ᠠᠴᠢ ᠶ᠋ᠢ ᠲᠤᠰᠠ ᠪᠠᠷ ᠬᠠᠷᠢᠭᠤᠯᠠᠨ᠎ᠠ ᠬᠡᠦᠬᠡᠳ ᠦ᠋ᠨ ᠳᠠᠭᠤᠨ ᠤ᠋ ᠺᠯᠢᠫ 2011ачийг тусаар хариулна_хүүхдийн дууны клип ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠴᠢ ᠶ᠋ᠢ ᠲᠤᠰᠠ ᠪᠠᠷ ᠬᠠᠷᠢᠭᠤᠯᠠᠨ᠎ᠠ ᠬᠡᠦᠬᠡᠳ ᠦ᠋ᠨ ᠳᠠᠭᠤᠨ ᠤ᠋ ᠺᠯᠢᠫ 2011ачийг тусаар хариулна_хүүхдийн дууны клип

ᠠᠴᠢ ᠶ᠋ᠢ ᠲᠤᠰᠠ ᠪᠠᠷ ᠬᠠᠷᠢᠭᠤᠯᠠᠨ᠎ᠠ ᠬᠡᠦᠬᠡᠳ ᠦ᠋ᠨ ᠳᠠᠭᠤᠨ ᠤ᠋ ᠺᠯᠢᠫ 2011ачийг тусаар хариулна_хүүхдийн дууны клип

2022-08-15

444

ᠠᠴᠢ ‍ᠶ᠋ᠢ ᠲᠤᠰᠠ ᠎ᠪᠠᠷ ᠬᠠᠷᠢᠭᠤᠯᠠᠨ᠎ᠠ


  ᠰᠢᠯᠦᠭ ᠄ ᠳ ᠳᠠᠰᠢᠳᠣᠨᠳᠤᠪ
  ᠠᠶ᠎ᠠ ᠄ ᠫ ᠠᠯᠲᠠᠨᠭᠡᠷᠡᠯ
  ᠳᠠᠭᠤᠴᠢᠨ ᠄ ᠴ ᠮᠢᠩᠭᠠᠨᠪᠠᠶᠠᠷ

ᠥᠭᠡᠳᠡᠰᠦ ᠵᠢᠭᠠᠬᠠᠨ ᠴᠤ᠌ ᠭᠡᠯ᠎ᠡ
ᠥᠪᠡᠷ ᠦ᠋ᠨ ᠪᠣᠳᠣᠯ ᠲᠠᠢ ᠬᠦᠦ ᠳᠡ ᠪᠢ
ᠥᠷᠯᠥᠭᠡ ᠶ᠋ᠢᠨ ᠨᠠᠷᠠ ᠰᠢᠬ ᠤᠷᠭᠤᠨ᠎ᠠ ᠳᠠ
ᠥᠰᠴᠦ ᠲᠣᠮᠣ ᠪᠣᠯᠤᠨ᠎ᠠ ᠳᠠ
ᠰᠠᠢᠬᠠᠨ ᠳᠠ ᠂ ᠰᠠᠢᠬᠠᠨ ᠳᠠ
ᠰᠠᠨᠠᠵᠤ ᠶᠠᠪᠤᠬᠤ ᠳ᠋ᠤ᠌ ᠪᠦᠲᠦᠨ᠎ᠡ ᠳᠡ

ᠭᠡᠨᠡᠨ ᠵᠢᠭᠠᠬᠠᠨ ᠴᠤ᠌ ᠭᠡᠯ᠎ᠡ
ᠭᠡᠭᠡᠨ ᠬᠦᠰᠡᠯ ᠲᠡᠢ ᠬᠦᠦ ᠳᠡ ᠪᠢ
ᠮᠥᠮᠥ ᠪᠡᠨ ᠬᠠᠶᠠ ᠰᠠᠨᠠᠨ᠎ᠠ
ᠮᠥᠷᠥᠭᠡᠳᠦᠯ ᠮᠢᠨᠢ ᠪᠠᠶᠠᠯᠠᠨ᠎ᠠ ᠳᠠ
ᠰᠠᠢᠬᠠᠨ ᠳᠠ ᠂ ᠰᠠᠢᠬᠠᠨ ᠳᠠ
ᠰᠠᠨᠠᠵᠤ ᠶᠠᠪᠤᠬᠤ ᠳ᠋ᠤ᠌ ᠪᠦᠲᠦᠨ᠎ᠡ ᠳᠡ

ᠲᠣᠭᠯᠠᠬᠤ ᠳᠤᠷ᠎ᠠ ᠲᠠᠢ ᠴᠤ᠌ ᠭᠡᠯ᠎ᠡ
ᠲᠣᠮᠣ ᠰᠠᠨᠠᠭ᠎ᠠ ᠲᠠᠢ ᠬᠦᠦ ᠳᠡ ᠪᠢ
ᠬᠣᠷᠣᠨ ᠮᠠᠭᠤᠬᠠᠢ ᠶ᠋ᠢ ᠳᠡᠢᠯᠦᠨ᠎ᠡ
ᠬᠣᠷᠸ᠎ᠠ ᠶ᠋ᠢ ᠠᠷᠢᠭᠤᠨ ᠪᠣᠯᠭᠠᠨ᠎ᠠ ᠳᠠ
ᠰᠠᠢᠬᠠᠨ ᠳᠠ ᠂ ᠰᠠᠢᠬᠠᠨ ᠳᠠ
ᠰᠠᠨᠠᠵᠤ ᠶᠠᠪᠤᠬᠤ ᠳ᠋ᠤ᠌ ᠪᠦᠲᠦᠨ᠎ᠡ ᠳᠡ

ᠨᠠᠰᠤ ᠪᠠᠷ ᠵᠢᠭᠠᠬᠠᠨ ᠴᠤ᠌ ᠭᠡᠯ᠎ᠡ
ᠨᠠᠢᠳᠠᠵᠤ ᠪᠣᠯᠬᠤ ᠬᠦᠦ ᠳᠡ ᠪᠢ
ᠠᠪᠤ ᠡᠵᠢ ᠬᠣᠶᠠᠷ ᠢ᠋ ᠪᠡᠨ
ᠠᠴᠢ ᠶ᠋ᠢ ᠲᠤᠰᠠ ᠪᠠᠷ ᠬᠠᠷᠢᠭᠤᠯᠠᠨ᠎ᠠ ᠳᠠ
ᠰᠠᠢᠬᠠᠨ ᠳᠠ ᠂ ᠰᠠᠢᠬᠠᠨ ᠳᠠ
ᠰᠠᠨᠠᠵᠤ ᠶᠠᠪᠤᠬᠤ ᠳ᠋ᠤ᠌ ᠪᠦᠲᠦᠨ᠎ᠡ ᠳᠡ