ᠰᠢᠨ᠎ᠡ ᠶ᠋ᠢᠨ ᠵᠣᠯᠭᠠᠯᠲᠠ-ᠬᠣᠯᠪᠣᠭ᠎ᠠ-ᠦᠬᠡᠷᠴᠢᠨᠬᠦᠢ᠍ᠤ ᠵᠣᠬᠢᠶᠠᠵᠤ᠂ ᠬᠤᠭᠤᠷᠳᠠᠨ ᠬᠣᠯᠪᠣᠨ᠎ᠠ Шинийн золголт-холбоо-үхэрчинхөу зохиож, хуурдан холбоно
ᠰᠢᠨ᠎ᠡ ᠶ᠋ᠢᠨ ᠵᠣᠯᠭᠠᠯᠲᠠ
ᠬᠣᠯᠪᠣᠭ᠎ᠠ
ᠦᠬᠡᠷᠴᠢᠨᠬᠦᠢ᠍ᠤ ᠵᠣᠬᠢᠶᠠᠵᠤ ᠂ ᠬᠤᠭᠤᠷᠳᠠᠨ ᠬᠣᠯᠪᠣᠨ᠎ᠠ
ᠠᠷᠠᠯᠲᠤ ᠽᠠᠨᠳᠠᠨ ᠬᠤᠭᠤᠷ ᠤ᠋ᠨ ᠮᠢᠨᠢ
ᠠᠶᠠᠰ ᠨᠢ ᠨᠡᠢᠯᠡᠭᠡᠳ ᠡᠭᠡᠰᠢᠭᠯᠡᠯ᠎ᠡ
ᠠᠮᠠᠨ ᠬᠣᠯᠪᠣᠭ᠎ᠠ ᠪᠠᠨ ᠡᠭᠦᠰᠬᠡᠭᠡᠳ
ᠠᠮᠤᠷ ᠢ᠋ ᠴᠢᠨᠢ ᠠᠰᠠᠭᠤᠨ ᠵᠣᠯᠭᠠᠶ᠎ᠠ
ᠠᠭᠤᠤ ᠮᠣᠩᠭᠣᠯ ᠲᠦᠮᠡᠨ ᠮᠢᠨᠢ
ᠠᠮᠤᠷ ᠰᠠᠢᠬᠠᠨ ᠰᠢᠨᠡᠯᠡᠵᠡᠭᠡᠪᠡ ᠤᠤ?
ᠠᠢᠯ ᠠᠢᠮᠠᠭ ᠬᠣᠲᠠᠯᠠᠭᠠᠷ ᠢ᠋ᠶ᠋ᠠᠨ
ᠠᠵᠠ ᠵᠢᠷᠭᠠᠯ ᠲᠠᠢ ᠰᠢᠨᠡᠯᠡᠵᠡᠭᠡᠪᠡ ᠤᠤ?
ᠤᠲᠠᠰᠤᠲᠤ ᠰᠠᠢᠬᠠᠨ ᠬᠤᠭᠤᠷ ᠤ᠋ᠨ ᠮᠢᠨᠢ
ᠤᠶᠠᠩᠭ᠎ᠠ ᠨᠢ ᠨᠡᠢᠯᠡᠭᠡᠳ ᠡᠭᠡᠰᠢᠭᠯᠡᠯ᠎ᠡ
ᠤᠯᠠᠮᠵᠢᠯᠠᠯᠲᠤ ᠬᠣᠯᠪᠣᠭ᠎ᠠ ᠪᠠᠨ ᠡᠭᠦᠰᠬᠡᠭᠡᠳ
ᠡᠩᠬᠡ ᠶ᠋ᠢᠨ ᠢᠷᠦᠭᠡᠯ ᠲᠡᠢ ᠵᠣᠯᠭᠠᠶ᠎ᠠ
ᠤᠳᠤᠮᠲᠤ ᠮᠣᠩᠭᠣᠯ ᠲᠦᠮᠡᠨ ᠮᠢᠨᠢ
ᠠᠮᠤᠭᠤᠯᠠᠩ ᠰᠠᠢᠬᠠᠨ ᠰᠢᠨᠡᠯᠡᠵᠡᠭᠡᠪᠡ ᠤᠤ?
ᠤᠭᠰᠠᠭ᠎ᠠ ᠠᠢᠮᠠᠭ ᠬᠣᠲᠠᠯᠠᠭᠠᠷ ᠢ᠋ᠶ᠋ᠠᠨ
ᠥᠯᠵᠡᠢ ᠪᠠᠶᠠᠷ ᠲᠠᠢ ᠰᠢᠨᠡᠯᠡᠵᠡᠭᠡᠪᠡ ᠤᠤ?
ᠠᠬᠠᠰ ᠵᠠᠬᠠᠰ ᠢ᠋ᠶ᠋ᠠᠨ ᠬᠣᠢᠮᠣᠷ ᠲᠠᠭᠠᠨ ᠵᠠᠯᠠᠭᠠᠳ
ᠠᠮᠠᠨ ᠢᠷᠦᠭᠡᠯ ᠢ᠋ ᠨᠢ ᠰᠣᠨᠣᠰᠤᠭᠠᠳ ᠰᠢᠨᠠᠯᠠᠪᠠ ᠤᠤ?
ᠠᠮᠠᠷᠠᠭ ᠬᠣᠣᠰ ᠢ᠋ᠶ᠋ᠠᠷ ᠢ᠋ᠶ᠋ᠠᠨ ᠢᠨᠢᠶᠡᠯᠴᠡᠵᠦ ᠪᠠᠶᠠᠰᠤᠭᠠᠳ
ᠠ ᠬᠠ ᠬᠦ
ᠠᠵᠠ ᠬᠡᠢᠮᠣᠷᠢ ᠲᠠᠢ ᠰᠠᠢᠬᠠᠨ ᠰᠢᠨᠠᠯᠪᠠ ᠤᠤ?
ᠠᠬ᠎ᠠ ᠡᠭᠡᠴᠢ ᠳᠡᠭᠦᠦ ᠣᠯᠠᠨ ᠢ᠋ᠶ᠋ᠠᠷ ᠢ᠋ᠶ᠋ᠠᠨ
ᠠᠯᠢᠶᠠᠷᠬᠠᠵᠤ ᠲᠣᠭᠯᠠᠭᠠᠳ ᠪᠠᠶᠠᠷ ᠲᠠᠢ ᠰᠢᠨᠠᠯᠪᠠ ᠤᠤ?
ᠠᠯᠢᠶ᠎ᠠ ᠬᠡᠦᠬᠡᠳ ᠢ᠋ᠶ᠋ᠡᠨ ᠥᠬᠥᠭᠡᠷᠳᠡᠵᠦ ᠪᠦᠪᠡᠢᠯᠡᠭᠡᠳ
ᠠ ᠬᠠ ᠬᠦ
ᠠᠶᠤᠤᠯᠢᠬᠠᠢ ᠳᠦᠭᠦᠷᠡᠩ ᠵᠢᠷᠭᠠᠯ ᠲᠠᠢ ᠰᠢᠨᠡᠯᠡᠪᠡ ᠤᠤ?
ᠥᠯᠵᠡᠢ ᠬᠡᠢᠮᠣᠷᠢ ᠲᠠᠢ ᠰᠢᠨ᠎ᠡ ᠵᠢᠯ ᠳ᠋ᠦ᠍ ᠪᠡᠨ
ᠥᠭᠡᠳᠡ ᠡᠰᠡᠷᠡᠭ ᠢ᠋ ᠴᠢᠨᠢ ᠵᠥᠩᠨᠡᠵᠦ ᠪᠠᠢᠨ᠎ᠠ
ᠡᠪᠡᠳᠴᠢᠨ ᠲᠠᠬᠤᠯ ᠠ᠋ᠴᠠ ᠡᠭᠦᠷᠢᠳᠡ ᠵᠠᠢᠯᠠᠭᠰᠠᠨ
ᠠ ᠬᠠ ᠬᠦ
ᠡᠷᠡᠭᠦᠯ ᠡᠩᠬᠡ ᠶ᠋ᠢ ᠴᠢᠨᠢ ᠪᠡᠯᠭᠡᠳᠡᠵᠦ ᠪᠠᠢᠨ᠎ᠠ
ᠴᠠᠭᠠᠨ ᠬᠤᠯᠤᠭᠠᠨ᠎ᠠ ᠵᠢᠯ ᠳ᠋ᠦ᠍ ᠪᠡᠨ ᠲᠠᠨ ᠤ᠋
ᠴᠠᠭᠯᠠᠰᠢ ᠦᠭᠡᠢ ᠪᠠᠶᠠᠷ ᠢ᠋ ᠪᠡᠯᠭᠡᠳᠡᠵᠦ ᠪᠠᠢᠨ᠎ᠠ
ᠴᠢᠷᠮᠠᠢᠯᠲᠠ ᠶ᠋ᠢᠨ ᠳᠠᠷᠳᠠᠩ ᠵᠠᠮ ᠤ᠋ᠨ ᠴᠢᠨᠢ
ᠰᠠᠷᠠᠭᠤᠯᠬᠠᠨ ᠪᠠᠢᠬᠤ ᠶ᠋ᠢ ᠴᠢᠨᠢ ᠵᠥᠩᠨᠡᠵᠦ ᠪᠠᠢᠨ᠎ᠠ
ᠲᠠᠷᠢᠭᠰᠠᠨ ᠲᠠᠷᠢᠶ᠎ᠠ ᠴᠢᠨᠢ ᠬᠤᠷᠢᠶᠠᠯᠲᠠ ᠳᠦᠭᠦᠷᠡᠩ
ᠲᠡᠵᠢᠭᠡᠭᠰᠡᠨ ᠮᠠᠯ ᠴᠢᠨᠢ ᠲᠠᠯ᠎ᠠ ᠳᠦᠭᠦᠷᠡᠩ
ᠲᠤᠬᠠᠢᠯᠠᠭᠰᠠᠨ ᠠᠵᠢᠯ ᠴᠢᠨᠢ ᠠᠮᠵᠢᠯᠲᠠ ᠳᠦᠭᠦᠷᠡᠩ
ᠠ ᠬᠠ ᠬᠦ
ᠲᠥᠰᠦᠪᠯᠡᠭᠰᠡᠨ ᠪᠦᠬᠦᠨ ᠴᠢᠨᠢ ᠢᠯᠠᠯᠲᠠ ᠳᠦᠭᠦᠷᠡᠩ
ᠠᠮᠠᠷᠠᠭ ᠬᠣᠣᠰ ᠢ᠋ᠶ᠋ᠠᠷ ᠢ᠋ᠶ᠋ᠠᠨ ᠬᠠᠢᠷ᠎ᠠ ᠳᠦᠭᠦᠷᠡᠩ
ᠠᠢᠯ ᠭᠡᠷ ᠢ᠋ᠶ᠋ᠡᠷ ᠢ᠋ᠶ᠋ᠡᠨ ᠢᠨᠢᠶᠡᠳᠦ ᠳᠦᠭᠦᠷᠡᠩ
ᠠᠬ᠎ᠠ ᠳᠡᠭᠦᠦ ᠰᠠᠳᠤᠨ ᠢ᠋ᠶ᠋ᠠᠷ ᠢ᠋ᠶ᠋ᠠᠨ ᠪᠠᠶᠠᠰᠤᠯ ᠳᠦᠭᠦᠷᠡᠩ
ᠠ ᠬᠠ ᠬᠦ
ᠠᠷᠠᠳ ᠣᠯᠠᠨ ᠢ᠋ᠶ᠋ᠠᠷ ᠢ᠋ᠶ᠋ᠠᠨ ᠵᠢᠷᠭᠠᠯ ᠳᠦᠭᠦᠷᠡᠩ
ᠠᠷᠠᠯᠲᠤ ᠬᠤᠭᠤᠷ ᠤ᠋ᠨ ᠠᠶᠠᠰ ᠬᠥᠭ ᠢ᠋ᠶ᠋ᠡᠷ
ᠤᠶᠠᠩᠭ᠎ᠠ ᠰᠢᠯᠦᠭ ᠦ᠋ᠨ ᠠᠮᠠᠨ ᠪᠡᠯᠭᠡ ᠪᠡᠷ
ᠠᠭᠤᠤ ᠮᠣᠩᠭᠣᠯ ᠲᠦᠮᠡᠨ ᠳ᠋ᠦ᠍ ᠪᠡᠨ
ᠠ ᠬᠠ ᠬᠦ
ᠠᠶᠠᠯᠠᠭᠤᠯᠵᠤ ᠬᠣᠯᠪᠣᠭᠠᠳ ᠡᠷᠭᠦᠨ ᠪᠠᠷᠢᠯ᠎ᠠ
ᠬᠤᠭᠤᠷ ᠬᠥᠭᠵᠢᠮ ᠦ᠋ᠨ ᠠᠶᠠᠰ ᠬᠥᠭ ᠢ᠋ᠶ᠋ᠡᠷ
ᠬᠣᠯᠪᠣᠭ᠎ᠠ ᠰᠢᠯᠦᠭ ᠦ᠋ᠨ ᠵᠥᠩᠨᠡᠯ ᠪᠡᠯᠭᠡ ᠪᠡᠷ
ᠬᠠᠢᠷᠠᠲᠠᠢ ᠮᠢᠨᠦ ᠮᠣᠩᠭᠣᠯ ᠲᠦᠮᠡᠨ ᠳ᠋ᠦ᠍ ᠪᠡᠨ
ᠠ ᠬᠠ ᠬᠦ
ᠬᠠᠳᠠᠭ ᠢ᠋ᠶ᠋ᠠᠨ ᠡᠷᠭᠦᠨ ᠮᠥᠷᠭᠥᠨ ᠪᠠᠷᠢᠯ᠎ᠠ
ᠰᠠᠨᠠᠭᠠᠨ ᠳ᠋ᠤ᠌ ᠦᠭᠡᠢ ᠰᠣᠨᠣᠰᠤᠭᠰᠠᠨ ᠨᠢᠭᠡ ᠨᠢ
ᠰᠠᠢᠨ ᠤ᠋ ᠵᠥᠩᠨᠡᠯ ᠢ᠋ ᠬᠦᠷᠲᠡᠬᠦ ᠪᠣᠯᠤᠭᠠᠰᠠᠢ
ᠰᠤᠪᠤᠭᠠᠳ ᠵᠠᠯᠭᠠᠵᠤ ᠳᠠᠮᠵᠢᠭᠤᠯᠬᠤ ᠨᠢᠭᠡ ᠨᠢ
ᠠ ᠬᠠ ᠬᠦ
ᠰᠠᠨᠠᠭᠰᠠᠨ ᠪᠦᠬᠦᠨ ᠨᠢ ᠪᠦᠲᠦᠬᠦ ᠪᠣᠯᠲᠤᠭᠠᠢ
ᠤᠪᠠᠢᠨ ᠳ᠋ᠤ᠌ ᠦᠭᠡᠢ ᠪᠡᠷ ᠰᠣᠨᠣᠰᠤᠭᠰᠠᠨ ᠨᠢᠭᠡ ᠨᠢ
ᠠᠮᠠᠨ ᠪᠡᠯᠭᠡ ᠶ᠋ᠢ ᠬᠦᠷᠲᠡᠬᠦ ᠪᠣᠯᠤᠭᠠᠰᠠᠢ
ᠡᠷᠭᠢᠭᠡᠳ ᠵᠠᠯᠭᠠᠵᠤ ᠳᠠᠮᠵᠢᠭᠤᠯᠬᠤ ᠨᠢᠭᠡ ᠨᠢ
ᠠ ᠬᠠ ᠬᠦ
ᠥᠪᠡᠷ ᠦ᠋ᠨ ᠪᠣᠳᠣᠭᠰᠠᠨ ᠢ᠋ᠶ᠋ᠠᠷ ᠢ᠋ᠶ᠋ᠠᠨ ᠪᠦᠲᠦᠬᠦ ᠪᠣᠯᠤᠭᠠᠰᠠᠢ᠃
ᠦᠰᠦᠭ ᠠᠮᠢᠯᠠᠭᠤᠯᠤᠭᠴᠢ᠄ ᠲᠦᠮᠡᠨᠴᠡᠴᠡᠭ
ᠬᠢᠨᠠᠭᠴᠢ᠄ ᠤᠷᠢᠶᠠᠩᠬᠠᠢ ᠨᠠᠷᠠᠨᠮᠠᠨᠳᠠ