ᠪᠢ ᠡᠬᠡ ᠣᠷᠣᠨ ᠲᠠᠢ ᠬᠥᠮᠦᠨ - ᠴ · ᠠᠯᠤᠰБи эх оронтой хүн- ц · алс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠡᠬᠡ ᠣᠷᠣᠨ ᠲᠠᠢ ᠬᠥᠮᠦᠨ - ᠴ · ᠠᠯᠤᠰБи эх оронтой хүн- ц · алс

ᠪᠢ ᠡᠬᠡ ᠣᠷᠣᠨ ᠲᠠᠢ ᠬᠥᠮᠦᠨ - ᠴ · ᠠᠯᠤᠰБи эх оронтой хүн- ц · алс

2025-02-26

966

ᠪᠢ ᠡᠬᠡ ᠣᠷᠣᠨ ᠲᠠᠢ ᠬᠥᠮᠦᠨ

    ᠰᠢᠯᠦᠭ ᠄ ᠴ · ᠠᠯᠤᠰ 
ᠪᠢ ᠶᠢᠷᠲᠢᠨᠴᠦ ᠶ᠋ᠢᠨ ᠲᠡᠨᠦᠭᠦᠯ ᠪᠢᠰᠢ᠂᠃ 
ᠶᠡᠬᠡ ᠳᠠᠯᠠᠢ ᠳ᠋ᠤ᠌ ᠲᠥᠭᠡᠷᠢᠭᠰᠡᠨ ᠥᠨᠥᠴᠢᠨ ᠵᠠᠪᠢ ᠪᠢᠰᠢ᠂ 
ᠪᠢ ᠡᠬᠡ ᠣᠷᠣᠨ ᠲᠠᠢ ᠬᠥᠮᠦᠨ 
ᠡᠯᠦᠨᠴᠡ ᠳᠡᠭᠡᠳᠦᠰ ᠦ᠋ᠨ ᠮᠢᠨᠢ ᠦᠯᠡᠳᠡᠭᠡᠭᠰᠡᠨ 
ᠡᠷᠬᠡ ᠳᠠᠷᠬᠠᠨ ᠭᠠᠵᠠᠷ ᠰᠢᠷᠣᠢ ᠲᠠᠢ ᠬᠥᠮᠦᠨ᠂ 
ᠡᠮᠲᠡᠷᠡᠰᠢ ᠦᠭᠡᠢ ᠠᠭᠤᠯᠠ ᠬᠠᠢᠷᠬᠠᠨ 
ᠰᠢᠷᠭᠢᠰᠢ ᠦᠭᠡᠢ ᠭᠣᠣᠯ ᠮᠥᠷᠡᠨ 
ᠡᠯᠢᠭᠡ ᠨᠢᠭᠡᠲᠡᠢ ᠠᠷᠠᠳ ᠲᠦᠮᠡᠨ ᠲᠡᠢ ᠬᠥᠮᠦᠨ᠂
ᠤᠬᠢᠯᠠᠵᠤ ᠪᠣᠢ ᠬᠥᠮᠦᠨ ᠡᠬᠡ ᠣᠷᠣᠨ ᠦᠭᠡᠢ ᠭᠡᠵᠦ ᠪᠤᠤ ᠡᠨᠳᠡᠭᠦᠷᠡ᠂
ᠠᠶᠤᠯ ᠵᠣᠪᠠᠯᠠᠩ ᠲᠤᠭᠤᠯᠵᠤ ᠥᠨᠥᠳᠥᠷ ᠲᠤᠯᠤᠭᠰᠠᠨ ᠠ᠋ᠴᠠ ᠨᠠᠰᠢ
ᠠᠮᠢᠨ ᠬᠠᠢᠷᠠᠲᠠᠢ ᠡᠬᠡ ᠣᠷᠣᠨ ᠮᠢᠨᠢ ᠴᠡᠭᠡᠵᠢᠨ ᠳ᠋ᠦ᠍ ᠲᠡᠨᠢᠢᠳᠡᠭ᠂
ᠮᠢᠨᠦ ᠨᠢᠯᠪᠤᠰᠤ ᠡᠬᠡ ᠣᠷᠣᠨ ᠤ᠋ ᠮᠢᠨᠢ ᠭᠣᠣᠯ ᠴᠢᠰᠤ ᠶᠤᠮ ᠠ᠋
ᠪᠢ ᠡᠬᠡ ᠣᠷᠣᠨ ᠲᠠᠢ ᠬᠥᠮᠦᠨ᠂
ᠡᠬᠡ ᠣᠷᠣᠨ ᠤ᠋ ᠮᠢᠨᠢ ᠡᠷᠡᠯᠬᠡᠭ ᠲᠡᠦᠬᠡᠨ ᠳ᠋ᠦ᠍ 
ᠡᠩᠭᠡᠷ ᠨᠦᠯᠡᠭᠰᠡᠨ ᠵᠢᠷᠦᠬᠡᠨ ᠢᠯᠴᠢᠨ ᠳ᠋ᠦ᠍ ᠪᠢ
ᠬᠡᠨ ᠴᠦ᠍ ᠭᠡᠰᠡᠨ ᠮᠢᠨᠦ ᠡᠬᠡ ᠣᠷᠣᠨ ᠢ᠋ ᠬᠠᠯᠳᠠᠪᠠᠯ
ᠬᠡᠬᠦᠳᠡᠭ ᠢ᠋ᠶ᠋ᠡᠨ ᠢᠷᠡᠵᠦ ᠲᠡᠳᠡᠨ ᠲᠡᠢ ᠲᠡᠮᠡᠴᠡᠨ᠎ᠡ᠃
ᠡᠬᠡ ᠣᠷᠣᠨ ᠵᠢᠷᠦᠬᠡᠨ ᠡᠴᠡ ᠨᠡᠭᠦᠳᠡᠭ ᠦᠭᠡᠢ ᠶᠦᠮ
ᠡᠬᠡ ᠣᠷᠣᠨ ᠵᠡᠭᠦᠳᠦᠨ ᠡᠴᠡ ᠵᠠᠢᠯᠠᠳᠠᠭ ᠦᠭᠡᠢ ᠶᠦᠮ ᠠ᠋
ᠮᠥᠬᠥᠭᠰᠡᠨ ᠲᠥᠷᠥ ᠪᠠᠢᠳᠠᠭ ᠴᠦ᠍ ᠮᠥᠬᠥᠭᠰᠡᠨ ᠡᠬᠡ ᠣᠷᠣᠨ ᠪᠠᠢᠳᠠᠭ ᠦᠭᠡᠢ ᠶᠦᠮ 
ᠲᠣᠭᠣᠭᠠᠨᠲᠡᠮᠣᠷ ᠳᠠᠢᠳᠤ ᠠ᠋ᠴᠠ ᠪᠤᠴᠠᠬᠤ ᠳ᠋ᠤ᠌ ᠡᠬᠡ ᠣᠷᠣᠨ ᠳ᠋ᠤ᠌ ᠪᠠᠨ ᠢᠷᠡᠭᠰᠡᠨ ᠶᠦᠮ
ᠳᠡᠭᠡᠳᠦ ᠨᠡᠢᠰᠯᠡᠯ ᠱᠠᠩᠳᠤ ᠪᠠᠨ ᠭᠠᠯᠳᠠᠭᠤᠯᠤᠭᠰᠠᠨ ᠴᠦ᠍ 
ᠡᠬᠡ ᠣᠷᠣᠨ ᠢ᠋ᠶ᠋ᠠᠨ ᠦᠨᠡᠰᠦ ᠪᠣᠯᠭᠠᠭ᠎ᠠ ᠦᠭᠡᠢ ᠶᠦᠮ᠃
ᠡᠷᠲᠡ ᠳᠡᠭᠡᠳᠦ ᠶ᠋ᠢᠨ ᠾᠦᠩᠨᠦ ᠰᠢᠶᠦ᠋ᠩᠨᠦ ᠡᠬᠡ ᠣᠷᠣᠨ ᠤ᠋ ᠬᠢ
ᠡᠵᠡᠨ ᠴᠢᠩᠭᠢᠰ ᠠᠷᠪᠠᠨ ᠭᠤᠷᠪᠠᠳᠤᠭᠠᠷ ᠵᠠᠭᠤᠨ ᠡᠬᠡ ᠣᠷᠣᠨ ᠤ᠋ ᠬᠢ
ᠡᠳᠦᠭᠡ ᠬᠦᠷᠲᠡᠯ᠎ᠡ ᠲᠠᠬᠢᠭᠳᠠᠵᠤ ᠪᠠᠢᠭ᠎ᠠ ᠰᠦᠯᠳᠡ ᠰᠢᠲᠦᠭᠡᠨ ᠡᠬᠡ ᠣᠷᠣᠨ ᠤ᠋ ᠬᠢ
ᠠᠷᠠᠳ ᠤ᠋ᠨ ᠳᠠᠭᠤᠤ᠂ ᠠᠪᠤᠷᠭᠤ ᠪᠥᠬᠡ ᠠᠵᠢᠨᠠᠢ ᠬᠦᠯᠦᠭ ᠡᠬᠡ ᠣᠷᠣᠨ ᠤ᠋ ᠬᠢ
ᠠᠢᠯ ᠠᠢᠯ ᠤ᠋ᠨ ᠠᠷᠭᠠᠯ ᠤ᠋ᠨ ᠴᠡᠩᠬᠡᠷ ᠤᠲᠤᠭ᠎ᠠ ᠡᠬᠡ ᠣᠷᠣᠨ ᠤ᠋ ᠬᠢ
ᠠᠮᠢᠰᠬᠤᠭ᠎ᠠ ᠨᠢᠭᠡᠲᠡᠢ ᠮᠣᠩᠭᠣᠯ ᠲᠦᠮᠡᠨ ᠡᠬᠡ ᠣᠷᠣᠨ ᠤ᠋ ᠬᠢ
ᠪᠢ ᠡᠬᠡ ᠣᠷᠣᠨ ᠲᠠᠢ ᠬᠥᠮᠦᠨ᠂
ᠪᠢ ᠶᠢᠷᠲᠢᠨᠴᠦ ᠶ᠋ᠢᠨ ᠲᠡᠨᠦᠭᠦᠯ ᠪᠢᠰᠢ
ᠪᠢ ᠶᠡᠬᠡ ᠳᠠᠯᠠᠢ ᠳ᠋ᠤ᠌ ᠲᠥᠭᠡᠷᠢᠭᠰᠡᠨ ᠥᠨᠥᠴᠢᠨ ᠵᠠᠪᠢ ᠪᠢᠰᠢ
ᠪᠢ ᠮᠣᠩᠭᠣᠯ ᠭᠡᠬᠦ ᠰᠠᠢᠬᠠᠨ ᠠᠯᠳᠠᠷ ᠢ᠋ᠶ᠋ᠠᠷ ᠢ᠋ᠶ᠋ᠠᠨ ᠵᠡᠭᠦᠳᠦᠨ ᠳ᠋ᠦ᠍ ᠪᠡᠨ 
ᠦᠨᠦᠰᠦᠭᠰᠡᠨ ᠵᠦᠢᠷᠯᠡᠰᠢ ᠦᠭᠡᠢ ᠠᠭᠤᠳᠠᠮ ᠡᠬᠡ ᠣᠷᠣᠨ ᠲᠠᠢ ᠬᠥᠮᠦᠨ᠂
ᠠᠭᠤᠳᠠᠮ ᠡᠬᠡ ᠣᠷᠣᠨ ᠲᠠᠢ ᠬᠥᠮᠦᠨ᠃
    
    ᠢᠷᠡᠯᠲᠡ ᠄ ᠰᠦᠯᠵᠢᠶᠡᠨ ᠡᠴᠡ ᠰᠡᠢᠷᠡᠭᠦᠯᠪᠡ᠃ 
    ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
    ᠬᠢᠨᠠᠯᠲᠠ ᠄ ᠮᠥᠴᠢᠷ