ᠮᠣᠩᠭᠣᠯ ᠭᠡᠷ ᠮᠢᠨᠢ -ᠣᠷᠢᠶᠠᠩᠬᠠᠨ ᠭᠦᠷᠵᠠᠪ Монгол гэр минь-Урианхан·ГүржавKhöldüüs
ᠮᠣᠩᠭᠣᠯ ᠭᠡᠷ ᠮᠢᠨᠢ
ᠣᠷᠢᠶᠠᠩᠬᠠᠨ ᠭᠦᠷᠵᠠᠪ
ᠠᠢᠷᠠᠭ ᠴᠠᠭᠠᠨ ᠳᠡᠭᠡᠪᠦᠷ ᠨᠢ
ᠠᠯᠤᠰ ᠤ᠋ᠨ ᠭᠠᠵᠠᠷ ᠠ᠋ᠴᠠ ᠴᠠᠢᠯᠵᠠᠭᠰᠠᠨ
ᠠᠵᠠ ᠶ᠋ᠢᠨ ᠴᠡᠩᠬᠡᠷ ᠤᠲᠤᠭ᠎ᠠ ᠨᠢ
ᠠᠲᠠᠷ ᠤ᠋ᠨ ᠭᠦᠨ ᠳ᠋ᠦ᠍ ᠲᠤᠨᠤᠯᠵᠠᠭᠰᠠᠨ
ᠮᠥᠩᠭᠥᠨ ᠴᠠᠭᠠᠨ ᠮᠣᠩᠭᠣᠯ ᠭᠡᠷ ᠮᠢᠨᠢ
ᠮᠣᠩᠭᠣᠯ ᠨᠤᠲᠤᠭ ᠤ᠋ᠨ ᠮᠢᠨᠢ ᠴᠢᠮᠡᠭ ᠪᠢᠯᠡ
ᠮᠤᠩᠭᠢᠨᠠᠵᠤ ᠪᠡᠲᠡᠷᠡᠭᠰᠡᠨ ᠤᠭᠰᠠᠭᠠᠲᠠᠨ ᠢ᠋ ᠮᠢᠨᠢ
ᠮᠤᠬᠤᠷᠳᠠᠯ ᠠ᠋ᠴᠠ ᠠᠪᠤᠷᠠᠭᠰᠠᠨ ᠨᠠᠷᠠᠨ ᠪᠢᠯᠡ!
ᠥᠷᠥᠨ᠎ᠡ ᠶ᠋ᠢ ᠳᠣᠩᠰᠣᠯᠭᠠᠭᠰᠠᠨ ᠢᠳᠡᠲᠡᠳ ᠢ᠋
ᠡᠪᠦᠷᠯᠡᠵᠦ ᠪᠣᠯᠪᠠᠰᠤᠷᠠᠭᠤᠯᠤᠭᠰᠠᠨ ᠥᠯᠥᠭᠡᠢ ᠪᠢᠯᠡ
ᠦᠯᠡᠮᠵᠢ ᠮᠡᠳᠡᠯᠭᠡᠲᠦ ᠡᠷᠳᠡᠮᠲᠡᠳ ᠢ᠋
ᠡᠷᠭᠦᠵᠦ ᠮᠣᠷᠳᠠᠭᠤᠯᠤᠭᠰᠠᠨ ᠳᠥᠷᠥᠭᠡ ᠪᠢᠯᠡ!
ᠥᠰᠬᠦ ᠮᠢᠨᠦᠬᠢ ᠪᠡᠨ ᠰᠡᠳᠬᠢᠯ ᠳ᠋ᠦ᠍
ᠥᠨᠢᠳᠡ ᠴᠡᠩᠬᠡᠷᠯᠡᠬᠦ ᠬᠣᠷᠸ᠎ᠠ ᠪᠢᠯᠡ
ᠥᠭᠡᠳᠡᠯᠡᠯ ᠴᠠᠯᠭᠢᠯᠠᠭᠰᠠᠨ ᠢᠷᠡᠭᠡᠳᠦᠢ ᠲᠠᠢᠰᠢ
ᠥᠯᠵᠡᠢᠲᠡᠢ ᠨᠢᠰᠬᠦ ᠬᠤᠨ ᠪᠢᠯᠡ!
1988.11.03_04 ᠂ ᠬᠥᠬᠡᠬᠣᠲᠠᠨ᠎ᠠ ᠪᠢᠴᠢᠪᠡ ᠃
※ ᠭᠦᠷᠵᠠᠪ ᠤ᠋ᠨ 《 ᠱᠠᠭᠠᠵᠠᠭᠠᠢ ᠶ᠋ᠢᠨ ᠱᠠᠭᠰᠢᠭ᠎ᠠ》 ᠭᠡᠬᠦ ᠬᠡᠦᠬᠡᠳ ᠦ᠋ᠨ ᠰᠢᠯᠦᠭ ᠦ᠋ᠨ ᠲᠡᠭᠦᠪᠦᠷᠢ ( ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠣᠷᠢᠶ᠎ᠠ ᠂ 2015 ᠣᠨ ᠤ᠋ 12 ᠰᠠᠷ᠎ᠠ ᠂ ᠠᠩᠬᠠᠳᠠᠭᠴᠢ ᠬᠡᠪᠯᠡᠯ)) ᠡᠴᠡ ᠰᠣᠩᠭᠣᠪᠠ ᠃
