ᠵᠢᠭᠠᠬᠠᠨ ᠰᠢᠷᠭ᠎ᠠ -ᠤᠢᠭᠤᠷᠵᠢᠨ ᠰᠡᠴᠡᠨᠲᠤᠶᠠᠭ᠎ᠠ Жаахан шарга-Уйгуржин СэцэнтуяаJaakhan sharga
ᠵᠢᠭᠠᠬᠠᠨ ᠰᠢᠷᠭ᠎ᠠ
ᠣᠷᠳᠣᠰ ᠠᠷᠠᠳ ᠤ᠋ᠨ ᠳᠠᠭᠤᠤ
ᠳᠠᠭᠤᠴᠢᠨ᠄ ᠤᠢᠭᠤᠷᠵᠢᠨ ᠰᠡᠴᠡᠨᠲᠤᠶᠠᠭ᠎ᠠ
ᠵᠢᠭᠠᠬᠠᠨ ᠰᠢᠷᠭ᠎ᠠ ᠮᠣᠷᠢ ᠪᠠᠨ ᠤᠨᠤᠭᠠᠳ ᠪᠦᠮᠪᠦᠯᠵᠡᠭᠦᠯᠦᠭᠡᠳ ᠢᠷᠡᠳᠡᠭ ᠶᠤᠮ ᠳ᠋ᠣᠣ
ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠠᠮᠤᠷ ᠢ᠋ ᠴᠢᠨᠢ ᠠᠰᠠᠭᠤᠶ᠎ᠠ ᠳ᠋ᠣᠣ
ᠰᠠᠢᠪᠤᠷ ᠰᠢᠷᠭ᠎ᠠ ᠮᠣᠷᠢ ᠪᠠᠨ ᠤᠨᠤᠭᠠᠳ ᠰᠠᠢᠪᠤᠷᠯᠠᠭᠠᠳ ᠢᠷᠡᠳᠡᠭ ᠶᠤᠮ ᠳ᠋ᠣᠣ
ᠰᠠᠢᠬᠠᠨ ᠴᠤ᠌ ᠲᠥᠷᠥᠭᠰᠡᠨ ᠬᠥᠮᠦᠨ ᠪᠠᠢᠪᠠᠯ ᠰᠤᠷᠠᠭ ᠤ᠋ᠨ ᠭᠠᠵᠠᠷ ᠲᠤ᠌᠃
ᠥᠨᠳᠥᠷ( ᠶᠣ᠌) ᠮᠣᠳᠣᠨ ᠤ᠋ ᠪᠠᠨ ᠰᠣᠶᠣᠭ᠎ᠠ ᠪᠠᠢᠪᠠᠯ ᠤᠷᠭᠤᠳᠠᠭ ᠯᠠ ᠪᠠᠢᠯᠭᠦᠢ ᠳ᠋ᠣᠣ
ᠤᠳᠤᠮ( ᠶᠣ᠌) ᠰᠠᠢᠲᠤ ᠶ᠋ᠢᠨ ᠦᠷᠡᠰ( ᠶᠠᠨ) ᠪᠠᠢᠪᠠᠯ ᠦᠭᠡᠨ ᠳ᠋ᠡᠭᠡᠨ ᠬᠦᠷᠦᠯᠭᠦᠢ ᠳ᠋ᠣᠣ
ᠰᠠᠭᠯᠠᠭᠠᠷ( ᠶᠣ᠌) ᠮᠣᠳᠣᠨ ᠤ᠋ ᠪᠠᠨ ᠰᠣᠶᠣᠭ᠎ᠠ ᠪᠠᠢᠪᠠᠯ ᠰᠠᠯᠠᠭᠠᠯᠠᠬᠤ ᠯᠠ ᠪᠠᠢᠯᠭᠦᠢ ᠳ᠋ᠣᠣ
ᠰᠠᠨᠠᠭ᠎ᠠ( ᠶᠣ᠌) ᠰᠠᠢᠲᠤ ᠶ᠋ᠢᠨ ᠦᠷᠡᠰ( ᠶᠠᠨ) ᠪᠠᠢᠪᠠᠯ ᠰᠠᠨᠠᠭᠠᠨ ᠳ᠋ᠠᠭᠠᠨ ᠬᠦᠷᠦᠯᠭᠦᠢ ᠳ᠋ᠣᠣ᠃
ᠦᠰᠦᠭ ᠠᠮᠢᠯᠠᠭᠤᠯᠤᠭᠴᠢ᠄ ᠤᠤᠭᠠᠨᠵᠢᠳ
