ᠴᠠᠭ ᠢᠷᠠᠪᠠᠰᠤ-ᠷ ∙ ᠴᠣᠢᠨᠣᠮЦаг ирвээс-Р.Чойном Цаг ирвээс-R.Choinom
ᠴᠠᠭ ᠢᠷᠠᠪᠠᠰᠤ
ᠷ᠂ ᠴᠤᠢᠨᠥᠮ
ᠠᠮᠠᠷᠠᠭ ᠮᠢᠨᠢ ᠴᠢ ᠂ᠨᠠᠮᠠᠶ᠋ᠢ ᠪᠠᠨ
ᠠᠮᠢᠳᠤ ᠰᠡᠷᠡᠭᠦᠨ ᠴᠠᠭ ᠲᠤᠨᠢ ᠬᠠᠢᠷᠠᠯᠠᠭᠰᠠᠨ ᠰᠢᠭ᠋ ᠬᠠᠢᠷᠠᠯᠠᠭᠠᠷᠠᠢ ᠂
ᠡᠷᠭᠢᠭᠡᠳ ᠣᠯᠳᠠᠬᠤ ᠦᠭᠡᠢ ᠡᠷᠳᠡᠨᠢ ᠮᠢᠨᠢ ᠪᠢᠯᠡ ᠭᠡᠵᠦ
ᠡᠩᠬᠦᠷᠡᠢᠯᠡᠯ ᠪᠦᠬᠦᠨ ᠦ᠌ ᠪᠡᠨ ᠳᠡᠭᠡᠵᠢ ᠶ᠋ᠢ ᠵᠣᠷᠢᠭᠤᠯᠤᠭᠠᠷᠠᠢ ᠃
ᠡᠨᠡᠬᠡᠨ ᠽᠠᠮᠪᠤᠯᠢᠩ ᠳ᠋ᠤ᠌ ᠮᠥᠷ ᠢ᠋ᠶ᠋ᠡᠨ ᠭᠠᠷᠭᠠᠬᠤ ᠨᠠᠰᠤ ᠮᠢᠨᠢ ᠂
ᠡᠯᠢᠭᠡᠨ ᠲᠦᠮᠡᠨ ᠳ᠋ᠡᠭᠡᠨ ᠳᠠᠭᠤᠤ ᠪᠠᠨ ᠳᠠᠭᠤᠯᠠᠬᠤ ᠣᠨ ᠨᠤᠭᠤᠳ ᠮᠢᠨᠢ ᠂
ᠡᠩᠬᠦᠷᠡᠢ ᠴᠢᠮ᠎ᠠ ᠲᠠᠢ ᠪᠠᠨ ᠡᠷᠬᠡᠯᠡᠩᠬᠡᠨ ᠰᠠᠭᠤᠬᠤ ᠡᠳᠦᠷ ᠦ᠋ᠳ ᠮᠢᠨᠢ
ᠡᠷᠢᠬᠡᠨ ᠦ᠌ ᠬᠡᠯᠬᠢᠶ᠎ᠡ ᠰᠢᠭ ᠲᠣᠭ᠎ᠠ ᠬᠡᠮᠵᠢᠶ᠎ᠡ ᠲᠡᠢ ᠪᠢᠯᠡ ᠁
ᠠᠮᠢᠳᠤᠷᠠᠬᠤ ᠬᠤᠭᠤᠴᠠᠭ᠎ᠠ ᠳᠠᠭᠤᠰᠤᠭᠰᠠᠨ ᠲᠡᠷᠡ ᠴᠠᠭ ᠲᠤ᠌
ᠠᠮᠠᠷᠠᠭ ᠢ᠋ᠶ᠋ᠠᠨ ᠴᠢ ᠦᠬᠦᠯ ᠲᠡᠢ ᠪᠤᠯᠢᠶᠠᠴᠠᠯᠳᠤᠵᠤ ᠳᠡᠮᠡᠢ ᠪᠢᠲᠡᠭᠡᠢ ᠵᠣᠪᠠᠭᠠᠷᠠᠢ ᠂
ᠥᠭᠬᠦ ᠶᠣᠰᠣᠲᠠᠢ ᠪᠦᠬᠦᠨ ᠢ᠋ᠶ᠋ᠡᠨ ᠠᠮᠢᠳᠤ ᠳ᠋ᠤᠨᠢ ᠬᠠᠢᠬᠤᠷᠤᠯ ᠦᠭᠡᠢ ᠶᠠᠪᠤᠭᠠᠳ
ᠥᠩᠭᠡᠷᠡᠭᠰᠡᠨ ᠬᠣᠢᠨ᠎ᠠ ᠨᠢ ᠠᠮᠠ ᠪᠠᠨ ᠪᠠᠷᠢᠵᠤ ᠂ ᠪᠡᠶ᠎ᠡ ᠪᠡᠨ ᠪᠤᠤ ᠲᠠᠮᠤᠯᠠᠭᠠᠷᠠᠢ ᠃
ᠬᠣᠷᠸ᠎ᠠ ᠳ᠋ᠤ᠌ ᠢᠷᠡᠭᠰᠡᠨ ᠬᠥᠮᠦᠨ ᠪᠤᠴᠠᠳᠠᠭ ᠵᠢᠮ᠎ᠡ ᠲᠡᠢ
ᠬᠣᠶᠠᠷ ᠠᠮᠠᠷᠠᠭ ᠤ᠋ᠨ ᠨᠢᠭᠡ ᠨᠢ ᠵᠠᠪᠠᠯ ᠲᠡᠷᠢᠭᠦᠯᠡᠳᠡᠭ ᠶᠣᠰᠣᠲᠠᠢ!
ᠤᠰᠤᠨ ᠤ᠋ ᠮᠠᠨᠳᠠᠯ ᠳ᠋ᠤ᠌ ᠯᠢᠩᠬᠤ᠎ᠠ ᠴᠡᠴᠡᠭ ᠭᠠᠩᠳᠠᠳᠠᠭ ᠴᠠᠭ ᠪᠣᠢ
ᠥᠮᠥ ᠽᠠᠨᠳᠠᠨ ᠤᠷᠭᠤᠬᠤ ᠦᠶ᠎ᠡ ᠪᠠᠢᠬᠤ ᠳ᠋ᠤ᠌ ᠤᠨᠠᠬᠤ ᠦᠶ᠎ᠡ ᠪᠠᠰᠠ ᠪᠣᠢ!
ᠥᠷᠯᠥᠭᠡ ᠭᠠᠷᠤᠭᠰᠠᠨ ᠨᠠᠷᠠ ᠣᠷᠣᠢ ᠰᠢᠩᠭᠡᠳᠡᠭ ᠪᠢᠯᠡ
ᠥᠨᠳᠥᠷ ᠲᠦ᠍ ᠨᠢᠰᠦᠭᠰᠡᠨ ᠰᠢᠪᠠᠭᠤ ᠭᠠᠵᠠᠷ ᠲᠤ᠌ ᠪᠠᠭᠤᠳᠠᠭ ᠪᠢᠯᠡ
ᠥᠷᠭᠡᠨ ᠮᠥᠷᠡᠨ ᠪᠣᠯᠪᠠᠴᠤ ᠰᠢᠷᠭᠢᠬᠦ ᠶᠣᠰᠣ ᠪᠠᠢᠳᠠᠭ ᠶᠤᠮ
ᠥᠴᠦᠬᠡᠨ ᠮᠢᠨᠦ ᠪᠡᠨ ᠬᠣᠢᠨ᠎ᠠ ᠠ᠋ᠴᠠ ᠤᠬᠢᠯᠠᠭᠠᠳ ᠤᠬᠢᠯᠠᠭᠠᠳ ᠶᠠᠭᠠᠬᠢᠬᠤ ᠪᠣᠢ
ᠬᠡᠵᠢᠶ᠎ᠡ ᠨᠢᠭᠡᠨ ᠴᠠᠭ ᠲᠤ᠌ ᠪᠢ ᠴᠢᠨᠢ ᠶᠠᠪᠤᠯ᠎ᠠ ᠴᠤ᠌ ᠭᠡᠰᠡᠨ
ᠬᠡᠯᠡᠵᠦ ᠪᠠᠢᠭᠰᠠᠨ ᠦᠭᠡ ᠮᠢᠨᠢ ᠴᠢᠨᠦ ᠴᠡᠭᠡᠵᠢᠨ ᠳ᠋ᠦ᠍ ᠦᠯᠡᠳᠡᠨ᠎ᠡ
ᠬᠡᠪᠡᠷᠡᠭᠬᠡᠨ ᠲᠥᠷᠥᠭᠰᠡᠨ ᠪᠡᠶ᠎ᠡ ᠮᠢᠨᠢ ᠬᠡᠭᠡᠷ᠎ᠡ ᠬᠥᠳᠡᠭᠡ ᠨᠣᠢᠷᠰᠤᠪᠠᠴᠤ
ᠬᠡᠯᠬᠢᠵᠦ ᠪᠠᠢᠭᠰᠠᠨ ᠰᠢᠯᠦᠭ ᠮᠢᠨᠢ ᠠᠮᠢᠳᠤ ᠰᠡᠷᠡᠭᠦᠨ ᠦᠯᠡᠳᠡᠨ᠎ᠡ ᠃
1979.1. 5
