ᠵᠡᠭᠦᠳᠦ -ᠣᠷᠢᠶᠠᠩᠬᠠᠨ ᠭᠦᠷᠵᠠᠪ Зүүд-Урианхан·ГүржавKhöldüüs ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦ -ᠣᠷᠢᠶᠠᠩᠬᠠᠨ ᠭᠦᠷᠵᠠᠪ Зүүд-Урианхан·ГүржавKhöldüüs

ᠵᠡᠭᠦᠳᠦ -ᠣᠷᠢᠶᠠᠩᠬᠠᠨ ᠭᠦᠷᠵᠠᠪ Зүүд-Урианхан·ГүржавKhöldüüs

2025-02-26

674

ᠵᠡᠭᠦᠳᠦ

      (ᠬᠡᠦᠬᠡᠳ ᠦ᠋ᠨ ᠤᠩᠰᠢᠯᠭ᠎ᠠ ᠳ᠋ᠤ᠌ ᠵᠣᠷᠢᠭᠤᠯᠤᠭᠰᠠᠨ ᠲᠠᠢᠯᠪᠤᠷᠢ ᠰᠢᠯᠦᠭ) 

          ᠣᠷᠢᠶᠠᠩᠬᠠᠨ ᠭᠦᠷᠵᠠᠪ 

ᠵᠦᠩ ᠰᠤᠪᠢᠩ ᠤ᠋ᠨ ᠪᠡᠯᠭᠡᠳᠡᠯ 
ᠵᠢᠷᠦᠬᠡ ᠴᠢᠰᠤᠨ ᠤ᠋ ᠳᠣᠯᠭᠢᠰᠤᠯ 
ᠵᠦᠢᠯ ᠪᠦᠷᠢ ᠶ᠋ᠢᠨ ᠦᠵᠡᠭᠳᠡᠯ 
ᠵᠦᠢᠴᠢᠯᠡᠵᠦ ᠡᠰᠬᠡᠭᠰᠡᠨ ᠲᠠᠭᠠᠮᠠᠭᠯᠠᠯ 
       ᠵᠡᠭᠦᠳᠦ ᠪᠢᠯᠡ 

ᠡᠳᠦᠷ ᠦ᠋ᠨ ᠲᠣᠬᠢᠶᠠᠯᠳᠤᠭᠰᠠᠨ ᠤᠴᠠᠷᠠᠯ 
ᠥᠪᠡᠷ ᠦ᠋ᠨ ᠪᠣᠳᠣᠭᠰᠠᠨ ᠰᠡᠳᠬᠢᠭᠳᠡᠯ 
ᠥᠴᠦᠬᠡᠨ ᠵᠠᠭᠤᠷ᠎ᠠ ᠶ᠋ᠢᠨ ᠰᠠᠭᠤᠭᠳᠠᠯ 
ᠦᠳᠲᠡᠷᠬᠡᠨ ᠠᠷᠢᠯᠬᠤ ᠢᠯᠡᠷᠡᠯ 
       ᠵᠡᠭᠦᠳᠦ ᠪᠢᠯᠡ

ᠰᠠᠢᠨ ᠮᠠᠭᠤ ᠶ᠋ᠢᠨ ᠵᠥᠷᠢᠴᠡᠯ
ᠰᠠᠢᠬᠠᠨ ᠮᠠᠭᠤᠬᠠᠢ ᠶ᠋ᠢᠨ ᠬᠠᠷᠢᠴᠠᠭᠤᠯᠤᠯ
ᠰᠠᠨᠠᠭ᠎ᠠ ᠰᠡᠳᠬᠢᠯ ᠦ᠋ᠨ ᠬᠥᠭᠡᠰᠦᠷᠡᠯ
ᠰᠠᠢᠵᠢᠷᠠᠨ ᠳᠠᠪᠰᠢᠬᠤ ᠶ᠋ᠢᠨ ᠬᠥᠭᠡᠭᠡᠴᠡᠯᠳᠦᠯ
       ᠵᠡᠭᠦᠳᠦ ᠪᠢᠯᠡ   

             2007.03.14 ᠦ᠌ ᠦᠳᠡᠰᠢ ᠂ ᠬᠥᠬᠡᠬᠣᠲᠠᠨ᠎ᠠ ᠪᠢᠴᠢᠪᠡ ᠃

   ※ ᠭᠦᠷᠵᠠᠪ ᠤ᠋ᠨ 《 ᠱᠠᠭᠠᠵᠠᠭᠠᠢ ᠶ᠋ᠢᠨ ᠱᠠᠭᠰᠢᠭ᠎ᠠ》 ᠭᠡᠬᠦ ᠬᠡᠦᠬᠡᠳ ᠦ᠋ᠨ ᠰᠢᠯᠦᠭ ᠦ᠋ᠨ ᠲᠡᠭᠦᠪᠦᠷᠢ ( ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠣᠷᠢᠶ᠎ᠠ ᠂ 2015 ᠣᠨ ᠤ᠋ 12 ᠰᠠᠷ᠎ᠠ ᠂ ᠠᠩᠬᠠᠳᠠᠭᠴᠢ ᠬᠡᠪᠯᠡᠯ)) ᠡᠴᠡ ᠰᠣᠩᠭᠣᠪᠠ ᠃