ᠴᠢᠨᠣ᠎ᠠ ᠶ᠋ᠢᠨ ᠬᠢᠯᠭᠠᠨ᠎ᠠЧинийн гялганаChiniin gyalgana ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠨᠣ᠎ᠠ ᠶ᠋ᠢᠨ ᠬᠢᠯᠭᠠᠨ᠎ᠠЧинийн гялганаChiniin gyalgana

ᠴᠢᠨᠣ᠎ᠠ ᠶ᠋ᠢᠨ ᠬᠢᠯᠭᠠᠨ᠎ᠠЧинийн гялганаChiniin gyalgana

2025-02-26

366

ᠴᠢᠨᠣ᠎ᠠ ᠶ᠋ᠢᠨ ᠬᠢᠯᠭᠠᠨ᠎ᠠ

    ᠲᠤᠰ ᠡᠮ ᠪᠣᠯ ᠪᠠᠱᠠᠭ᠎ᠠ ᠶ᠋ᠢᠨ ᠢᠵᠠᠭᠤᠷ ᠤ᠋ᠨ ᠣᠯᠠᠨ ᠨᠠᠰᠤᠲᠤ ᠡᠪᠡᠰᠦᠯᠢᠭ ᠤᠷᠭᠤᠮᠠᠯ ᠪᠣᠯᠬᠤ ᠴᠢᠨᠣ᠎ᠠ ᠶ᠋ᠢᠨ ᠬᠢᠯᠭᠠᠨ᠎ᠠ ᠶ᠋ᠢᠨ ᠬᠠᠲᠠᠭᠠᠭᠰᠠᠨ ᠦᠨᠳᠦᠰᠦ ᠮᠥᠨ᠃ ᠪᠠᠰᠠ ᠵᠢᠱᠠᠩᠭᠠᠷᠮᠤ ᠭᠡᠳᠡᠭ᠃
    [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠂60cm ᠥᠨᠳᠥᠷ᠂ ᠦᠨᠳᠦᠰᠦ ᠨᠢ ᠬᠥᠭᠵᠢᠩᠭᠦᠢ᠂ ᠳ᠋ᠢᠶᠠᠮᠧᠲ᠋ᠷ ᠨᠢ2cm ᠠ᠋ᠴᠠ ᠳᠡᠭᠡᠭᠰᠢ᠂ ᠱᠣᠷᠣᠯᠵᠢᠨ ᠬᠡᠯᠪᠡᠷᠢ ᠲᠡᠢ᠂ ᠰᠠᠯᠠᠭᠠᠯᠠᠬᠤ ᠨᠢ ᠴᠥᠭᠡᠨ᠂ ᠬᠠᠷ᠎ᠠ ᠬᠦᠷᠡᠩ ᠥᠩᠭᠡ ᠲᠡᠢ᠃ ᠳᠡᠭᠡᠷ᠎ᠡ ᠬᠡᠰᠡᠭ ᠲᠤᠨᠢ ᠬᠥᠨᠳᠡᠯᠡᠨ ᠠᠲᠤᠷᠢᠶ᠎ᠠ ᠲᠠᠢ᠂ ᠨᠢᠭ ᠬᠠᠭᠤᠴᠢᠨ ᠦᠨᠳᠦᠰᠦᠨ ᠦ᠌ ᠣᠷᠣᠮ ᠪᠣᠢ᠃ ᠡᠰᠢ ᠨᠢ ᠰᠢᠯᠤᠭᠤᠨ᠂ ᠤᠵᠠᠭᠤᠷ ᠤ᠋ᠨ ᠨᠠᠪᠴᠢ ᠨᠢ ᠪᠤᠲᠠᠯᠠᠨ᠎ᠠ᠃ ᠤᠲᠠᠰᠤᠨ ᠬᠡᠯᠪᠡᠷᠢ ᠲᠡᠢ᠂ ᠬᠠᠲᠠᠭᠤ᠂ ᠤᠷᠲᠤ ᠨᠢ ᠡᠰᠢᠨ ᠦ᠌ ᠦᠵᠦᠭᠦᠷ ᠲᠦ᠍ ᠬᠦᠷᠳᠡᠭ᠃ ᠤᠵᠠᠭᠤᠷ ᠨᠢ ᠥᠷᠭᠡᠵᠢᠭᠡᠳ ᠬᠠᠷᠢᠯᠴᠠᠨ ᠪᠠᠭᠯᠠᠵᠤ ᠪᠠᠭᠴᠠ ᠪᠣᠯᠳᠠᠭ᠃ ᠬᠣᠶᠠᠷ ᠲᠠᠯ᠎ᠠ ᠨᠢ ᠪᠦᠷ ᠨᠣᠭᠣᠭᠠᠨ᠂1 ᠰᠤᠳᠠᠯ ᠲᠠᠢ᠃ ᠡᠰᠢᠨ ᠳ᠋ᠡᠬᠢ ᠨᠠᠪᠴᠢ ᠨᠢ ᠴᠢᠭᠲᠠᠯᠠᠨ ᠤᠷᠭᠤᠨ᠎ᠠ᠃ ᠨᠡᠯᠢᠶᠡᠳ ᠣᠬᠣᠷ ᠮᠥᠷᠲᠡᠭᠡᠨ ᠵᠢᠵᠢᠭ᠂ ᠤᠭ ᠨᠢ ᠥᠷᠭᠡᠵᠢᠭᠡᠳ ᠣᠬᠣᠷ ᠲᠣᠭᠳᠣᠢ ᠰᠢᠭ᠋ ᠡᠰᠢ ᠪᠡᠨ ᠪᠠᠭᠯᠠᠨ᠎ᠠ᠃ ᠴᠣᠮᠬᠠᠨ ᠪᠠᠭ ᠴᠡᠴᠡᠭ ᠨᠢ ᠡᠰᠢᠨ ᠦ᠌ ᠣᠷᠣᠢ ᠳ᠋ᠤ᠌ ᠳᠡᠯᠭᠡᠷᠡᠨ᠎ᠡ᠂ ᠪᠠᠭ ᠴᠡᠴᠡᠭ ᠨᠢ ᠰᠠᠯᠠᠭᠠᠯᠠᠳᠠᠭ᠃ ᠨᠡᠢᠯᠡᠪᠡᠯ ᠲᠡᠭᠰᠢ ᠣᠷᠣᠢᠲᠤ ᠰᠢᠭ᠋ ᠪᠣᠯᠤᠨ᠎ᠠ᠃ ᠴᠡᠴᠡᠭ ᠦ᠋ᠨ ᠪᠠᠷᠢᠭᠤᠯ ᠨᠢ1 — 3cm ᠤᠷᠲᠤ᠂ ᠨᠢᠭ ᠪᠤᠯᠴᠢᠷᠬᠠᠢ ᠦᠰᠦ ᠲᠡᠢ᠃ ᠲᠣᠭᠳᠣᠢ ᠢᠯᠲᠠᠰᠤ ᠨᠢ ᠥᠨᠳᠡᠭᠡᠯᠵᠢᠨ ᠡᠴᠡ ᠥᠨᠳᠡᠭᠡᠯᠵᠢᠨ ᠰᠢᠭ ᠬᠠᠪᠲᠠᠭᠠᠢ ᠲᠡᠪᠡᠨᠡᠨ ᠬᠡᠯᠪᠡᠷᠢ ᠲᠡᠢ᠃ ᠴᠡᠴᠡᠭ ᠦ᠋ᠨ ᠬᠡᠯᠲᠡᠰ ᠨᠢ ᠴᠠᠭᠠᠨ᠂ ᠤᠷᠲᠤᠯᠵᠢᠨ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠲᠣᠭᠳᠣᠢ ᠠ᠋ᠴᠠ ᠪᠠᠨ ᠤᠷᠲᠤ᠃10 ᠡᠷ᠎ᠡ ᠲᠣᠭᠣᠷᠴᠣᠭ ᠲᠠᠢ᠂ ᠳᠣᠬᠢᠭᠤᠷ ᠤ᠋ᠨ ᠤᠭ ᠨᠢ ᠵᠢᠭᠠᠬᠠᠨ ᠨᠡᠢᠯᠡᠳᠡᠭ᠃ ᠤᠮᠠᠢ ᠨᠢ ᠣᠬᠣᠷ ᠪᠠᠷᠢᠭᠤᠯ ᠲᠠᠢ᠂3 ᠪᠠᠭᠠᠨ᠎ᠠ ᠲᠠᠢ᠃ ᠬᠣᠩᠭᠣᠷᠴᠣᠭᠲᠤ ᠵᠢᠮᠢᠰ ᠨᠢ ᠥᠨᠳᠡᠭᠡᠯᠵᠢᠨ᠂6 ᠬᠡᠯᠲᠡᠰᠯᠡᠨ ᠬᠠᠭᠠᠷᠠᠨ᠎ᠠ᠃ ᠦᠷ᠎ᠡ ᠨᠢ ᠬᠠᠵᠠᠭᠠᠢ ᠥᠨᠳᠡᠭᠡᠯᠵᠢᠨ᠂ ᠬᠠᠷ᠎ᠠ ᠬᠦᠷᠡᠩ ᠥᠩᠭᠡ ᠲᠡᠢ ᠭᠠᠳᠠᠷ ᠨᠢ ᠪᠦᠰᠡᠯᠢᠭ ᠭᠦᠳᠦᠭᠦᠷ ᠲᠡᠢ ᠪᠥᠭᠡᠳ ᠬᠥᠪᠡᠭᠡ ᠳ᠋ᠡᠬᠢ ᠭᠦᠳᠦᠭᠦᠷ ᠨᠢ ᠡᠦ ᠰᠢᠭ᠌ ᠪᠠᠢᠳᠠᠭ᠃7 —8 ᠳ᠋ᠤᠭᠠᠷ ᠰᠠᠷ᠎ᠠ ᠳ᠋ᠤ᠌ ᠴᠡᠴᠡᠭᠯᠡᠵᠦ᠂8 — 9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃     
   [ ᠤᠷᠭᠤᠬᠤ ᠣᠷᠴᠢᠨ ᠬᠢᠭᠡᠳ ᠲᠠᠷᠬᠠᠴᠠ] ᠭᠠᠩ ᠬᠠᠭᠤᠷᠠᠢ ᠠᠭᠤᠯᠠᠨ ᠬᠠᠵᠠᠭᠤ᠂ ᠬᠠᠭᠤᠷᠠᠢ ᠲᠠᠯ᠎ᠠ ᠭᠠᠵᠠᠷ ᠲᠤ᠌ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃   
   [ ᠲᠡᠭᠦᠵᠦ ᠪᠣᠯᠪᠠᠰᠤᠷᠠᠭᠤᠯᠬᠤ] ᠨᠠᠮᠤᠷ ᠦᠨᠳᠦᠰᠦ ᠶ᠋ᠢ ᠨᠢ ᠮᠠᠯᠲᠠᠨ ᠠᠪᠴᠤ᠂ ᠡᠰᠢ ᠨᠠᠪᠴᠢ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃ 
   [ ᠠᠮᠲᠠ᠂ ᠴᠢᠨᠠᠷ᠂ ᠡᠷᠳᠡᠮ] ᠭᠠᠰᠢᠭᠤᠨ᠂ ᠠᠮᠲᠠᠯᠢᠭ ᠠᠮᠲᠠ ᠲᠠᠢ᠂ ᠰᠡᠷᠢᠭᠦᠨ ᠴᠢᠨᠠᠷ ᠲᠠᠢ᠃    
   [ ᠴᠢᠳᠠᠯ ᠪᠠ ᠭᠣᠣᠯᠳᠠᠭᠤ ᠵᠠᠰᠠᠬᠤ] ᠬᠠᠨᠢᠶᠠᠳᠤ ᠶ᠋ᠢ ᠵᠣᠭᠰᠣᠭᠠᠬᠤ᠂ ᠴᠢᠰᠤᠨ ᠬᠠᠯᠠᠭᠤᠨ ᠢ᠋ ᠠᠷᠢᠯᠭᠠᠬᠤ᠂ ᠪᠡᠲᠡᠭᠢ ᠶ᠋ᠢ ᠡᠪᠳᠡᠬᠦ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠠᠭᠤᠰᠬᠢᠨ ᠤ᠋ ᠬᠠᠯᠠᠭᠤᠨ᠂ ᠪᠡᠲᠡᠭᠢ᠂ ᠶᠠᠷ᠎ᠠ ᠰᠢᠷᠬ᠎ᠠ᠂ ᠡᠰᠡ ᠰᠢᠩᠭᠡᠭᠰᠡᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄山狼柴胡(灯心蚤缀) 
   ᠠᠩᠭ᠌ᠯᠢ ᠨᠡᠷ᠎ᠡ᠄Arenaria juncea Bieb

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ