ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷГураван настай гунаган улаан баатар Гураван настай гунаган улаан баатар
ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ ᠣᠷᠣᠰᠢᠯ
ᠠᠷᠠᠳ ᠤ᠋ᠨ ᠠᠮᠠᠨ ᠵᠣᠬᠢᠶᠠᠯ ᠢ᠋ ᠪᠢ ᠬᠠᠷᠠᠬᠠᠨ ᠪᠠᠭ᠎ᠠ ᠠ᠋ᠴᠠ ᠪᠠᠨ ᠰᠣᠨᠣᠰᠴᠤ ᠪᠠᠢᠭᠰᠠᠨ ᠪᠥᠭᠡᠳ ᠲᠡᠷᠡ ᠦᠶ᠎ᠡ ᠡᠴᠡ ᠪᠡᠨ ᠠᠪᠤᠭᠠᠳ ᠡᠭᠦᠨ ᠳ᠋ᠦ᠍ ᠶᠡᠬᠡ ᠯᠡ ᠳᠤᠷᠠᠲᠠᠢ ᠪᠠᠢᠭᠰᠠᠨ ᠪᠢᠯᠡ᠃ ᠢᠯᠠᠩᠭᠤᠶ᠎ᠠ ᠡᠳᠦᠭᠡ ᠮᠠᠨ ᠤ᠋ ᠨᠠᠮ ᠵᠠᠰᠠᠭ ᠤ᠋ᠨ ᠲᠠᠯ᠎ᠠ ᠠ᠋ᠴᠠ ᠠᠷᠠᠳ ᠤ᠋ᠨ ᠠᠮᠠᠨ ᠵᠣᠬᠢᠶᠠᠯ ᠪᠣᠯ ᠠᠯᠢᠪᠠ ᠵᠣᠬᠢᠶᠠᠯ ᠤᠷᠠᠯᠢᠭ ᠤ᠋ᠨ ᠡᠬᠢ ᠣᠨᠳᠣᠷᠣᠯ ᠨᠢ ᠮᠥᠨ ᠲᠤᠯᠠ ᠡᠢᠮᠦ ᠦᠯᠢᠭᠡᠷ ᠶᠠᠷᠢᠶ᠎ᠠ ᠨᠤᠭᠤᠳ ᠢ᠋ ᠴᠤᠭᠯᠠᠭᠤᠯᠤᠨ ᠡᠮᠬᠢᠳᠬᠡᠬᠦ ᠶ᠋ᠢ ᠤᠯᠠᠮ ᠢ᠋ᠶ᠋ᠠᠷ ᠵᠣᠷᠢᠭᠵᠢᠭᠤᠯᠤᠭᠰᠠᠨ ᠳ᠋ᠤ᠌᠂ ᠪᠢ ᠤᠷᠢᠳᠤ ᠶ᠋ᠢᠨ ᠰᠣᠨᠣᠰᠤᠭᠰᠠᠨ ᠪᠣᠯᠣᠳ ᠣᠳᠣ ᠶ᠋ᠢᠨ ᠳᠤᠭᠤᠯᠳᠠᠭᠰᠠᠨ ᠪᠦᠬᠦᠨ ᠢ᠋ᠶ᠋ᠡᠨ ᠴᠤᠭᠯᠠᠭᠤᠯᠤᠨ ᠲᠡᠮᠳᠡᠭᠯᠡᠵᠦ᠂ ᠡᠮᠬᠢᠳᠬᠡᠨ ᠨᠠᠢᠷᠠᠭᠤᠯᠤᠭᠠᠳ ᠥᠷᠭᠡᠨ ᠣᠯᠠᠨ ᠤᠩᠰᠢᠭᠴᠢᠳ ᠤ᠋ᠨ ᠣᠶᠤᠨ ᠤ᠋ ᠰᠣᠨᠢᠷᠬᠠᠯ᠂ ᠰᠣᠶᠣᠯ ᠤ᠋ᠨ ᠠᠮᠢᠳᠤᠷᠠᠯ ᠳ᠋ᠤᠨᠢ ᠥᠴᠦᠬᠡᠨ ᠲᠡᠳᠦᠢ ᠳᠤᠰᠤᠯᠠᠮᠵᠢ ᠪᠣᠯᠬᠤᠵᠠᠢ ᠭᠡᠮᠡᠨ ᠵᠣᠷᠢᠭᠤᠯᠪᠠ᠃ ᠭᠡᠪᠡᠴᠦ ᠡᠳᠡᠭᠡᠷ ᠦᠯᠢᠭᠡᠷ ᠦ᠋ᠳ ᠢ᠋ ᠡᠨᠡ ᠲᠡᠷᠡ ᠬᠥᠮᠦᠨ ᠦ᠌ ᠶᠠᠷᠢᠶ᠎ᠠ ᠪᠤᠶᠤ ᠡᠨᠳᠡ ᠲᠡᠨᠳᠡᠬᠢ ᠶ᠋ᠢᠨ ᠰᠣᠨᠣᠰᠤᠯ ᠲᠣᠭᠣᠯᠤᠭ᠎ᠠ ᠶ᠋ᠢ ᠲᠡᠮᠳᠡᠭᠯᠡᠨ ᠡᠮᠬᠢᠳᠬᠡᠭᠰᠡᠨ ᠪᠣᠯᠬᠣᠷ᠂ ᠡᠳᠡᠭᠡᠷ ᠦᠯᠢᠭᠡᠷ ᠦ᠋ᠳ ᠨᠢ ᠴᠣᠬᠣᠮ ᠠᠯᠢ ᠣᠨ ᠳ᠋ᠤ᠌᠂ ᠠᠯᠢ ᠭᠠᠵᠠᠷ ᠲᠤ᠌ ᠬᠡᠷᠬᠢᠨ ᠡᠭᠦᠰᠦᠭᠡᠳ ᠡᠳᠦᠭᠡ ᠬᠡᠳᠦᠢ ᠣᠨ ᠪᠣᠯᠵᠤ ᠪᠠᠢᠬᠤ ᠶ᠋ᠢ ᠲᠣᠳᠣᠷᠬᠠᠢᠯᠠᠬᠤᠶᠠ ᠪᠡᠷᠬᠡ ᠪᠢᠯᠡ᠃ ᠡᠭᠦᠨ ᠳ᠋ᠦ᠍ ᠵᠥᠪᠬᠡᠨ ᠨᠢᠭᠡ ᠬᠡᠳᠦ ᠶ᠋ᠢ ᠵᠢᠰᠢᠶᠠᠯᠠᠪᠠᠯ᠄ 《ᠭᠡᠵᠢᠭᠡᠨ ᠬᠦᠦ》ᠭᠡᠳᠡᠭ ᠢ᠋ ᠴᠠᠬᠠᠷ ᠠᠢᠮᠠᠭ ᠠ᠋ᠴᠠ ᠴᠤᠭᠯᠠᠭᠤᠯᠤᠭᠰᠠᠨ ᠶᠤᠮ᠃ 《ᠬᠣᠨᠢᠨ ᠤ᠋ ᠤᠭᠤᠴᠠ》᠂ 《ᠬᠠᠤᠯᠢ ᠨᠢ ᠭᠠᠤᠯᠢ ᠪᠣᠯᠵᠠᠢ》᠂ 《ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ》᠂ 《ᠠᠭᠤᠯᠠ ᠶ᠋ᠢᠨ ᠬᠦᠦ》᠂ 《ᠠᠷᠤ ᠥᠪᠥᠷ ᠦ᠋ᠨ ᠰᠠᠢᠨ ᠡᠷ᠎ᠡ》 ᠭᠡᠳᠡᠭ ᠦᠯᠢᠭᠡᠷ ᠦ᠋ᠳ ᠢ᠋ ᠰᠢᠯᠢ ᠶ᠋ᠢᠨ ᠭᠣᠣᠯ ᠠᠢᠮᠠᠭ ᠤ᠋ᠨ ᠥᠯᠵᠡᠢᠮᠥ᠋ᠩᠬᠡ ᠡᠴᠡ ᠰᠣᠨᠣᠰᠤᠭᠰᠠᠨ ᠪᠠᠢᠨ᠎ᠠ᠃ 《ᠠᠬ᠎ᠠ ᠳᠡᠭᠦᠦ ᠭᠤᠷᠪᠠ》᠂ 《ᠬᠠᠪᠠ ᠮᠤᠤᠷ ᠬᠣᠶᠠᠷ》᠂ 《ᠠᠷᠭ᠎ᠠ ᠠᠯᠳᠠᠬᠤ ᠦᠭᠡᠢ ᠪᠣᠯ ᠪᠠᠷᠰ ᠢ᠋ ᠠᠶᠤᠯᠭᠠᠨ᠎ᠠ》᠂ 《ᠬᠠᠭ ᠤ᠋ᠨ ᠨᠣᠶᠠᠨ ᠢ᠋ ᠬᠠᠷᠠᠯᠠᠲᠠᠯ᠎ᠠ ᠬᠠᠭᠤᠷᠪᠠ》ᠭᠡᠳᠡᠭ ᠦᠯᠢᠭᠡᠷ ᠦ᠋ᠳ ᠢ᠋ ᠵᠢᠷᠢᠮ ᠠᠢᠮᠠᠭ ᠠ᠋ᠴᠠ ᠴᠤᠭᠯᠠᠭᠤᠯᠤᠭᠰᠠᠨ ᠪᠠᠢᠨ᠎ᠠ᠃ ᠲᠡᠭᠦᠨᠴᠢᠯᠡᠨ ᠡᠳᠡᠭᠡᠷ ᠦᠯᠢᠭᠡᠷ ᠦ᠋ᠳ ᠢ᠋ ᠴᠤᠭᠯᠠᠭᠤᠯᠤᠨ ᠡᠮᠬᠢᠳᠬᠡᠭᠰᠡᠨ ᠦ᠌ ᠳᠠᠷᠠᠭ᠎ᠠ ᠪᠠᠷ ᠤᠷᠠᠨ ᠵᠣᠬᠢᠶᠠᠯ ᠤ᠋ᠨ ᠲᠠᠯ᠎ᠠ ᠪᠠᠷ ᠬᠢᠨᠠᠵᠤ᠂ ᠤᠯᠠᠮ ᠢᠯᠡᠭᠦᠦ ᠡᠪᠯᠡᠭ ᠰᠠᠢᠬᠠᠨ ᠪᠣᠯᠭᠠᠭᠰᠠᠨ᠂ ᠨᠥᠬᠥᠷ ᠨᠠ᠊ · ᠰᠠᠢᠨᠴᠣᠭᠲᠣ ᠪᠣᠯᠣᠳ ᠦᠯᠢᠭᠡᠷ ᠦ᠋ᠨ ᠪᠣᠳᠠᠲᠠᠢ ᠶᠠᠪᠤᠳᠠᠯ ᠢ᠋ ᠳᠦᠷᠰᠦᠯᠡᠨ ᠵᠢᠷᠤᠵᠤ᠂ ᠣᠢᠯᠠᠭᠠᠯᠲᠠ ᠶ᠋ᠢᠨ ᠲᠠᠯ᠎ᠠ ᠪᠠᠷ ᠤᠯᠠᠮ ᠢᠯᠡᠭᠦᠦ ᠲᠣᠳᠣᠷᠬᠠᠢ ᠪᠣᠯᠭᠠᠭᠰᠠᠨ᠂ ᠨᠥᠬᠥᠷ ᠨᠠᠮᠰᠠᠷᠠᠢ ᠳ᠋ᠤ᠌ ᠲᠤᠢᠯᠢ᠋ᠶ᠋ᠠᠷ ᠲᠠᠯᠠᠷᠬᠠᠵᠤ ᠪᠠᠢᠨ᠎ᠠ᠃
ᠡ᠊ · ᠬᠡᠨᠵᠣᠣᠷᠵᠠᠪ ᠡᠴᠡ
《ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ》ᠭᠡᠳᠡᠭ ᠡᠨᠡ ᠨᠣᠮ ᠳ᠋ᠤ᠌᠂ ᠨᠥᠬᠥᠷ ᠡ᠊ · ᠬᠡᠨᠵᠣᠣᠷᠵᠠᠪ᠂ ᠵᠢᠭᠡᠮᠢᠳᠰᠦᠢ᠍ᠷᠦᠩ᠂ ᠰᠦᠨᠳᠦᠢ ᠨᠠᠷ ᠤ᠋ᠨ ᠴᠤᠭᠯᠠᠭᠤᠯᠤᠨ ᠡᠮᠬᠢᠳᠬᠡᠭᠰᠡᠨ ᠠᠮᠠᠨ ᠦᠯᠢᠭᠡᠷ ᠦ᠋ᠳ ᠡᠴᠡ ᠨᠡᠢᠲᠡ ᠬᠣᠷᠢᠨ ᠳᠥᠷᠪᠡ ᠶ᠋ᠢ ᠰᠣᠩᠭᠣᠨ ᠠᠪᠴᠤ ᠨᠠᠢᠷᠠᠭᠤᠯᠪᠠ᠃ ᠡᠭᠦᠨ ᠳ᠋ᠦ᠍ ᠨᠥᠬᠥᠷ ᠡ᠊ · ᠬᠡᠨᠵᠣᠣᠷᠵᠠᠪ ᠤ᠋ᠨ ᠴᠤᠭᠯᠠᠭᠤᠯᠤᠨ ᠡᠮᠬᠢᠳᠬᠡᠭᠰᠡᠨ ᠲᠤᠤᠯᠢ ᠭᠤᠷᠪᠠ᠂ ᠠᠮᠠᠨ ᠦᠯᠢᠭᠡᠷ ᠠᠷᠪᠠᠨ ᠳᠥᠷᠪᠡ᠂ ᠨᠥᠬᠥᠷ ᠵᠢᠭᠡᠮᠢᠳᠰᠦᠢ᠍ᠷᠦᠩ ᠦ᠋ᠨ ᠴᠤᠭᠯᠠᠭᠤᠯᠤᠨ ᠡᠮᠬᠢᠳᠬᠡᠭᠰᠡᠨ ᠠᠮᠠᠨ ᠦᠯᠢᠭᠡᠷ ᠳᠥᠷᠪᠡ᠂ ᠨᠥᠬᠥᠷ ᠰᠦᠨᠳᠦᠢ ᠶ᠋ᠢᠨ ᠴᠤᠭᠯᠠᠭᠤᠯᠤᠨ ᠡᠮᠬᠢᠳᠬᠡᠭᠰᠡᠨ ᠠᠮᠠᠨ ᠦᠯᠢᠭᠡᠷ ᠭᠤᠷᠪᠠ ᠶ᠋ᠢ ᠰᠣᠩᠭᠣᠵᠤ ᠣᠷᠣᠭᠤᠯᠤᠭᠰᠠᠨ ᠶᠤᠮ᠃ ᠡᠨᠡ ᠳᠡᠪᠲᠡᠷ ᠲᠦ᠍ ᠨᠠᠢᠷᠠᠭᠤᠯᠤᠨ ᠣᠷᠣᠭᠤᠯᠤᠭᠰᠠᠨ ᠦᠯᠢᠭᠡᠷ ᠦ᠋ᠳ ᠡᠴᠡ ᠠᠪᠴᠤ ᠦᠵᠡᠬᠦ ᠳ᠋ᠦ᠍᠂ ᠥᠪᠥᠷ ᠮᠣᠩᠭᠣᠯ ᠳ᠋ᠤ᠌ ᠮᠣᠩᠭᠣᠯ ᠠᠷᠠᠳ ᠤ᠋ᠨ ᠠᠮᠠᠨ ᠵᠣᠬᠢᠶᠠᠯ᠂ ᠡᠯᠪᠡᠭ ᠪᠠᠢᠬᠤ ᠪᠠᠷ ᠦᠯᠦ ᠪᠠᠷᠠᠨ᠂ ᠲᠡᠳᠡᠭᠡᠷ ᠨᠢ ᠮᠠᠰᠢ ᠤᠷᠠᠨ ᠰᠠᠢᠬᠠᠨ ᠵᠣᠬᠢᠶᠠᠯ ᠤ᠋ᠳ ᠪᠣᠯᠬᠤ ᠶ᠋ᠢ ᠬᠠᠷᠠᠭᠤᠯᠵᠤ ᠪᠠᠢᠨ᠎ᠠ᠃ ᠡᠨᠡ ᠳᠡᠪᠲᠡᠷ ᠲᠦ᠍ ᠰᠣᠩᠭᠣᠵᠤ ᠨᠠᠢᠷᠠᠭᠤᠯᠤᠭᠰᠠᠨ ᠲᠤᠤᠯᠢ ᠪᠠ ᠠᠮᠠᠨ ᠦᠯᠢᠭᠡᠷ ᠦ᠋ᠳ ᠨᠢ ᠴᠥᠮ ᠠᠷᠠᠳᠴᠢ ᠴᠢᠨᠠᠷ ᠬᠢᠭᠡᠳ ᠤᠷᠠᠨ ᠨᠠᠢᠷᠠᠭᠴᠢ ᠴᠢᠨᠠᠷ ᠢ᠋ᠶ᠋ᠠᠷ ᠪᠠᠶᠠᠯᠢᠭ ᠪᠠᠢᠨ᠎ᠠ᠃
ᠡᠳᠡᠭᠡᠷ ᠲᠤᠤᠯᠢ ᠪᠠ ᠠᠮᠠᠨ ᠦᠯᠢᠭᠡᠷ ᠦ᠋ᠳ ᠢ᠋ ᠦᠵᠡᠬᠦ ᠳ᠋ᠦ᠍᠂ ᠪᠦᠷ ᠯᠡ ᠬᠠᠯᠳᠠᠨ ᠳᠣᠪᠲᠣᠯᠤᠭᠴᠢ᠂ ᠪᠤᠯᠢᠶᠠᠨ ᠳᠡᠭᠡᠷᠡᠮᠳᠡᠭᠴᠢ᠂ ᠬᠠᠷᠭᠢᠰᠯᠠᠨ ᠳᠠᠷᠤᠯᠠᠭᠴᠢ ᠪᠠ ᠱᠤᠯᠤᠨ ᠮᠥᠯᠵᠢᠭᠴᠢ ᠨᠠᠷ ᠢ᠋ ᠠᠷᠠᠳ ᠲᠦᠮᠡᠨ ᠥᠪᠡᠷᠰᠡᠳ ᠦ᠋ᠨ ᠰᠣᠳᠣ ᠪᠢᠯᠢᠭ᠂ ᠡᠷᠡᠯᠬᠡᠭ ᠬᠦᠴᠦ ᠪᠡᠷ ᠢ᠋ᠶ᠋ᠡᠨ ᠳᠡᠢᠯᠳᠡᠭ ᠢ᠋ ᠥᠭᠦᠯᠡᠵᠦ ᠪᠠᠢᠨ᠎ᠠ᠃ ᠡᠨᠡ ᠪᠣᠯ᠂ ᠠᠷᠠᠳ ᠤ᠋ᠨ ᠠᠮᠠᠨ ᠵᠣᠬᠢᠶᠠᠯ ᠨᠢ᠂ ᠠᠷᠠᠳ ᠲᠦᠮᠡᠨ ᠦ᠌ ᠡᠷᠢᠯ ᠬᠦᠰᠡᠯ᠂ ᠰᠡᠳᠬᠢᠯ ᠰᠠᠨᠠᠭ᠎ᠠ ᠶ᠋ᠢ ᠳᠤᠰᠬᠠᠵᠤ ᠪᠠᠢᠳᠠᠭ ᠢ᠋ ᠬᠠᠷᠠᠭᠤᠯᠵᠤ ᠪᠠᠢᠭ᠎ᠠ ᠶᠤᠮ᠃ ᠵᠢᠱ᠌ᠢᠶ᠎ᠡ ᠨᠢ᠄ 《ᠨᠡᠩᠵᠢᠨ ᠬᠦᠦ ᠬᠢᠭᠡᠳ ᠠᠷᠢᠭᠤᠨᠭᠤᠸ᠋ᠡ ᠠᠪᠠᠭᠠᠢ》᠂ 《ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ》᠂ 《ᠠᠷᠤ ᠥᠪᠥᠷ ᠦ᠋ᠨ ᠰᠠᠢᠨ ᠡᠷ᠎ᠡ》᠂ 《ᠬᠠᠭ ᠤ᠋ᠨ ᠨᠣᠶᠠᠨ ᠢ᠋ ᠬᠠᠷᠠᠯᠠᠲᠠᠯ᠎ᠠ ᠬᠠᠭᠤᠷᠪᠠ》᠂ 《ᠪᠣᠷᠣᠯᠳᠠᠢ ᠡᠪᠦᠭᠡᠨ ᠦ᠌ ᠳᠣᠯᠣᠭᠠᠨ ᠵᠥᠪ》 ᠭᠡᠬᠦ ᠵᠡᠷᠭᠡ ᠦᠯᠢᠭᠡᠷ ᠦ᠋ᠳ ᠪᠣᠯ ᠴᠥᠮ ᠠᠷᠠᠳ ᠲᠦᠮᠡᠨ ᠦ᠌ ᠳᠠᠪᠠᠭᠳᠠᠰᠢ ᠦᠭᠡᠢ ᠰᠣᠳᠣ ᠬᠤᠷᠴᠠ ᠣᠶᠤᠨ ᠪᠢᠯᠢᠭ ᠢ᠋ ᠦᠵᠡᠭᠦᠯᠵᠦ ᠪᠠᠢᠨ᠎ᠠ᠃ 《ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ》᠂ 《ᠬᠠᠭᠠᠨ ᠲᠡᠭᠦᠰ ᠦ᠋ᠨ ᠬᠦᠦ ᠰᠢᠷᠡᠭᠡᠲᠦ ᠶ᠋ᠢᠨ ᠮᠡᠷᠭᠡᠨ ᠬᠠᠭᠠᠨ》᠂ 《ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤ》᠂ 《ᠠᠭᠤᠯᠠ ᠶ᠋ᠢᠨ ᠬᠦᠦ》᠂ 《ᠪᠠᠭᠠᠷᠢᠨ ᠪᠥᠬᠡ᠂ 《ᠶᠠᠪᠤᠭᠤᠳᠠᠢ ᠬᠦᠦ ᠪᠠᠷᠰ ᠢ᠋ ᠪᠠᠷᠰ ᠢ᠋ᠶ᠋ᠠᠷ ᠠᠯᠠᠭᠤᠯᠤᠭᠰᠠᠨ》᠂ 《ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ》 ᠭᠡᠬᠦ ᠵᠡᠷᠭᠡ ᠦᠯᠢᠭᠡᠷ ᠦ᠋ᠳ ᠪᠣᠯ ᠴᠥᠮ ᠠᠷᠠᠳ ᠲᠦᠮᠡᠨ ᠦ᠌ ᠢᠯᠠᠭᠳᠠᠰᠢ ᠦᠭᠡᠢ ᠡᠷᠡᠯᠬᠡᠭ ᠪᠠᠭᠠᠲᠤᠷᠯᠢᠭ ᠬᠦᠴᠦ ᠶ᠋ᠢ ᠬᠠᠷᠠᠭᠤᠯᠵᠤ ᠪᠠᠢᠨ᠎ᠠ᠃ ᠪᠠᠰᠠ《ᠵᠠᠭᠠᠷ ᠪᠦᠷᠢᠳᠦ ᠶ᠋ᠢᠨ ᠬᠠᠭᠠᠨ》᠂ 《ᠬᠣᠨᠢᠨ ᠤ᠋ ᠤᠭᠤᠴᠠ》᠂ 《ᠨᠣᠶᠠᠨ ᠴᠠᠭᠠᠨ ᠠᠷᠰᠯᠠᠨ》ᠵᠡᠷᠭᠡ ᠪᠣᠯ᠂ ᠮᠠᠭᠤ ᠮᠠᠭᠤᠬᠠᠢ ᠪᠤᠵᠠᠷ ᠰᠠᠨᠠᠭ᠎ᠠ ᠶ᠋ᠢ ᠢᠯᠡᠴᠢᠯᠡᠵᠦ᠂ ᠣᠯᠠᠨ ᠳ᠋ᠤ᠌ ᠰᠣᠨᠣᠷ ᠰᠡᠷᠡᠮᠵᠢ ᠪᠡᠨ ᠳᠡᠭᠡᠭᠰᠢᠯᠡᠭᠦᠯᠬᠦ ᠶ᠋ᠢ ᠰᠠᠨᠠᠭᠤᠯᠤᠭᠰᠠᠨ᠂ ᠢᠳᠬᠠᠮᠵᠢ ᠰᠤᠷᠭᠠᠮᠵᠢ ᠶ᠋ᠢᠨ ᠴᠢᠨᠠᠷᠲᠠᠢ ᠦᠯᠢᠭᠡᠷ ᠦ᠋ᠳ ᠪᠣᠯᠤᠨ᠎ᠠ᠃ ᠪᠠᠰᠠ 《ᠬᠠᠪᠠ ᠮᠤᠤᠷ ᠬᠣᠶᠠᠷ》᠂ 《ᠣᠮᠣᠭ ᠶᠡᠬᠡᠲᠦ ᠣᠯᠠᠨ ᠤ᠋ ᠳᠠᠢᠰᠤᠨ ᠳᠠᠷᠤᠭᠳᠠᠪᠠ》᠂ 《ᠠᠩᠭᠠᠬᠠᠢ ᠰᠢᠪᠠᠭᠤᠨ ᠤ᠋ ᠦᠯᠢᠭᠡᠷ》 ᠵᠡᠷᠭᠡ ᠪᠣᠯ ᠴᠥᠮ ᠠᠷᠠᠳ ᠲᠦᠮᠡᠨ ᠦ᠌ ᠠᠷᠢᠭᠤᠨ ᠰᠠᠢᠬᠠᠨ ᠵᠠᠩ ᠴᠢᠨᠠᠷ᠂ ᠪᠤᠰᠤᠳ ᠢ᠋ ᠲᠤᠰᠠᠯᠠᠳᠠᠭ ᠰᠠᠢᠬᠠᠨ ᠰᠡᠳᠬᠢᠯ ᠢ᠋ ᠬᠠᠷᠠᠭᠤᠯᠵᠤ ᠪᠠᠢᠨ᠎ᠠ᠃ ᠡᠢᠮᠦ ᠠᠮᠠᠨ ᠵᠣᠬᠢᠶᠠᠯ ᠤ᠋ᠳ ᠪᠣᠯ᠂ ᠤᠩᠰᠢᠭᠴᠢᠳ ᠲᠤ᠌ ᠰᠠᠢᠨ ᠰᠠᠢᠬᠠᠨ ᠬᠥᠮᠦᠵᠢᠯ ᠢ᠋ ᠥᠭᠴᠦ ᠴᠢᠳᠠᠨ᠎ᠠ᠃
ᠡᠳᠡᠭᠡᠷ ᠲᠤᠤᠯᠢ ᠪᠠ ᠦᠯᠢᠭᠡᠷ ᠦ᠋ᠳ ᠡᠴᠡ᠂ ᠠᠷᠠᠳ ᠤ᠋ᠨ ᠬᠡᠯᠡ ᠶᠠᠷᠢᠶᠠᠨ ᠤ᠋ ᠪᠠᠶᠠᠯᠢᠭ ᠬᠢᠭᠡᠳ ᠤᠷᠠᠨ ᠵᠣᠬᠢᠶᠠᠯ ᠤ᠋ᠨ ᠣᠯᠠᠨ ᠵᠦᠢᠯ ᠦ᠋ᠨ ᠳᠦᠷᠰᠦᠯᠡᠬᠦ ᠠᠷᠭ᠎ᠠ᠂ ᠥᠭᠦᠯᠡᠬᠦ ᠮᠠᠶᠢᠭ ᠢ᠋ ᠰᠤᠷᠴᠤ ᠪᠣᠯᠤᠨ᠎ᠠ᠃ ᠡᠳᠡᠭᠡᠷ ᠠᠮᠠᠨ ᠵᠣᠬᠢᠶᠠᠯ ᠤ᠋ᠳ ᠲᠤ᠌᠂ ᠦᠯᠢᠭᠡᠷ ᠦ᠋ᠨ ᠪᠠᠭᠠᠲᠤᠷ ᠤ᠋ᠳ ᠢ᠋ᠶ᠋ᠠᠨ ᠪᠠ ᠲᠡᠭᠦᠨ ᠦ᠌ ᠲᠣᠭᠣᠷᠢᠨ ᠪᠠᠢᠳᠠᠯ ᠢ᠋ ᠮᠠᠰᠢ ᠠᠮᠢᠳᠤᠯᠢᠭ ᠪᠥᠭᠡᠳ ᠤᠷᠠᠨ ᠢ᠋ᠶ᠋ᠠᠷ ᠳᠦᠷᠰᠦᠯᠡᠨ ᠥᠭᠦᠯᠡᠵᠦ ᠪᠠᠢᠨ᠎ᠠ᠃ ᠡᠨᠡ ᠪᠦᠬᠦᠨ ᠨᠢ᠂ ᠮᠠᠨ ᠤ᠋ ᠤᠷᠠᠨ ᠵᠣᠬᠢᠶᠠᠯᠴᠢ ᠨᠠᠷ ᠪᠠ ᠤᠷᠠᠨ ᠵᠣᠬᠢᠶᠠᠯ ᠳ᠋ᠤ᠌ ᠳᠤᠷ᠎ᠠ ᠰᠣᠨᠢᠷᠬᠠᠯ ᠲᠠᠢ ᠨᠥᠬᠥᠳ ᠲᠦ᠍ ᠰᠤᠷᠤᠯᠴᠠᠬᠤ ᠴᠢᠬᠤᠯᠠ ᠮᠠᠲ᠋ᠧᠷᠢᠶᠠᠯ ᠨᠢ ᠪᠣᠯᠵᠤ ᠥᠭᠭᠦᠨ᠎ᠡ᠃ ᠡᠨᠡ ᠨᠢ ᠪᠠᠰᠠᠴᠤ ᠮᠠᠨ ᠤ᠋ ᠨᠡᠢᠭᠡᠮ ᠵᠢᠷᠤᠮ ᠤ᠋ᠨ ᠦᠵᠡᠯ ᠰᠤᠷᠲᠠᠯᠲᠠᠢ᠂ ᠦᠨᠳᠦᠰᠦᠲᠡᠨ ᠦ᠌ ᠬᠡᠯᠪᠡᠷᠢᠲᠡᠢ ᠰᠢᠨ᠎ᠡ ᠤᠷᠠᠨ ᠵᠣᠬᠢᠶᠠᠯ ᠢ᠋ᠶ᠋ᠠᠨ ᠬᠥᠭᠵᠢᠭᠦᠯᠬᠦ ᠳ᠋ᠦ᠍ ᠮᠠᠰᠢ ᠠᠴᠢ ᠬᠣᠯᠪᠣᠭᠳᠠᠯᠲᠠᠢ ᠶᠤᠮ᠃ ᠨᠥᠬᠥᠷ ᠵᠧᠦ ᠶᠠᠩ 《ᠨᠡᠩ ᠣᠯᠠᠨ ᠰᠢᠯᠢᠳᠡᠭ ᠰᠠᠢᠬᠠᠨ ᠤᠷᠠᠨ ᠵᠣᠬᠢᠶᠠᠯ᠂ ᠤᠷᠠᠯᠢᠭ ᠢ᠋ ᠵᠣᠬᠢᠶᠠᠨ ᠤᠷᠠᠯᠠᠬᠤ ᠶ᠋ᠢᠨ ᠲᠥᠯᠥᠭᠡ ᠲᠡᠮᠡᠴᠡᠶ᠎ᠡ》ᠭᠡᠳᠡᠭ ᠥᠭᠦᠯᠡᠯ ᠳ᠋ᠡᠭᠡᠨ᠄ 《ᠦᠨᠳᠦᠰᠦᠲᠡᠨ ᠦ᠌ ᠡᠷᠲᠡᠨ ᠦ᠌ ᠰᠣᠩᠭᠣᠳᠠᠭ ᠤᠷᠠᠨ ᠵᠣᠬᠢᠶᠠᠯ᠂ ᠤᠷᠠᠯᠢᠭ ᠤ᠋ᠨ ᠥᠪ ᠬᠥᠷᠥᠩᠭᠡ ᠬᠢᠭᠡᠳ ᠠᠷᠠᠳ ᠤ᠋ᠨ ᠠᠮᠠᠨ ᠵᠣᠬᠢᠶᠠᠯ ᠤᠷᠠᠯᠢᠭ ᠢ᠋ ᠡᠮᠬᠢᠳᠬᠡᠬᠦ ᠪᠠ ᠰᠤᠳᠤᠯᠬᠤ ᠠᠵᠢᠯ ᠪᠣᠯ᠂ ᠨᠢᠭᠡ ᠲᠠᠯ᠎ᠠ ᠪᠠᠷ ᠰᠢᠨ᠎ᠡ ᠤᠷᠠᠨ ᠵᠣᠬᠢᠶᠠᠯ᠂ ᠤᠷᠠᠯᠢᠭ ᠤ᠋ᠨ ᠵᠣᠬᠢᠶᠠᠨ ᠤᠷᠠᠯᠠᠬᠤ ᠶᠠᠪᠤᠳᠠᠯ ᠢ᠋ᠶ᠋ᠠᠨ ᠦᠨᠳᠦᠰᠦᠲᠡᠨ ᠦ᠌ ᠤᠯᠠᠮᠵᠢᠯᠠᠯ ᠲᠠᠢ ᠪᠠᠨ ᠵᠠᠯᠭᠠᠭᠤᠯᠬᠤ ᠶ᠋ᠢᠨ ᠲᠥᠯᠥᠭᠡ ᠪᠥᠭᠡᠳ ᠪᠠᠰᠠ ᠨᠥᠭᠦᠭᠡ ᠲᠠᠯ᠎ᠠ ᠪᠠᠷ ᠦᠨᠳᠦᠰᠦᠲᠡᠨ ᠦ᠌ ᠤᠯᠠᠮᠵᠢᠯᠠᠯᠲᠤ ᠤᠷᠠᠯᠢᠭ ᠢ᠋ᠶ᠋ᠠᠨ ᠰᠢᠨᠵᠢᠯᠡᠬᠦ ᠤᠬᠠᠭᠠᠨ ᠤ᠋ ᠠᠷᠭ᠎ᠠ ᠪᠠᠷ ᠡᠮᠬᠢᠳᠬᠡᠨ᠂ ᠰᠢᠨᠡᠳᠬᠡᠨ᠂ ᠤᠷᠠᠯᠠᠨ ᠪᠣᠯᠪᠠᠰᠤᠷᠠᠭᠤᠯᠤᠭᠰᠠᠨ ᠤ᠋ ᠲᠠᠷᠠᠭ ᠂ ᠠᠷᠠᠳ ᠣᠯᠠᠨ ᠤ᠋ ᠳᠣᠲᠣᠷ᠎ᠠ ᠳᠡᠯᠭᠡᠷᠡᠭᠦᠯᠵᠦ᠂ ᠡᠨᠡ ᠡᠳᠦᠷ ᠦ᠋ᠨ ᠠᠷᠠᠳ ᠲᠦᠮᠡᠨ ᠳ᠋ᠦ᠍ ᠵᠢᠩᠬᠢᠨᠢ ᠲᠤᠰᠠᠲᠠᠢ ᠨᠡᠢᠲᠡ ᠶ᠋ᠢᠨ ᠰᠠᠨᠠᠭ᠎ᠠ ᠰᠡᠳᠬᠢᠯ ᠦ᠋ᠨ ᠡᠳ᠋ ᠪᠠᠶᠠᠯᠢᠭ ᠢ᠋ᠶ᠋ᠠᠨ ᠪᠣᠯᠭᠠᠬᠤ ᠶ᠋ᠢᠨ ᠲᠥᠯᠥᠭᠡ ᠶᠤᠮ᠃ 》 ᠭᠡᠵᠡᠢ᠃ ᠡᠢᠮᠦ ᠪᠣᠯᠬᠣᠷ᠂ ᠮᠠᠨ ᠤ᠋ ᠤᠷᠠᠨ ᠵᠣᠬᠢᠶᠠᠯᠴᠢ ᠨᠠᠷ ᠪᠠ ᠤᠷᠠᠨ ᠵᠣᠬᠢᠶᠠᠯ ᠳ᠋ᠤ᠌ ᠳᠤᠷᠠᠲᠠᠢ ᠨᠥᠬᠥᠳ᠂ ᠦᠨᠳᠦᠰᠦᠲᠡᠨ ᠦ᠌ ᠪᠥᠭᠡᠳ ᠠᠷᠠᠳ ᠲᠦᠮᠡᠨ ᠦ᠌ ᠡᠢᠮᠦ ᠤᠷᠠᠨ ᠵᠣᠬᠢᠶᠠᠯ ᠤᠷᠠᠯᠢᠭ ᠢ᠋ᠶ᠋ᠠᠨ ᠴᠤᠭᠯᠠᠭᠤᠯᠤᠨ ᠡᠮᠬᠢᠳᠬᠡᠵᠦ᠂ ᠪᠣᠯᠪᠠᠰᠤᠷᠠᠭᠤᠯᠤᠨ ᠨᠠᠢᠷᠠᠭᠤᠯᠵᠤ᠂ ᠨᠡᠢᠲᠡᠯᠡᠨ ᠳᠡᠯᠭᠡᠷᠡᠭᠦᠯᠦᠭᠡᠳ᠂ ᠠᠷᠠᠳ ᠲᠦᠮᠡᠨ ᠦ᠌ ᠪᠡᠨ ᠰᠠᠨᠠᠭ᠎ᠠ ᠰᠡᠳᠬᠢᠯ ᠦ᠋ᠨ ᠡᠳ᠋ ᠪᠠᠶᠠᠯᠢᠭ ᠢ᠋ᠶ᠋ᠠᠨ ᠥᠷᠨᠢᠭᠦᠯᠦᠨ ᠬᠥᠭᠵᠢᠭᠦᠯᠦᠶ᠎ᠡ!
ᠭᠠᠷᠴᠠᠭ
ᠨᠢᠭᠡᠳᠦᠭᠡᠷ ᠡ᠊ · ᠬᠡᠨᠵᠣᠣᠷᠵᠠᠪ ᠤ᠋ᠨ ᠴᠤᠭᠯᠠᠭᠤᠯᠤᠨ ᠡᠮᠬᠢᠳᠬᠡᠭᠰᠡᠨ ᠬᠡᠰᠩ
1· ᠲᠤᠤᠯᠢ ᠨᠤᠭᠤᠳ
ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ᠁᠁᠁᠁(1)
ᠵᠠᠭᠠᠷ ᠪᠦᠷᠢᠳᠦ ᠶ᠋ᠢᠨ ᠬᠠᠭᠠᠨ᠁᠁᠁᠁(14)
ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ᠁᠁᠁᠁(26)
2· ᠦᠯᠢᠭᠡᠷ ᠦ᠋ᠳ
ᠭᠡᠵᠢᠭᠡᠨ ᠬᠦᠦ᠁᠁᠁᠁(73)
ᠬᠣᠨᠢᠨ ᠤ᠋ ᠤᠭᠤᠴᠠ᠁᠁᠁᠁(76)
ᠬᠠᠤᠯᠢ ᠨᠢ ᠭᠠᠤᠯᠢ ᠪᠣᠯᠵᠠᠢ᠁᠁᠁᠁(79)
ᠠᠬ᠎ᠠ ᠳᠡᠭᠦᠦ ᠭᠤᠷᠪᠠ᠁᠁᠁᠁(84)
ᠠᠷᠭ᠎ᠠ ᠠᠯᠳᠠᠬᠤ ᠦᠭᠡᠢ ᠪᠣᠯ ᠪᠠᠷᠰ ᠢ᠋ ᠠᠶᠤᠯᠭᠠᠨ᠎ᠠ᠁᠁᠁᠁(90)
ᠬᠠᠪᠠ ᠮᠤᠤᠷ ᠬᠣᠶᠠᠷ᠁᠁᠁᠁(96)
ᠠᠩᠴᠢᠨ ᠬᠦᠦ ᠬᠢᠭᠡᠳ ᠠᠷᠢᠭᠤᠨᠭᠤᠸ᠋ᠡ ᠠᠪᠠᠭᠠᠢ᠁᠁᠁᠁(106)
ᠰᠢᠳᠢᠲᠦ ᠮᠡᠷᠭᠡᠨ ᠰᠢᠪᠠᠭᠤ᠁᠁᠁᠁(113)
ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤ᠁᠁᠁᠁(120)
ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ᠁᠁᠁᠁(126)
ᠠᠭᠤᠯᠠ ᠶ᠋ᠢᠨ ᠬᠦᠦ᠁᠁᠁᠁(136)
ᠠᠷᠤ ᠥᠪᠥᠷ ᠦ᠋ᠨ ᠰᠠᠢᠨ ᠡᠷ᠎ᠡ᠁᠁᠁᠁(147)
ᠪᠠᠭᠠᠷᠢᠨ ᠪᠥᠬᠡ᠁᠁᠁᠁᠁(158)
ᠬᠠᠭ ᠤ᠋ᠨ ᠨᠣᠶᠠᠨ ᠢ᠋ ᠬᠠᠷᠠᠯᠠᠲᠠᠯ᠎ᠠ ᠬᠠᠭᠤᠷᠪᠠ᠁᠁᠁᠁(166)
ᠬᠣᠶᠠᠳᠤᠭᠠᠷ ᠵᠢᠭᠡᠮᠢᠳᠰᠦᠢ᠍ᠷᠦᠩ ᠦ᠋ᠨ ᠴᠤᠭᠯᠠᠭᠤᠯᠤᠨ ᠡᠮᠬᠢᠳᠬᠡᠭᠰᠡᠨ ᠬᠡᠰᠡᠭ
ᠣᠮᠣᠭ ᠶᠡᠬᠡᠲᠦ ᠣᠯᠠᠨ ᠤ᠋ ᠳᠠᠢᠰᠤᠨ ᠢ᠋ ᠳᠠᠷᠤᠭᠳᠠᠪᠠ᠁᠁᠁᠁(184)
ᠪᠣᠷᠣᠯᠳᠠᠢ ᠡᠪᠦᠭᠡᠨ ᠦ᠌ ᠳᠣᠯᠣᠭᠠᠨ ᠵᠥᠪ᠁᠁᠁᠁᠁(185)
ᠮᠠᠨᠽᠤᠰᠢᠷᠢ ᠠᠪᠤᠷᠠᠭᠰᠠᠨ ᠦᠭᠡᠢ᠂ ᠮᠠᠩᠬᠠᠨ ᠲᠠᠤᠯᠠᠢ ᠠᠪᠤᠷᠠᠪᠠ᠁᠁᠁᠁(190)
ᠶᠠᠪᠤᠭᠤᠳᠡᠢ ᠬᠦᠦ ᠪᠠᠷᠰ ᠢ᠋ ᠪᠠᠷᠰ ᠢ᠋ᠶ᠋ᠠᠷ ᠠᠯᠠᠭᠤᠯᠤᠭᠰᠠᠨ ᠨᠢ᠁᠁᠁᠁᠁(194)
ᠭᠤᠷᠪᠠᠳᠤᠭᠠᠷ ᠰᠦᠨᠳᠤᠢ ᠶ᠋ᠢᠨ ᠴᠤᠭᠯᠠᠭᠤᠯᠤᠨ ᠡᠮᠬᠢᠳᠬᠡᠭᠰᠡᠨ ᠬᠡᠰᠡᠭ
ᠨᠣᠶᠠᠨ ᠴᠠᠭᠠᠨ ᠠᠷᠰᠯᠠᠨ᠁᠁᠁᠁(210)
ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ᠁᠁᠁᠁᠁(214)
ᠠᠩᠭᠠᠬᠠᠢ ᠰᠢᠪᠠᠭᠤᠨ ᠤ᠋ ᠦᠯᠢᠭᠡᠷ᠁᠁᠁᠁᠁(228)

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ
ᠡᠷᠲᠡ ᠢᠵᠠᠭᠤᠷ ᠤ᠋ᠨ ᠦᠶ᠎ᠡ ᠳ᠋ᠦ᠍
ᠰᠦᠮᠪᠦᠷ ᠠᠭᠤᠯᠠ ᠶ᠋ᠢ ᠳᠣᠪᠣ ᠲᠡᠳᠦᠢ ᠪᠠᠢᠬᠤ ᠳ᠋ᠤ᠌
ᠰᠦᠨ ᠳᠠᠯᠠᠢ ᠶ᠋ᠢ ᠱᠠᠯᠪᠠᠭ ᠲᠡᠳᠦᠢ ᠪᠠᠢᠬᠤ ᠳ᠋ᠤ᠌
ᠳᠠᠢᠸᠠᠩ ᠬᠠᠨ ᠢ᠋ ᠪᠠᠯᠴᠢᠷ ᠲᠡᠳᠦᠢ ᠪᠠᠢᠬᠤ ᠳ᠋ᠤ᠌
ᠳᠠᠯᠠᠢ ᠯᠠᠮᠠ ᠶ᠋ᠢ ᠪᠠᠨᠳᠢ ᠲᠡᠳᠦᠢ ᠪᠠᠢᠬᠤ ᠳ᠋ᠤ᠌
ᠣᠭᠲᠠᠷᠭᠤᠢ ᠶ᠋ᠢᠨ ᠨᠠᠷᠠ ᠣᠳᠣᠨ ᠤ᠋ ᠲᠡᠳᠦᠢ ᠪᠠᠢᠬᠤ ᠳ᠋ᠤ᠌
ᠣᠷᠴᠢᠯᠠᠩ ᠤ᠋ᠨ ᠠᠮᠢᠲᠠᠨ ᠨᠢᠭᠡ ᠬᠣᠶᠠᠷ ᠪᠠᠢᠬᠤ ᠳ᠋ᠤ᠌
ᠨᠣᠮᠢᠨ ᠶᠡᠬᠡ ᠳᠠᠯᠠᠢ ᠨᠠᠭᠤᠷ ᠲᠡᠳᠦᠢ ᠪᠠᠢᠬᠤ ᠳ᠋ᠤ᠌
ᠨᠤᠭᠤᠰᠤ ᠭᠠᠯᠠᠭᠤ ᠶ᠋ᠢ ᠬᠤᠷᠤᠭᠤᠪᠴᠢ ᠶ᠋ᠢᠨ ᠲᠡᠳᠦᠢ ᠪᠠᠢᠬᠤ ᠳ᠋ᠤ᠌
ᠲᠡᠷᠡ ᠪᠠᠷᠠᠭᠤᠨ ᠬᠣᠢᠲᠤ ᠲᠢᠪ ᠢ᠋ ᠡᠵᠡᠯᠡᠭᠰᠡᠨ
ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ ᠭᠡᠭᠴᠢ
ᠵᠡᠭᠦᠨ ᠵᠦᠭ ᠦ᠋ᠨ ᠰᠢᠮᠨᠤᠰ ᠢ᠋
ᠵᠡᠭᠦᠨ ᠠᠯᠠᠭ᠎ᠠ ᠪᠠᠷ ᠢ᠋ᠶ᠋ᠠᠨ ᠳᠠᠷᠤᠳᠠᠭ
ᠵᠦᠭ ᠪᠦᠷᠢ ᠶ᠋ᠢᠨ ᠰᠢᠮᠨᠤᠰ ᠢ᠋
ᠵᠢᠷᠦᠬᠡ ᠪᠡᠷ ᠢ᠋ᠶ᠋ᠡᠨ ᠳᠠᠷᠤᠳᠠᠭ
ᠪᠠᠷᠠᠭᠤᠨ ᠵᠦᠭ ᠦ᠋ᠨ ᠰᠢᠮᠨᠤᠰ ᠢ᠋
ᠪᠠᠷᠠᠭᠤᠨ ᠠᠯᠠᠭ᠎ᠠ ᠪᠠᠷ ᠢ᠋ᠶ᠋ᠠᠨ ᠳᠠᠷᠤᠳᠠᠭ
ᠪᠠᠷᠴᠢᠳ ᠶᠡᠬᠡ ᠮᠠᠩᠭᠤᠰ ᠢ᠋
ᠪᠠᠷ᠎ᠠ ᠪᠠᠷ ᠢ᠋ᠶ᠋ᠠᠨ ᠳᠠᠷᠤᠳᠠᠭ
ᠪᠠᠢᠬᠤ ᠪᠦᠬᠦ ᠴᠢᠳᠬᠥᠷ ᠢ᠋
ᠪᠠᠯᠪᠠ ᠨᠢᠴᠠ ᠨᠢᠷᠭᠡᠳᠡᠭ
ᠪᠠᠭᠠᠲᠤᠷ ᠪᠡᠷᠲᠡᠮᠡᠷ ᠡᠷ᠎ᠡ ᠪᠠᠢᠵᠤ ᠭᠡᠨ᠎ᠡ᠃
ᠪᠠᠭᠤᠳᠠᠯᠯᠠᠨ ᠰᠠᠭᠤᠳᠠᠭ ᠣᠷᠣᠨ ᠳ᠋ᠤᠨᠢ
ᠪᠠᠭᠠᠲᠤᠷᠯᠢᠭ ᠣᠯᠠᠨ ᠠᠷᠠᠳ ᠲᠠᠢ
ᠪᠠᠶᠠᠨ ᠡᠯᠪᠡᠭ ᠨᠤᠲᠤᠭ ᠲᠠᠢ
ᠵᠠᠶᠠᠭ᠎ᠠ ᠳᠠᠭᠠᠭᠰᠠᠨ ᠡᠵᠢ ᠲᠡᠢ
ᠵᠠᠷᠭᠤ ᠰᠢᠭᠦᠬᠦ ᠠᠪᠤ ᠲᠠᠢ᠂
ᠲᠡᠵᠢᠭᠡᠨ ᠠᠳᠤᠭᠤᠯᠠᠵᠤ ᠥᠰᠬᠡᠳᠡᠭ
ᠲᠡᠵᠢᠭᠡᠪᠦᠷᠢ ᠶ᠋ᠢᠨ ᠵᠦᠢᠯ ᠦ᠋ᠳ ᠨᠢ
ᠲᠣᠭᠠᠯᠠᠰᠢ ᠦᠭᠡᠢ ᠣᠯᠠᠨ
ᠲᠠᠯ᠎ᠠ ᠳᠦᠭᠦᠷᠲᠡᠯ᠎ᠡ ᠪᠡᠯᠴᠢᠳᠡᠭ
ᠲᠠᠪᠤᠨ ᠬᠣᠰᠢᠭᠤ ᠮᠠᠯ
ᠲᠠᠩᠰᠤᠭ ᠪᠠᠶᠠᠨ ᠰᠦᠷᠦᠭ ᠲᠡᠢ ᠭᠡᠨ᠎ᠡ᠃
ᠰᠠᠭᠤᠳᠠᠭ ᠣᠷᠳᠣᠨ ᠢ᠋ ᠨᠢ ᠠᠪᠴᠤ
ᠱᠠᠭᠰᠢᠨ ᠮᠠᠭᠲᠠᠨ ᠬᠡᠯᠡᠪᠡᠯ᠄
ᠱ᠌ᠢᠷᠦᠨ ᠡᠷᠳᠡᠨᠢ ᠪᠠᠭᠠᠨ᠎ᠠ ᠲᠠᠢ
ᠰᠦᠢ ᠵᠢᠩ ᠡᠷᠳᠡᠨᠢ ᠲᠤᠯᠭᠠᠭᠤᠷᠢ ᠲᠠᠢ᠂
ᠰᠢᠵᠢᠷ ᠠᠯᠲᠠᠨ ᠳᠡᠭᠡᠪᠦᠷ ᠲᠡᠢ
ᠰᠢᠯ ᠮᠥᠩᠭᠥᠨ ᠲᠤᠭᠤᠷᠭ᠎ᠠ ᠲᠠᠢ᠂
ᠰᠤᠪᠤᠳ ᠲᠣᠷᠭᠠᠨ ᠬᠠᠶᠠᠭᠠᠪᠴᠢ ᠲᠠᠢ
ᠰᠢᠪᠠᠭᠤᠨ ᠤ᠋ ᠶᠠᠰᠤᠨ ᠣᠨᠢ ᠲᠠᠢ᠂
ᠠᠷᠰᠯᠠᠨ ᠤ᠋ ᠲᠣᠯᠣᠭᠠᠢ ᠶ᠋ᠢᠨ ᠲᠣᠭᠣᠨᠣ ᠲᠠᠢ
ᠠᠮᠢᠳᠤ ᠮᠣᠭᠠᠢ ᠶ᠋ᠢᠨ ᠪᠦᠰᠡᠯᠡᠭᠦᠷ ᠲᠡᠢ᠂
ᠤᠷᠲᠤ ᠬᠠᠭᠠᠯᠭ᠎ᠠ ᠶ᠋ᠢᠨ ᠠᠮᠠᠨ ᠳ᠋ᠠᠭᠠᠨ
ᠤᠭᠠᠯᠵᠠ ᠪᠤᠭᠤ ᠵᠣᠭᠰᠣᠭᠠᠵᠤ
ᠤᠷᠲᠤ ᠵᠦᠭ ᠦ᠋ᠨ ᠠᠮᠢᠲᠠᠨ ᠭᠠᠢᠬᠠᠨ
ᠤᠬᠤᠷᠢᠨ ᠨᠢᠭᠡ ᠮᠥᠷᠭᠥᠮᠡᠷ᠂
ᠪᠠᠷᠠᠭᠤᠨ ᠬᠠᠭᠠᠯᠭ᠎ᠠ ᠶ᠋ᠢᠨ ᠠᠮᠠᠨ ᠳ᠋ᠠᠭᠠᠨ
ᠪᠠᠷᠰ ᠵᠦᠷ ᠵᠣᠭᠰᠣᠭᠠᠵᠤ
ᠪᠠᠷᠠᠭᠤᠨ ᠵᠦᠭ ᠦ᠋ᠨ ᠠᠮᠢᠲᠠᠨ ᠭᠠᠢᠬᠠᠨ
ᠪᠠᠰᠠ ᠨᠢᠭᠡ ᠮᠥᠷᠭᠥᠮᠡᠷ᠂
ᠬᠣᠢᠲᠤ ᠬᠠᠭᠠᠯᠭ᠎ᠠ ᠶ᠋ᠢᠨ ᠠᠮᠠᠨ ᠳ᠋ᠠᠭᠠᠨ
ᠬᠣᠣᠰ ᠯᠤᠤ ᠵᠣᠭᠰᠣᠭᠠᠵᠤ
ᠬᠣᠢᠲᠤ ᠵᠦᠭ ᠦ᠋ᠨ ᠠᠮᠢᠲᠠᠨ ᠭᠠᠢᠬᠠᠨ
ᠬᠣᠶᠠᠷ ᠳᠠᠬᠢᠨ ᠮᠥᠷᠭᠥᠮᠡᠷ᠂
ᠵᠡᠭᠦᠨ ᠬᠠᠭᠠᠯᠭ᠎ᠠ ᠶ᠋ᠢᠨ ᠠᠮᠠᠨ ᠳ᠋ᠠᠭᠠᠨ
ᠵᠡᠷᠯᠢᠭ ᠪᠠᠷᠰ ᠵᠣᠭᠰᠣᠭᠠᠵᠤ
ᠵᠡᠭᠦᠨ ᠵᠦᠭ ᠦ᠋ᠨ ᠠᠮᠢᠲᠠᠨ ᠭᠠᠢᠬᠠᠨ
ᠵᠢᠷᠦᠬᠡ ᠳᠠᠭᠵᠢᠨ ᠮᠥᠷᠭᠥᠮᠡᠷ᠂
ᠴᠡᠪᠡᠷ ᠰᠠᠢᠬᠠᠨ ᠣᠷᠳᠣᠨ ᠲᠠᠢ ᠭᠡᠨ᠎ᠡ᠃
ᠴᠡᠪᠡᠷ ᠰᠠᠢᠬᠠᠨ ᠣᠷᠳᠣᠨ ᠳ᠋ᠠᠭᠠᠨ
ᠴᠢᠮᠡᠭ ᠪᠣᠯᠭᠠᠨ ᠲᠡᠵᠢᠭᠡᠭᠰᠡᠨ ᠨᠢ
ᠠᠯᠲᠠᠨ ᠬᠣᠩᠭᠣᠷ ᠭᠤᠷᠭᠤᠤᠯᠳᠠᠢ
ᠠᠷᠢᠭᠤᠨ ᠴᠢᠮᠡᠭᠲᠦ ᠲᠣᠭᠣᠰ
ᠠᠯᠠᠭ ᠡᠷᠢᠶᠡᠨ ᠳᠤᠩᠵᠢᠳ
ᠠᠭᠤᠯᠠᠨ ᠳ᠋ᠤ᠌ ᠬᠡᠪᠲᠡᠳᠡᠭ ᠤᠭᠠᠯᠵᠠ
ᠤᠷᠠᠨ ᠬᠤᠯᠠᠭᠠᠢᠴᠢ ᠴᠢᠨᠣ᠎ᠠ
ᠦᠨᠡᠰᠦᠨ ᠳ᠋ᠦ᠍ ᠬᠡᠪᠲᠡᠳᠡᠭ ᠦᠨᠡᠭᠡ
ᠥᠨᠳᠥᠷ ᠴᠢᠬᠢ ᠲᠡᠢ ᠣᠭᠣᠨᠣ
ᠤᠷᠠᠨ ᠬᠠᠯᠵᠠᠨ ᠲᠣᠭᠣᠷᠤᠤ ᠭᠡᠨ᠎ᠡ᠃
ᠡᠢᠮᠦ ᠰᠠᠢᠬᠠᠨ ᠣᠷᠳᠣᠨ ᠳ᠋ᠠᠭᠠᠨ
ᠡᠵᠡᠨ ᠪᠣᠯᠤᠨ ᠡᠷᠬᠡᠰᠢᠭᠰᠡᠨ
ᠢᠳᠡᠷ ᠪᠠᠭᠠᠲᠤᠷ ᠤ᠋ᠨ ᠪᠡᠶ᠎ᠡ ᠳ᠋ᠦ᠍ᠨᠢ
ᠢᠵᠢᠯᠢ ᠬᠠᠨᠢ ᠨᠥᠬᠥᠷ
ᠠᠤᠭ᠎ᠠ ᠬᠦᠴᠦᠲᠦ ᠪᠠᠭᠠᠲᠤᠷ ᠤ᠋ᠨ
ᠠᠪᠠᠯᠢ ᠭᠡᠷᠭᠡᠢ ᠪᠣᠯᠳᠠᠭ
ᠨᠠᠷᠠ ᠰᠢᠭ᠋ ᠲᠤᠶᠠᠭ᠎ᠠ ᠲᠠᠢ
ᠨᠠᠷᠢᠬᠠᠨ ᠭᠤᠸ᠎ᠠ ᠪᠡᠶ᠎ᠡ ᠲᠡᠢ
ᠰᠠᠷ᠎ᠠ ᠰᠢᠭ᠋ ᠭᠡᠷᠡᠯ ᠲᠡᠢ
ᠰᠠᠢᠬᠠᠨ ᠤᠷᠠᠨ ᠵᠢᠰᠦ ᠲᠡᠢ
ᠭᠠᠯ ᠰᠢᠭ᠋ ᠢᠯᠴᠢᠲᠡᠢ
ᠭᠠᠩᠭᠠᠩ ᠰᠠᠢᠬᠠᠨ ᠬᠠᠴᠠᠷ ᠲᠠᠢ
ᠤᠰᠤ ᠰᠢᠭ᠋ ᠲᠤᠩᠭᠠᠯᠠᠭ
ᠣᠳᠣ ᠭᠢᠯᠪᠠᠯᠵᠠᠭᠰᠠᠨ ᠨᠢᠳᠦ ᠲᠡᠢ
ᠵᠢᠷᠪᠢᠭᠰᠡᠨ ᠬᠠᠷ᠎ᠠ ᠬᠥᠮᠥᠰᠬᠡ ᠲᠡᠢ
ᠵᠢᠮᠢᠰᠦᠨ ᠤᠯᠠᠭᠠᠨ ᠤᠷᠤᠭᠤᠯ ᠲᠠᠢ
ᠵᠢᠭᠠᠷ ᠬᠦᠳᠡᠷᠢ ᠶ᠋ᠢᠨ ᠦᠨᠦᠷ ᠲᠡᠢ
ᠵᠠᠯᠠᠭᠤ ᠴᠠᠬᠢᠷᠠᠭ ᠪᠡᠶ᠎ᠡ ᠲᠡᠢ
ᠨᠠᠷᠠᠨ ᠠᠳᠠᠯᠢ ᠭᠡᠭᠡᠬᠡᠨ
ᠨᠠᠷᠠᠰᠤᠨ ᠠᠳᠠᠯᠢ ᠭᠤᠢᠪᠢᠷᠬᠠᠨ
ᠰᠠᠷᠠᠨ ᠠᠳᠠᠯᠢ ᠴᠡᠪᠡᠷᠬᠡᠨ
ᠽᠠᠨᠳᠠᠨ ᠠᠳᠠᠯᠢ ᠭᠤᠢᠪᠢᠷᠬᠠᠨ
ᠭᠢᠰᠬᠢᠭᠰᠡᠨ ᠭᠠᠵᠠᠷ ᠲᠤᠨᠢ
ᠭᠡᠷᠡᠯᠲᠦ ᠴᠡᠴᠡᠭ ᠳᠡᠯᠭᠡᠷᠡᠳᠡᠭ
ᠭᠡᠨᠡᠳᠲᠡ ᠲᠠᠭᠠᠷᠠᠨ ᠰᠣᠨᠣᠰᠪᠠᠯ
ᠬᠡᠮᠡᠷᠯᠢᠭ ᠴᠡᠭᠡᠵᠢᠨ ᠳ᠋ᠡᠭᠡᠨ ᠲᠣᠭᠲᠠᠭᠠᠳᠠᠭ
ᠠᠩᠬ᠎ᠠ ᠠᠪᠤᠭᠠᠳ ᠦᠵᠡᠪᠡᠯ
ᠠᠶᠤᠤᠯᠢᠬᠠᠢ ᠴᠡᠭᠡᠵᠢᠨ ᠳ᠋ᠡᠭᠡᠨ ᠬᠠᠲᠠᠳᠠᠭ
ᠠᠰᠤᠷᠤ ᠰᠡᠴᠡᠨ ᠭᠡᠷᠭᠡᠢ
ᠠᠮᠠᠷᠠᠭ ᠬᠣᠩᠭᠣᠷ ᠪᠦᠰᠡᠭᠦᠢ ᠲᠡᠢ ᠭᠡᠨ᠎ᠡ᠃
ᠣᠮᠣᠭᠲᠤ ᠪᠠᠭᠠᠲᠤᠷ ᠲᠤ᠌ ᠢᠲᠡᠭᠡᠯ ᠲᠡᠢ
ᠣᠳᠣ ᠨᠢᠭᠡ ᠬᠠᠨᠢ ᠨᠢ
ᠠᠶᠠᠨ ᠲᠡᠢᠨ ᠳ᠋ᠡᠭᠡᠨ ᠡᠮᠡᠭᠡᠯᠯᠡᠳᠡᠭ
ᠠᠩ ᠬᠥᠷᠥᠭᠡᠨ ᠳ᠋ᠦ᠍ ᠪᠡᠨ ᠤᠨᠤᠳᠠᠭ
ᠲᠦᠷᠭᠡᠨ ᠵᠡᠭᠡᠷ᠎ᠡ ᠶ᠋ᠢᠨ ᠴᠣᠯᠠ ᠲᠠᠢ
ᠳᠥᠷᠪᠡᠨ ᠲᠥᠭᠡ ᠴᠢᠬᠢ ᠲᠡᠢ
ᠳᠥᠴᠢᠨ ᠠᠯᠲᠠ ᠪᠡᠶ᠎ᠡ ᠲᠡᠢ
ᠲᠦᠳᠡᠭ ᠭᠠᠯ ᠤ᠋ᠨ ᠨᠢᠳᠦ ᠲᠡᠢ
ᠲᠦᠮᠡᠨ ᠠᠭᠲᠠ ᠶ᠋ᠢᠨ ᠲᠦᠷᠦᠭᠦᠦ
ᠳᠥᠷᠪᠡᠯᠵᠢᠨ ᠰᠢᠷᠭ᠎ᠠ ᠮᠣᠷᠢ ᠭᠡᠨ᠎ᠡ᠃
ᠭᠣᠷᠣᠬᠠᠨ ᠤᠷᠤᠰᠬᠠᠯ ᠴᠣᠯᠠ ᠲᠠᠢ
ᠭᠤᠷᠪᠠᠨ ᠲᠥᠭᠡ ᠴᠢᠬᠢ ᠲᠡᠢ
ᠭᠤᠴᠢᠨ ᠠᠯᠲᠠ ᠪᠡᠶ᠎ᠡ ᠲᠡᠢ
ᠭᠣᠯᠣᠮᠤᠨ ᠭᠠᠯ ᠤ᠋ᠨ ᠨᠢᠳᠦ ᠲᠡᠢ
ᠭᠤᠸ᠎ᠠ ᠠᠭᠲᠠ ᠶ᠋ᠢᠨ ᠲᠦᠷᠦᠭᠦᠦ
ᠭᠤᠰᠢᠭᠠᠷ ᠰᠢᠷᠭ᠎ᠠ ᠮᠣᠷᠢ ᠭᠡᠨ᠎ᠡ᠃
ᠰᠠᠮᠨᠠᠭ᠎ᠠ ᠬᠢᠷᠭᠠᠭ᠎ᠠ ᠳᠡᠯ ᠲᠡᠢ
ᠰᠠᠭᠰᠠᠭᠠᠷ ᠰᠠᠮᠪᠠᠢ ᠰᠡᠭᠦᠯ ᠲᠡᠢ
ᠡᠮᠦᠨ᠎ᠡ ᠲᠠᠯ᠎ᠠ ᠠ᠋ᠴᠠ ᠨᠢ ᠦᠵᠡᠪᠡᠯ
ᠡᠷᠭᠢ ᠮᠠᠩᠬ᠎ᠠ ᠭᠡᠮᠡᠷ
ᠡᠪᠴᠢᠭᠦᠦ ᠴᠡᠭᠡᠵᠢ ᠶ᠋ᠢ ᠨᠢ ᠦᠵᠡᠭᠡᠳ
ᠮᠣᠷᠢ ᠭᠡᠵᠦ ᠲᠠᠨᠢᠳᠠᠭ᠂
ᠬᠣᠢᠨ᠎ᠠ ᠠ᠋ᠴᠠ ᠨᠢ ᠬᠠᠷᠠᠪᠠᠯ
ᠬᠣᠲᠠ ᠪᠠᠯᠭᠠᠰᠤᠨ ᠭᠡᠮᠡᠷ
ᠬᠣᠩᠭᠣ ᠪᠤᠯᠴᠢᠩ ᠢ᠋ ᠨᠢ ᠬᠠᠷᠠᠭᠠᠳ
ᠮᠣᠷᠢ ᠭᠡᠵᠦ ᠢᠯᠭᠠᠳᠠᠭ᠂
ᠬᠠᠵᠠᠭᠤ ᠠ᠋ᠴᠠ ᠨᠢ ᠬᠠᠷᠠᠪᠠᠯ
ᠬᠠᠳᠠ ᠬᠠᠩᠭᠠᠢ ᠭᠡᠮᠡᠷ
ᠬᠠᠮᠠᠷ ᠠᠮᠠ ᠶ᠋ᠢ ᠨᠢ ᠬᠠᠷᠠᠭᠠᠳ
ᠮᠣᠷᠢ ᠭᠡᠵᠦ ᠮᠡᠳᠡᠳᠡᠭ᠂
ᠳᠡᠭᠡᠷ᠎ᠡ ᠡᠴᠡ ᠨᠢ ᠬᠠᠷᠠᠪᠠᠯ
ᠳᠠᠪᠠᠭ᠎ᠠ ᠠᠭᠤᠯᠠ ᠭᠡᠮᠡᠷ
ᠳᠠᠯᠤ ᠵᠣ ᠶ᠋ᠢ ᠨᠢ ᠦᠵᠡᠭᠡᠳ
ᠮᠣᠷᠢ ᠭᠡᠵᠦ ᠣᠢᠯᠠᠭᠠᠳᠠᠭ
ᠠᠯᠳᠠᠷᠲᠤ ᠤᠯᠠᠭᠠᠨ ᠪᠠᠭᠠᠲᠤᠷ
ᠠᠯᠢ ᠨᠢᠭᠡᠨ ᠡᠳᠦᠷ
ᠠᠯᠢᠶ᠎ᠠ ᠰᠢᠷᠭ᠎ᠠ ᠪᠠᠨ ᠤᠨᠤᠭᠠᠳ
ᠠᠭᠤᠳᠠᠮ ᠥᠷᠭᠡᠨ ᠨᠤᠲᠤᠭ ᠲᠠᠭᠠᠨ
ᠠᠩ ᠬᠦᠷᠦᠭᠡ ᠪᠡᠷ ᠭᠠᠷᠴᠤ
ᠠᠷᠤ ᠥᠪᠥᠷ ᠢ᠋ᠶ᠋ᠡᠷ ᠶᠠᠪᠤᠵᠤ
ᠠᠷᠠᠳ ᠣᠯᠠᠨ ᠲᠠᠢ ᠪᠠᠨ ᠠᠭᠤᠯᠵᠠᠨ
ᠠᠮᠤᠷ ᠮᠡᠨᠳᠦ ᠪᠡᠨ ᠮᠡᠳᠡᠯᠴᠡᠨ
ᠠᠵᠢᠯ ᠠᠮᠢᠳᠤᠷᠠᠯ ᠢ᠋ᠶ᠋ᠠᠨ ᠠᠰᠠᠭᠤᠯᠴᠠᠨ
ᠠᠰᠤᠷᠤ ᠪᠠᠶᠠᠷ ᠲᠠᠢ ᠪᠠᠢᠬᠤ ᠳ᠋ᠤ᠌᠂
ᠭᠤᠨᠠᠭᠠᠨ ᠤᠯᠠᠭᠠᠨ ᠪᠠᠭᠠᠲᠤᠷ ᠤ᠋ᠨ
ᠭᠣᠪᠢ ᠨᠤᠲᠤᠭ ᠤ᠋ᠨ ᠠᠯᠤᠰ
ᠪᠣᠷᠣ ᠬᠠᠵᠠᠭᠤ ᠶ᠋ᠢᠨ ᠡᠩᠭᠡᠷ ᠳᠡᠭᠡᠷ᠎ᠡ
ᠪᠤᠯᠠᠭᠠᠨ ᠲᠣᠬᠣᠢ ᠨᠤᠲᠤᠭ ᠲᠠᠢ
ᠵᠥᠪ ᠬᠠᠵᠠᠭᠤ ᠶ᠋ᠢᠨ ᠡᠩᠭᠡᠷ ᠳᠡᠭᠡᠷ᠎ᠡ
ᠵᠥᠭᠡᠯᠡᠨ ᠲᠣᠬᠣᠢ ᠨᠤᠲᠤᠭ ᠲᠠᠢ
ᠪᠤᠮᠪᠠᠢ ᠠᠭᠤᠯᠠᠨ ᠤ᠋ ᠬᠠᠪᠴᠢᠯ ᠳ᠋ᠤ᠌
ᠪᠤᠷᠤᠭᠤ ᠬᠠᠨᠳᠤᠭᠰᠠᠨ ᠡᠷᠦᠬᠡ ᠲᠡᠢ
ᠵᠢᠰᠤᠷ ᠠᠭᠤᠯᠠᠨ ᠤ᠋ ᠬᠠᠪᠴᠢᠯ ᠳ᠋ᠤ᠌
ᠵᠥᠷᠢᠭᠦᠦ ᠬᠠᠨᠳᠤᠭᠰᠠᠨ ᠣᠷᠳᠣᠨ ᠲᠠᠢ
ᠪᠤᠭᠤ ᠶ᠋ᠢᠨ ᠠᠷᠠᠰᠤᠨ ᠬᠡᠩᠭᠡᠷᠭᠡ ᠲᠡᠢ
ᠪᠣᠲᠣᠭᠣᠨ ᠨᠢᠷᠤᠭᠤᠨ ᠳᠣᠬᠢᠭᠤᠷ ᠲᠠᠢ
ᠬᠣᠢᠰᠢ ᠪᠠᠨ ᠬᠠᠨᠳᠤᠭᠰᠠᠨ ᠡᠭᠦᠳᠡ ᠲᠡᠢ
ᠬᠣᠷᠮᠣᠢ ᠪᠠᠨ ᠰᠢᠭᠤᠭᠰᠠᠨ ᠪᠤᠷᠬᠠᠨ ᠲᠠᠢ
ᠪᠠᠷᠠᠭᠤᠨᠰᠢ ᠬᠠᠨᠳᠤᠭᠰᠠᠨ ᠡᠭᠦᠳᠡ ᠲᠡᠢ
ᠪᠠᠩᠵᠠᠯ ᠢ᠋ᠶ᠋ᠠᠨ ᠰᠢᠭᠤᠭᠰᠠᠨ ᠰᠢᠲᠦᠭᠡᠨ ᠲᠡᠢ
ᠠᠷᠤ ᠶ᠋ᠢᠨ ᠬᠣᠶᠠᠷ ᠰᠣᠶᠣᠭᠠᠨ ᠳ᠋ᠤᠨᠢ
ᠠᠪᠤᠷᠭᠤ ᠮᠣᠭᠠᠢ ᠰᠦᠯᠵᠢᠭᠰᠡᠨ
ᠠᠷᠪᠠ ᠲᠠᠪᠤᠨ ᠰᠠᠬᠠᠯ ᠳ᠋ᠤᠨᠢ
ᠠᠳᠠ ᠰᠢᠮᠨᠤᠰ ᠨᠥᠭᠴᠢᠭᠰᠡᠨ
ᠰᠢᠷᠦᠭᠦᠨ ᠬᠠᠷ᠎ᠠ ᠨᠢᠳᠦ ᠨᠢ
ᠬᠤᠳᠳᠤᠭ ᠪᠣᠯᠤᠭᠰᠠᠨ
ᠰᠢᠷᠡᠮᠦᠨ ᠬᠠᠷ᠎ᠠ ᠰᠠᠬᠠᠯ ᠨᠢ
ᠰᠢᠪᠦᠭᠡ ᠪᠣᠯᠤᠭᠰᠠᠨ
ᠬᠥᠮᠦᠨ ᠬᠥᠮᠦᠨ ᠦ᠌ ᠮᠢᠬ᠎ᠠ ᠶ᠋ᠢ
ᠳᠠᠯᠢᠩ ᠳᠠᠯᠢᠩ ᠢ᠋ᠶ᠋ᠠᠷ ᠲᠡᠩᠨᠡᠭᠰᠡᠨ
ᠠᠷᠪᠠᠨ ᠬᠣᠶᠠᠷ ᠲᠣᠯᠣᠭᠠᠢ ᠲᠠᠢ
ᠠᠷᠵᠠᠭᠠᠷ ᠬᠠᠷ᠎ᠠ ᠮᠠᠩᠭᠤᠰ
ᠠᠵᠢᠯ ᠠᠮᠢᠳᠤᠷᠠᠯ ᠬᠢᠳᠡᠭ ᠦᠭᠡᠢ
ᠠᠮᠤᠷ ᠲᠦᠪᠰᠢᠨ ᠳ᠋ᠦ᠍ ᠳᠤᠷᠠᠯᠠᠳᠠᠭ ᠦᠭᠡᠢ
ᠠᠯᠠᠯᠳᠤᠭᠠ ᠲᠡᠢᠨ ᠳᠡᠭᠳᠡᠭᠡᠵᠦ
ᠠᠰᠢᠳᠠ ᠬᠥᠮᠦᠨ ᠢ᠋ ᠳᠡᠭᠡᠷᠡᠮᠳᠡᠵᠦ
ᠠᠭᠤᠳᠠᠮ ᠣᠷᠣᠨ ᠢ᠋ ᠨᠢ ᠡᠵᠡᠯᠡᠵᠦ
ᠠᠯᠳᠠᠷᠲᠤ ᠪᠠᠭᠠᠲᠤᠷ ᠤ᠋ᠳ ᠢ᠋ ᠰᠥᠨᠥᠭᠡᠨ
ᠠᠷᠠᠳ ᠣᠯᠠᠨ ᠢ᠋ ᠨᠢ ᠠᠯᠪᠠᠳᠠᠵᠤ
ᠠᠯᠢ ᠪᠦᠬᠦᠨ ᠢ᠋ ᠨᠢ ᠣᠯᠵᠠᠯᠠᠵᠤ
ᠠᠷᠢᠭᠤᠨ ᠴᠡᠪᠡᠷ ᠢ᠋ ᠨᠢ ᠪᠤᠵᠠᠷᠯᠠᠵᠤ
ᠠᠮᠢᠨ ᠤ᠋ ᠳᠤᠷ᠎ᠠ ᠪᠠᠷ ᠡᠵᠡᠷᠬᠡᠭᠯᠡᠵᠦ
ᠠᠲᠠᠷ ᠲᠠᠪᠠ ᠪᠠᠷ ᠢ᠋ᠶ᠋ᠠᠨ ᠠᠭᠠᠰᠢᠯᠠᠶᠠ ᠭᠡᠪᠡᠴᠦ
ᠠᠷᠭ᠎ᠠ ᠠᠯᠠᠭ᠎ᠠ ᠰᠠᠭᠤᠬᠤ ᠨᠢ
ᠭᠤᠨᠠᠭᠠᠨ ᠤᠯᠠᠭᠠᠨ ᠪᠠᠭᠠᠲᠤᠷ ᠤ᠋ᠨ
ᠭᠣᠣᠯᠳᠠᠭᠤ ᠰᠦᠷ ᠡᠴᠡ ᠨᠢ ᠠᠶᠤᠵᠤ
ᠭᠤᠯᠭᠤᠨ ᠨᠢᠭᠤᠵᠤ ᠡᠷᠭᠢᠯᠳᠦᠨ
ᠭᠣᠯᠣᠮᠲᠠ ᠪᠠᠨ ᠰᠠᠬᠢᠵᠤ ᠰᠠᠭᠤᠪᠠᠴᠤ
ᠭᠣᠶᠣ ᠬᠠᠲᠤᠨ ᠳ᠋ᠤᠨᠢ ᠳᠤᠷᠠᠯᠠᠵᠤ
ᠭᠤᠨᠢᠷᠠᠨ ᠬᠣᠷᠣᠰᠤᠨ ᠪᠠᠢᠬᠤ ᠳ᠋ᠤ᠌
ᠬᠡᠷᠢᠶ᠎ᠡ ᠨᠢᠰᠦᠨ ᠢᠷᠡᠵᠦ
ᠬᠡᠯᠡ ᠪᠡᠨ ᠵᠠᠵᠢᠯᠤᠨ ᠬᠡᠯᠡᠭᠰᠡᠨ ᠨᠢ᠄
《ᠠᠯᠳᠠᠷᠲᠤ ᠤᠯᠠᠭᠠᠨ ᠪᠠᠭᠠᠲᠤᠷ
ᠠᠩ ᠬᠦᠷᠦᠭᠡ ᠳ᠋ᠦ᠍ ᠭᠠᠷᠴᠤ
ᠠᠢᠯ ᠭᠡᠷ ᠡᠴᠡ ᠪᠡᠨ ᠬᠣᠯᠠᠳᠤᠨ
ᠠᠯᠤᠰ ᠭᠠᠵᠠᠷ ᠶᠠᠪᠤᠪᠠ》 ᠭᠡᠰᠡᠨ ᠳ᠋ᠦ᠍
ᠠᠷᠵᠠᠭᠠᠷ ᠬᠠᠷ᠎ᠠ ᠮᠠᠩᠭᠤᠰ
ᠠᠮᠠ ᠪᠠᠨ ᠠᠩᠭᠠᠢᠨ ᠪᠠᠶᠠᠷᠯᠠᠭᠰᠠᠨ ᠨᠢ᠄
《ᠠᠭᠠᠷ ᠲᠩᠷᠢ ᠥᠷᠥᠰᠢᠶᠡᠵᠦ
ᠠᠲᠠᠭᠠᠲᠠᠨ ᠳᠠᠢᠰᠤᠨ ᠢ᠋ ᠬᠣᠯᠠᠳᠠᠭᠤᠯᠵᠤ
ᠠᠷᠢᠭᠤᠨ ᠰᠠᠢᠬᠠᠨ ᠬᠠᠲᠤᠨ ᠢ᠋ ᠨᠢ
ᠠᠷᠵᠠᠭᠠᠷ ᠨᠠᠳᠠᠳᠤ ᠬᠠᠢᠷᠠᠯᠠᠪᠠ》 ᠭᠡᠳ
ᠣᠳᠣ ᠮᠥᠨᠥ ᠮᠣᠷᠳᠠᠵᠤ
ᠤᠳᠠᠭᠠᠨ ᠡᠳᠦᠷ ᠨᠢᠭᠤᠭᠰᠠᠨ
ᠣᠬᠣᠷ ᠬᠣᠷᠣᠰᠤᠯ ᠢ᠋ᠶ᠋ᠠᠨ ᠠᠪᠠᠴᠤ
ᠤᠷᠠᠨ ᠭᠤᠸ᠎ᠠ ᠬᠠᠲᠤᠨ ᠢ᠋ ᠨᠢ ᠡᠵᠡᠯᠡᠨ᠎ᠡ ᠭᠡᠳ
ᠰᠠᠯᠬᠢᠨ ᠬᠡᠢ ᠳᠡᠭᠳᠡᠭᠡᠵᠦ
ᠰᠠᠷᠠᠨ ᠤ᠋ ᠭᠡᠷᠡᠯ ᠢ᠋ ᠬᠠᠯᠬᠠᠯᠠᠨ
ᠭᠤᠨᠠᠭᠠᠨ ᠤᠯᠠᠭᠠᠨ ᠪᠠᠭᠠᠲᠤᠷ ᠤ᠋ᠨ
ᠭᠣᠪᠢ ᠨᠤᠲᠤᠭ ᠲᠤᠨᠢ ᠢᠷᠡᠵᠦ
ᠭᠤᠯᠭᠤᠨ ᠬᠤᠯᠠᠭᠠᠢᠯᠠᠨ ᠣᠷᠣᠵᠤ
ᠭᠤᠸ᠎ᠠ ᠬᠠᠲᠤᠨ ᠢ᠋ ᠨᠢ ᠳᠡᠭᠡᠳᠦᠯᠡᠭᠡᠳ
ᠲᠦᠪᠰᠢᠨ ᠰᠠᠢᠬᠠᠨ ᠣᠷᠣᠨ ᠢ᠋ ᠨᠢ
ᠲᠦᠢᠮᠡᠷ ᠲᠠᠯᠪᠢᠨ ᠰᠢᠲᠠᠭᠠᠶᠠ ᠭᠡᠳ
ᠭᠠᠯ ᠤ᠋ᠨ ᠨᠥᠯᠡ ᠠᠳᠬᠤᠵᠤ
ᠭᠠᠳᠠᠭᠰᠢ ᠭᠠᠷᠤᠨ ᠢᠷᠡᠲᠡᠯ᠎ᠡ
ᠣᠯᠠᠨ ᠬᠥᠮᠦᠰ ᠮᠡᠳᠡᠵᠦ
ᠤᠭᠲᠤᠨ ᠲᠣᠰᠣᠨ ᠬᠠᠷᠪᠤᠬᠤ ᠳ᠋ᠤ᠌
ᠠᠷᠵᠠᠭᠠᠷ ᠬᠠᠷ᠎ᠠ ᠮᠠᠩᠭᠤᠰ
ᠠᠶᠤᠵᠤ ᠳᠤᠲᠠᠭᠠᠨ ᠶᠠᠪᠤᠪᠠ᠃
ᠭᠤᠨᠠᠭᠠᠨ ᠤᠯᠠᠭᠠᠨ ᠪᠠᠭᠠᠲᠤᠷ
ᠭᠣᠪᠢ ᠬᠠᠩᠭᠠᠢ ᠪᠠᠷ ᠶᠠᠪᠤᠵᠤ
ᠠᠩ ᠬᠦᠷᠦᠭᠡ ᠬᠢᠵᠦ
ᠠᠮᠵᠢᠯᠲᠠ ᠲᠠᠢ ᠬᠠᠷᠢᠵᠤ ᠢᠷᠡᠭᠰᠡᠨ ᠳ᠋ᠦ᠍᠂
ᠣᠯᠠᠨ ᠬᠥᠮᠦᠨ ᠤᠭᠲᠤᠵᠤ
ᠤᠴᠢᠷ ᠦᠭᠡᠢ ᠮᠠᠩᠭᠤᠰ ᠢᠷᠡᠭᠡᠳ
ᠬᠠᠲᠤᠨ ᠢ᠋ ᠬᠤᠯᠠᠭᠠᠢᠯᠠᠨ ᠠᠪᠴᠤ
ᠬᠠᠷ᠎ᠠ ᠰᠠᠯᠬᠢᠨ ᠲᠠᠲᠠᠵᠤ ᠶᠠᠪᠤᠪᠠ ᠭᠡᠰᠡᠨ ᠳ᠋ᠦ᠍
ᠠᠯᠳᠠᠷᠲᠤ ᠪᠠᠭᠠᠲᠤᠷ ᠳᠣᠭᠰᠢᠷᠠᠵᠤ
ᠠᠭᠤᠷ ᠨᠢ ᠳᠡᠭᠡᠭᠰᠢ ᠳᠡᠭᠳᠡᠭᠡᠳ
ᠨᠤᠮᠤ ᠰᠠᠭᠠᠳᠠᠭ ᠢ᠋ᠶ᠋ᠠᠨ ᠠᠭᠰᠠᠵᠤ
ᠨᠤᠲᠠ ᠢᠯᠳᠦ ᠪᠡᠨ ᠵᠡᠭᠦᠵᠦ
ᠬᠤᠷᠳᠤᠨ ᠬᠦᠯᠦᠭ ᠢ᠋ᠶ᠋ᠡᠨ ᠲᠠᠰᠢᠭᠤᠷᠳᠠᠨ
ᠬᠣᠢᠨ᠎ᠠ ᠠ᠋ᠴᠠ ᠨᠢ ᠲᠠᠭᠤᠵᠤ ᠶᠠᠪᠤᠪᠠ᠃
ᠠᠷᠵᠠᠭᠠᠷ ᠬᠠᠷ᠎ᠠ ᠮᠠᠩᠭᠤᠰ
ᠠᠢᠯ ᠭᠡᠷ ᠲᠦ᠍ ᠪᠡᠨ ᠬᠠᠷᠢᠭᠠᠳ
ᠠᠷᠠᠰᠤᠨ ᠳᠡᠭᠲᠦ ᠪᠡᠨ ᠲᠠᠢᠯᠵᠤ
ᠠᠷᠢᠭᠤᠨ ᠰᠠᠢᠬᠠᠨ ᠬᠠᠲᠤᠨ ᠢ᠋ ᠭᠠᠷᠭᠠᠭᠰᠠᠨ ᠳ᠋ᠤ᠌᠂
ᠬᠠᠲᠤᠨ ᠶᠡᠬᠡ ᠠᠭᠤᠷᠯᠠᠵᠤ
ᠬᠠᠲᠠᠭᠤ ᠬᠠᠷᠠᠨ ᠦᠵᠡᠭᠰᠡᠨ ᠳ᠋ᠦ᠍
ᠬᠠᠷ᠎ᠠ ᠮᠠᠩᠭᠤᠰ ᠭᠠᠵᠠᠷ ᠰᠥᠭᠥᠳᠴᠦ
ᠬᠠᠯᠠᠰᠢᠷᠠᠨ ᠭᠤᠶᠤᠵᠤ ᠬᠡᠯᠡᠭᠰᠡᠨ ᠨᠢ᠄
ᠭᠤᠸ᠎ᠠ ᠰᠠᠢᠬᠠᠨ ᠬᠠᠲᠤᠨ ᠴᠢᠮᠠᠶ᠋ᠢ
ᠭᠤᠷᠪᠠᠨ ᠵᠢᠯ ᠦ᠋ᠨ ᠠᠯᠤᠰ ᠠ᠋ᠴᠠ ᠳᠤᠷᠠᠯᠠᠵᠤ
ᠭᠤᠨᠢᠷᠠᠨ ᠪᠠᠢᠬᠤ ᠶ᠋ᠢ ᠮᠢᠨᠢ
ᠭᠤᠳᠤᠷᠠᠭᠤᠯᠬᠤ ᠦᠭᠡᠢ ᠪᠣᠯᠭᠠᠮᠤ!
ᠰᠡᠷᠡᠭᠦᠨ ᠶᠠᠪᠤᠬᠤ ᠦᠶ᠎ᠡ ᠳ᠋ᠦ᠍ ᠮᠢᠨᠢ
ᠰᠣᠨᠣᠰᠤᠯ ᠠ᠋ᠴᠠ ᠭᠠᠷᠳᠠᠭ ᠦᠭᠡᠢ
ᠰᠡᠪᠣᠷᠣᠯᠡᠨ ᠶᠠᠪᠤᠬᠤ ᠴᠠᠭ ᠲᠤ᠌ ᠮᠢᠨᠢ
ᠰᠠᠨᠠᠭᠠᠨ ᠠ᠋ᠴᠠ ᠰᠠᠯᠳᠠᠭ ᠦᠭᠡᠢ
ᠤᠨᠲᠠᠵᠤ ᠪᠠᠢᠬᠤ ᠦᠶ᠎ᠡ ᠳ᠋ᠦ᠍ ᠮᠢᠨᠢ
ᠵᠡᠭᠦᠳᠦᠨ ᠡᠴᠡ ᠭᠠᠷᠳᠠᠭ ᠦᠭᠡᠢ
ᠡᠷᠭᠢᠨ ᠬᠤᠷᠤᠢᠯᠠᠬᠤ ᠴᠠᠭ ᠲᠤ᠌ ᠮᠢᠨᠢ
ᠡᠪᠴᠢᠭᠦᠨ ᠡᠴᠡ ᠰᠠᠯᠳᠠᠭ ᠦᠭᠡᠢ
ᠳᠤᠷᠠᠯᠠᠵᠤ ᠰᠠᠨᠠᠭᠰᠠᠨ ᠮᠢᠨᠢ
ᠳᠣᠷᠣᠨ᠎ᠠ ᠳᠠᠯᠠᠢ ᠠ᠋ᠴᠠ ᠭᠦᠨ
ᠦᠨᠡᠨ ᠰᠠᠨᠠᠭᠰᠠᠨ ᠰᠡᠳᠬᠢᠯ ᠮᠢᠨᠢ
ᠥᠨᠳᠥᠷ ᠠᠭᠤᠯᠠ ᠠ᠋ᠴᠠ ᠬᠦᠨᠳᠦ ᠭᠡᠵᠦ
ᠰᠠᠨᠠᠭ᠎ᠠ ᠰᠡᠭᠦᠷᠡᠰᠦ ᠠᠯᠳᠠᠵᠤ
ᠰᠠᠨᠠᠭᠰᠠᠨ ᠪᠣᠳᠣᠭᠰᠠᠨ ᠢ᠋ᠶ᠋ᠠᠨ ᠬᠡᠯᠡᠪᠡᠴᠦ
ᠤᠷᠠᠨ ᠰᠠᠢᠬᠠᠨ ᠬᠠᠲᠤᠨ
ᠣᠢᠰᠢᠶᠠᠬᠤ ᠦᠭᠡᠢ ᠵᠣᠭᠰᠣᠨ
ᠣᠮᠣᠭᠲᠤ ᠪᠠᠭᠠᠲᠤᠷ ᠮᠢᠨᠢ ᠶᠠᠭᠠᠬᠢᠪᠠ ᠭᠡᠵᠦ
ᠤᠷᠢᠨ ᠪᠣᠳᠣᠵᠤ ᠪᠠᠢᠬᠤ ᠳ᠋ᠤ᠌
ᠮᠠᠩᠭᠤᠰ ᠠᠷᠭ᠎ᠠ ᠪᠠᠨ ᠪᠠᠷᠠᠵᠤ
ᠮᠠᠯᠠᠭᠠᠢ ᠪᠠᠨ ᠠᠪᠤᠨ ᠮᠥᠷᠭᠥᠬᠦ ᠳ᠋ᠦ᠍
ᠬᠠᠲᠤᠨ ᠶᠡᠬᠡ ᠵᠢᠭᠰᠢᠵᠦ
ᠬᠠᠴᠠᠷ ᠢ᠋ ᠨᠢ ᠠᠯᠠᠭᠠᠳᠠᠨ ᠴᠣᠬᠢᠭᠰᠠᠨ ᠳ᠋ᠤ᠌
ᠬᠠᠷ᠎ᠠ ᠮᠠᠩᠭᠤᠰ ᠦᠰᠦᠷᠦᠨ ᠪᠣᠰᠴᠤ
ᠬᠠᠷᠢᠶᠠᠨ ᠵᠥᠭᠡᠵᠦ ᠬᠡᠯᠡᠭᠰᠡᠨ ᠨᠢ᠄
ᠡᠯᠵᠢᠭᠡ ᠶ᠋ᠢᠨ ᠴᠢᠬᠢᠨ ᠳ᠋ᠦ᠍
ᠠᠯᠲᠠ ᠬᠢᠪᠡᠴᠦ ᠰᠠᠵᠢᠨ᠎ᠠ᠂
ᠠᠷᠭᠠᠯ ᠬᠢᠪᠡᠴᠦ ᠰᠠᠵᠢᠨ᠎ᠠ᠂
ᠦᠨᠡᠨ ᠰᠠᠨᠠᠯ ᠢ᠋ ᠮᠡᠳᠡᠬᠦ ᠦᠭᠡᠢ
ᠦᠬᠦᠯ ᠢ᠋ᠶ᠋ᠡᠨ ᠡᠷᠢᠭᠰᠡᠨ ᠠᠮᠢᠲᠠᠨ ᠭᠡᠪᠡᠴᠦ
ᠬᠠᠲᠤᠨ ᠤ᠋ ᠬᠠᠷᠠᠴᠠ ᠶ᠋ᠢᠨ ᠲᠣᠭᠰᠢᠨ ᠳ᠋ᠤ᠌
ᠬᠠᠯᠢᠷᠠᠨ ᠢᠷᠡᠵᠦ ᠴᠢᠳᠠᠬᠤ ᠦᠭᠡᠢ ᠳ᠋ᠦ᠍
ᠬᠠᠮᠤᠭ ᠡᠷᠳᠡᠨᠢ ᠪᠡᠨ ᠭᠠᠷᠭᠠᠵᠤ
ᠬᠠᠶᠠᠭ᠎ᠠ ᠵᠡᠷᠭᠡᠯᠡᠨ ᠲᠠᠯᠪᠢᠭᠠᠳ
ᠲᠠᠵᠢ ᠮᠠᠩᠨᠤᠭ ᠭᠠᠷᠭᠠᠵᠤ
ᠲᠠᠯ᠎ᠠ ᠪᠦᠷᠬᠦᠨ ᠳᠡᠯᠭᠡᠵᠦ
ᠰᠤᠪᠤᠳ ᠲᠠᠨ᠎ᠠ ᠶ᠋ᠢ ᠰᠠᠴᠤᠵᠤ
ᠰᠢᠯᠢ ᠪᠦᠷᠬᠦᠨ ᠰᠠᠳᠠᠷᠠᠭᠤᠯᠵᠤ
ᠠᠯᠲᠠ ᠮᠥᠩᠭᠥ ᠣᠪᠣᠭᠠᠯᠠᠵᠤ
ᠠᠪᠳᠠᠷ᠎ᠠ ᠳᠦᠭᠦᠷᠡᠩ ᠪᠢᠯᠬᠠᠭᠤᠯᠵᠤ
ᠠᠰᠠᠷ ᠲᠠᠭᠲᠤ ᠪᠠᠨ ᠲᠣᠭᠣᠷᠢᠭᠤᠯᠤᠨ
ᠠᠯᠢᠪᠠ ᠪᠦᠬᠦᠨ ᠢ᠋ᠶ᠋ᠡᠨ ᠭᠠᠷᠭᠠᠭᠤᠯᠵᠤ
ᠡᠳ᠋ ᠲᠠᠸᠠᠷ ᠲᠣᠷᠭ᠎ᠠ ᠲᠠᠵᠢ
ᠡᠷᠳᠡᠨᠢ ᠶ᠋ᠢᠨ ᠪᠥᠰ ᠪᠠᠷᠠᠭ᠎ᠠ ᠪᠠᠷ
ᠡᠵᠡᠷᠬᠡᠬᠡᠨ ᠬᠠᠲᠤᠨ ᠢ᠋ ᠥᠳᠥᠭᠡᠪᠡᠴᠦ
ᠡᠭᠦᠨ ᠢ᠋ ᠶᠡᠷᠦ ᠬᠠᠢᠬᠤᠷᠬᠤ ᠦᠭᠡᠢ ᠳ᠋ᠦ᠍
ᠠᠷᠵᠠᠭᠠᠷ ᠬᠠᠷ᠎ᠠ ᠮᠠᠩᠭᠤᠰ ᠤ᠋ᠨ
ᠠᠭᠠᠰᠢ ᠵᠠᠩ ᠨᠢ ᠬᠥᠳᠡᠯᠵᠦ
ᠠᠯᠠᠵᠤ ᠴᠢᠮᠠᠶ᠋ᠢ ᠢᠳᠡᠶ᠎ᠡ ᠭᠡᠳ
ᠠᠳᠬᠤᠨ ᠵᠡᠪᠰᠡᠭ ᠢ᠋ᠶ᠋ᠡᠨ ᠲᠡᠢᠯᠡᠲᠡᠯᠡ
ᠠᠢᠯ ᠭᠡᠷ ᠦ᠋ᠨ ᠡᠭᠦᠳᠡᠨ ᠳ᠋ᠦ᠍ᠨᠢ
ᠠᠶᠤᠩᠭ᠎ᠠ ᠮᠡᠲᠦ ᠳᠤᠤᠭᠠᠷᠴᠤ
ᠠᠯᠠᠶ᠎ᠠ ᠭᠡᠵᠦ ᠪᠠᠷᠬᠢᠷᠠᠨ
ᠠᠯᠳᠠᠷᠲᠤ ᠪᠠᠭᠠᠲᠤᠷ ᠢᠷᠡᠪᠡ᠃
ᠠᠷᠵᠠᠭᠠᠷ ᠬᠠᠷ᠎ᠠ ᠮᠠᠩᠭᠤᠰ
ᠠᠭᠵᠠᠰ ᠭᠡᠵᠦ ᠰᠣᠴᠢᠨ
ᠠᠭᠤᠷ ᠬᠢᠯᠢᠩ ᠨᠢ ᠪᠠᠳᠠᠷᠠᠵᠤ
ᠠᠯᠬᠤᠨ ᠭᠠᠷᠴᠤ ᠢᠷᠡᠭᠡᠳ
ᠳᠣᠣᠷ᠎ᠠ ᠪᠠᠨ ᠬᠣᠶᠠᠭᠤᠯᠠ ᠨᠣᠴᠣᠯᠳᠤᠨ
ᠳᠣᠯᠣᠭᠠᠨ ᠬᠣᠨᠣᠭ ᠥᠩᠭᠡᠷᠡᠵᠦ
ᠠᠭᠤᠯᠠ ᠠᠭᠤᠯᠠ ᠶ᠋ᠢᠨ ᠣᠷᠣᠢ ᠪᠠᠷ
ᠤᠰᠤ ᠤᠰᠤᠨ ᠤ᠋ ᠬᠥᠪᠡᠭᠡ ᠪᠡᠷ
ᠬᠠᠩᠭᠠᠢ ᠬᠠᠩᠭᠠᠢ ᠶ᠋ᠢᠨ ᠬᠠᠪᠴᠢᠯ ᠢ᠋ᠶ᠋ᠠᠷ
ᠬᠠᠳᠠ ᠬᠠᠳᠠᠨ ᠤ᠋ ᠡᠩᠭᠡᠷ ᠢ᠋ᠶ᠋ᠡᠷ
ᠬᠠᠷ᠎ᠠ ᠮᠠᠨᠠᠨ ᠲᠠᠲᠠᠵᠤ
ᠬᠠᠲᠠᠭᠤ ᠲᠤᠯᠤᠯᠳᠤᠭᠠᠨ ᠬᠢᠵᠦ
ᠲᠩᠷᠢ ᠳ᠋ᠦ᠍ ᠭᠠᠷᠴᠤ
ᠣᠳᠣᠨ ᠲᠣᠭᠠᠯᠠᠨ ᠨᠣᠴᠣᠯᠳᠤᠵᠤ
ᠳᠠᠯᠠᠢ ᠳ᠋ᠤ᠌ ᠱᠤᠩᠪᠠᠨ
ᠵᠢᠷᠠᠭᠠᠬᠠᠢ ᠲᠣᠭᠠᠯᠠᠨ ᠨᠣᠴᠣᠯᠳᠤᠵᠤ
ᠳᠡᠯᠡᠬᠡᠢ ᠳ᠋ᠦ᠍ ᠲᠣᠭᠣᠷᠢᠨ
ᠡᠪᠡᠰᠦ ᠲᠣᠭᠠᠯᠠᠨ ᠨᠣᠴᠣᠯᠳᠤᠵᠤ
ᠭᠠᠵᠠᠷ ᠲᠤ᠌ ᠣᠷᠣᠨ
ᠦᠨᠳᠦᠰᠦ ᠲᠣᠭᠠᠯᠠᠨ ᠨᠣᠴᠣᠯᠳᠤᠵᠤ
ᠡᠷᠭᠢᠨ ᠡᠷᠭᠢᠨ ᠨᠣᠴᠣᠯᠳᠤᠨ
ᠶᠢᠰᠦᠨ ᠵᠢᠯ ᠪᠣᠯᠵᠤ
ᠳᠠᠬᠢᠨ ᠳᠠᠬᠢᠨ ᠨᠣᠴᠣᠯᠳᠤᠨ
ᠳᠣᠯᠣᠭᠠᠨ ᠵᠢᠯ ᠪᠣᠯᠵᠤ
ᠠᠯᠠᠨ ᠠᠯᠠᠨ ᠨᠣᠴᠣᠯᠳᠤᠨ
ᠠᠷᠪᠠᠨ ᠵᠢᠯ ᠪᠣᠯᠵᠤ
ᠵᠠᠭᠤᠷᠠᠨ ᠵᠠᠭᠤᠷᠠᠨ ᠨᠣᠴᠣᠯᠳᠤᠨ
ᠵᠢᠷᠭᠤᠭᠠᠨ ᠵᠢᠯ ᠪᠣᠯᠵᠤ
ᠭᠠᠩ ᠵᠡᠪᠰᠡᠭ ᠨᠢ ᠬᠢᠮᠤᠷᠠᠯᠳᠤᠨ
ᠭᠠᠵᠠᠷ ᠳᠡᠯᠡᠬᠡᠢ ᠶ᠋ᠢ ᠨᠤᠷᠠᠭᠠᠵᠤ
ᠠᠳᠬᠤᠨ ᠵᠡᠪᠰᠡᠭ ᠨᠢ ᠮᠥᠷᠭᠥᠯᠳᠦᠨ
ᠠᠭᠤᠯᠠ ᠬᠠᠳᠠ ᠶ᠋ᠢ ᠨᠤᠷᠠᠭᠠᠵᠤ
ᠡᠷᠳᠡᠨᠢ ᠶ᠋ᠢᠨ ᠵᠡᠪᠰᠡᠭ ᠨᠢ ᠬᠠᠷᠰᠢᠯᠳᠤᠨ
ᠡᠷᠭᠢ ᠮᠠᠩᠬ᠎ᠠ ᠶ᠋ᠢ ᠲᠡᠭᠰᠢᠳᠬᠡᠨ
ᠲᠡᠮᠦᠷ ᠵᠡᠪᠰᠡᠭ ᠨᠢ ᠳᠤᠰᠤᠯᠴᠠᠵᠤ
ᠲᠩᠷᠢ ᠭᠠᠵᠠᠷ ᠢ᠋ ᠳᠣᠷᠭᠢᠭᠤᠯᠵᠤ
ᠭᠤᠨᠠᠭᠠᠨ ᠤᠯᠠᠭᠠᠨ ᠪᠠᠭᠠᠲᠤᠷ ᠤ᠋ᠨ
ᠭᠣᠣᠯᠳᠠᠭᠤ ᠬᠦᠴᠦ ᠪᠠᠳᠠᠷᠠᠵᠤ
ᠴᠠᠬᠢᠷᠠᠭ ᠴᠠᠪᠴᠢᠬᠤ ᠵᠡᠪᠰᠡᠭ ᠨᠢ
ᠴᠠᠬᠢᠯᠭᠠᠨ ᠮᠥᠨᠳᠥᠷ ᠪᠠᠭᠤᠬᠤ ᠰᠢᠭ᠋
ᠠᠷᠵᠠᠭᠠᠷ ᠬᠠᠷ᠎ᠠ ᠮᠠᠩᠭᠤᠰ ᠤ᠋ᠨ
ᠠᠷᠭ᠎ᠠ ᠬᠦᠴᠦ ᠨᠢ ᠪᠠᠭᠤᠷᠠᠵᠤ
ᠠᠷᠤ ᠶ᠋ᠢᠨ ᠬᠥᠯᠥᠰᠥ ᠨᠢ ᠳᠤᠰᠤᠯᠠᠵᠤ
ᠠᠯᠠᠭ ᠨᠢᠳᠦ ᠨᠢ ᠡᠷᠭᠢᠯᠳᠦᠨ
ᠰᠠᠯᠬᠢᠨ ᠲᠠᠲᠠᠵᠤ ᠢᠷᠡᠬᠦ
ᠰᠢᠷᠦᠭᠦᠨ ᠵᠡᠪᠰᠡᠭ ᠲᠦ᠍ ᠣᠨᠣᠭᠳᠠᠨ
ᠪᠣᠷᠣ ᠰᠠᠭᠠᠷᠠᠯ ᠪᠣᠮᠪᠣ ᠠ᠋ᠴᠠ ᠪᠠᠨ
ᠪᠣᠮᠪᠠᠷ ᠬᠢᠲᠡᠯ᠎ᠡ ᠣᠢᠴᠢᠭᠠᠳ
ᠪᠣᠷᠣᠭᠠᠨ ᠰᠠᠯᠬᠢ ᠬᠤᠪᠢᠯᠵᠤ
ᠪᠤᠷᠤᠭᠤᠯᠠᠨ ᠳᠤᠲᠠᠭᠠᠵᠤ ᠶᠠᠪᠤᠶ᠎ᠠ ᠭᠡᠲᠡᠯ᠎ᠡ
ᠪᠣᠰᠢᠭᠣ ᠢᠷᠡᠬᠦ ᠵᠡᠪᠰᠡᠭ ᠲᠦ᠍
ᠪᠤᠲᠠ ᠨᠢᠷᠭᠡᠭᠳᠡᠨ ᠮᠠᠭᠤᠵᠢᠷᠠᠭᠠᠳ
ᠬᠦᠷᠡᠩ ᠡᠷᠢᠶᠡᠨ ᠬᠡᠯᠡ ᠪᠡᠨ
ᠬᠥᠨᠳᠡᠯᠡᠨ ᠲᠠᠰᠢ ᠤᠨᠵᠢᠢᠯᠭᠠᠵᠤ
ᠬᠥᠳᠡᠭᠡ ᠳᠠᠰᠢ ᠬᠠᠨᠳᠤᠨ
ᠬᠥᠯᠴᠥᠭᠦᠷᠡᠨ ᠬᠡᠪᠲᠡᠵᠦ ᠰᠦᠢᠯᠡᠭᠰᠡᠨ ᠳ᠋ᠦ᠍
ᠠᠯᠳᠠᠷᠲᠤ ᠤᠯᠠᠭᠠᠨ ᠪᠠᠭᠠᠲᠤᠷ
ᠠᠯᠬᠤᠯᠠᠨ ᠳᠡᠷᠭᠡᠳᠡ ᠨᠢ ᠢᠷᠡᠵᠦ
ᠠᠯᠲᠠᠨ ᠢᠯᠳᠦ ᠪᠠᠨ ᠳᠠᠯᠠᠢᠵᠤ
ᠠᠷᠪᠠᠨ ᠬᠣᠶᠠᠷ ᠲᠣᠯᠣᠭᠠᠢ ᠶ᠋ᠢ ᠨᠢ
ᠲᠠᠰᠤ ᠲᠠᠰᠤ ᠴᠠᠪᠴᠢᠭᠠᠳ
ᠲᠠᠯ᠎ᠠ ᠶ᠋ᠢᠨ ᠳᠤᠮᠳᠠ ᠲᠠᠯᠪᠢᠵᠤ
ᠭᠠᠯ ᠨᠣᠴᠣᠭᠠᠨ ᠵᠢᠩᠰᠡᠷᠭᠡᠯᠡᠵᠦ
ᠭᠠᠢᠭᠤᠢ ᠰᠦᠷᠡᠬᠡᠢ ᠣᠷᠳᠣᠨ ᠢ᠋ ᠨᠢ
ᠭᠠᠯ ᠤ᠋ᠨ ᠨᠥᠯᠡ ᠳ᠋ᠦ᠍ ᠵᠣᠯᠭᠠᠭᠤᠯᠵᠤ
ᠭᠠᠴᠢᠭᠳᠠᠭᠰᠠᠨ ᠣᠯᠠᠨ ᠢ᠋ ᠲᠠᠯᠪᠢᠵᠤ
ᠭᠠᠵᠠᠷ ᠨᠤᠲᠤᠭ ᠲᠤ᠌ ᠨᠢ ᠬᠠᠷᠢᠭᠤᠯᠠᠭᠠᠳ
ᠭᠠᠢᠬᠠᠯᠳᠤ ᠰᠠᠢᠬᠠᠨ ᠬᠠᠲᠤᠨ ᠢ᠋ᠶ᠋ᠠᠨ
ᠭᠠᠯᠵᠠᠭᠤ ᠰᠢᠷᠭ᠎ᠠ ᠳ᠋ᠠᠭᠠᠨ ᠰᠤᠨᠳᠠᠯᠠᠵᠤ
ᠳᠠᠢᠰᠤᠨ ᠢ᠋ᠶ᠋ᠠᠨ ᠳᠠᠷᠤᠵᠤ
ᠳᠠᠷᠬᠠᠨ ᠴᠣᠯᠠ ᠪᠠᠨ ᠣᠯᠵᠤ
ᠥᠯᠵᠡᠢ ᠳᠡᠯᠭᠡᠷ ᠲᠡᠢ ᠬᠠᠷᠢᠵᠤ
ᠥᠲᠡᠯᠦᠭᠰᠡᠨ ᠵᠠᠯᠠᠭᠤ ᠲᠠᠢ ᠪᠠᠨ ᠠᠭᠤᠯᠵᠠᠨ
ᠦᠶᠡᠷ ᠬᠠᠯᠢᠲᠠᠯᠠ ᠠᠷᠢᠬᠢ ᠤᠤᠭᠤᠵᠤ
ᠡᠮᠬᠦ ᠳᠦᠭᠦᠷᠲᠡᠯ᠎ᠡ ᠮᠢᠬ᠎ᠠ ᠢᠳᠡᠵᠦ
ᠠᠮᠤᠷ ᠰᠠᠢᠨ ᠳ᠋ᠠᠭᠠᠨ ᠵᠢᠷᠭᠠᠨ
ᠡᠩᠬᠡ ᠲᠦᠪᠰᠢᠨ ᠠᠮᠢᠳᠤᠷᠠᠪᠠ ᠭᠡᠨ᠎ᠡ᠃
※ ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂
ᠪᠠᠢ·ᠰᠠᠷᠠᠨ᠎ᠠ᠂ ᠬᠡᠷᠡᠢᠳ· ᠮᠥᠩᠬᠡᠨᠠᠰᠤᠨ᠂ ᠮᠥᠩᠭᠥᠨ
※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂
ᠨᠠᠷᠠᠨ᠂ ᠪᠠᠯᠤᠰᠦᠭ᠂ ᠬᠡᠯᠡᠰᠣᠶᠣᠯ
