ᠮᠣᠩᠭᠣᠯ ᠭᠡᠷᠭᠡᠢ ᠤᠬᠠᠭᠠᠨ- ᠵᠤᠯᠠ ᠶ᠋ᠢᠨ ᠪᠠᠲᠤᠠᠤᠳᠬᠠᠨ Монгол гэргий ухаан-Зулын Батуудхан ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠡᠷᠭᠡᠢ ᠤᠬᠠᠭᠠᠨ- ᠵᠤᠯᠠ ᠶ᠋ᠢᠨ ᠪᠠᠲᠤᠠᠤᠳᠬᠠᠨ Монгол гэргий ухаан-Зулын Батуудхан

ᠮᠣᠩᠭᠣᠯ ᠭᠡᠷᠭᠡᠢ ᠤᠬᠠᠭᠠᠨ- ᠵᠤᠯᠠ ᠶ᠋ᠢᠨ ᠪᠠᠲᠤᠠᠤᠳᠬᠠᠨ Монгол гэргий ухаан-Зулын Батуудхан

2025-02-27

1109

ᠮᠣᠩᠭᠣᠯ ᠭᠡᠷᠭᠡᠢ ᠤᠬᠠᠭᠠᠨ

    ᠵᠤᠯᠠ ᠶ᠋ᠢᠨ ᠪᠠᠲᠤᠠᠤᠳᠬᠠᠨ 

ᠡᠬᠡ ᠨᠢ ᠬᠡᠭᠡᠷ ᠠᠯᠠᠭ ᠪᠣᠯ 
ᠤᠨᠠᠭ᠎ᠠ ᠨᠢ ᠰᠢᠭᠢᠷ᠎ᠡ ᠠᠯᠠᠭ ᠭᠡᠵᠦ 
ᠡᠵᠢ ᠨᠢ ᠥᠪᠡᠷ ᠢ᠋ᠶ᠋ᠡᠨ ᠲᠠᠷᠢᠬᠢ ᠣᠶᠤᠨ ᠮᠠᠭᠤᠲᠠᠢ 
ᠮᠡᠳᠡᠯᠭᠡ ᠤᠬᠠᠭᠠᠨ ᠮᠠᠭᠤᠲᠠᠢ ᠡᠢᠮᠦ ᠮᠠᠭᠤ ᠪᠣᠯᠪᠠᠯ 
ᠦᠷ᠎ᠡ ᠬᠡᠦᠬᠡᠳ ᠨᠢ ᠶᠠᠭ ᠡᠢᠮᠦ ᠪᠣᠯᠳᠠᠭ 
ᠤᠳᠤᠮ ᠬᠣᠢᠴᠢ ᠨᠢ ᠶᠠᠭ ᠡᠢᠮᠦ ᠪᠣᠯᠳᠠᠭ 
ᠡᠢᠮᠦ ᠤᠴᠢᠷ ᠠ᠋ᠴᠠ ᠠᠷᠤ ᠥᠪᠥᠷ ᠠᠯᠢ ᠴᠦ᠍ ᠪᠠᠢ ᠮᠣᠩᠭᠣᠯ ᠡᠮᠡᠭᠲᠡᠢᠴᠦᠳ ᠪᠣᠯ ᠡᠨᠡ ᠴᠠᠭ ᠦᠶ᠎ᠡ ᠡᠴᠡ
ᠥᠭᠰᠥᠭᠦᠯᠦᠭᠡᠳ ᠭᠡᠷᠭᠡᠢ ᠮᠡᠷᠭᠡᠨ ᠤᠬᠠᠭᠠᠨ ᠳ᠋ᠤ᠌ ᠨᠠᠭᠠᠯᠳᠤᠵᠤ ᠪᠣᠯᠪᠠᠰᠤᠷᠠ
ᠭᠡᠷᠭᠡᠢ ᠮᠡᠷᠭᠡᠨ ᠤᠬᠠᠭᠠᠨ ᠭᠡᠳᠡᠭ ᠪᠣᠯ ᠡᠷᠦᠬᠡ ᠭᠡᠷ ᠢ᠋ᠶ᠋ᠡᠨ ᠠᠪᠤᠭᠠᠳ ᠶᠠᠪᠤᠬᠤ ᠤᠬᠠᠭᠠᠨ
ᠵᠠᠰᠠᠭᠠᠳ ᠶᠠᠪᠤᠬᠤ ᠤᠬᠠᠭᠠᠨ ᠬᠠᠷᠢᠨ ᠬᠠᠲᠤᠨ ᠴᠡᠴᠡᠨ ᠤᠬᠠᠭᠠᠨᠲᠠᠨ ᠴᠢᠳᠠᠪᠠᠯ ᠪᠣᠯ ᠲᠡᠷᠡ ᠬᠠᠲᠤᠨ ᠴᠡᠴᠡᠨ ᠤᠬᠠᠭᠠᠨᠲᠠᠨ ᠪᠣᠯ ᠤᠯᠤᠰ ᠭᠡᠷ ᠢ᠋ᠶ᠋ᠡᠨ ᠵᠠᠰᠠᠭᠠᠳ
ᠲᠦᠪᠰᠢᠳᠬᠡᠭᠡᠳ ᠠᠪᠤᠭᠠᠳ ᠶᠠᠪᠤᠬᠤ ᠤᠬᠠᠭᠠᠨ᠂
ᠮᠣᠩᠭᠣᠯ ᠰᠤᠤ ᠤᠬᠠᠭᠠᠨ ᠳ᠋ᠤ᠌ ᠬᠡᠯᠡᠵᠦ ᠪᠠᠢᠨ᠎ᠠ ᠯᠠ ᠳᠠ
ᠡᠬᠡ ᠶ᠋ᠢᠨ ᠰᠦᠨᠡᠰᠦ ᠡᠴᠢᠭᠡ ᠳ᠋ᠦ᠍ ᠤᠳᠤᠮ ᠵᠠᠯᠭᠠᠭᠤᠯᠤᠨ᠎ᠠ ᠂
ᠡᠬᠡ ᠶ᠋ᠢᠨ ᠰᠦᠨᠡᠰᠦ ᠡᠴᠢᠭᠡ ᠳ᠋ᠦ᠍ ᠤᠳᠤᠮ ᠵᠠᠯᠭᠠᠭᠤᠯᠤᠨ᠎ᠠ
ᠡᠬᠡ ᠶ᠋ᠢᠨ ᠰᠦᠨᠡᠰᠦ ᠭᠡᠳᠡᠭ ᠨᠢ ᠲᠡᠷᠡ ᠡᠮᠡᠭᠲᠡᠢ ᠶ᠋ᠢᠨ
ᠬᠥᠭᠵᠢᠭᠦᠯᠦᠭᠰᠡᠨ ᠲᠠᠷᠢᠬᠢᠨ ᠤ᠋ ᠬᠥᠭᠵᠢᠯ
ᠲᠡᠷᠡ ᠡᠮᠡᠭᠲᠡᠢ ᠶ᠋ᠢᠨ ᠬᠤᠷᠢᠶᠠᠵᠤ ᠬᠤᠷᠠᠮᠳᠤᠭᠤᠯᠤᠭᠰᠠᠨ
ᠡᠷᠳᠡᠮ ᠮᠡᠳᠡᠯᠭᠡ ᠪᠣᠯᠪᠠᠰᠤᠷᠠᠯ ᠤᠬᠠᠭᠠᠨ ᠵᠦᠩ ᠮᠡᠳᠡᠷᠡᠮᠵᠢ ᠬᠠᠢᠷ᠎ᠠ ᠡᠨᠡᠷᠢᠯ ᠰᠠᠢᠨ ᠰᠠᠢᠬᠠᠨ ᠪᠦᠬᠦᠨ ᠢ᠋ ᠨᠡᠢᠯᠡᠭᠦᠯᠦᠭᠡᠳ ᠡᠬᠡ ᠶ᠋ᠢᠨ ᠰᠦᠨᠡᠰᠦ ᠭᠡᠵᠦ ᠬᠡᠯᠡᠵᠦ ᠪᠠᠢᠭ᠎ᠠ ᠲᠡᠭᠡᠪᠡᠯ ᠡᠷᠡᠭᠲᠡᠢ ᠬᠥᠮᠦᠨ ᠥᠪᠡᠷ ᠦ᠋ᠨ ᠢ᠋ᠶ᠋ᠡᠨ ᠦᠷ᠎ᠡ ᠬᠡᠦᠬᠡᠳ ᠤᠳᠤᠮ ᠢ᠋ ᠲᠡᠳᠦᠢ ᠴᠢᠨᠡᠭᠡᠨ ᠰᠠᠢᠨ ᠤᠳᠤᠮ ᠪᠣᠯᠭᠠᠶ᠎ᠠ ᠭᠡᠪᠡᠯ ᠡᠬᠡᠨᠡᠷ ᠢ᠋ᠶ᠋ᠡᠨ ᠲᠡᠢᠮᠦ ᠮᠤᠨᠳᠠᠭ ᠡᠮᠡᠭᠲᠡᠢ ᠪᠡᠷ ᠰᠣᠩᠭᠣ ᠭᠡᠵᠦ ᠪᠠᠢᠭ᠎ᠠ ᠲᠡᠢᠮᠦ ᠤᠬᠠᠭᠠᠨ ᠲᠠᠢ ᠡᠮᠡᠭᠲᠡᠢ ᠪᠡᠷ ᠰᠣᠩᠭᠣ ᠭᠡᠵᠦ ᠪᠠᠢᠭ᠎ᠠ
ᠲᠡᠢᠮᠦ ᠭᠡᠷᠭᠡᠢ ᠤᠬᠠᠭᠠᠨ ᠲᠠᠢ ᠬᠠᠲᠤᠨ ᠤᠬᠠᠭᠠᠨ ᠲᠠᠢ ᠡᠮᠡᠭᠲᠡᠢ ᠪᠡᠷ ᠰᠣᠩᠭᠣ ᠭᠡᠵᠦ ᠪᠠᠢᠭ᠎ᠠ ᠲᠡᠭᠡᠬᠦ ᠪᠡᠷ ᠥᠭᠡᠯᠦᠨ ᠡᠬᠡ ᠶ᠋ᠢ ᠮᠡᠷᠭᠡᠳ ᠦ᠋ᠳ ᠪᠡᠷᠢ ᠪᠠᠭᠤᠯᠭᠠᠬᠤ ᠭᠡᠳ ᠠᠪᠤᠭᠠᠳ ᠶᠠᠪᠤᠵᠤ ᠪᠠᠢᠬᠤ ᠳ᠋ᠤ᠌ ᠨᠢ ᠳᠤᠮᠳᠠ ᠠ᠋ᠴᠠ ᠨᠢ ᠶᠢᠰᠦᠭᠡᠢ ᠪᠠᠭᠠᠲᠤᠷ ᠠᠬ᠎ᠠ ᠳᠡᠭᠦᠦ ᠬᠣᠶᠠᠷ ᠲᠠᠢ ᠪᠠᠨ ᠨᠡᠢᠯᠡᠵᠦ ᠪᠤᠯᠢᠶᠠᠵᠤ ᠠᠪᠳᠠᠭ ᠨᠢ ᠵᠦᠭᠡᠷ ᠨᠢᠭᠡ ᠬᠡᠦᠬᠡᠨ ᠦ᠌ ᠰᠠᠢᠬᠠᠨ ᠳ᠋ᠤ᠌ ᠴᠢᠷᠠᠢ ᠶ᠋ᠢᠨ ᠰᠠᠢᠬᠠᠨ ᠳ᠋ᠤ᠌ ᠰᠢᠨᠤᠭᠰᠠᠨ ᠬᠡᠷᠡᠭ ᠪᠢᠰᠢ ᠡᠨᠡ ᠪᠣᠯ ᠠᠯᠲᠠᠨ ᠤᠷᠤᠭ ᠢ᠋ ᠲᠥᠷᠥᠭᠦᠯᠬᠦ ᠴᠢᠩᠭᠢᠰ ᠬᠠᠭᠠᠨ ᠢ᠋ ᠲᠥᠷᠥᠭᠦᠯᠬᠦ ᠠᠰᠤᠷᠤ ᠲᠣᠮᠣ ᠦᠨᠳᠦᠰᠦ ᠰᠠᠭᠤᠷᠢ ᠪᠠᠢᠭᠰᠠᠨ ᠬᠡᠷᠪᠡ ᠥᠭᠡᠯᠦᠨ ᠡᠬᠡ ᠪᠠᠢᠭ᠎ᠠ ᠦᠭᠡᠢ ᠪᠣᠯ ᠶᠢᠰᠦᠭᠡᠢ ᠥᠭᠡᠷ᠎ᠡ ᠡᠮᠡᠭᠲᠡᠢ ᠲᠡᠢ ᠭᠡᠷᠯᠡᠭᠰᠡᠨ ᠪᠣᠯ
ᠴᠢᠩᠭᠢᠰ ᠬᠠᠭᠠᠨ ᠳᠥᠷᠥᠭᠡ ᠴᠦ᠍ ᠪᠢᠯᠡ ᠤᠤ ᠦᠭᠡᠢ ᠴᠦ᠍ ᠪᠢᠯᠡ ᠤᠤ
ᠲᠡᠭᠡᠬᠦ ᠪᠡᠷ ᠡᠬᠡ ᠶ᠋ᠢᠨ ᠰᠦᠨᠡᠰᠦ ᠡᠴᠢᠭᠡ ᠳ᠋ᠦ᠍ ᠤᠳᠤᠮ ᠵᠠᠯᠭᠠᠭᠤᠯᠤᠨ᠎ᠠ
ᠭᠡᠳᠡᠭ ᠪᠣᠯ ᠴᠠᠭᠠᠨ᠎ᠠ ᠨᠢ ᠡᠢᠮᠦ ᠨᠠᠷᠢᠨ ᠤᠬᠠᠭᠠᠨ ᠢ᠋ ᠬᠡᠯᠡᠳᠡᠭ ᠡᠷ᠎ᠡ ᠨᠥᠬᠥᠷ ᠲᠦ᠍ ᠪᠡᠨ ᠰᠠᠢᠨ ᠤᠳᠤᠮ ᠢ᠋ ᠵᠠᠯᠭᠠᠭᠤᠯᠵᠤ ᠥᠭᠭᠦᠶ᠎ᠡ ᠭᠡᠵᠦ ᠪᠠᠢᠪᠠᠯ ᠲᠠ ᠥᠪᠡᠷ ᠢ᠋ᠶ᠋ᠡᠨ ᠡᠮᠡᠭᠲᠡᠢ ᠬᠥᠮᠦᠨ ᠲᠠ ᠥᠪᠡᠷ ᠢ᠋ᠶ᠋ᠡᠨ ᠥᠪᠡᠷ ᠦ᠋ᠨ ᠢ᠋ᠶ᠋ᠡᠨ ᠲᠠᠷᠢᠬᠢ ᠣᠶᠤᠨ ᠵᠢᠷᠦᠬᠡ ᠰᠡᠳᠬᠢᠯ ᠰᠦᠨᠡᠰᠦ ᠮᠥᠨ ᠴᠢᠨᠠᠷ ᠢ᠋ ᠲᠣᠷᠳᠠᠵᠤ ᠬᠥᠭᠵᠢᠭᠦᠯᠵᠦ ᠤᠬᠠᠭᠠᠷᠠᠭᠤᠯᠵᠤ ᠰᠡᠬᠡᠭᠡᠷᠡᠭᠦᠯᠵᠦ ᠬᠡᠬᠡᠷᠡᠭᠦᠯᠬᠦ ᠱᠠᠭᠠᠷᠳᠠᠯᠭ᠎ᠠ ᠲᠠᠢ ᠭᠡᠰᠡᠨ ᠦᠭᠡ ᠲᠡᠭᠦᠨ ᠡᠴᠡ ᠰᠠᠢᠬᠠᠨ ᠬᠤᠪᠴᠠᠰᠤ ᠡᠮᠦᠰᠴᠢᠬᠡᠭᠡᠳ ᠤᠩᠭᠠᠰᠤᠨ ᠰᠠᠢᠬᠠᠨ ᠬᠡᠦᠬᠡᠨ ᠠᠯᠬᠤᠭᠠᠳ ᠳᠣᠲᠣᠷ ᠲᠠᠯ᠎ᠠ ᠳ᠋ᠤ᠌ ᠨᠢ ᠲᠠᠷᠢᠬᠢ ᠨᠢ ᠮᠡᠳᠡᠯᠭᠡ ᠥᠬᠡᠢ ᠵᠢᠷᠦᠬᠡ ᠨᠢ ᠰᠡᠳᠬᠢᠯ ᠨᠢ ᠬᠠᠢᠷ᠎ᠠ ᠡᠨᠡᠷᠢᠯ ᠦᠭᠡᠢ ᠰᠦᠨᠡᠰᠦ ᠨᠢ ᠭᠡᠭᠡᠷᠡᠯ ᠦᠭᠡᠢ ᠲᠡᠭᠡᠭᠡᠳ ᠲᠠᠨ ᠤ᠋ ᠬᠠᠨᠢ ᠢᠵᠢᠯᠢ ᠦᠷ᠎ᠡ ᠬᠡᠦᠬᠡᠳ ᠲᠡᠢᠮᠦ ᠯᠡ ᠪᠣᠯᠤᠨ᠎ᠠ᠃
ᠡᠮ᠎ᠡ ᠬᠥᠮᠦᠨ ᠡᠷ᠎ᠡ ᠳ᠋ᠦ᠍ ᠬᠦᠷᠴᠦ ᠪᠠᠢᠵᠤ ᠵᠢᠰᠦ ᠪᠡᠨ ᠣᠯᠳᠠᠭ
ᠡᠷ᠎ᠡ ᠬᠥᠮᠦᠨ ᠡᠮ᠎ᠡ ᠬᠥᠮᠦᠨ ᠳ᠋ᠦ᠍ ᠬᠦᠷᠴᠦ ᠪᠠᠢᠵᠤ ᠵᠦᠭ ᠢ᠋ᠶ᠋ᠡᠨ ᠣᠯᠳᠠᠭ ᠪᠣᠯ ᠡᠷ᠎ᠡ ᠬᠥᠮᠦᠨ ᠢ᠋ ᠲᠦᠪᠰᠢᠨ ᠪᠠᠢᠯᠭᠠᠬᠤ ᠵᠦᠭᠯᠡᠭᠦᠯᠬᠦ ᠲᠡᠷᠡ ᠤᠬᠠᠭᠠᠨ ᠪᠣᠯ ᠭᠡᠷᠭᠡᠢ ᠮᠡᠷᠭᠡᠨ ᠤᠬᠠᠭᠠᠨ ᠬᠠᠷᠠᠮᠰᠠᠯᠲᠠᠢ ᠨᠢ ᠡᠭᠦᠨ ᠢ᠋ ᠢᠩᠭᠢᠭᠡᠳ ᠮᠡᠳᠡᠬᠦ ᠴᠦ᠍ ᠦᠭᠡᠢ ᠡᠵᠡᠮᠰᠢᠬᠦ ᠴᠦ᠍ ᠦᠭᠡᠢ ᠵᠢᠭᠠᠬᠤ ᠴᠦ᠍ ᠦᠭᠡᠢ ᠰᠤᠷᠭᠠᠭᠤᠯᠢ ᠳ᠋ᠤ᠌ ᠨᠢ ᠵᠢᠭᠠᠬᠤ ᠦᠭᠡᠢ ᠡᠮᠡᠭᠡ ᠡᠪᠦᠭᠡ ᠡᠵᠢ ᠠᠪᠤ ᠨᠢ ᠬᠡᠯᠡᠵᠦ ᠥᠭᠬᠦ ᠦᠭᠡᠢ ᠠᠬ᠎ᠠ ᠡᠭᠡᠴᠢ ᠨᠢ ᠬᠡᠯᠡᠵᠦ ᠥᠭᠬᠦ ᠦᠭᠡᠢ ᠪᠠᠭᠰᠢ ᠰᠤᠷᠭᠠᠨ ᠬᠥᠮᠦᠵᠢᠭᠦᠯᠦᠭᠴᠢ ᠨᠠᠷ ᠨᠢ ᠬᠡᠯᠡᠵᠦ ᠥᠭᠬᠦ ᠦᠭᠡᠢ ᠢᠩᠭᠢᠬᠦ ᠪᠡᠷ ᠴᠢᠨᠢ ᠡᠨᠡ ᠬᠣᠢᠴᠢ ᠦᠶ᠎ᠡ ᠴᠢᠨᠢ ᠵᠦᠭᠡᠷ ᠯᠡ ᠰᠠᠷᠮᠠᠭᠴᠢᠨ ᠤ᠋ ᠵᠤᠯᠵᠠᠭ᠎ᠠ ᠰᠢᠭ᠋ ᠥᠰᠴᠦ ᠪᠠᠢᠨ᠎ᠠ ᠰᠢᠲᠠ ᠲᠡᠭᠡᠭᠡᠳ ᠨᠢᠭᠡ ᠦᠭᠡ ᠪᠠᠢᠳᠠᠭ ᠰᠢᠳᠡ ᠤᠰᠤ ᠪᠠᠨ ᠮᠡᠳᠡᠪᠡᠯ ᠮᠠᠯ ᠤᠷᠤᠭ ᠢ᠋ᠶ᠋ᠠᠨ ᠮᠡᠳᠡᠪᠡᠯ ᠬᠥᠮᠦᠨ ᠭᠡᠵᠦ ᠪᠢ ᠬᠡᠨ ᠡᠴᠡ ᠲᠥᠷᠥᠭᠰᠡᠨ ᠬᠡᠨ ᠶᠦᠮ ᠪᠢ ᠢᠷᠡᠭᠡᠳᠦᠢ ᠳ᠋ᠦ᠍ ᠬᠡᠨ ᠪᠣᠯᠬᠤ ᠶᠣᠰᠣᠲᠠᠢ ᠶᠤᠮ ᠲᠡᠭᠦᠨ ᠢ᠋ ᠪᠡᠨ ᠮᠡᠳᠡᠬᠦ ᠦᠭᠡᠢ ᠪᠣᠯᠬᠣᠷ ᠣᠢ ᠳ᠋ᠤ᠌ ᠲᠥᠷᠥᠭᠰᠡᠨ ᠰᠠᠷᠮᠠᠭᠴᠢᠨ ᠲᠠᠢ ᠠᠳᠠᠯᠢᠬᠠᠨ ᠲᠡᠭᠡᠭᠡᠳ ᠯᠡ ᠠᠯᠢᠶ᠎ᠠ ᠰᠠᠷᠮᠠᠭᠴᠢᠨ ᠰᠢᠭ᠋ ᠶᠠᠪᠤᠵᠤ ᠯᠠ ᠪᠠᠢᠳᠠᠭ ᠥᠰᠴᠦ ᠶᠠᠪᠤᠵᠤ ᠪᠠᠢᠳᠠᠭ᠂ ᠥᠨᠥᠳᠥᠷ ᠦ᠋ᠨ ᠮᠣᠩᠭᠣᠯᠴᠤᠳ ᠲᠡᠢᠮᠦ ᠯᠡ ᠪᠣᠯᠵᠤ ᠪᠠᠢᠨ᠎ᠠ᠃ ᠪᠣᠯᠴᠢᠬᠠᠯ᠎ᠠ ᠪᠦᠷ ᠪᠣᠯᠵᠤ ᠪᠠᠢᠨ᠎ᠠ ᠪᠢᠰᠢ ᠪᠦᠷ ᠪᠣᠯᠴᠢᠬᠠᠯ᠎ᠠ᠃ ᠲᠡᠭᠡᠬᠦ ᠪᠡᠷ ᠮᠣᠩᠭᠣᠯ ᠡᠮᠡᠭᠲᠡᠢᠴᠦᠳ ᠡᠷ᠎ᠡ ᠨᠥᠬᠥᠷ ᠴᠢᠨᠢ ᠬᠡᠨ ᠪᠠᠢᠬᠤ ᠶᠤᠮ ᠪᠣᠢ ᠦᠷ᠎ᠡ ᠬᠡᠦᠬᠡᠳ ᠴᠢᠨᠢ ᠬᠡᠨ ᠪᠣᠯᠵᠤ ᠥᠰᠬᠦ ᠶ᠋ᠢᠨ ᠬᠥᠮᠦᠵᠢᠬᠦ ᠶ᠋ᠢᠨ ᠲᠥᠯᠥᠪᠰᠢᠬᠦ ᠶ᠋ᠢᠨ ᠡᠬᠡ ᠣᠷᠣᠨ ᠴᠢᠨᠢ ᠶᠠᠮᠠᠷ ᠪᠠᠢᠬᠤ ᠶ᠋ᠢᠨ ᠭᠡᠷ ᠣᠷᠣᠨ ᠴᠢᠨᠢ ᠶᠠᠮᠠᠷ ᠪᠠᠢᠬᠤ ᠶ᠋ᠢᠨ ᠡᠨᠡ ᠪᠦᠬᠦᠨ ᠳ᠋ᠦ᠍ ᠬᠠᠮᠤᠭ ᠤ᠋ᠨ ᠰᠢᠢᠳᠪᠦᠷᠢᠯᠡᠬᠦ ᠡᠭᠦᠷᠭᠡ ᠲᠡᠢ ᠬᠠᠮᠤᠭ ᠤ᠋ᠨ ᠬᠠᠷᠢᠭᠤᠴᠠᠯᠭ᠎ᠠ ᠲᠠᠢ ᠲᠡᠢᠮᠦ ᠬᠥᠮᠦᠨ ᠪᠣᠯ ᠡᠮᠡᠭᠲᠡᠢ ᠬᠥᠮᠦᠨ ᠲᠡᠢᠮᠦ ᠤᠴᠢᠷ ᠠ᠋ᠴᠠ ᠡᠨᠡ ᠴᠠᠭ ᠤ᠋ᠨ ᠮᠣᠩᠭᠣᠯᠴᠤᠳ ᠡᠷ᠎ᠡ ᠡᠮ᠎ᠡ ᠭᠡᠬᠦ ᠦᠭᠡᠢ ᠬᠥᠭᠰᠢᠨ ᠵᠠᠯᠠᠭᠤ ᠭᠡᠬᠦ ᠦᠭᠡᠢ ᠠᠷᠤ ᠥᠪᠥᠷ ᠭᠡᠬᠦ ᠦᠭᠡᠢ ᠬᠣᠯᠢᠮᠠᠭ ᠳᠤᠸᠠ ᠭᠡᠬᠦ ᠦᠭᠡᠢ ᠪᠡᠷ ᠪᠦᠬᠦ ᠬᠠᠮᠢᠭ᠎ᠠ ᠮᠣᠩᠭᠣᠯ ᠬᠥᠮᠦᠨ ᠪᠠᠢᠨ᠎ᠠ ᠲᠡᠷᠡ ᠮᠣᠩᠭᠣᠯ ᠬᠥᠮᠦᠨ ᠪᠣᠯᠭᠠᠨ ᠡᠨᠡ ᠡᠴᠢᠭᠡ ᠳᠡᠭᠡᠳᠦᠰ ᠦ᠋ᠨ ᠡᠨᠡ ᠤᠬᠠᠭᠠᠨ ᠨᠤᠭᠤᠳ ᠲᠤ᠌ ᠰᠤᠷᠤᠯᠴᠠᠵᠤ ᠶᠠᠭᠤᠨ ᠤ᠋ ᠡᠮᠦᠨ᠎ᠡ ᠡᠨᠡ ᠪᠡᠶ᠎ᠡ ᠪᠡᠷ ᠢ᠋ᠶ᠋ᠡᠨ ᠥᠪᠡᠷᠰᠡᠳ ᠢ᠋ᠶ᠋ᠡᠨ ᠮᠣᠩᠭᠣᠯ ᠬᠥᠮᠦᠨ ᠪᠣᠯᠤᠶ᠎ᠠ᠂ ᠮᠣᠩᠭᠣᠯ ᠡᠷ᠎ᠡ ᠬᠥᠮᠦᠨ ᠪᠣᠯᠤᠶ᠎ᠠ᠃
ᠮᠣᠩᠭᠣᠯ ᠡᠮ᠎ᠡ ᠬᠥᠮᠦᠨ ᠪᠣᠯᠤᠶ᠎ᠠ ᠲᠡᠭᠡᠭᠰᠡᠨ ᠦ᠌ ᠬᠢᠨᠢ ᠳᠠᠷᠠᠭ᠎ᠠ ᠦᠷ᠎ᠡ ᠬᠡᠦᠬᠡᠳ ᠢ᠋ᠶ᠋ᠡᠨ ᠮᠣᠩᠭᠣᠯ ᠬᠥᠮᠦᠨ ᠪᠣᠯᠭᠠᠶ᠎ᠠ ᠮᠣᠩᠭᠣᠯ ᠡᠷ᠎ᠡ ᠬᠥᠮᠦᠨ ᠮᠣᠩᠭᠣᠯ ᠡᠮ᠎ᠡ ᠬᠥᠮᠦᠨ ᠪᠣᠯᠭᠠᠶ᠎ᠠ᠂
ᠮᠣᠩᠭᠣᠯ ᠭᠡᠷ ᠦ᠋ᠨ ᠡᠵᠡᠨ ᠮᠣᠩᠭᠣᠯ ᠭᠡᠭᠡᠷᠡᠯ ᠦ᠋ᠨ ᠡᠵᠡᠨ ᠬᠥᠮᠦᠨ ᠪᠣᠯᠭᠠᠶ᠎ᠠ᠂ ᠢᠩᠭᠢᠵᠦ ᠪᠠᠢᠵᠤ ᠮᠣᠩᠭᠣᠯ ᠰᠠᠢᠬᠠᠨ ᠪᠣᠯᠤᠨ᠎ᠠ ᠭᠡᠳᠡᠭ ᠲᠦ᠍ ᠡᠢᠮᠦ ᠢᠲᠡᠭᠡᠯ ᠨᠠᠳᠠ ᠳ᠋ᠤ᠌ ᠪᠠᠢᠳᠠᠭ᠃
    
    ᠢᠷᠡᠯᠲᠡ᠄ ᠰᠦᠯᠵᠢᠶᠡᠨ ᠡᠴᠡ ᠰᠣᠩᠭᠣᠪᠠ᠃
    ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠢᠭ
    ᠬᠢᠨᠠᠯᠲᠠ᠄ ᠮᠥᠴᠢᠷ