ᠪᠢ ᠬᠥᠮᠦᠨБи хүн-Todko Samson
ᠲᠠᠯᠠᠷᠬᠠᠯ ᠤ᠋ᠨ ᠰᠡᠳᠬᠢᠯ
ᠠᠷᠤ ᠮᠣᠩᠭᠣᠯ ᠤ᠋ᠨ ᠥᠪᠦᠷᠬᠠᠩᠭᠠᠢ ᠠᠢᠮᠠᠭ ᠤ᠋ᠨ ᠮᠣᠩᠭᠣᠯ ᠡᠭᠡᠴᠢ ᠮᠢᠨᠢ ᠮᠣᠩᠭᠣᠯ ᠦᠰᠦᠭ ᠬᠠᠲᠠᠵᠤ ᠥᠭᠭᠦᠯ᠎ᠡ᠂ ᠴᠢᠩ ᠰᠡᠳᠬᠢᠯ ᠡᠴᠡ ᠪᠡᠨ ᠲᠠᠯᠠᠷᠬᠠᠵᠤ ᠪᠠᠢᠨ᠎ᠠ᠂
ᠮᠥᠨᠴᠥ ᠡᠯᠢᠭᠡ ᠨᠢᠭᠡᠲᠡᠢ ᠠᠷᠤ ᠮᠣᠩᠭᠣᠯᠴᠤᠳ ᠮᠢᠨᠢ ᠡᠬᠡ ᠬᠡᠯᠡ ᠪᠡᠨ ᠰᠡᠷᠭᠦᠬᠦ ᠶ᠋ᠢᠨ ᠲᠥᠯᠥᠭᠡ ᠲᠡᠮᠡᠦᠯᠦᠨ ᠴᠢᠷᠮᠠᠢᠵᠤ ᠪᠠᠢᠬᠤ ᠳ᠋ᠤᠨᠢ ᠥᠪᠥᠷ ᠮᠣᠩᠭᠣᠯᠴᠤᠳ ᠤ᠋ᠨ ᠰᠡᠳᠬᠢᠯ ᠳ᠋ᠦ᠍ ᠲᠤᠩ ᠲᠠᠭᠠᠯᠠᠮᠵᠢᠲᠠᠢ ᠪᠠᠢᠨ᠎ᠠ᠃ᠪᠢ ᠬᠥᠮᠦᠨ
ᠠᠮᠢᠳᠤᠷᠠᠯ ᠡᠴᠡ ᠲᠠᠩᠳᠠ ᠴᠡᠴᠡᠭ ᠢ᠋ ᠨᠢ ᠲᠡᠭᠦᠨ᠎ᠡ ᠭᠡᠵᠦ ᠭᠠᠷᠤᠭᠠᠳ
ᠠᠷᠭ᠎ᠠ ᠶᠠᠳᠠᠭᠠᠳ ᠬᠠᠯᠠᠭᠠᠢ ᠴᠤ᠌ ᠣᠯᠤᠭᠠᠳᠤᠢ ᠦᠶ᠎ᠡ ᠨᠠᠳᠠ ᠳ᠋ᠤ᠌ ᠪᠠᠢᠭᠰᠠᠨ
ᠪᠢ ᠠᠳᠠᠯᠢᠬᠠᠨ ᠬᠥᠮᠦᠨ
ᠠᠮᠠᠷᠠᠭ ᠲᠤ᠌ ᠪᠠᠨ ᠦᠷᠭᠦᠯᠵᠢ ᠦᠭᠡᠰ ᠦ᠋ᠨ ᠰᠠᠢᠬᠠᠨ ᠢ᠋ ᠬᠡᠯᠡᠨ᠎ᠡ ᠭᠡᠵᠦ ᠬᠦᠰᠡᠳᠡᠭ ᠴᠦ᠍
ᠠᠮᠠ ᠪᠠᠨ ᠪᠠᠷᠢᠵᠤ ᠬᠡᠷᠡᠭᠦᠯ ᠦ᠋ᠨ ᠠᠷᠤ ᠡᠴᠡ ᠬᠠᠷᠠᠮᠰᠠᠬᠤ ᠴᠠᠭ ᠢᠷᠡᠳᠡᠭ
ᠪᠢ ᠪᠠᠰᠠ ᠬᠥᠮᠦᠨ..᠃
ᠪᠣᠷᠣᠭᠠᠨ ᠳ᠋ᠤ᠌ ᠳᠤᠷᠠᠲᠠᠢ..᠃
ᠭᠡᠬᠦ ᠳ᠋ᠦ᠍ ᠪᠡᠨ ᠴᠠᠰᠤᠨ ᠳ᠋ᠤ᠌ ᠢᠯᠡᠭᠦᠦ ᠬᠠᠢᠷᠠᠲᠠᠢ
ᠪᠢ ᠵᠥᠭᠡᠯᠡᠨ ᠬᠥᠮᠦᠨ
ᠪᠣᠳᠣᠬᠤ ᠬᠡᠷᠡᠭᠲᠡᠢ..᠃
ᠭᠡᠪᠡᠴᠦ ᠴᠡᠩᠭᠡᠵᠦ ᠠᠮᠵᠢᠬᠤ ᠡᠷᠬᠡ ᠲᠡᠢ
ᠪᠢ ᠵᠠᠯᠠᠭᠤ ᠬᠥᠮᠦᠨ
ᠬᠥᠮᠦᠨ ᠦ᠌ ᠨᠤᠲᠤᠭ ᠤ᠋ᠨ ᠲᠦᠮᠡᠨ ᠰᠠᠢᠬᠠᠨ ᠳ᠋ᠤ᠌
ᠨᠢᠳᠦ ᠤᠨᠠᠭᠠᠪᠠᠴᠤ
ᠰᠡᠳᠬᠢᠯ ᠤᠨᠠᠭᠠᠬᠤ ᠦᠭᠡᠢ
ᠪᠢ ᠮᠣᠩᠭᠣᠯ ᠬᠥᠮᠦᠨ
ᠥᠪᠡᠷ ᠦ᠋ᠨ ᠨᠤᠲᠤᠭ ᠤ᠋ᠨ ᠮᠢᠩᠭᠠᠨ ᠮᠠᠭᠤᠬᠠᠢ ᠳ᠋ᠤ᠌
ᠤᠷᠤᠭᠤᠯ ᠳᠣᠷᠳᠣᠢᠪᠠᠴᠤ
ᠡᠯᠢᠭᠡ ᠳᠣᠷᠳᠣᠢᠬᠤ ᠦᠭᠡᠢ
ᠪᠢ ᠦᠨᠳᠦᠰᠦᠷᠬᠡᠭ ᠬᠥᠮᠦᠨ
ᠤᠷᠠᠨ ᠪᠠᠷᠢᠯᠭ᠎ᠠ᠂ ᠴᠠᠷᠳᠠᠮᠠᠯ ᠵᠠᠮ ᠠ᠋ᠴᠠ ᠢᠯᠡᠭᠦᠦ
ᠠᠭᠤᠯᠠ ᠤᠰᠤᠨ ᠳ᠋ᠤ᠌ ᠣᠢᠷ᠎ᠠ ᠪᠠᠢᠬᠤ ᠶ᠋ᠢ ᠬᠦᠰᠡᠳᠡᠭ
ᠪᠢ ᠵᠡᠷᠯᠢᠭ ᠬᠥᠮᠦᠨ
ᠤᠯᠠᠭᠠᠨᠪᠠᠭᠠᠲᠤᠷ ᠤ᠋ᠨ ᠪᠤᠳᠤᠮᠠᠯ ᠱᠠᠭᠠᠵᠠᠩ ᠰᠢᠭ᠋ ᠬᠡᠦᠬᠡᠨ ᠨᠦ᠍ᠭᠦᠳ ᠡᠴᠡ
ᠤᠯᠠᠭᠠᠨ ᠬᠠᠴᠠᠷ ᠲᠠᠢ ᠪᠦᠷᠦᠭ ᠢᠴᠢᠮᠡᠬᠡᠢ ᠳ᠋ᠦ᠍ ᠨᠢ ᠰᠢᠨᠤᠬᠤ
ᠪᠢ ᠰᠣᠨᠢᠨ ᠬᠥᠮᠦᠨ
ᠰᠢᠯᠦᠭ ᠪᠦᠬᠦᠨ ᠢ᠋ᠶ᠋ᠡᠨ ᠪᠤᠰᠤᠳ ᠲᠠᠢ ᠬᠤᠪᠢᠶᠠᠯᠴᠠᠭᠰᠠᠨ
ᠪᠢ ᠥᠭᠯᠢᠭᠡᠴᠢ ᠬᠥᠮᠦᠨ
ᠰᠢᠯᠦᠭ ᠡᠴᠡ ᠥᠭᠡᠷ᠎ᠡ ᠶᠠᠭᠤ ᠪᠠᠨ ᠴᠤ᠌ ᠬᠤᠪᠢᠶᠠᠯᠴᠠᠬᠤ ᠦᠭᠡᠢ
ᠪᠢ ᠪᠠᠰᠠ ᠬᠠᠷᠠᠮᠴᠢ ᠬᠥᠮᠦᠨ
ᠰᠢᠨ᠎ᠡ ᠶ᠋ᠢᠨ ᠨᠢᠭᠡᠨ ᠳ᠋ᠦ᠍ ᠢᠵᠢᠢ ᠪᠡᠨ ᠨᠢᠯᠪᠤᠰᠤ ᠲᠠᠢ ᠬᠦᠯᠢᠶᠡᠯᠭᠡᠭᠰᠡᠨ
ᠪᠢ ᠶᠡᠬᠡ ᠮᠠᠭᠤ ᠬᠥᠮᠦᠨ
ᠭᠡᠬᠦ ᠳ᠋ᠡᠭᠡᠨ ᠰᠢᠨ᠎ᠡ ᠪᠢᠴᠢᠬᠦ ᠮᠥᠷ ᠪᠦᠷᠢ ᠳ᠋ᠡᠭᠡᠨ ᠢᠵᠢᠢ ᠪᠡᠨ ᠨᠤᠲᠤᠭ ᠲᠠᠢ ᠨᠢ ᠪᠠᠭᠲᠠᠭᠠᠬᠤ ᠰᠠᠨ ᠭᠡᠵᠦ ᠬᠦᠰᠡᠳᠡᠭ
ᠪᠢ ᠶᠡᠬᠡ ᠰᠠᠢᠨ ᠬᠥᠮᠦᠨ
ᠵᠣᠪᠠᠯᠠᠩ ᠳ᠋ᠤ᠌ ᠢᠯᠡᠭᠦᠦ ᠴᠢᠪᠴᠢᠷᠠᠵᠤ ᠵᠢᠷᠭᠠᠯ ᠳ᠋ᠤ᠌ ᠠᠮᠠᠷᠬᠠᠨ ᠲᠠᠰᠢᠭᠤᠷᠠᠳᠠᠭ
ᠪᠢ ᠲᠡᠨᠡᠭ ᠬᠥᠮᠦᠨ
ᠵᠣᠷᠢᠯᠭ᠎ᠠ ᠮᠥᠷᠥᠭᠡᠳᠦᠯ ᠬᠣᠶᠠᠷ ᠢ᠋ᠶ᠋ᠠᠨ ᠲᠡᠪᠡᠷᠢᠵᠦ ᠦᠵᠡᠭᠰᠡᠨ
ᠪᠢ ᠠᠵᠠ ᠲᠠᠢ ᠬᠥᠮᠦᠨ
ᠬᠤᠷᠤᠭᠤᠨ ᠳ᠋ᠤ᠌ ᠨᠢ ᠬᠦᠷᠦᠭᠰᠡᠨ ᠪᠣᠯ
ᠤᠷᠤᠭᠤᠯ ᠳ᠋ᠤ᠌ ᠨᠢ ᠵᠢᠳᠬᠦᠬᠦ
ᠪᠢ ᠰᠢᠨᠤᠯ ᠲᠠᠢ ᠬᠥᠮᠦᠨ
ᠨᠢᠷᠤᠭᠤᠨ ᠡᠴᠡ ᠨᠢᠯᠪᠤᠭᠰᠠᠨ ᠪᠣᠯᠭᠠᠨ ᠢ᠋
ᠪᠤᠷᠤᠭᠤ ᠪᠠᠷ ᠰᠠᠨᠠᠵᠤ ᠶᠠᠪᠤᠬᠤ ᠦᠭᠡᠢ..᠃
ᠪᠢ ᠮᠠᠷᠲᠠᠮᠠᠬᠠᠢ ᠬᠥᠮᠦᠨ
ᠴᠠᠭᠠᠨ ᠲᠣᠯᠣᠭᠠᠢ ᠶ᠋ᠢ ᠲᠡᠭᠦᠰᠬᠡᠯ ᠡᠴᠡ ᠨᠢ ᠡᠬᠢᠯᠡᠵᠦ ᠰᠤᠷᠤᠭᠰᠠᠨ
ᠪᠢ ᠵᠥᠷᠢᠭᠦᠳ ᠬᠥᠮᠦᠨ᠃
ᠴᠠᠭ ᠢ᠋ᠶ᠋ᠠᠨ ᠬᠠᠷ᠎ᠠ ᠳᠠ!
ᠪᠢ ᠲᠠᠨ ᠤ᠋ ᠳᠣᠲᠣᠷ᠎ᠠ ᠬᠡᠳᠦᠨ ᠬᠣᠷᠣᠮ ᠣᠷᠣᠰᠢᠪᠠ ᠠ᠋?!
ᠪᠢ ᠡᠢᠮᠦ ᠯᠡ ᠬᠥᠮᠦᠨ᠃
Би хүн
Амьдралаас дандаа цэцгийг нь түүнэ гэж гараад
Арга ядаад халгай ч олоогүй үе надад байсан
Би адилхан хүн
Амрагтаа үргэлж үгсийн сайхныг хэлнэ гэж хүсдэг ч
Амаа барьж хэрүүлийн араас харамсах цаг ирдэг
Би бас хүн...
Бороонд дуртай...
Гэхдээ цасанд илүү хайртай
Би зөөлөн хүн
Бодох хэрэгтэй...
Гэвч цэнгэж амжих эрхтэй
Би залуу хүн
Хүний нутгийн түмэн сайханд
Нүд унагав ч
Сэтгэл унагахгүй
Би Монгол хүн
Өөрийн нутгийн мянган муухайд
Уруул дордойв ч
Элэг дордойхгүй
Би үндсэрхэг хүн
Уран барилга, цардмал замаас илүү
Уул усанд ойр байхыг хүсдэг
Би зэрлэг хүн
Улаанбаатарын будмал шаазан шиг хүүхнүүдээс
Улаан хацартай бүрэг ичимхийд нь шунах
Би сонин хүн
Шүлэг бүхнээ бусадтай хуваалцсан
Би өглөгч хүн
Шүлэгнээс өөр юугаа ч хуваалцахгүй
Би бас харамч хүн
Шинийн нэгэнд ижийгээ нулимстай хүлээлгэсэн би муу хүн
Шинэ бичих мөр бүртээ ижийгээ нутагтай нь багтаахсан гэж хүсдэг би их сайн хүн
Зовлонд илүү чивчирч
Жаргалд амархан ташуурдаг
Би тэнэг хүн
Зорилго мөрөөдөл хоёроо тэвэрч үзсэн
Би азтай хүн
Хуруунд нь хүрсэн бол
Уруулд нь зүтгэх
Би шуналтай хүн
Нуруунаас нулимсан болгоныг
Буруугаар санаж явахгүй...
Би мартамхай хүн
Цагаан толгойг төгсгөлөөс нь эхлэж сурсан
Би зөрүүд хүн...
Цагаа хар! Би танай дотор хэдэн хором оршив оо?!
Би ийм л хүн...
