦᠦᠷ ᠰᠣᠨᠣᠰᠳᠠᠨ᠎ᠠ᠃ ᠰᠡᠨᠡᠭ ᠰᠡᠨᠡᠭ ᠠᠭᠤᠯᠠᠨ ᠵᠠᠪᠰᠠᠷ ᠤ᠋ᠨ ᠰᠡᠷᠢᠭᠦᠨ ᠰᠠᠯᠬᠢ ᠬᠠᠮᠢᠭ᠎ᠠ ᠨᠢᠭᠡ ᠵᠦᠭ ᠡᠴᠡ ᠰᠡᠡᠭᠭᠡᠰ ᠭᠡᠵᠦ ᠨᠠᠮᠵᠢᠭᠤᠨ ᠠᠬᠤᠢ ᠶ᠋ᠢᠨ ᠪᠦᠪᠡᠢᠯᠡᠭᠡ ᠨᠣᠢᠷ ᠢ᠋ ᠳᠠᠭᠤᠳᠠᠵᠤ ᠡᠬᠢᠯᠡᠪᠡ᠃ ᠳᠠᠷᠠᠭ᠎ᠠ ᠥᠷᠯᠥᠭᠡ ᠨᠢ ᠬᠣᠩᠬᠣ ᠶ᠋ᠢᠨ ᠳᠠᠭᠤᠨ ᠢ᠋ᠶ᠋ᠠᠷ ᠰᠡᠷᠡᠭᠰᠡᠨ ᠮᠡᠲᠦ ᠪᠦᠭᠦᠳᠡᠭᠡᠷ ᠢ᠋ᠶ᠋ᠡᠨ ᠳᠥᠷᠪᠡᠨ ᠴᠠᠭ ᠲᠤ᠌ ᠪᠣᠰᠴᠤ ᠨᠢᠭᠤᠷ ᠭᠠᠷ ᠢ᠋ᠶ᠋ᠠᠨ ᠤᠬᠢᠶᠠᠵᠤ ᠴᠠᠢ ᠴᠦᠢ ᠪᠡᠨ ᠤᠤᠭᠤᠵᠤ ᠠᠪᠤᠭᠠᠳ ᠲᠠᠪᠤᠨ ᠴᠠᠭ ᠪᠣᠯᠬᠤ ᠲᠠᠢ ᠵᠡᠷᠭᠡ ᠤᠷᠠᠨᠳᠥ᠋ᠰᠢ ᠶ᠋ᠢ ᠴᠢᠭᠯᠡᠪᠡ᠃ ᠪᠤ᠂ ᠵ ᠬᠣᠶᠠᠷ ᠠᠪᠤᠭᠠᠢ ᠶ᠋ᠢᠨ ᠬᠡᠯᠡᠬᠦ ᠪᠡᠷ ᠤᠷᠠᠨᠳᠥ᠋ᠰᠢ ᠶ᠋ᠢ ᠳᠠᠪᠠᠬᠤ ᠳ᠋ᠤ᠌ ᠥᠷᠯᠥᠭᠡ ᠶ᠋ᠢᠨ ᠰᠡᠷᠢᠭᠦᠨ ᠳᠡᠭᠡᠷ᠎ᠡ ᠠᠮᠵᠢᠵᠤ ᠵᠠᠮ ᠢ᠋ᠶ᠋ᠠᠨ ᠠᠬᠢᠭᠤᠯᠬᠤ ᠦᠭᠡᠢ ᠳ᠋ᠦ᠍ ᠬᠦᠷᠪᠡᠯ ᠲᠡᠭᠡᠭᠡᠰᠢ ᠶᠠᠪᠤᠬᠤ ᠳᠣᠳᠣᠮ ᠵᠠᠮ ᠨᠢ ᠡᠭᠴᠡ ᠪᠣᠯᠵᠤ ᠬᠥᠮᠦᠨ ᠨᠢ ᠶᠠᠳᠠᠷᠠᠬᠤ ᠲᠠᠢ᠂ ᠳᠡᠭᠡᠷ᠎ᠡ ᠡᠴᠡ ᠨᠢ ᠨᠠᠷᠠ ᠰᠢᠷᠠᠭᠠᠳ ᠳᠠᠪᠠᠵᠤ ᠭᠠᠷᠬᠤ ᠳ᠋ᠤ᠌ ᠬᠦᠴᠢᠷ ᠪᠠᠢᠳᠠᠭ ᠶᠤᠮ ᠭᠡᠪᠡ᠃ ᠮᠠᠨᠤᠰ ᠲᠠᠪᠤᠨ ᠴᠠᠭ ᠭᠠᠷᠤᠢ ᠳ᠋ᠤ᠌ ᠬᠦᠷᠬᠦ ᠭᠠᠵᠠᠷ ᠲᠤ᠌ ᠪᠠᠨ ᠣᠴᠢᠪᠠᠯ ᠵᠠᠮ ᠦᠵᠡᠭᠳᠡᠬᠦ ᠦᠵᠡᠭᠳᠡᠬᠦᠢ ᠶ᠋ᠢᠨ ᠬᠣᠭᠣᠷᠣᠨᠳᠣ ᠪᠠᠢᠵᠤ ᠳ᠋ᠢᠶᠠᠨ ᠭᠣᠣᠯ ᠤ᠋ᠨ ᠬᠥᠨᠳᠡᠢ ᠶ᠋ᠢ ᠲᠤᠭᠤᠯᠵᠤ ᠭᠠᠷᠤᠭᠠᠳ ᠠᠭᠤᠯᠠ ᠶ᠋ᠢᠨ ᠳᠣᠣᠷ᠎ᠠ ᠣᠴᠢᠵᠤ ᠲᠡᠭᠡᠭᠡᠰᠢ ᠬᠠᠷᠠᠪᠠᠯ ᠤᠷᠠᠨᠳᠥ᠋ᠰᠢ ᠠᠭᠤᠯᠠ ᠲᠡᠭᠷᠢ ᠶ᠋ᠢᠨ ᠬᠠᠶᠠᠭᠠᠨ ᠳ᠋ᠤ᠌ ᠰᠦᠨᠳᠡᠷᠯᠡᠨ᠎ᠡ᠃ ᠢᠯᠡᠢ! ᠶᠠᠮᠠᠷ ᠦᠢᠯᠡᠷ ᠲᠡᠢ ᠶᠦᠮ ᠪᠣᠢ᠂ ᠬᠠᠷ᠎ᠠ ᠥᠷᠯᠥᠭᠡᠭᠦᠷ ᠬᠠᠢᠷᠠᠨ ᠪᠡᠶ᠎ᠡ ᠪᠡᠨ ᠵᠣᠪᠠᠭᠠᠵᠤ ᠡᠢᠮᠦ ᠥᠨᠳᠥᠷ ᠠᠭᠤᠯᠠ ᠶ᠋ᠢ ᠳᠠᠪᠠᠨ᠎ᠠ ᠭᠡᠵᠦ ᠪᠣᠳᠣᠭᠰᠠᠭᠠᠷ ᠯᠠ ᠵᠣᠷᠢᠭ ᠮᠣᠬᠣᠵᠤ ᠡᠷᠭᠢᠵᠦ ᠪᠤᠴᠠᠮᠠᠷ ᠪᠣᠳᠣᠭᠳᠠᠨ᠎ᠠ᠃ ᠡᠨᠡ ᠦᠶ᠎ᠡ ᠳ᠋ᠦ᠍ ᠮᠢᠩᠭ᠎ᠠ ᠶᠢᠰᠦᠨ ᠵᠠᠭᠤ ᠶᠡᠷᠡᠨ ᠵᠢᠷᠭᠤᠭᠠᠨ ᠤ᠋ ᠳ᠋ᠤ᠌ ᠬᠤᠸᠠ ᠱᠠᠨ ᠠᠭᠤᠯᠠᠨ ᠤ᠋ ᠲᠡᠢᠮᠦ ᠥᠨᠳᠥᠷ ᠠᠶᠤᠯ ᠪᠠᠷᠲᠠᠭ᠎ᠠ ᠲᠠᠢ ᠵᠠᠮ ᠢ᠋ᠶ᠋ᠠᠷ ᠪᠦᠲᠦᠨ ᠰᠥᠨᠢ ᠶᠠᠪᠤᠵᠤ ᠦᠦᠷ ᠴᠠᠢᠬᠤ ᠳ᠋ᠤ᠌ ᠠᠭᠤᠯᠠᠨ ᠣᠷᠣᠢ ᠳ᠋ᠤ᠌ ᠭᠠᠷᠤᠭᠰᠠᠨ ᠢ᠋ᠶ᠋ᠠᠨ ᠪᠣᠳᠣᠬᠤ ᠳ᠋ᠤ᠌ ᠳᠠᠪᠠᠵᠤ ᠳᠡᠢᠯᠬᠦ ᠦᠭᠡᠢ ᠳᠠᠪᠠᠭ᠎ᠠ ᠭᠡᠵᠦ ᠪᠠᠢᠬᠤ ᠦᠭᠡᠢ ᠭᠡᠰᠡᠨ ᠢᠲᠡᠭᠡᠯ ᠵᠣᠷᠢᠭ ᠢ᠋ᠶ᠋ᠠᠷ ᠶᠠᠪᠤᠵᠤ ᠪᠠᠢᠭᠠᠳ ᠮᠡᠳᠡᠶ᠎ᠡ ᠭᠡᠳ ᠯᠡ ᠬᠠᠳᠠ ᠴᠢᠯᠠᠭᠤ ᠣᠪᠣᠭᠠᠷᠠᠭᠰᠠᠨ ᠨᠠᠯᠠᠤ ᠬᠥᠲᠥᠯ ᠦ᠋ᠨ ᠳᠤᠮᠳᠠᠭᠤᠷ ᠦᠯᠦ ᠮᠡᠳᠡᠭᠳᠡᠮ᠎ᠡ ᠨᠠᠷᠢᠬᠠᠨ ᠵᠥᠷᠢᠭ ᠢ᠋ᠶ᠋ᠡᠷ ᠮᠠᠴᠤᠪᠠ᠃ ᠵᠠᠮ ᠶᠠᠪᠤᠬᠤ ᠳᠣᠳᠣᠮ ᠡᠭᠴᠡ ᠪᠣᠯᠵᠤ ᠪᠠᠷᠲᠠᠭ᠎ᠠ ᠠᠷᠪᠢᠳᠴᠤ ᠳᠣᠷᠣᠭᠰᠢ ᠪᠠᠨ ᠬᠠᠷᠠᠪᠠᠯ ᠲᠣᠯᠣᠭᠠᠢ ᠡᠷᠭᠢᠵᠦ ᠠᠢᠳᠠᠰᠤ ᠬᠦᠷᠭᠡᠨ᠎ᠡ᠃ ᠲᠡᠮᠡᠭᠡᠨ ᠴᠤᠪᠤᠭ᠎ᠠ ᠮᠡᠲᠦ ᠬᠣᠢᠨ᠎ᠠ ᠬᠣᠢᠨ᠎ᠠ ᠠ᠋ᠴᠠ ᠮᠥᠷ ᠮᠥᠷ ᠳᠡᠭᠡᠷ᠎ᠡ ᠪᠡᠨ ᠭᠢᠰᠬᠢᠵᠦ ᠶᠠᠪᠤᠵᠤ ᠪᠠᠢᠭᠰᠠᠨ ᠬᠥᠮᠦᠰ ᠨᠢᠭᠡ ᠮᠡᠳᠡᠬᠦ ᠳ᠋ᠦ᠍ ᠲᠠᠰᠤᠷᠠᠵᠤ ᠭᠡᠭᠡᠭᠳᠡᠭᠡᠳ ᠵᠠᠷᠢᠮ ᠨᠢ ᠠᠭᠤᠯᠠ ᠶ᠋ᠢᠨ ᠬᠣᠷᠮᠣᠢ ᠳ᠋ᠤ᠌ ᠪᠤᠴᠠᠵᠤ᠂ ᠵᠠᠷᠢᠮ ᠨᠢ ᠵᠠᠮ ᠤ᠋ᠨ ᠬᠠᠭᠠᠰ ᠲᠤ᠌ ᠠᠮᠠᠷᠠᠵᠤ ᠰᠠᠭᠤᠭᠠᠳ ᠬᠠᠮᠢᠭᠠᠰᠢ ᠶᠠᠪᠤᠬᠤ ᠪᠠᠨ ᠪᠣᠳᠣᠵᠤ ᠡᠭᠡᠳᠡᠷᠡᠨ᠎ᠡ᠃ ᠡᠮᠦᠨ᠎ᠡ ᠨᠢ ᠮᠥᠷᠯᠡᠵᠦ ᠶᠠᠪᠤᠭᠰᠠᠨ ᠭᠤᠷᠪᠠ ᠨᠢ ᠰᠠᠯᠤᠯ ᠦᠭᠡᠢ ᠲᠠᠭᠠᠯᠴᠠᠵᠤ ᠲᠡᠩᠬᠡᠭᠡ ᠮᠡᠳᠡᠨ ᠬᠥᠯ ᠢ᠋ᠶ᠋ᠡᠨ ᠨᠢᠭᠡ ᠨᠢᠭᠡ ᠪᠡᠷ ᠵᠥᠭᠡᠭᠡᠭᠰᠡᠭᠡᠷ ᠨᠠᠢ᠍ᠮᠠᠨ ᠴᠠᠭ ᠬᠠᠭᠠᠰ ᠤ᠋ᠨ ᠦᠶ᠎ᠡ ᠪᠡᠷ ᠠᠭᠤᠯᠠ ᠶ᠋ᠢᠨ ᠴᠠᠭᠠᠨ᠎ᠠ ᠠ᠋ᠴᠠ ᠪᠦᠯᠲᠡᠢᠵᠦ ᠭᠠᠷᠤᠮᠠᠷ ᠪᠠᠢᠭ᠎ᠠ ᠨᠠᠷᠠ ᠲᠠᠢ ᠴᠠᠭ ᠪᠤᠯᠢᠶᠠᠯᠳᠤᠨ ᠭᠠᠵᠠᠷ ᠤ᠋ᠨ ᠲᠦᠪᠰᠢᠨ ᠡᠴᠡ ᠬᠣᠶᠠᠷ ᠮᠢᠩᠭᠠᠨ ᠬᠣᠶᠠᠷ ᠵᠠᠭᠤ ᠢᠯᠡᠭᠦᠦ ᠮᠧᠲ᠋ᠷ ᠡᠷᠭᠦᠭᠳᠡᠭᠰᠡᠨ 《ᠣᠷᠳᠣᠰ ᠤ᠋ᠨ ᠨᠢᠭᠡᠳᠦᠭᠡᠷ ᠥᠨᠳᠥᠷ ᠣᠷᠭᠢᠯ》 ᠭᠡᠰᠡᠨ ᠶᠦᠨ ᠹᠧᠩ ᠦ᠋ᠨ ᠪᠢᠴᠢᠭᠡᠰᠦᠨ ᠳᠡᠷᠭᠡᠳᠡ ᠬᠦᠷᠦᠯ᠎ᠡ᠃ ᠪᠣᠳᠣᠭᠰᠠᠨ ᠠ᠋ᠴᠠ ᠦᠵᠡᠭᠰᠡᠨ ᠭᠡᠳᠡᠭ ᠢ᠋ᠶ᠋ᠡᠷ ᠣᠵᠣᠭᠣᠷ ᠠ᠋ᠴᠠ ᠨᠡᠷ᠎ᠡ ᠠᠯᠳᠠᠷᠰᠢᠭᠰᠠᠨ ᠤᠷᠠᠨᠳᠥ᠋ᠰᠢ ᠭᠡᠭᠴᠢ ᠡᠢᠮᠦ ᠭᠠᠵᠠᠷ ᠪᠠᠢᠭᠰᠠᠨ ᠤ᠋ᠤ !  ᠬᠣᠢᠰᠢ ᠤᠷᠤᠭᠰᠢ ᠮᠢᠩᠭᠠᠭᠠᠳ ᠮᠧᠲ᠋ᠷ ᠣᠷᠴᠢᠮ ᠤ᠋ᠨ ᠤᠷᠲᠤ᠂ ᠵᠡᠭᠦᠨᠰᠢ ᠪᠠᠷᠠᠭᠤᠨᠰᠢ ᠪᠠᠷᠤᠭ ᠭᠤᠷᠪᠠᠨ ᠵᠠᠭᠤ ᠰᠢᠬᠠᠮ ᠮᠧᠲ᠋ᠷ ᠦ᠋ᠨ ᠥᠷᠭᠡᠨ᠂ ᠨᠢᠭᠡ ᠪᠠᠷᠢᠮᠵᠢᠶᠠᠲᠤ ᠲᠠᠮᠢᠷ ᠤ᠋ᠨ ᠲᠠᠯᠠᠪᠤᠷ ᠪᠣᠯᠴᠢᠬᠠᠮᠠᠷ ᠲᠡᠭᠰᠢᠬᠡᠨ ᠵᠦᠯᠭᠡᠰᠢᠭᠰᠡᠨ ᠣᠷᠣᠢ ᠪᠠᠢᠯ᠎ᠠ᠃  ᠡᠨᠡ ᠭᠦ᠋ ᠡᠷᠭᠢᠨ ᠲᠣᠭᠣᠷᠢᠨ ᠠ᠋ᠴᠠ ᠪᠠᠨ ᠣᠨᠴᠠ ᠰᠤᠭᠤᠷᠠᠵᠤ ᠠᠯᠤᠰ ᠤ᠋ᠨ ᠬᠠᠷᠠᠭ᠎ᠠ ᠪᠣᠯᠤᠭᠰᠠᠨ ᠭᠠᠢᠬᠠᠮᠰᠢᠭᠲᠤ ᠥᠨᠳᠥᠷᠯᠢᠭ ᠳᠡᠭᠡᠷ᠎ᠡ ᠴᠢᠭᠢᠭ ᠠᠡᠭᠭᠢᠭᠤᠯᠤᠭᠰᠠᠨ ᠡᠮᠦᠨ᠎ᠡ ᠵᠦᠭ ᠡᠴᠡ ᠢᠰᠬᠡᠷᠬᠦ ᠥᠷᠯᠥᠭᠡ ᠶ᠋ᠢᠨ ᠵᠥᠭᠡᠯᠡᠨ ᠰᠠᠯᠬᠢ ᠴᠢᠷᠠᠢ ᠨᠢᠭᠤᠷ ᠴᠢᠬᠢ ᠬᠤᠯᠤᠭᠤ ᠶ᠋ᠢ ᠢᠯᠪᠢᠵᠦ ᠴᠡᠭᠡᠵᠢ ᠳᠠᠯᠠᠨ ᠠᠮᠢᠰᠬᠤᠭ᠎ᠠ ᠴᠢᠬᠤᠯᠳᠠᠭᠤᠯᠤᠨ᠎ᠠ᠃ ᠡᠳᠦᠷ ᠢ᠋ᠶ᠋ᠡᠷ ᠬᠠᠰᠢᠶᠠᠯᠠᠵᠤ ᠦᠳᠡᠰᠢ ᠪᠡᠯᠴᠢᠭᠡᠷᠯᠡᠭᠦᠯᠬᠦ ᠣᠳᠣ ᠴᠠᠭ ᠤ᠋ᠨ ᠥᠩᠭᠡ ᠳᠠᠭᠠᠭᠰᠠᠨ ᠵᠢᠮ᠎ᠡ ᠬᠠᠤᠯᠢ ᠲᠠᠢ ᠨᠠᠮᠤᠷ ᠤ᠋ᠨ ᠲᠣᠰᠣᠨ ᠲᠠᠷᠭᠤ ᠳ᠋ᠤ᠌ ᠪᠠᠨ ᠳᠦᠭᠦᠷᠡᠩ ᠮᠠᠯ ᠤ᠋ᠳ ᠠᠭᠤᠯᠠᠨ ᠣᠷᠣᠢ ᠳ᠋ᠤ᠌ ᠱᠠᠬᠠᠢ ᠨᠤᠭᠳᠠᠯᠠᠨ ᠰᠢᠯᠪᠢ ᠣᠷᠢᠶᠠᠮᠠᠷ ᠪᠠᠭᠰᠢᠷᠠᠵᠤ ᠤᠷᠭᠤᠭᠰᠠᠨ ᠡᠪᠡᠰᠦᠨ ᠳᠤᠮᠳᠠ ᠳᠠᠷᠬᠠᠨ ᠲᠠᠭᠠᠲᠠᠢ ᠰᠠᠢᠬᠠᠨ ᠢᠳᠡᠰᠢᠯᠡᠵᠦ ᠪᠠᠢᠭᠰᠠᠨ ᠢ᠋ᠶ᠋ᠠᠨ ᠨᠠᠷᠠ ᠳᠡᠭᠡᠭᠰᠢᠯᠡᠬᠦ ᠶ᠋ᠢ ᠳᠠᠭᠠᠭᠠᠳ ᠵᠠᠷᠯᠢᠭ ᠬᠦᠯᠢᠶᠡᠭᠰᠡᠨ ᠰᠢᠨᠵᠢ ᠲᠡᠢ ᠪᠦᠳᠦᠭᠦᠨ ᠭᠡᠳᠡᠰᠦ ᠪᠡᠨ ᠴᠤᠯᠳᠡᠢᠯᠭᠠᠨ ᠰᠢᠡᠭᠨᠡᠢᠯᠴᠠᠵᠤ ᠬᠠᠶᠠ ᠨᠢᠭᠡ ᠠᠮᠲᠠ ᠰᠢᠮᠳᠠ ᠲᠠᠢ ᠨᠢᠯᠬ᠎ᠠ ᠵᠥᠭᠡᠯᠡᠨ ᠡᠪᠡᠰᠦᠨ ᠡᠴᠡ ᠨᠢ ᠨᠢᠭᠡ ᠬᠣᠶᠠᠷ ᠬᠠᠵᠠᠯᠠᠨ ᠠᠯᠭᠤᠷ ᠠᠭᠠᠵᠢᠮ ᠠᠭᠤᠯᠠᠨ ᠬᠢᠷ᠎ᠠ ᠶ᠋ᠢᠨ ᠨᠠᠷᠢᠨ ᠵᠥᠷᠢᠭ ᠢ᠋ᠶ᠋ᠡᠷ ᠭᠡᠷ ᠤᠷᠤᠭᠤ ᠪᠠᠨ ᠳᠤᠷ᠎ᠠ ᠲᠠᠢ ᠳᠤᠷ᠎ᠠ ᠦᠭᠡᠢ ᠴᠥᠮᠴᠡᠷᠡᠨ᠎ᠡ᠃ ᠢᠮᠠᠭᠠᠳ ᠤ᠋ᠨ ᠳᠤᠮᠳᠠ ᠵᠡᠭᠦᠭᠳᠡᠭᠰᠡᠨ ᠪᠣᠷᠣ ᠬᠠᠷ᠎ᠠ ᠨᠢᠳᠦ ᠴᠢᠬᠢ ᠲᠡᠢ ᠰᠢᠨᠳᠠᠰᠤ ᠰᠠᠢᠲᠠᠢ ᠣᠷᠣᠨ ᠨᠤᠲᠤᠭ ᠤ᠋ᠨ ᠶᠡᠬᠡ ᠰᠡᠭᠦᠯᠲᠦ ᠬᠣᠨᠢᠳ ᠲᠡᠷᠲᠡᠭᠡ ᠡᠴᠡ ᠠᠮᠠ ᠳᠦᠭᠦᠷᠡᠩ ᠡᠪᠡᠰᠦ ᠵᠠᠵᠢᠯᠤᠭᠰᠠᠭᠠᠷ ᠮᠠᠨᠤᠰ ᠢ᠋ ᠰᠡᠵᠢᠭ ᠲᠠᠢ ᠨᠢᠳᠦ ᠪᠡᠷ ᠴᠢᠷᠮᠡᠯ ᠦᠭᠡᠢ ᠠᠵᠢᠵᠤ ᠠᠪᠤᠭᠠᠳ ᠪᠤᠰᠢᠭᠤᠬᠠᠨ ᠡᠷᠭᠢᠵᠦ ᠢᠮᠠᠭᠠᠳ ᠤ᠋ᠨ ᠬᠣᠢᠨ᠎ᠠ ᠠ᠋ᠴᠠ ᠰᠡᠭᠦᠯ ᠵᠠᠯᠭᠠᠨ᠎ᠠ᠃ ᠣᠷᠣᠢ ᠶ᠋ᠢᠨ ᠳᠤᠮᠳᠠ ᠰᠢᠬᠠᠵᠤ ᠳᠤᠭᠤᠢ ᠬᠡᠯᠪᠡᠷᠢ ᠶ᠋ᠢᠨ ᠬᠣᠶᠠᠷ ᠳᠠᠪᠬᠤᠷ ᠢᠨᠳᠡᠷ ᠲᠡᠢ ᠬᠠᠳᠠ ᠪᠠᠷ ᠥᠷᠥᠵᠦ ᠪᠣᠰᠬᠠᠭᠰᠠᠨ ᠤᠷᠠᠨᠳᠥ᠋ᠰᠢ ᠣᠪᠣᠭ᠎ᠠ ᠬᠣᠲᠠᠯᠠ ᠲᠦᠮᠡᠨ ᠦ᠌ ᠪᠤᠶᠠᠨ ᠬᠡᠰᠢᠭ ᠢ᠋ ᠬᠤᠷᠤᠢᠯᠠᠨ ᠳᠠᠭᠤᠳᠠᠵᠤ ᠬᠣᠣᠰ ᠦᠭᠡᠢ ᠲᠠᠢᠪᠤᠭᠤ ᠬᠠᠷᠠᠭᠳᠠᠨ᠎ᠠ᠃ ᠣᠪᠣᠭ᠎ᠠ ᠶ᠋ᠢᠨ ᠡᠮᠦᠨ᠎ᠡ ᠲᠠᠯ᠎ᠠ ᠳ᠋ᠤ᠌ ᠪᠣᠰᠬᠠᠵᠤ ᠲᠠᠯᠪᠢᠭᠰᠠᠨ ᠬᠠᠳᠠᠨ ᠪᠢᠴᠢᠭ ᠦ᠋ᠨ ᠲᠠᠢᠯᠪᠤᠷᠢ ᠠ᠋ᠴᠠ ᠦᠵᠡᠪᠡᠯ᠂ ᠲᠤᠰ ᠣᠪᠣᠭ᠎ᠠ ᠲᠡᠭᠷᠢ ᠲᠠᠬᠢᠯᠭ᠎ᠠ᠂ ᠰᠠᠬᠢᠭᠤᠯᠰᠤᠨ ᠲᠠᠬᠢᠯᠭ᠎ᠠ ᠪᠣᠯᠤᠨ ᠰᠦᠯᠳᠡ ᠲᠠᠬᠢᠯᠭ᠎ᠠ ᠶ᠋ᠢ ᠨᠢᠭᠡᠨ ᠴᠣᠭᠴᠠ ᠪᠣᠯᠭᠠᠭᠰᠠᠨ ᠥᠪᠡᠷᠮᠢᠴᠡ ᠣᠨᠴᠠᠯᠢᠭ ᠪᠦᠬᠦᠢ ᠮᠣᠩᠭᠣᠯ ᠬᠠᠭᠠᠨᠲᠤ ᠲᠥᠷᠥ ᠶ᠋ᠢᠨ ᠦᠶ᠎ᠡ ᠳ᠋ᠦ᠍ ᠪᠠᠢᠭᠤᠯᠤᠭᠳᠠᠭᠰᠠᠨ ᠮᠣᠩᠭᠣᠯ ᠦᠨᠳᠦᠰᠦᠲᠡᠨ ᠦ᠌ ᠡᠷᠲᠡᠨ ᠦ᠌ ᠶᠡᠬᠡ ᠦᠢᠯᠡ ᠶ᠋ᠢ ᠬᠠᠳᠠᠭᠠᠯᠠᠵᠤ ᠢᠷᠡᠭᠰᠡᠨ ᠣᠪᠣᠭ᠎ᠠ ᠭᠡᠨ᠎ᠡ᠃  ᠶᠤᠸᠠᠨ ᠤᠯᠤᠰ ᠤ᠋ᠨ ᠡᠬᠢᠨ ᠦ᠌ ᠦᠶ᠎ᠡ ᠳ᠋ᠦ᠍ ᠱᠢᠽᠦ ᠬᠠᠭᠠᠨ ᠬᠤᠪᠢᠯᠠᠢ ᠶ᠋ᠢᠨ ᠭᠤᠲᠠᠭᠠᠷ ᠬᠥᠪᠡᠭᠦᠨ ᠠᠨ ᠰᠢ ᠸᠠᠩ ᠮᠠᠡᠭᠭᠡᠯᠠ ᠡᠷᠬᠢᠯᠡᠨ ᠳᠠᠬᠢᠵᠤ ᠪᠠᠢᠵᠠᠢ᠃ ᠤᠮᠠᠷᠠᠲᠤ ᠶᠤᠸᠠᠨ ᠤᠯᠤᠰ ᠤ᠋ᠨ ᠦᠶ᠎ᠡ ᠳ᠋ᠦ᠍ ᠪᠠᠳᠥᠮᠥᠡᠡᠭᠭᠡ ᠲᠡᠶᠠᠨ ᠬᠠᠭᠠᠨ ᠤ᠋ ᠵᠢᠴᠢ ᠬᠥᠪᠡᠭᠦᠨ ᠪᠠᠢᠰᠡᠡᠭᠬᠤᠷ ᠨᠣᠶᠠᠨ ᠪᠣᠯᠤᠨ ᠲᠡᠭᠦᠨ ᠦ᠌ ᠬᠤᠢᠴᠢᠰ ᠡᠷᠬᠢᠯᠡᠨ ᠳᠠᠬᠢᠵᠤ ᠪᠠᠢᠵᠠᠢ᠃ ᠴᠢᠩ ᠤᠯᠤᠰ ᠤ᠋ᠨ ᠦᠶ᠎ᠡ ᠳ᠋ᠦ᠍ ᠣᠷᠳᠣᠰ ᠤ᠋ᠨ ᠪᠠᠷᠠᠭᠤᠨ ᠭᠠᠷ ᠤ᠋ᠨ ᠳᠤᠮᠳᠠᠳᠤ ᠬᠤᠰᠢᠭᠤᠨ ᠤ᠋ ᠵᠠᠰᠠᠭ ᠤ᠋ᠨ ᠡᠷᠬᠢᠯᠡᠨ ᠳᠠᠭᠢᠬᠤ ᠠᠷᠪᠠᠨ ᠭᠤᠷᠪᠠᠨ ᠠᠯᠲᠠᠨ ᠣᠪᠣᠭ᠎ᠠ ᠶ᠋ᠢᠨ ᠨᠢᠭᠡ ᠪᠣᠯᠵᠤ᠂ ᠢᠷᠭᠡᠨ ᠤᠯᠤᠰ ᠤ᠋ᠨ ᠦᠶ᠎ᠡ ᠳ᠋ᠦ᠍ ᠦᠷᠭᠦᠯᠵᠢᠯᠡᠨ ᠳᠠᠬᠢᠭᠰᠠᠭᠠᠷ ᠡᠳᠦᠭᠡ ᠦᠶ᠎ᠡ ᠬᠦᠷᠲᠡᠯ᠎ᠡ ᠤᠯᠠᠮᠵᠢᠯᠠᠭᠳᠠᠵᠠᠢ᠃  ᠤᠷᠠᠨᠳᠥ᠋ᠰᠢ ᠣᠪᠣᠭ᠎ᠠ ᠳᠥᠷᠪᠡᠨ ᠴᠠᠭ ᠤ᠋ᠨ ᠲᠠᠬᠢᠯᠭ᠎ᠠ ᠪᠣᠯᠤᠨ ᠳᠡᠯᠭᠡᠷᠡᠩᠭᠦᠢ ᠶᠡᠬᠡ ᠲᠠᠬᠢᠯᠭ᠎ᠠ ᠲᠠᠢ᠂ ᠣᠪᠣᠭᠠᠨ ᠤ᠋ ᠳᠠᠭᠠᠭᠠᠮᠠᠯ ᠵᠡᠷᠭᠡ ᠲᠤᠰᠢᠶᠠᠯᠲᠠᠨ ᠢ᠋ ᠬᠣᠰᠢᠭᠤ ᠶᠠᠮᠤᠨ ᠠ᠋ᠴᠠ ᠲᠣᠮᠢᠯᠠᠳᠠᠭ᠃ ᠲᠡᠦᠬᠡᠨ ᠳᠡᠭᠡᠷ᠎ᠡ  ᠠᠷᠪᠠᠰ ᠤ᠋ᠨ ᠠᠭᠤᠯᠠᠨ ᠤ᠋ ᠲᠣᠭᠣᠷᠢᠨ ᠳ᠋ᠤ᠌ ᠬᠢ ᠳᠥᠷᠪᠡᠨ ᠰᠤᠮᠤ ᠲᠠᠬᠢᠯᠭ᠎ᠠ ᠶ᠋ᠢᠨ ᠥᠳᠬᠡ ᠰᠤᠭ ᠢ᠋ ᠬᠠᠷᠢᠭᠤᠴᠠᠨ ᠪᠡᠯᠡᠳᠬᠡᠵᠦ ᠵᠢᠯ ᠪᠦᠷᠢ ᠶ᠋ᠢᠨ ᠪᠢᠯᠢᠭ ᠦ᠋ᠨ ᠤᠯᠠᠷᠢᠯ ᠤ᠋ᠨ ᠲᠠᠪᠤᠨ ᠰᠠᠷ᠎ᠠ ᠶ᠋ᠢᠨ ᠠᠷᠪᠠᠨ ᠭᠤᠷᠪᠠᠨ ᠤ᠋ ᠡᠳᠦᠷ ᠳᠡᠯᠭᠡᠷᠡᠩᠭᠦᠢ ᠶᠡᠬᠡ ᠠᠯᠪᠠᠨ ᠲᠠᠬᠢᠯᠭ᠎ᠠ ᠬᠢᠵᠦ ᠬᠤᠷ᠎ᠠ ᠪᠣᠷᠣᠭᠠᠨ ᠲᠡᠭᠰᠢ ᠡᠶᠡᠷᠪᠡᠭᠦᠤ᠂ ᠠᠳᠤᠭᠤ ᠮᠠᠯ ᠥᠨᠢᠷ ᠪᠠᠶᠠᠨ ᠠᠵᠤ ᠠᠮᠢᠳᠤᠷᠠᠯ ᠵᠣᠯ ᠵᠢᠷᠭᠠᠯ ᠲᠠᠢ᠂ ᠠᠯᠢᠪᠠ ᠬᠡᠷᠡᠭ ᠰᠡᠳᠬᠢᠯᠴᠢᠯᠡᠨ ᠪᠦᠲᠦᠬᠦ ᠶ᠋ᠢ ᠬᠦᠰᠡᠨ ᠳᠠᠭᠠᠳᠬᠠᠳᠠᠭ ᠪᠠᠢᠨ᠎ᠠ᠃ ᠤᠷᠠᠨᠳᠥ᠋ᠰᠢ ᠣᠪᠣᠭ᠎ᠠ ᠠᠤᠭ᠎ᠠ ᠶᠡᠬᠡ ᠲᠡᠦᠬᠡᠲᠦ ᠣᠪᠣᠭ᠎ᠠ ᠪᠣᠯᠬᠤ ᠪᠠᠷ ᠪᠠᠷᠠᠬᠤ ᠦᠭᠡᠢ ᠣᠪᠣᠭᠠᠨ ᠤ᠋ ᠲᠤᠬᠠᠢ ᠰᠣᠨᠢᠨ ᠰᠠᠢᠬᠠᠨ ᠦᠯᠢᠭᠡᠷ ᠳᠣᠮᠣᠭ ᠲᠠᠢ ᠭᠡᠳᠡᠭ ᠢ᠋ ᠤᠷᠢᠳᠤ ᠰᠥᠨᠢ ᠶ᠋ᠢᠨ ᠬᠣᠶᠠᠷ ᠨᠠᠢᠵᠠ ᠶ᠋ᠢᠨ ᠵᠣᠭᠣᠭᠳᠠᠬᠤ ᠠ᠋ᠴᠠ ᠠᠨᠳᠠᠯ ᠦᠭᠡᠢ ᠠᠩᠬᠠᠷᠴᠤ ᠰᠣᠨᠣᠰᠤᠭᠰᠠᠨ ᠶᠤᠮ᠃ ᠦᠯᠢᠭᠡᠷ ᠳᠣᠮᠣᠭ ᠲᠤ᠂ ᠲᠤᠰ ᠣᠪᠣᠭ᠎ᠠ ᠶ᠋ᠢ ᠵᠢᠷᠦᠬᠡᠨ ᠭᠡᠭᠡᠨ ᠦ᠌ ᠳᠡᠭᠡᠳᠦ ᠦᠶ᠎ᠡ ᠳ᠋ᠦ᠍ ᠡᠨᠡ ᠣᠷᠣᠢ ᠶ᠋ᠢᠨ ᠪᠠᠷᠠᠭᠤᠨ ᠢᠷᠮᠡᠭ ᠲᠦ᠍ ᠪᠤᠰᠬᠠᠵᠤ ᠳᠠᠬᠢᠭᠰᠠᠨ ᠭᠡᠨ᠎ᠡ᠃ ᠢᠡᠭᠭᠢᠭᠦ ᠪᠡᠷ ᠲᠡᠷᠡ ᠵᠢᠯ ᠦ᠋ᠨ ᠬᠤᠷ᠎ᠠ ᠪᠣᠷᠣᠭᠠᠨ ᠪᠦᠷ ᠨᠢᠩᠰᠢᠶᠠ ᠶ᠋ᠢᠨ ᠭᠠᠵᠠᠷ ᠲᠤ᠌ ᠣᠷᠣᠵᠤ ᠭᠡᠨ᠎ᠡ᠃  ᠳᠠᠷᠠᠭ᠎ᠠ ᠵᠢᠯ ᠨᠢ ᠣᠪᠣᠭ᠎ᠠ ᠪᠠᠨ ᠵᠡᠭᠦᠨ ᠬᠠᠨ᠎ᠠ ᠶ᠋ᠢᠨ ᠢᠷᠮᠡᠭ ᠲᠦ᠍ ᠰᠢᠯᠵᠢᠭᠦᠯᠵᠦ ᠳᠠᠬᠢᠭᠰᠠᠨ ᠳ᠋ᠤ᠌ ᠲᠡᠷᠡ ᠵᠢᠯ ᠦ᠋ᠨ ᠪᠣᠷᠣᠭᠠᠨ ᠪᠦᠷ ᠬᠠᠩᠭᠢᠨ ᠨᠤᠲᠤᠭ ᠲᠤ᠌ ᠣᠷᠣᠭᠰᠠᠨ ᠭᠡᠨ᠎ᠡ᠃ ᠰᠡᠭᠦᠯᠡᠷ ᠨᠢ ᠣᠪᠣᠭ᠎ᠠ ᠪᠠᠨ ᠬᠣᠢᠰᠢ ᠰᠢᠯᠵᠢᠭᠦᠯᠦᠨ ᠳᠠᠬᠢᠭᠰᠠᠨ ᠳ᠋ᠤ᠌ ᠬᠤᠷ᠎ᠠ ᠲᠤᠨᠳᠠᠰᠤ ᠪᠦᠷ ᠠᠯᠠᠱᠠ ᠶ᠋ᠢᠨ ᠨᠤᠲᠤᠭ ᠲᠤ᠌ ᠪᠠᠭᠤᠵᠤ ᠭᠡᠨ᠎ᠡ᠃  ᠠᠷᠭ᠎ᠠ ᠳᠡᠭᠳᠡᠬᠦ ᠳ᠋ᠦ᠍ ᠪᠡᠨ ᠠᠳᠠᠭ ᠰᠡᠭᠦᠯ ᠳ᠋ᠦ᠍ ᠨᠢ ᠣᠪᠣᠭ᠎ᠠ ᠶ᠋ᠢᠨ ᠠᠷᠤ ᠢᠷᠣᠭᠠᠷ ᠢ᠋ᠶ᠋ᠠᠷ ᠳᠡᠯ ᠪᠠᠷᠢᠵᠤ (ᠬᠠᠳᠠ ᠪᠠᠷ ᠪᠣᠰᠬᠠᠭᠰᠠᠨ) ᠬᠠᠯᠬᠠᠯᠠᠭᠰᠠᠨ ᠠ᠋ᠴᠠ ᠨᠤᠲᠤᠭ ᠲᠤ᠌ ᠨᠢ ᠬᠤᠷ᠎ᠠ ᠪᠣᠷᠣᠭᠠᠨ ᠣᠷᠣᠵᠤ ᠪᠡᠯᠴᠢᠭᠡᠷ ᠤᠰᠤ ᠰᠠᠢᠵᠢᠷᠠᠨ ᠠᠳᠤᠭᠤ ᠮᠠᠯ ᠥᠨᠢᠷ ᠥᠰᠴᠦ ᠳᠥᠷᠪᠡᠨ ᠥᠨᠳᠥᠷ ᠦ᠋ᠨ ᠰᠢᠯᠢ ᠥᠩᠰᠢᠭ ᠰᠠᠢᠬᠠᠨ ᠨᠣᠮᠢᠨ ᠨᠣᠭᠣᠭᠠᠨ ᠪᠡᠯᠴᠢᠭᠡᠷ ᠪᠣᠯᠤᠨ ᠲᠡᠷᠯᠡᠵᠦ ᠡᠨᠳᠡᠬᠢ ᠶ᠋ᠢᠨ ᠮᠣᠩᠭᠣᠯᠴᠤᠳ ᠲᠠᠩᠰᠤᠭ ᠪᠠᠶᠠᠨ ᠠᠵᠤ ᠠᠮᠢᠳᠤᠷᠠᠯ ᠢ᠋ ᠡᠳ᠋ᠯᠡᠬᠦ ᠪᠣᠯᠤᠭᠰᠠᠨ ᠠ᠋ᠴᠠ ᠦᠶ᠎ᠡ ᠤᠯᠠᠷᠢᠨ ᠵᠢᠯ ᠪᠣᠯᠭᠠᠨ ᠤ᠋ ᠣᠷᠳᠣᠰ ᠲᠣᠭᠠᠯᠠᠯ ᠤ᠋ᠨ ᠨᠠᠢ᠍ᠮᠠᠨ ᠰᠠᠷ᠎ᠠ ᠶ᠋ᠢᠨ ᠠᠷᠪᠠᠨ ᠭᠤᠷᠪᠠᠨ ᠳ᠋ᠤ᠌ ᠣᠪᠣᠭ᠎ᠠ ᠪᠠᠨ ᠨᠡᠯᠦᠭᠡᠷ ᠶᠡᠬᠡ ᠪᠡᠷ ᠳᠠᠬᠢᠵᠤ ᠪᠠᠶᠠᠷᠯᠠᠯᠳᠤᠨ ᠨᠠᠷᠭᠢᠬᠤ ᠪᠣᠯᠤᠭᠰᠠᠨ ᠶᠤᠮ᠃  ᠤᠷᠠᠨᠳᠥ᠋ᠰᠢ ᠣᠪᠣᠭ᠎ᠠ ᠥᠨᠳᠥᠷᠯᠢᠭ ᠦ᠋ᠨ ᠣᠷᠣᠢ ᠳ᠋ᠤ᠌ ᠪᠠᠢᠳᠠᠭ ᠢ᠋ᠶ᠋ᠠᠷ ᠣᠯᠠᠨ ᠳᠠᠭᠢᠯᠭᠠᠴᠤᠳ ᠡᠮᠦᠨ᠎ᠡ ᠬᠡᠳᠦᠨ ᠡᠳᠦᠷ ᠡᠴᠡ ᠡᠬᠢᠯᠡᠵᠦ ᠲᠠᠬᠢᠯᠭ᠎ᠠ ᠶ᠋ᠢᠨ ᠶᠠᠭᠤᠮ᠎ᠠ ᠬᠤᠮ᠎ᠡ᠂ ᠮᠠᠢᠬᠠᠨ ᠣᠷᠣ ᠳᠡᠯᠭᠡᠰᠢ᠂ ᠬᠦᠨᠡᠰᠦ ᠬᠦᠴᠦ᠂ ᠤᠰᠤ ᠲᠦᠯᠡᠭᠡ ᠬᠦᠷᠲᠡᠯ᠎ᠡ ᠳᠣᠣᠷ᠎ᠠ ᠠ᠋ᠴᠠ ᠲᠡᠭᠡᠭᠡᠰᠢ ᠡᠯᠵᠢᠭᠡ ᠮᠣᠷᠢ ᠠᠴᠢᠶᠠᠯᠠᠬᠤ ᠪᠤᠶᠤ ᠬᠥᠮᠦᠨ ᠢ᠋ᠶ᠋ᠡᠷ ᠡᠭᠦᠷᠴᠦ ᠭᠠᠷᠳᠠᠭ ᠭᠡᠨ᠎ᠡ᠃ ᠣᠪᠣᠭᠠᠨ ᠲᠠᠬᠢᠯᠭ᠎ᠠ ᠳ᠋ᠤ᠌ ᠤᠤᠯ ᠠ᠋ᠴᠠ ᠡᠮᠡᠭᠲᠡᠢ ᠬᠥᠮᠦᠨ ᠢ᠋ ᠣᠷᠣᠯᠴᠠᠭᠤᠯᠳᠠᠭ ᠦᠭᠡᠢ ᠡᠴᠡ ᠲᠠᠬᠢᠯᠭ᠎ᠠ ᠶ᠋ᠢᠨ ᠡᠳᠦᠷ ᠡᠷᠡᠭᠲᠡᠢᠴᠦᠳ ᠣᠪᠣᠭ᠎ᠠ ᠪᠠᠨ ᠳᠠᠭᠢᠬᠤ ᠳ᠋ᠤ᠌᠂ ᠡᠮᠡᠭᠲᠡᠢᠴᠦᠳ ᠠᠭᠤᠯᠠᠨ ᠤ᠋ ᠤᠷᠢᠳᠤ ᠥᠯᠥᠭᠡᠢ ᠳ᠋ᠦ᠍ ᠲᠤᠰᠬᠠᠢ ᠡᠮᠡᠭᠲᠡᠢ ᠬᠥᠮᠦᠨ ᠳᠠᠬᠢᠳᠠᠭ《ᠬᠠᠲᠤᠨ ᠣᠪᠣᠭ᠎ᠠ》 ᠪᠠᠨ ᠳᠠᠬᠢᠳᠠᠭ ᠪᠠᠢᠨ᠎ᠠ᠃ ᠣᠪᠣᠭᠠᠨ ᠲᠠᠬᠢᠯᠭ᠎ᠠ ᠪᠠᠷᠠᠭᠰᠠᠨ ᠤ᠋ ᠳᠠᠷᠠᠭ᠎ᠠ ᠣᠪᠣᠭᠠᠨ ᠬᠡᠢ ᠮᠣᠷᠢ᠂ ᠰᠦᠷ ᠰᠦᠯᠳᠡ ᠪᠡᠨ ᠪᠠᠳᠠᠷᠠᠭᠤᠯᠵᠤ ᠭᠦᠶᠦᠭᠡ ᠮᠣᠷᠢᠨ ᠤ᠋ ᠤᠷᠤᠯᠳᠤᠭᠠᠨ ᠪᠣᠯᠳᠠᠭ ᠪᠠᠢᠵᠠᠢ᠃  ᠨᠢᠭᠡ ᠵᠢᠯ ᠦ᠋ᠨ ᠲᠠᠬᠢᠯᠭ᠎ᠠ ᠳᠡᠭᠡᠷ᠎ᠡ ᠮᠣᠷᠢᠨ ᠤᠷᠤᠯᠳᠤᠭᠠᠨ ᠬᠢᠵᠦ ᠪᠠᠢᠲᠠᠯ᠎ᠠ ᠨᠢᠭᠡ ᠭᠠᠯᠵᠠᠭᠤ ᠵᠠᠩ ᠲᠠᠢ ᠮᠣᠷᠢ ᠨᠢ ᠠᠮᠠᠭᠠᠢ ᠪᠠᠨ ᠵᠠᠭᠤᠵᠤ ᠤᠨᠤᠭᠰᠠᠨ ᠡᠵᠡᠨ ᠦ᠌ ᠪᠡᠨ ᠳᠤᠷ᠎ᠠ ᠪᠠᠷ ᠪᠣᠯᠬᠤ ᠦᠭᠡᠢ ᠪᠤᠷᠤᠭᠤ ᠲᠠᠢᠰᠢ ᠪᠠᠨ ᠵᠦᠭ ᠵᠢᠯᠣᠭᠣ ᠦᠭᠡᠢ ᠤᠷᠤᠯᠳᠤᠵᠤ ᠭᠦᠶᠦᠭᠰᠡᠨ ᠬᠦᠴᠦᠨ ᠳ᠋ᠦ᠍ ᠪᠡᠨ ᠬᠥᠯ ᠠᠯᠳᠠᠵᠤ ᠵᠡᠭᠦᠨ ᠲᠠᠯ᠎ᠠ ᠶ᠋ᠢᠨ ᠠᠰᠬ᠎ᠠ ᠬᠠᠳᠠ ᠤᠷᠤᠭᠤ ᠬᠥᠮᠦᠨ ᠮᠣᠷᠢ ᠲᠠᠢ ᠪᠠᠨ ᠨᠢᠰᠴᠦ ᠭᠠᠩᠭᠠᠨ ᠤ᠋ ᠬᠠᠭᠠᠰ ᠳᠤᠮᠳᠠ ᠰᠠᠯᠪᠤᠷᠢᠯᠠᠨ ᠱᠤᠷᠤᠢᠭᠰᠠᠨ ᠬᠠᠳᠠᠨ ᠠᠩ ᠳᠤ ᠳᠡᠭᠦᠵᠢᠯᠡᠭᠳᠡᠭᠡᠳ ᠠᠮᠢ ᠲᠠᠯᠪᠢᠭᠰᠠᠨ ᠭᠡᠨ᠎ᠡ᠃ ᠬᠥᠮᠦᠨ ᠨᠢ ᠴᠣᠬᠣᠮ ᠬᠠᠮᠢᠭᠠᠰᠢ ᠪᠠᠨ ᠰᠠᠪᠠᠭᠳᠠᠨ ᠣᠷᠣᠭᠰᠠᠨ ᠢ᠋ ᠪᠤᠤ ᠮᠡᠳᠡ᠃ ᠮᠣᠷᠢᠨ ᠤ᠋ ᠦᠬᠦᠳᠡᠯ ᠨᠢ ᠣᠷᠣᠢ ᠪᠣᠯᠲᠠᠯ᠎ᠠ ᠬᠠᠳᠠᠨ ᠡᠡᠡᠭ ᠳᠤ ᠳᠡᠭᠦᠵᠢᠯᠡᠭᠳᠡᠵᠦ ᠪᠠᠢᠬᠤ ᠶ᠋ᠢ ᠣᠢᠷ᠎ᠠ ᠣᠷᠴᠢᠮ ᠤ᠋ᠨ ᠮᠠᠯ ᠤ᠋ᠨ ᠬᠥᠮᠦᠰ ᠪᠤᠶᠤ ᠡᠡᠡᠭ ᠬᠦᠷᠦᠭᠡ ᠬᠢᠳᠡᠭ ᠬᠥᠮᠦᠰ ᠦᠷᠭᠦᠯᠵᠢ ᠦᠵᠡᠳᠡᠭ ᠪᠠᠢᠭᠰᠠᠨ ᠢ᠋ᠶ᠋ᠠᠨ ᠡᠳᠦᠷ ᠬᠣᠨᠣᠭ ᠤ᠋ᠨ ᠥᠩᠭᠡᠷᠡᠬᠦ ᠶ᠋ᠢ ᠳᠠᠭᠠᠯᠳᠤᠨ ᠡᠯᠢᠶ᠎ᠡ ᠰᠢᠪᠠᠭᠤ ᠲᠠᠮᠲᠤᠷᠠᠨ ᠨᠠᠷᠠ ᠰᠠᠯᠬᠢᠨ ᠳ᠋ᠤ᠌ ᠢᠯᠵᠢᠷᠡᠵᠦ ᠰᠢᠯᠪᠤᠷᠠᠭᠠᠳ ᠠᠶᠠᠨᠳᠠᠭᠠᠨ ᠠᠭᠤᠯᠠᠨ ᠵᠡᠪᠡ ᠶ᠋ᠢᠨ ᠬᠣᠭ ᠪᠣᠯᠵᠠᠢ᠃  ᠬᠣᠵᠢᠮ ᠨᠢ᠂ ᠲᠡᠷᠡ ᠬᠥᠮᠦᠨ ᠮᠣᠷᠢ ᠲᠠᠢ ᠪᠠᠨ ᠣᠷᠣᠭᠰᠠᠨ ᠭᠠᠩᠭᠠᠨ ᠠᠮᠠᠨ ᠳᠡᠭᠡᠷ᠎ᠡ ᠨᠢᠭᠡ ᠲᠠᠪᠠᠭ ᠭᠦᠢᠯᠡᠰᠦᠨ ᠮᠣᠳᠣ ᠤᠷᠭᠤᠵᠤ ᠵᠢᠯ ᠦ᠋ᠨ ᠳᠥᠷᠪᠡᠨ ᠤᠯᠠᠷᠢᠯ ᠳ᠋ᠤ᠌ ᠬᠥᠮᠦᠨ ᠮᠠᠯ ᠢ᠋ ᠠᠶᠤᠯ ᠠ᠋ᠴᠠ ᠰᠡᠷᠭᠡᠢᠯᠡᠵᠦ ᠥᠨᠥᠳᠥᠷ ᠪᠣᠯᠤᠭᠰᠠᠨ ᠨᠢ ᠮᠥᠨ ᠴᠤ᠌ ᠨᠢᠭᠡᠨ ᠭᠠᠢᠬᠠᠮᠰᠢᠭ ᠭᠡᠵᠦ ᠬᠡᠯᠡᠵᠦ ᠪᠣᠯᠤᠨ᠎ᠠ᠃ ᠲᠡᠷᠡ ᠤᠳᠠᠭ᠎ᠠ ᠶ᠋ᠢᠨ ᠬᠥᠮᠦᠰ ᠦ᠋ᠨ ᠵᠢᠷᠦᠬᠡ ᠶ᠋ᠢ ᠰᠤᠭᠤᠯᠵᠤ ᠰᠥᠰᠥ ᠶ᠋ᠢ ᠬᠠᠭᠠᠯᠤᠮ᠎ᠠ ᠭᠡᠨᠡᠨ ᠤᠴᠢᠷ ᠠ᠋ᠴᠠ ᠪᠣᠯᠵᠤ ᠳᠠᠬᠢᠵᠤ ᠤᠷᠠᠨᠳᠥ᠋ᠰᠢ ᠣᠪᠣᠭᠠᠨ ᠲᠠᠬᠢᠯᠭ᠎ᠠ ᠳᠡᠭᠡᠷ᠎ᠡ ᠮᠣᠷᠢᠨ ᠤᠷᠤᠯᠳᠤᠭᠠᠨ ᠬᠢᠬᠦ ᠪᠡᠨ ᠵᠣᠭᠰᠣᠭᠰᠠᠨ ᠪᠠᠢᠨ᠎ᠠ᠃  ᠲᠡᠷᠡ ᠦᠶ᠎ᠡ ᠳ᠋ᠦ᠍ ᠵᠢᠯ ᠵᠢᠯ ᠦ᠋ᠨ ᠣᠪᠣᠭᠠᠨ ᠲᠠᠬᠢᠯᠭ᠎ᠠ ᠳᠡᠭᠡᠷ᠎ᠡ ᠬᠣᠰᠢᠭᠤ ᠵᠠᠰᠠᠭ ᠨᠣᠶᠠᠨ ᠪᠡᠶ᠎ᠡ ᠪᠡᠷ ᠢ᠋ᠶ᠋ᠡᠨ ᠵᠠᠯᠠᠷᠠᠵᠤ ᠰᠠᠭᠠᠲᠠᠳᠠᠭ ᠪᠠᠢᠵᠠᠢ᠃ 
       ᠨᠢᠭᠡ ᠵᠢᠯ ᠦ᠋ᠨ ᠲᠠᠬᠢᠯᠭ᠎ᠠ ᠳᠡᠭᠡᠷ᠎ᠡ ᠲᠡᠭᠷᠢ ᠬᠠᠯᠠᠭᠤᠨ ᠬᠥᠮᠦᠨ ᠵᠤᠵᠠᠭᠠᠨ ᠤᠰᠤ ᠤᠮᠳᠠ ᠬᠦᠷᠦᠯᠴᠡᠬᠦ ᠦᠭᠡᠢ ᠡᠴᠡ ᠪᠣᠯᠵᠤ ᠣᠯᠠᠨ ᠳᠠᠭᠢᠯᠭᠠᠴᠤᠳ ᠴᠠᠩᠭᠠᠵᠤ ᠬᠠᠳᠠᠮᠠᠷ ᠪᠠᠢᠬᠤ ᠳ᠋ᠤ᠌ ᠤᠤᠭᠠᠯ ᠣᠲᠣᠭ ᠨᠣᠶᠠᠨ ᠠ᠋ᠴᠠ 《ᠬᠥᠮᠦᠨ ᠦ᠌ ᠲᠣᠯᠣᠭᠠᠢ ᠳ᠋ᠤ᠌ ᠴᠢᠰᠤ ᠲᠠᠢ ᠠᠭᠤᠯᠠ ᠶ᠋ᠢᠨ ᠣᠷᠣᠢ ᠳ᠋ᠤ᠌ ᠤᠰᠤ ᠲᠠᠢ》ᠭᠡᠵᠦ ᠵᠠᠷᠯᠢᠭ ᠪᠣᠯᠵᠤ ᠣᠪᠣᠭᠠᠨ ᠤ᠋ ᠬᠠᠵᠠᠭᠤ ᠳ᠋ᠤ᠌ ᠬᠤᠳᠳᠤᠭ ᠮᠠᠯᠲᠠᠭᠤᠯᠵᠠᠢ᠃  ᠬᠡᠳᠦᠨ ᠰᠠᠢᠨ ᠡᠷ᠎ᠡ ᠬᠣᠶᠠᠷ ᠭᠤᠷᠪᠠᠨ ᠲᠣᠬᠣᠢ ᠭᠦᠨ ᠮᠠᠯᠲᠠᠭᠠᠳ ᠤᠰᠤ ᠭᠠᠷᠬᠤ ᠦᠭᠡᠢ ᠶ᠋ᠢ ᠮᠡᠳᠡᠵᠦ ᠮᠠᠯᠲᠠᠭᠰᠠᠨ ᠨᠦᠬᠡ ᠤᠷᠤᠭᠤ ᠪᠠᠨ ᠳᠠᠭᠢᠯᠭᠠᠴᠤᠳ ᠤ᠋ᠨ ᠡᠭᠦᠷᠴᠦ ᠠᠪᠴᠢᠷᠠᠭᠰᠠᠨ ᠤᠰᠤᠨ ᠠ᠋ᠴᠠ ᠬᠡᠳᠦᠨ ᠲᠤᠯᠤᠮ ᠬᠢᠵᠦ ᠳᠡᠭᠡᠷ᠎ᠡ ᠡᠴᠡ ᠪᠡᠨ ᠴᠠᠭᠠᠨ ᠨᠠᠭᠤᠷ ᠤ᠋ᠨ ᠱᠣᠷᠪᠣᠭ ᠬᠤᠵᠢᠷ ᠢ᠋ ᠬᠢᠭᠡᠳ ᠨᠣᠶᠠᠨ ᠳ᠋ᠤ᠌ ᠨᠢᠭᠡ ᠠᠶᠠᠭ᠎ᠠ ᠪᠠᠷᠢᠭᠰᠠᠨ ᠭᠡᠨ᠎ᠡ᠃  ᠨᠣᠶᠠᠨ ᠠᠮᠰᠠᠮᠠᠭᠴᠠ ᠪᠠᠨ ᠨᠢᠳᠦ ᠪᠡᠨ ᠲᠠᠭ ᠠᠨᠢᠵᠤ ᠬᠡᠯᠡ ᠪᠡᠨ ᠪᠠᠯᠲᠠᠢᠯᠭᠠᠨ ᠫᠦᠢ!  ᠡᠨᠡ ᠶᠠᠮᠠᠷ ᠮᠠᠭᠤᠬᠠᠢ ᠱᠣᠷᠪᠣᠭ ᠤᠰᠤ ᠪᠣᠢ᠂ ᠬᠥᠮᠦᠨ ᠠᠮᠢᠲᠠᠨ ᠶᠠᠭᠠᠬᠢᠵᠤ ᠤᠤᠭᠤᠬᠤ ᠪᠣᠢ ᠬᠤᠷᠳᠤᠨ ᠪᠤᠯᠠᠵᠤ ᠬᠠᠶᠠ ᠭᠡᠰᠡᠨ ᠤᠴᠢᠷ ᠪᠣᠯᠵᠤ ᠭᠡᠨ᠎ᠡ᠃ 
       ᠤᠷᠠᠨᠳᠥ᠋ᠰᠢ ᠠᠭᠤᠯᠠ ᠭᠠᠵᠠᠷ ᠤ᠋ᠨ ᠵᠢᠷᠦᠬᠡ ᠪᠣᠯᠤᠭᠰᠠᠨ ᠬᠤᠪᠢ ᠳ᠋ᠤ᠌ ᠠᠭᠤᠳᠠᠮ ᠬᠣᠷᠸ᠎ᠠ ᠥᠨᠢᠷ ᠪᠠᠢᠭᠠᠯᠢ ᠶ᠋ᠢᠨ ᠡᠯᠢᠭᠡᠨ ᠳ᠋ᠦ᠍ ᠥᠨᠳᠥᠷ ᠰᠦᠷᠯᠢᠭ ᠢ᠋ᠶ᠋ᠡᠷ ᠢ᠋ᠶ᠋ᠡᠨ ᠥᠭᠡᠷ᠎ᠡ ᠪᠤᠰᠤᠳ ᠠ᠋ᠴᠠ ᠪᠠᠨ ᠢᠯᠡᠭᠦᠳᠡᠵᠦ᠂ ᠭᠠᠨᠳᠠᠷᠢ ᠠᠭᠤᠯᠠᠨ ᠪᠠᠷ᠎ᠠ ᠲᠠᠢ᠂ ᠬᠠᠲᠤᠨ ᠭᠣᠣᠯ ᠤ᠋ᠨ ᠤᠮᠳᠠ ᠲᠠᠢ᠂ ᠤᠷᠢᠳᠤ ᠶ᠋ᠢᠨ ᠬᠥᠮᠦᠰ ᠮᠥᠷ ᠢ᠋ᠶ᠋ᠡᠨ ᠦᠯᠡᠳᠡᠭᠡᠵᠦ᠂ ᠦᠯᠢᠭᠡᠷ ᠳᠣᠮᠣᠭ ᠤ᠋ᠨ ᠭᠣᠯᠣᠮᠲᠠ ᠪᠣᠯᠤᠭᠰᠠᠨ ᠣᠷᠳᠣᠰ ᠤ᠋ᠨ ᠨᠢᠭᠡᠳᠦᠭᠡᠷ ᠥᠨᠳᠥᠷ ᠣᠷᠭᠢᠯ ᠪᠣᠯᠤᠨ ᠰᠡᠬᠦᠢᠵᠦ᠂ ᠲᠡᠨᠢᠭᠡᠷ ᠠᠭᠤᠳᠠᠮ ᠳᠥᠷᠪᠡᠨ ᠥᠨᠳᠥᠷ ᠦ᠋ᠨ ᠰᠢᠯᠢ ᠶ᠋ᠢᠨ ᠡᠬᠢᠨ ᠳ᠋ᠦ᠍ ᠥᠪᠡᠷᠮᠢᠴᠡ ᠭᠣᠶᠣ ᠪᠠᠢᠷᠢ ᠪᠠᠷ ᠢ᠋ᠶ᠋ᠠᠨ ᠦᠶ᠎ᠡ ᠶ᠋ᠢᠨ ᠦᠶ᠎ᠡ ᠪᠡᠷ ᠮᠣᠩᠭᠣᠯ ᠨᠤᠲᠤᠭ ᠤ᠋ᠨ ᠲᠡᠦᠬᠡ ᠰᠣᠶᠣᠯ ᠤ᠋ᠨ ᠥᠯᠥᠭᠡᠢ ᠪᠣᠯᠵᠤ᠂ ᠪᠠᠢᠭᠠᠯᠢ ᠠᠬᠤᠢ ᠶ᠋ᠢᠨ ᠡᠬᠢ ᠰᠠᠭᠤᠷᠢ ᠪᠣᠯᠤᠨ ᠲᠤᠯᠭᠠᠭᠤᠷᠢᠯᠠᠨ᠎ᠠ᠃  
       ᠡᠨᠳᠡ ᠬᠦᠷᠦᠭᠡᠳ ᠮᠠᠨ ᠤ᠋ ᠠᠶᠠᠯᠠᠯ ᠬᠠᠮᠤᠭ ᠰᠡᠭᠦᠯ ᠦ᠋ᠨ ᠤᠯᠠᠭ᠎ᠠ ᠥᠷᠲᠡᠭᠡ ᠳ᠋ᠦ᠍ ᠪᠡᠨ ᠬᠦᠷᠴᠦ ᠵᠣᠷᠢᠭᠰᠠᠨ ᠵᠣᠷᠢᠯᠭ᠎ᠠ ᠰᠠᠨᠠᠭᠰᠠᠨ ᠪᠣᠳᠣᠭᠰᠠᠨ ᠪᠦᠬᠦᠨ ᠢ᠋ ᠪᠡᠶᠡᠯᠡᠭᠦᠯᠵᠦ ᠵᠠᠮ ᠤ᠋ᠨ ᠬᠦᠵᠦᠭᠦᠦ ᠪᠡᠨ ᠠᠬᠤᠷᠴᠢᠯᠠᠬᠤ ᠪᠠᠷ᠂ ᠵᠡᠭᠦᠳᠦᠨ ᠳ᠋ᠦ᠍ ᠪᠠᠢᠭᠰᠠᠨ ᠬᠦᠰᠡᠯ ᠵᠢᠷᠦᠬᠡᠨ ᠳ᠋ᠦ᠍ ᠰᠢᠩᠭᠡᠭᠰᠡᠨ ᠵᠢᠷᠤᠭ ᠪᠣᠯᠵᠤ ᠳᠠᠭᠠᠭᠠᠳ ᠳᠠᠭᠠᠭᠠᠳ ᠬᠣᠢᠨ᠎ᠠ ᠨᠢ ᠬᠣᠴᠣᠷᠤᠭᠰᠠᠨ ᠠᠷᠪᠠᠰ ᠤ᠋ᠨ ᠠᠭᠤᠯᠠ ᠳ᠋ᠠᠭᠠᠨ ᠪᠠᠶᠠᠰᠤᠭᠰᠠᠨ ᠪᠢᠳᠡᠨ ᠦ᠌ ᠰᠡᠳᠬᠢᠯ ᠦ᠋ᠨ ᠬᠣᠯᠪᠣᠭᠠᠰᠤ ᠪᠣᠯᠵᠤ ᠬᠣᠴᠣᠷᠤᠯ᠎ᠠ᠃