ᠬᠣᠢᠯᠣᠭХойлогKhoilog-ᠲᠠᠬᠢᠶᠠᠯᠢᠭ ᠰᠢᠪᠠᠭᠤᠨ ᠊ᠤ᠌᠋ ᠪᠠᠭ ᠊ᠤᠨ ᠣᠳᠣᠢ ᠰᠡᠭᠦᠯᠲᠦ ᠰᠢᠪᠠᠭᠤᠳ ᠡᠴᠡ ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠢᠯᠣᠭХойлогKhoilog-ᠲᠠᠬᠢᠶᠠᠯᠢᠭ ᠰᠢᠪᠠᠭᠤᠨ ᠊ᠤ᠌᠋ ᠪᠠᠭ ᠊ᠤᠨ ᠣᠳᠣᠢ ᠰᠡᠭᠦᠯᠲᠦ ᠰᠢᠪᠠᠭᠤᠳ ᠡᠴᠡ

ᠬᠣᠢᠯᠣᠭХойлогKhoilog-ᠲᠠᠬᠢᠶᠠᠯᠢᠭ ᠰᠢᠪᠠᠭᠤᠨ ᠊ᠤ᠌᠋ ᠪᠠᠭ ᠊ᠤᠨ ᠣᠳᠣᠢ ᠰᠡᠭᠦᠯᠲᠦ ᠰᠢᠪᠠᠭᠤᠳ ᠡᠴᠡ

2025-02-27

1432

ᠬᠣᠢᠯᠣᠭ

   ᠲᠠᠬᠢᠶᠠᠯᠢᠭ ᠰᠢᠪᠠᠭᠤᠨ ᠤ᠋ ᠪᠠᠭ ᠤ᠋ᠨ ᠣᠳᠣᠢ ᠰᠡᠭᠦᠯᠲᠦ ᠰᠢᠪᠠᠭᠤ 
      ᠬᠥᠬᠡ ᠲᠣᠯᠢ 
    ᠺᠠᠰᠫᠢ᠂ ᠺᠠᠪᠺᠠᠼᠢᠨᠢ᠂ ᠲᠥᠪᠡᠳ᠂ ᠭᠧᠷᠮᠠᠨ᠂ ᠮᠣᠩᠭᠣᠯ ᠳ᠋ᠤ᠌ ᠲᠠᠷᠬᠠᠯᠲᠠ ᠲᠠᠢ ᠪᠥᠭᠡᠳ ᠬᠡᠳᠦ ᠬᠡᠳᠦᠨ ᠲᠥᠷᠥᠯ ᠵᠦᠢᠯ ᠪᠠᠢᠳᠠᠭ᠃ ᠠᠯᠲᠠᠢ ᠶ᠋ᠢᠨ ᠬᠣᠢᠯᠣᠭ ᠪᠣᠯ ᠬᠥᠬᠡ ᠪᠣᠷᠣᠪᠲᠤᠷ ᠵᠢᠰᠦᠲᠡᠢ᠂ ᠨᠢᠷᠤᠭᠤ ᠪᠠᠷ ᠢ᠋ᠶ᠋ᠠᠨ ᠬᠠᠷ᠎ᠠ ᠰᠤᠳᠠᠰᠤ ᠲᠠᠢ᠂ ᠡᠯᠢᠭᠡᠨ ᠳ᠋ᠡᠭᠡᠨ ᠴᠠᠭᠠᠨ ᠲᠣᠯᠪᠣ ᠲᠠᠢ᠂ ᠥᠨᠳᠥᠷ ᠠᠭᠤᠯᠠ ᠶ᠋ᠢᠨ ᠬᠠᠳᠠ ᠪᠤᠲᠠᠨ ᠳᠣᠲᠣᠷ᠎ᠠ ᠡᠭᠦᠷᠯᠡᠵᠦ 5-12 ᠥᠨᠳᠡᠭᠡ ᠥᠨᠳᠡᠭᠡᠯᠡᠳᠡᠭ᠃ ᠨᠢᠰᠴᠦ ᠴᠢᠳᠠᠬᠤ ᠦᠭᠡᠢ᠂ ᠭᠠᠵᠠᠷ ᠤ᠋ᠨ ᠥᠭᠡᠳᠡ ᠭᠦᠶᠦᠳᠡᠭ ᠵᠤᠷᠰᠢᠯ ᠲᠠᠢ᠃ ᠰᠦᠷᠦᠭ ᠢ᠋ᠶ᠋ᠡᠷ ᠢ᠋ᠶ᠋ᠡᠨ ᠢᠳᠡᠰᠢᠯᠡᠵᠦ ᠬᠡᠳᠦ ᠨᠢ ᠬᠠᠷᠠᠭᠤᠯᠳᠠᠵᠤ ᠠᠶᠤᠯ ᠢ᠋ ᠰᠡᠷᠡᠮᠡᠭᠴᠡ ᠴᠢᠮᠡᠭᠡ ᠥᠭᠳᠡᠭ᠃
ᠵᠥᠪᠬᠡᠨ ᠴᠠᠪᠴᠢᠮ᠎ᠠ ᠥᠨᠳᠥᠷ ᠠᠭᠤᠯᠠ ᠬᠠᠳᠠᠨ ᠳᠤᠮᠳᠠ ᠤᠷᠭᠤᠳᠠᠭ ᠡᠮ ᠦ᠋ᠨ ᠤᠷᠭᠤᠮᠠᠯ ᠤ᠋ᠨ ᠦᠨᠳᠦᠰᠦ᠂ ᠦᠷ᠎ᠡ ᠪᠡᠷ ᠬᠣᠭᠣᠯᠠᠯᠠᠳᠠᠭ᠃ ᠡᠢᠮᠦ ᠡᠴᠡ ᠮᠢᠬ᠎ᠠ ᠶ᠋ᠢ ᠨᠢ ᠢᠳᠡᠵᠦ᠂ ᠶᠠᠰᠤ ᠶ᠋ᠢ ᠨᠢ ᠪᠤᠴᠠᠯᠭᠠᠵᠤ ᠤᠤᠭᠤᠭᠰᠠᠨ ᠬᠥᠮᠦᠨ ᠦᠬᠦᠳᠡᠭ ᠦᠭᠡᠢ ᠭᠡᠬᠦ ᠶᠠᠷᠢᠶ᠎ᠠ ᠮᠣᠩᠭᠣᠯᠴᠤᠳ ᠤ᠋ᠨ ᠳᠤᠮᠳᠠ ᠤᠯᠠᠮᠵᠢᠯᠠᠭᠳᠠᠵᠠᠢ᠃ ᠪᠡᠶ᠎ᠡ ᠶ᠋ᠢᠨ ᠳᠠᠷᠬᠠᠯᠠᠭ᠎ᠠ ᠶ᠋ᠢ ᠳᠠᠬᠢᠨ ᠢ᠋ᠶ᠋ᠠᠷ ᠰᠠᠢᠵᠢᠷᠠᠭᠤᠯᠵᠤ᠂ ᠣᠯᠠᠨ ᠲᠥᠷᠥᠯ ᠦ᠋ᠨ ᠠᠮᠢᠨ ᠳᠠᠮ ᠬᠠᠩᠭᠠᠳᠠᠭ᠃ ᠰᠢᠨᠵᠢᠯᠡᠬᠦ ᠤᠬᠠᠭᠠᠨ ᠬᠥᠭᠵᠢᠭᠡ ᠦᠭᠡᠢ ᠴᠦ᠍ ᠮᠣᠩᠭᠣᠯᠴᠤᠳ ᠬᠡᠵᠢᠶᠡᠨ ᠡᠴᠡ ᠠᠯᠢᠪᠠ ᠵᠦᠢᠯ ᠳ᠋ᠦ᠍ ᠠᠭᠤᠵᠢᠭᠤ ᠤᠬᠠᠭᠠᠨ ᠢ᠋ᠶ᠋ᠠᠷ ᠬᠠᠨᠳᠤᠳᠠᠭ ᠤᠴᠢᠷ ᠪᠠᠭ᠎ᠠ ᠨᠠᠰᠤᠨ ᠤ᠋ ᠣᠬᠢᠳ ᠨᠠᠰᠤ ᠪᠡᠶ᠎ᠡ ᠳ᠋ᠦ᠍ ᠬᠦᠷᠦᠭᠰᠡᠨ ᠪᠦᠰᠡᠭᠦᠢᠴᠦᠳ ᠲᠦ᠍ ᠠᠮᠰᠠᠭᠤᠯᠳᠠᠭ ᠦᠭᠡᠢ ᠪᠠᠢᠪᠠ᠃ ᠤᠴᠢᠷ ᠨᠢ ᠬᠣᠵᠢᠮ ᠤ᠋ᠨ ᠡᠳᠦᠷ ᠲᠥᠷᠥᠵᠦ ᠬᠥᠩᠭᠡᠵᠢᠬᠦ ᠳ᠋ᠦ᠍ ᠶᠠᠰᠤ ᠪᠡᠬᠢᠵᠢᠨ ᠬᠦᠨᠳᠦᠷᠡᠯᠲᠡᠢ ᠪᠣᠯᠤᠨ᠎ᠠ ᠭᠡᠨ᠎ᠡ᠃
    ᠡᠷᠲᠡ ᠡᠳᠦᠭᠡ ᠡᠴᠡ ᠡᠬᠢᠯᠡᠭᠡᠳ ᠥᠨᠥᠳᠥᠷ ᠬᠦᠷᠲᠡᠯ᠎ᠡ ᠬᠣᠢᠯᠣᠭ ᠢ᠋ ᠬᠠᠢᠷᠠᠯᠠᠨ ᠬᠠᠮᠠᠭᠠᠯᠠᠵᠤ ᠳᠠᠷᠬᠠᠨ ᠴᠠᠭᠠᠵᠠᠲᠤ ᠠᠮᠢᠲᠠᠨ ᠳ᠋ᠤ᠌ ᠪᠠᠭᠲᠠᠭᠠᠭᠰᠠᠨ ᠶᠤᠮ᠃ ᠭᠡᠮᠲᠦᠵᠦ ᠪᠡᠷᠲᠡᠭᠰᠡᠨ ᠬᠥᠮᠦᠨ ᠳ᠋ᠦ᠍ ᠭᠣᠢᠳᠠ ᠨᠥᠯᠥᠭᠡ ᠦᠵᠡᠭᠦᠯᠳᠡᠭ ᠡᠨᠡᠬᠦ ᠰᠢᠪᠠᠭᠤ ᠶ᠋ᠢ ᠴᠢᠩᠭᠢᠰ ᠬᠠᠭᠠᠨ ᠤ᠋ ᠴᠡᠷᠢᠭ ᠡᠷᠡᠰ ᠪᠠᠢᠯᠳᠤᠬᠤ ᠠ᠋ᠴᠠ ᠡᠮᠦᠨ᠎ᠡ ᠢᠳᠡᠳᠡᠭ ᠪᠠᠢᠭᠰᠠᠨ ᠲᠡᠦᠬᠡ ᠪᠣᠢ᠃ ᠬᠡᠷᠪᠡ ᠣᠯᠵᠤ ᠢᠳᠡᠭᠡ ᠦᠭᠡᠢ ᠠᠪᠠᠰᠤ ᠬᠣᠢᠯᠣᠭ ᠤ᠋ᠨ ᠮᠢᠬ᠎ᠠ ᠢᠳᠡᠭᠰᠡᠨ ᠨᠢᠭᠡᠨ ᠢ᠋ᠶ᠋ᠡᠨ ᠲᠤᠯᠤᠯᠳᠤᠭᠠᠨ ᠤ᠋ ᠡᠮᠦᠨ᠎ᠡ ᠬᠣᠢᠯᠣᠭᠳᠠᠳᠠᠭ᠋ ᠪᠠᠢᠭᠰᠠᠨ ᠭᠡᠵᠦ ᠲᠡᠮᠳᠡᠭᠯᠡᠨ ᠦᠯᠡᠳᠡᠭᠡᠵᠡᠢ᠃ ᠲᠡᠢᠮᠦ ᠡᠴᠡ ᠢᠳᠡᠭᠰᠡᠨ ᠢ᠋ᠶ᠋ᠡᠨ ᠬᠡᠨ ᠳ᠋ᠦ᠍ ᠴᠦ᠍ ᠬᠡᠯᠡᠳᠡᠭ ᠦᠭᠡᠢ ᠪᠠᠢᠭᠰᠠᠨ ᠭᠡᠳᠡᠭ ᠪᠥᠭᠡᠳ ᠴᠠᠭᠠᠨ᠎ᠠ ᠪᠠᠨ ᠠᠮᠢ ᠭᠠᠷᠬᠤ ᠭᠡᠰᠡᠨ ᠬᠦᠰᠡᠯ ᠪᠠᠢᠭ᠎ᠠ ᠨᠢ ᠬᠡᠨ ᠳ᠋ᠦ᠍ ᠴᠦ᠍ ᠣᠢᠯᠠᠭᠠᠮᠵᠢᠲᠠᠢ᠃
    ᠮᠠᠰᠢ ᠬᠠᠷᠢᠶᠠᠯᠴᠢ ᠰᠢᠪᠠᠭᠤ ᠤᠴᠢᠷ ᠬᠣᠢᠯᠣᠭ ᠠᠯᠠᠭᠰᠠᠨ ᠬᠥᠮᠦᠨ ᠬᠣᠢᠴᠢ ᠶ᠋ᠢᠨ ᠵᠠᠮ ᠦᠭᠡᠢ ᠭᠡᠳᠡᠭ᠂ ᠬᠣᠢᠯᠣᠭ ᠤ᠋ᠨ ᠪᠠᠭᠠᠰᠤ ᠨᠢ ᠶᠠᠷ᠎ᠠ ᠰᠢᠷᠬ᠎ᠠ ᠪᠣᠯᠤᠨ ᠶᠠᠰᠤᠨ ᠤ᠋ ᠪᠠᠷᠳᠠᠯᠲᠠ ᠳ᠋ᠤ᠌ ᠰᠠᠢᠨ᠃ ᠵᠤᠨ ᠳ᠋ᠠᠭᠠᠨ ᠪᠠᠭᠠᠰᠤ ᠨᠢ ᠬᠠᠷ᠎ᠠ ᠨᠣᠭᠣᠭᠠᠨ᠂ ᠡᠪᠦᠯ ᠳ᠋ᠡᠭᠡᠨ ᠦᠵᠦᠭᠦᠷ ᠨᠢ ᠴᠠᠭᠠᠨ ᠬᠣᠷᠭᠣᠯᠵᠢᠨ ᠪᠣᠯᠳᠠᠭ᠃ ᠮᠥᠨ ᠪᠠᠭᠠᠰᠤ ᠶ᠋ᠢ ᠢᠳᠡᠳᠡᠭ ᠮᠠᠰᠢ ᠣᠯᠠᠨ ᠲᠥᠷᠥᠯ ᠦ᠋ᠨ ᠰᠢᠪᠠᠭᠤᠳ᠂ ᠠᠩ ᠭᠥᠷᠥᠭᠡᠰᠦ᠂ ᠠᠷᠢᠶᠠᠲᠠᠨ ᠠᠮᠢᠲᠠᠨ᠂ ᠬᠣᠷᠣᠬᠠᠢ ᠰᠢᠪᠡᠵᠢ ᠪᠠᠢᠳᠠᠭ ᠤᠴᠢᠷ ᠬᠣᠢᠯᠣᠭ ᠬᠣᠪᠣᠷᠳᠠᠪᠠᠯ ᠬᠣᠷᠸ᠎ᠠ ᠠᠬᠤᠷᠳᠠᠨ᠎ᠠ ᠭᠡᠰᠡᠨ ᠦᠭᠡ ᠴᠦ᠍ ᠪᠣᠢ᠃

   ᠦᠰᠦᠭ ᠠᠮᠢᠯᠠᠭᠤᠯᠦᠭ᠍ᠴᠢ  ᠪᠦᠷᠢᠨ᠎ᠠ
   ᠬᠢᠨᠡᠭ᠍ᠴᠢ᠄  ᠬᠣᠪᠣᠷ ᠵᠢᠭᠦᠷᠲᠡᠨ ᠬᠣᠯᠪᠣᠭ᠎ᠠ