《ᠴᠠᠭ ᠊ᠤᠨ ᠵᠢᠮ᠎ᠠ ᠶ᠋ᠢ ᠲᠣᠳᠣᠷᠠᠭᠤᠯᠤᠭᠴᠢ ᠴᠠᠭᠠᠰᠤᠨ ᠰᠢᠪᠠᠭᠤ ᠰᠤᠷᠭᠠᠯ 》 ᠭᠣᠪᠢ ᠶ᠋ᠢᠨ ᠳᠣᠭᠰᠢᠨ ᠨᠣᠶᠠᠨ ᠬᠤᠲᠤᠭᠲᠤ ᠳᠤᠯᠳᠤᠢᠲᠤ ᠶ᠋ᠢᠨ ᠳᠠᠨᠽᠠᠨᠷᠠᠪᠵᠠᠢ Цагийн жамыг тодруулагч Цаасан шувуу сургаал Говийн догшин ноён хутагт Дулдуйтын Д
《ᠴᠠᠭ ᠊ᠤᠨ ᠵᠢᠮ᠎ᠠ ᠶ᠋ᠢ ᠲᠣᠳᠣᠷᠠᠭᠤᠯᠤᠭᠴᠢ ᠴᠠᠭᠠᠰᠤᠨ ᠰᠢᠪᠠᠭᠤ ᠰᠤᠷᠭᠠᠯ 》
ᠨᠣᠶᠠᠨ ᠬᠤᠲᠤᠭᠲᠤ ᠳᠠᠨᠽᠠᠨᠷᠠᠪᠵᠠᠢ
ᠭᠤᠷᠪᠠᠨ ᠡᠷᠳᠡᠨᠢ ᠳ᠋ᠦ᠍ᠷ ᠢᠲᠡᠭᠡᠮᠦᠢ
ᠬᠢᠵᠠᠭᠠᠷ ᠭᠠᠵᠠᠷ ᠤ᠋ᠨ ᠨᠢᠭᠡᠨ ᠬᠥᠮᠦᠨ ᠲᠥᠷᠥ ᠭᠡᠷᠡᠯᠲᠦ ᠶ᠋ᠢᠨ ᠲᠠᠪᠤᠳᠤᠭᠠᠷ ᠣᠨ ᠤ᠋ ᠪᠠᠷᠰ ᠰᠠᠷ᠎ᠠ ᠶ᠋ᠢᠨ ᠠᠷᠪᠠᠨ ᠨᠠᠢ᠍ᠮᠠᠨ ᠤ᠋ ᠰᠥᠨᠢ ᠵᠡᠭᠦᠳᠦᠯᠡᠭᠰᠡᠨ ᠢᠨᠥ᠂ ᠨᠢᠭᠡᠨ ᠬᠥᠮᠦᠨ ᠴᠠᠭᠠᠰᠤᠨ ᠰᠢᠪᠠᠭᠤ ᠨᠢᠰᠬᠡᠵᠦ ᠪᠠᠢᠮᠤᠢ᠃ ᠲᠡᠷᠡ ᠴᠠᠭ ᠲᠤᠷ ᠨᠢᠭᠡᠨ ᠬᠥᠮᠦᠨ ᠢᠷᠡᠭᠡᠳ᠂ ᠨᠢᠰᠬᠡᠭᠴᠢ ᠬᠥᠮᠦᠨ ᠡᠴᠡ ᠡᠢᠨ ᠠᠰᠠᠭᠤᠪᠠᠢ᠃
ᠡᠨᠡ ᠰᠢᠪᠠᠭᠤ ᠶ᠋ᠢ ᠬᠢᠬᠦ ᠳ᠋ᠦ᠍ ᠬᠢᠮᠳᠠ ᠪᠤᠶᠤ ᠬᠡᠮᠡᠪᠡᠰᠦ
ᠬᠢᠮᠳᠠ ᠭᠡᠪᠡ᠃
ᠪᠠᠰᠠ ᠥᠪᠡᠷ᠎ᠡ ᠬᠢᠬᠦ ᠳ᠋ᠦ᠍ ᠬᠢᠮᠳᠠ ᠶᠠᠭᠤ ᠪᠣᠢ ᠬᠡᠮᠡᠪᠡᠰᠦ
ᠮᠠᠭᠤ ᠦᠢᠯᠡ ᠬᠢᠮᠳᠠ ᠭᠡᠪᠡ᠃
ᠶᠠᠮᠪᠠᠷ ᠶᠠᠭᠤᠮ᠎ᠠ ᠴᠥᠭᠡᠨ ᠪᠣᠢ ᠬᠡᠮᠡᠪᠡᠰᠦ
ᠥᠪᠡᠷ ᠦ᠋ᠨ ᠪᠡᠶ᠎ᠡ ᠶ᠋ᠢ ᠦᠯᠦ ᠥᠮᠥᠭᠡᠷᠡᠭᠴᠢ ᠬᠥᠮᠦᠨ ᠴᠥᠭᠡᠨ ᠭᠡᠪᠡ᠃
ᠶᠠᠮᠪᠠᠷ ᠶᠠᠭᠤᠮ᠎ᠠ ᠣᠯᠠᠨ ᠪᠣᠢ ᠬᠡᠮᠡᠪᠡᠰᠦ
ᠰᠡᠷᠡᠮᠵᠢ ᠦᠭᠡᠢ ᠮᠠᠭᠤ ᠵᠠᠶᠠᠭᠠᠲᠠᠨ ᠣᠯᠠᠨ ᠭᠡᠪᠡ᠃
ᠶᠠᠮᠪᠠᠷ ᠶᠠᠭᠤᠮ᠎ᠠ ᠮᠠᠭᠤᠬᠠᠢ ᠪᠣᠢ ᠭᠡᠬᠦ ᠳ᠋ᠦ᠍
ᠦᠯᠦ ᠮᠡᠳᠡᠭᠴᠢ ᠮᠠᠭᠤᠬᠠᠢ ᠭᠡᠪᠡ᠃
ᠶᠠᠭᠤ ᠰᠠᠢᠬᠠᠨ ᠪᠣᠢ ᠭᠡᠬᠦ ᠳ᠋ᠦ᠍
ᠰᠠᠷᠠᠭᠤᠯ ᠤᠬᠠᠭᠠᠨ ᠰᠠᠢᠬᠠᠨ ᠭᠡᠪᠡ᠃
ᠶᠠᠭᠤ ᠬᠣᠣᠷ ᠲᠠᠢ ᠪᠣᠢ ᠭᠡᠬᠦ ᠳ᠋ᠦ᠍
ᠥᠰᠲᠦ ᠰᠡᠳᠬᠢᠯ ᠬᠣᠣᠷ ᠲᠠᠢ ᠭᠡᠪᠡ᠃
ᠶᠠᠭᠤ ᠲᠤᠰᠠ ᠲᠠᠢ ᠪᠣᠢ ᠭᠡᠬᠦ ᠳ᠋ᠦ᠍
ᠰᠠᠢᠬᠠᠨ ᠰᠡᠳᠬᠢᠯ ᠲᠤᠰᠠ ᠲᠠᠢ ᠭᠡᠪᠡ᠃
ᠶᠠᠭᠤ ᠬᠤᠳᠠᠯ ᠪᠣᠢ ᠭᠡᠬᠦ ᠳ᠋ᠦ᠍
ᠡᠨᠡ ᠨᠠᠰᠤ ᠬᠤᠳᠠᠯ ᠭᠡᠪᠡ᠃
ᠶᠠᠭᠤ ᠦᠨᠡᠨ ᠪᠣᠢ ᠭᠡᠬᠦ ᠳ᠋ᠦ᠍
ᠭᠤᠷᠪᠠᠨ ᠡᠷᠳᠡᠨᠢ ᠦᠨᠡᠨ ᠭᠡᠪᠡ᠃
ᠶᠠᠭᠤ ᠮᠠᠭᠤ ᠪᠣᠢ ᠭᠡᠬᠦ ᠳ᠋ᠦ᠍
ᠬᠥᠮᠦᠨ ᠦ᠌ ᠨᠣᠮ ᠦᠭᠡᠢ ᠮᠠᠭᠤ ᠭᠡᠪᠡ᠃
ᠶᠠᠭᠤ ᠰᠠᠢᠨ ᠪᠣᠢ ᠭᠡᠬᠦ ᠳ᠋ᠦ᠍
ᠴᠢᠩ ᠰᠡᠳᠬᠢᠯ ᠰᠠᠢᠨ ᠭᠡᠪᠡ᠃
ᠡᠨᠡ ᠴᠠᠭ ᠤ᠋ᠨ ᠵᠢᠮ᠎ᠡ ᠶᠠᠮᠪᠠᠷ ᠪᠣᠢ ᠭᠡᠬᠦ ᠳ᠋ᠦ᠍
ᠠᠶ᠎ᠠ ᠬᠣᠬᠣᠢ᠂ ᠡᠨᠡ ᠴᠠᠭ ᠤ᠋ᠨ ᠬᠥᠮᠦᠨ ᠦ᠌ ᠰᠡᠳᠬᠢᠯ ᠢ᠋ ᠰᠠᠨᠠᠬᠤ ᠳᠣᠳᠣᠮ ᠶᠢᠷᠲᠢᠨᠴᠦ
ᠯᠣᠭᠡ ᠨᠥᠬᠥᠴᠡᠬᠦ ᠶ᠋ᠢᠨ ᠴᠢᠭᠲᠠᠭ᠎ᠠ ᠲᠠᠰᠤᠷᠠᠨ ᠵᠢᠷᠦᠬᠡ ᠳᠣᠭᠳᠣᠯᠬᠤ ᠮᠡᠲᠦ ᠢᠨᠣ ᠡᠨᠡ ᠪᠥᠯᠥᠭᠡ
ᠪᠤᠷᠬᠠᠨ ᠢ᠋ ᠳᠠᠬᠢᠭᠰᠠᠭᠠᠷ ᠰᠠᠭᠤᠵᠤ ᠲᠡᠭᠡᠭᠡᠷᠡᠰᠢᠶᠡᠮᠦᠢ
ᠨᠣᠮ ᠢ᠋ ᠰᠣᠨᠣᠰᠤᠭᠰᠠᠭᠠᠷ ᠰᠠᠭᠤᠵᠤ ᠤᠢᠳᠤᠮᠤᠢ
ᠬᠤᠸᠠᠷᠠᠭ ᠲᠠᠢ ᠬᠠᠨᠢᠯᠠᠭᠰᠠᠭᠠᠷ ᠰᠠᠭᠤᠵᠤ ᠪᠣᠭᠣᠯ ᠢ᠋ᠶ᠋ᠠᠨ ᠬᠢᠮᠦᠢ
ᠥᠪᠡᠷ ᠦ᠋ᠨ ᠪᠣᠯᠪᠠᠰᠤ᠂ ᠨᠣᠬᠠᠢ ᠶ᠋ᠢ ᠴᠦ᠍ ᠪᠣᠯᠪᠠ ᠥᠮᠥᠭᠡᠷᠡᠮᠦᠢ
ᠪᠤᠰᠤᠳ ᠤ᠋ᠨ ᠪᠣᠯᠪᠠᠰᠤ᠂ ᠪᠤᠷᠬᠠᠨ ᠢ᠋ ᠴᠦ᠍ ᠪᠣᠯᠪᠠ ᠣᠷᠬᠢᠮᠤᠢ
ᠪᠠᠶᠠᠯᠢᠭ ᠪᠣᠯᠪᠠᠰᠤ᠂ ᠳᠠᠢᠰᠤᠨ ᠢ᠋ ᠴᠦ᠍ ᠪᠣᠯᠪᠠ ᠠᠷᠭᠠᠳᠠᠮᠤᠢ
ᠭᠤᠢᠷᠠᠨᠴᠢ ᠪᠣᠯᠪᠠᠰᠤ᠂ ᠡᠴᠢᠭᠡ ᠡᠬᠡ ᠶ᠋ᠢ ᠴᠦ᠍ ᠪᠣᠯᠪᠠ ᠤᠷᠭᠢᠮᠤᠢ
ᠣᠯᠵᠠ ᠲᠠᠢ ᠪᠣᠯᠪᠠᠰᠤ᠂ ᠪᠡᠶ᠎ᠡ ᠪᠡᠨ ᠬᠥᠯᠥᠰᠥᠯᠡᠮᠦᠢ
ᠵᠣᠷᠢᠭ ᠦᠭᠡᠢ ᠪᠣᠯᠪᠠᠰᠤ᠂ ᠪᠤᠶᠠᠨ ᠠ᠋ᠴᠠ ᠴᠤ᠌ ᠪᠣᠯᠪᠠ ᠵᠠᠢᠯᠠᠮᠤᠢ
ᠳᠤᠷᠠᠯᠠᠪᠠᠰᠤ᠂ ᠮᠡᠳᠡᠭᠰᠡᠭᠡᠷ ᠪᠠᠢᠵᠤ ᠬᠤᠯᠠᠭᠠᠢ ᠶ᠋ᠢ ᠴᠦ᠍ ᠪᠣᠯᠪᠠ ᠪᠠᠭᠲᠠᠭᠠᠮᠤᠢ
ᠵᠣᠬᠢᠯᠳᠤᠪᠠᠰᠤ᠂ ᠠᠳᠠ ᠲᠠᠢ ᠴᠤ᠌ ᠪᠣᠯᠪᠠ ᠨᠥᠬᠥᠴᠡᠮᠦᠢ
ᠪᠤᠷᠤᠭᠤᠳᠠᠪᠠᠰᠤ᠂ ᠳᠡᠭᠡᠳᠦᠰ ᠢ᠋ ᠴᠦ᠍ ᠪᠣᠯᠪᠠ ᠲᠣᠷᠣᠮᠵᠢᠯᠠᠮᠤᠢ
ᠬᠡᠷᠡᠭᠯᠡᠪᠡᠰᠦ᠂ ᠠᠮᠠᠷᠠᠭ ᠰᠠᠳᠤᠨ ᠠ᠋ᠴᠠ ᠰᠠᠯᠬᠤ ᠪᠠᠷ ᠵᠣᠪᠠᠮᠤᠢ
ᠡᠰᠡ ᠬᠡᠷᠡᠭᠰᠡᠪᠡᠰᠦ᠂ ᠲᠠᠩᠭᠠᠷᠢᠭ ᠢ᠋ᠶ᠋ᠠᠨ ᠡᠪᠳᠡᠵᠦ ᠰᠠᠨᠠᠭ᠎ᠠ ᠠᠮᠤᠷ ᠰᠠᠭᠤᠮᠤᠢ
ᠳᠠᠭᠠᠪᠠᠰᠤ᠂ ᠬᠣᠪ ᠦᠭᠡ ᠪᠡᠷ ᠴᠦ᠍ ᠪᠣᠯᠤᠮᠤᠢ
ᠵᠥᠷᠢᠴᠡᠪᠡᠰᠦ᠂ ᠬᠠᠭᠠᠨ ᠤ᠋ ᠴᠠᠭᠠᠵᠠ ᠠ᠋ᠴᠠ ᠳᠠᠪᠠᠮᠤᠢ
ᠠᠶ᠎ᠠ ᠪᠠᠰᠠ ᠵᠠᠷᠢᠮ ᠮᠡᠷᠭᠡᠳ᠂ ᠨᠣᠮ ᠢ᠋ ᠮᠡᠳᠡᠳᠡᠭ ᠬᠡᠮᠡᠭᠡᠳ᠂ ᠠᠯᠳᠠᠷ ᠢ᠋ ᠡᠷᠢᠮᠦᠢ
ᠵᠠᠷᠢᠮ ᠨᠣᠶᠠᠳ᠂ ᠡᠷᠬᠡ ᠶ᠋ᠢ ᠣᠯᠤᠭᠠᠳ᠂ ᠳᠠᠢᠰᠤᠨ ᠢ᠋ ᠬᠤᠷᠢᠶᠠᠮᠤᠢ
ᠵᠠᠷᠢᠮ ᠪᠠᠶᠠᠳ᠂ ᠡᠳ᠋ ᠦ᠋ᠨ ᠲᠥᠯᠥᠭᠡ ᠥᠪᠡᠷ ᠢ᠋ᠶ᠋ᠡᠨ ᠰᠦᠢᠳᠦᠮᠦᠢ
ᠵᠠᠷᠢᠮ ᠡᠷ᠎ᠡ᠂ ᠠᠲᠠᠭ᠎ᠠ ᠵᠠᠷᠭᠤ ᠪᠠᠷ ᠪᠠᠢᠬᠤ ᠶᠠᠭᠤᠮ᠎ᠠ ᠪᠠᠨ ᠪᠠᠷᠠᠮᠤᠢ
ᠵᠠᠷᠢᠮ ᠡᠮ᠎ᠡ᠂ ᠥᠪᠡᠷ ᠦ᠋ᠨ ᠥᠩᠭᠡ ᠴᠢᠷᠠᠢ ᠪᠠᠷ ᠵᠣᠪᠠᠮᠤᠢ
ᠠᠶ᠎ᠠ ᠪᠠᠰᠠ ᠱᠠᠪᠢ ᠬᠥᠮᠦᠨ ᠯᠠᠮᠠ ᠶ᠋ᠢ ᠦᠯᠦ ᠣᠢᠰᠢᠶᠠᠮᠤᠢ
ᠲᠡᠭᠦᠨᠴᠢᠯᠡᠨ ᠬᠥᠪᠡᠭᠦᠨ ᠢᠨᠣ ᠡᠴᠢᠭᠡ ᠶ᠋ᠢᠨ ᠦᠭᠡ ᠶ᠋ᠢ ᠦᠯᠦ ᠰᠣᠨᠣᠰᠤᠮᠤᠢ
ᠬᠡᠦᠬᠡᠨ ᠬᠥᠮᠦᠨ ᠡᠬᠡ ᠶ᠋ᠢᠨ ᠰᠤᠷᠭᠠᠭᠰᠠᠨ ᠢ᠋ᠶ᠋ᠠᠷ ᠦᠯᠦ ᠶᠠᠪᠤᠮᠤᠢ
ᠱᠠᠪᠢ ᠬᠥᠮᠦᠨ ᠯᠠᠮᠠ ᠠ᠋ᠴᠠ ᠨᠣᠶᠠᠳ ᠢ᠋ ᠢᠯᠡᠭᠦᠦ ᠬᠦᠨᠳᠦᠯᠡᠮᠦᠢ
ᠬᠡᠦᠬᠡᠨ ᠬᠥᠮᠦᠨ ᠡᠴᠢᠭᠡ ᠡᠬᠡ ᠡᠴᠡ ᠡᠷ᠎ᠡ ᠶ᠋ᠢ ᠢᠯᠡᠭᠦᠦ ᠡᠷᠭᠦᠮᠦᠢ
ᠬᠥᠪᠡᠭᠦᠨ ᠢ᠋ᠶ᠋ᠡᠷ ᠬᠤᠷᠢᠶᠠᠬᠤ ᠠ᠋ᠴᠠ ᠲᠠᠷᠬᠠᠭᠠᠬᠤ ᠶ᠋ᠢ ᠦᠢᠯᠡᠳᠦᠮᠦᠢ
ᠵᠠᠯᠠᠭᠤ ᠠᠨᠤ ᠬᠥᠭᠰᠢᠨ ᠢ᠋ᠶ᠋ᠡᠨ ᠪᠠᠰᠤᠮᠤᠢ
ᠬᠥᠭᠰᠢᠨ ᠢᠨᠣ ᠵᠠᠯᠠᠭᠤ ᠪᠠᠨ ᠦᠯᠦ ᠲᠣᠭᠣᠮᠤᠢ
ᠢᠳᠡᠷ ᠦ᠋ᠳ ᠢᠨᠣ ᠬᠠᠯᠠ ᠪᠠᠷᠢᠮᠤᠢ
ᠨᠠᠰᠤᠲᠠᠨ ᠠᠨᠤ ᠳᠠᠯᠳᠠ ᠣᠷᠣᠬᠤ ᠶ᠋ᠢ ᠬᠦᠰᠡᠮᠦᠢ
ᠠᠶ᠎ᠠ ᠪᠠᠰᠠ ᠦᠢᠯᠡ ᠶ᠋ᠢ ᠥᠷᠢ ᠮᠡᠲᠦ ᠦᠯᠦ ᠨᠢᠭᠲᠠᠯᠠᠮᠤᠢ
ᠨᠣᠮ ᠢ᠋ ᠰᠠᠮᠠᠭᠤᠨ ᠦᠭᠡ ᠮᠡᠲᠦ ᠦᠯᠦ ᠳᠤᠷᠠᠰᠢᠮᠤᠢ
ᠦᠬᠦᠬᠦ ᠶ᠋ᠢ ᠤᠨᠲᠠᠬᠤ ᠶ᠋ᠢᠨ ᠲᠡᠳᠦᠢ ᠦᠯᠦ ᠰᠠᠨᠠᠮᠤᠢ
ᠷᠠᠰᠢᠶᠠᠨ ᠢ᠋ ᠤᠮᠳᠠᠭᠠᠨ ᠤ᠋ ᠲᠡᠳᠦᠢ ᠦᠯᠦ ᠬᠡᠷᠡᠭᠯᠡᠮᠦᠢ
ᠠᠪᠬᠤ ᠪᠣᠯᠪᠠᠰᠤ ᠠᠭᠤᠯᠠ ᠮᠡᠲᠦ ᠪᠣᠯᠪᠠᠴᠤ ᠴᠢᠮᠠᠯᠠᠮᠤᠢ
ᠥᠭᠬᠦ ᠪᠣᠯᠪᠠᠰᠤ ᠨᠢᠭᠡᠨ ᠫᠦᠨ ᠪᠣᠯᠪᠠᠴᠤ ᠬᠠᠷᠠᠮᠯᠠᠮᠤᠢ
ᠴᠢᠬᠤᠯᠳᠠᠪᠠᠰᠤ ᠥᠪᠡᠷ ᠢ᠋ᠶ᠋ᠡᠨ ᠴᠦ᠍ ᠪᠣᠯᠪᠠ ᠪᠣᠭᠣᠵᠤ ᠦᠬᠦᠮᠦᠢ
ᠨᠥᠬᠥᠴᠡᠪᠡᠰᠦ ᠬᠥᠮᠦᠨ ᠦ᠌ ᠲᠥᠯᠥᠭᠡ ᠪᠠᠢᠬᠤ ᠶᠠᠭᠤᠮ᠎ᠠ ᠪᠠᠨ ᠴᠤ᠌ ᠪᠠᠷᠠᠮᠤᠢ
ᠪᠤᠶᠠᠨ ᠢ᠋ ᠬᠤᠳᠠᠯᠳᠤᠭᠠᠨ ᠤ᠋ ᠲᠡᠳᠦᠢ ᠦᠯᠦ ᠬᠡᠷᠡᠭᠯᠡᠮᠦᠢ
ᠬᠢᠯᠢᠨᠴᠡᠲᠦ ᠤᠢᠯᠠᠨ ᠳ᠋ᠤᠷ ᠠᠶᠠᠨᠳᠠᠭᠠᠨ ᠮᠡᠷᠭᠡᠰᠢᠮᠦᠢ
ᠢᠲᠡᠭᠡᠭᠰᠡᠨ ᠰᠠᠳᠤᠨ ᠠ᠋ᠴᠠ ᠠᠭᠤᠷᠯᠠᠪᠠᠴᠤ ᠰᠠᠯᠵᠤ ᠦᠯᠦ ᠴᠢᠳᠠᠮᠤᠢ
ᠡᠨᠡᠷᠢᠭᠴᠢ ᠯᠠᠮᠠ ᠠ᠋ᠴᠠ ᠳᠠᠭᠤᠳᠠᠪᠠᠴᠤ ᠵᠠᠢᠯᠠᠮᠤᠢ
ᠴᠢᠯᠥᠭᠡ ᠦᠭᠡᠢ ᠪᠣᠯᠪᠠᠴᠤ ᠵᠢᠯ ᠪᠦᠷᠢ ᠪᠤᠳᠠᠭ᠎ᠠ ᠠᠪᠤᠷᠠ ᠶᠠᠪᠤᠮᠤᠢ
ᠴᠢᠯᠥᠭᠡ ᠪᠠᠢᠪᠠᠴᠤ ᠠᠪᠤᠷᠠᠯ ᠤ᠋ᠨ ᠣᠷᠣᠨ ᠳ᠋ᠤᠷ ᠮᠥᠷᠭᠥᠷ᠎ᠡ ᠦᠯᠦ ᠶᠠᠪᠤᠮᠤᠢ
ᠳᠡᠭᠡᠳᠦᠰ ᠢ᠋ ᠠᠰᠠᠭᠤᠪᠠᠴᠤ ᠦᠯᠦ ᠬᠡᠯᠡᠮᠦᠢ
ᠠᠮᠠᠷᠠᠭ ᠢ᠋ ᠡᠰᠡ ᠠᠰᠠᠭᠤᠪᠠᠴᠤ ᠰᠢᠪᠡᠨᠡᠮᠦᠢ
ᠪᠤᠰᠤᠳ ᠤ᠋ᠨ ᠭᠡᠮ ᠢ᠋ ᠨᠠᠮᠤᠷ ᠤ᠋ᠨ ᠡᠭᠦᠯᠡ ᠮᠡᠲᠦ ᠡᠯᠪᠡᠭ ᠦᠵᠡᠮᠦᠢ
ᠥᠪᠡᠷ ᠦ᠋ᠨ ᠭᠡᠮ ᠢ᠋ ᠨᠠᠷᠢᠨ ᠲᠣᠭᠣᠰᠣᠨ ᠤ᠋ ᠲᠡᠳᠦᠢ ᠦᠯᠦ ᠰᠢᠨᠵᠢᠯᠡᠮᠦᠢ
ᠳᠡᠭᠡᠳᠦᠰ ᠲᠡᠢ ᠵᠥᠷᠢᠴᠡᠮᠦᠢ
ᠨᠥᠬᠥᠳ ᠲᠡᠢ ᠲᠡᠩᠴᠡᠮᠦᠢ
ᠳᠣᠣᠷᠠᠳᠤᠰ ᠢ᠋ ᠳᠠᠷᠤᠯᠠᠮᠤᠢ
ᠠᠷᠭ᠎ᠠ ᠲᠠᠢ ᠠᠨᠤ ᠠᠪᠤᠮᠤᠢ
ᠠᠷᠭ᠎ᠠ ᠦᠭᠡᠢ ᠢᠨᠣ ᠠᠯᠳᠠᠮᠤᠢ
ᠰᠠᠢᠨ ᠬᠥᠮᠦᠨ ᠭᠠᠭᠴᠠᠭᠠᠷᠳᠠᠮᠤᠢ
ᠱᠠᠯᠢᠭ ᠬᠥᠮᠦᠨ ᠣᠮᠣᠭ ᠲᠠᠢ ᠪᠣᠯᠤᠮᠤᠢ
ᠣᠯᠠᠨ ᠲᠠᠢ ᠤᠴᠠᠷᠠᠬᠤᠢ ᠳ᠋ᠠᠭᠠᠨ ᠶᠠᠷᠢᠮᠤᠢ
ᠭᠠᠭᠴᠠᠭᠠᠷ ᠶᠠᠪᠤᠬᠤᠢ ᠳ᠋ᠠᠭᠠᠨ ᠳᠠᠭᠤᠯᠠᠮᠤᠢ
ᠦᠨᠡᠨ ᠦᠭᠡᠲᠡᠨ ᠣᠮᠣᠭᠲᠠᠨ ᠤ᠋ ᠲᠣᠭᠠᠨ ᠳ᠋ᠤᠷ ᠣᠷᠣᠮᠤᠢ
ᠪᠠᠰᠢᠷ ᠦᠭᠡᠲᠡᠨ ᠰᠡᠴᠡᠨ ᠦ᠌ ᠰᠠᠭᠤᠳᠠᠯ ᠳ᠋ᠤᠷ ᠰᠠᠭᠤᠮᠤᠢ
ᠡᠳ᠋ ᠡᠪᠳᠡᠷᠡᠬᠦ ᠶ᠋ᠢ ᠬᠠᠢᠷᠠᠯᠠᠮᠤᠢ
ᠡᠪ ᠡᠪᠳᠡᠷᠡᠬᠦ ᠶ᠋ᠢ ᠦᠯᠦ ᠬᠠᠢᠷᠠᠯᠠᠮᠤᠢ
ᠰᠠᠯᠤᠯᠴᠠᠭᠠᠳ ᠭᠠᠰᠠᠯᠤᠯᠴᠠᠮᠤᠢ
ᠤᠴᠠᠷᠠᠯᠳᠤᠭᠠᠳ ᠬᠠᠭᠤᠷᠤᠯᠴᠠᠮᠤᠢ
ᠬᠥᠮᠦᠨ ᠦ᠌ ᠮᠠᠭᠤ ᠬᠡᠯᠡᠬᠦ ᠡᠴᠡ ᠠᠶᠤᠮᠤᠢ
ᠰᠦᠨᠡᠰᠦ ᠵᠣᠪᠠᠬᠤᠢ ᠠ᠋ᠴᠠ ᠦᠯᠦ ᠠᠶᠤᠮᠤᠢ
ᠵᠣᠪᠠᠪᠠᠴᠤ ᠮᠡᠯᠵᠢᠶᠡᠨ ᠳ᠋ᠦ᠍ᠷ ᠭᠠᠷᠭᠠᠮᠤᠢ
ᠠᠶ᠎ᠠ ᠪᠠᠰᠠ ᠲᠤᠰᠠ ᠶ᠋ᠢᠨ ᠬᠠᠷᠢᠭᠤ ᠳ᠋ᠤᠷ ᠬᠣᠣᠷ ᠬᠢᠬᠦ ᠬᠥᠮᠦᠨ ᠣᠯᠠᠨ
ᠵᠢᠷᠭᠠᠬᠤ ᠪᠣᠯᠪᠠᠰᠤ ᠰᠢᠮᠳᠠᠯ ᠢ᠋ ᠢᠲᠡᠭᠡᠯ ᠤᠩᠰᠢᠬᠤ ᠶ᠋ᠢᠨ ᠲᠡᠳᠦᠢ ᠦᠯᠦ ᠡᠭᠦᠰᠬᠡᠮᠦᠢ
ᠨᠣᠮ ᠢ᠋ ᠮᠡᠳᠡᠪᠡᠴᠦ ᠪᠦᠲᠦᠭᠡᠬᠦ ᠬᠥᠮᠦᠨ ᠴᠥᠭᠡᠨ
ᠵᠣᠪᠠᠯᠠᠩ ᠢ᠋ ᠲᠠᠨᠢᠪᠠᠴᠤ ᠦᠯᠦ ᠰᠡᠷᠭᠡᠢᠯᠡᠬᠦ ᠬᠥᠮᠦᠨ ᠣᠯᠠᠨ
ᠵᠢᠷᠭᠠᠯ ᠢ᠋ ᠬᠦᠰᠡᠪᠡᠴᠦ ᠰᠠᠢᠨ ᠶᠠᠪᠤᠬᠤ ᠬᠥᠮᠦᠨ ᠴᠥᠭᠡᠨ
ᠵᠢᠰᠤᠷ ᠦᠭᠡ ᠬᠡᠯᠡᠪᠡᠰᠦ ᠪᠠᠶᠠᠷᠯᠠᠭᠴᠢᠳ ᠣᠯᠠᠨ
ᠥᠪᠡᠷ ᠦ᠋ᠨ ᠭᠡᠮ ᠢ᠋ ᠬᠡᠯᠡᠪᠡᠰᠦ ᠦᠯᠦ ᠭᠣᠮᠤᠳᠠᠭᠴᠢᠳ ᠴᠥᠭᠡᠨ
ᠡᠷᠬᠡᠯᠡᠵᠦ ᠮᠠᠭᠤ ᠦᠭᠡ ᠪᠡᠷ ᠲᠣᠭᠯᠠᠪᠠᠴᠤ ᠬᠠᠳᠠᠭᠠᠯᠠᠭᠴᠢᠳ ᠣᠯᠠᠨ
ᠡᠨᠡᠷᠢᠵᠦ ᠬᠠᠷᠠᠮ ᠦᠭᠡᠢ ᠰᠤᠷᠭᠠᠪᠠᠰᠤ ᠠᠪᠤᠭᠴᠢᠳ ᠴᠥᠭᠡᠨ
ᠠᠶ᠎ᠠ ᠪᠠᠰᠠ ᠠᠳᠢᠰ ᠠᠪᠬᠤ ᠶ᠋ᠢᠨ ᠤᠷᠢᠳ ᠰᠠᠢᠨ ᠮᠠᠭᠤ ᠶ᠋ᠢ ᠰᠢᠨᠵᠢᠮᠦᠢ
ᠡᠷᠳᠡᠮ ᠢ᠋ ᠠᠪᠬᠤ ᠶ᠋ᠢᠨ ᠤᠷᠢᠳ ᠭᠡᠮ ᠢ᠋ ᠬᠠᠷᠠᠮᠤᠢ
ᠠᠯᠪᠠᠨ ᠳ᠋ᠤᠷ ᠶᠠᠪᠤᠬᠤ ᠶ᠋ᠢᠨ ᠤᠷᠢᠳ ᠦᠭᠡᠯᠡᠵᠦ ᠲᠤᠷᠰᠢᠮᠤᠢ
ᠥᠪᠡᠷ ᠢ᠋ᠶ᠋ᠡᠨ ᠭᠠᠷᠤᠭᠰᠠᠨ ᠤ᠋ ᠰᠡᠭᠦᠯ ᠳ᠋ᠦ᠍ᠷ ᠶᠠᠭᠤ ᠬᠢᠬᠦ ᠶ᠋ᠢ ᠲᠤᠷᠰᠢᠮᠤᠢ
ᠬᠥᠮᠦᠨ ᠳ᠋ᠦ᠍ᠷ ᠥᠭᠬᠦ ᠶ᠋ᠢᠨ ᠤᠷᠢᠳ ᠦᠭᠡᠢ ᠭᠡᠮᠡᠨ ᠲᠤᠷᠰᠢᠮᠤᠢ
ᠰᠦᠰᠦᠭᠯᠡᠬᠦ ᠶ᠋ᠢᠨ ᠬᠠᠮᠲᠤ ᠰᠡᠵᠢᠭ ᠲᠦᠷᠦᠮᠦᠢ
ᠡᠷᠳᠡᠮ ᠡᠷᠢᠬᠦ ᠶ᠋ᠢᠨ ᠬᠠᠮᠲᠤ ᠭᠡᠮ ᠢ᠋ ᠡᠷᠢᠮᠦᠢ
ᠰᠠᠳᠤᠨ ᠳ᠋ᠤᠷ ᠤᠴᠠᠷᠠᠬᠤ ᠶ᠋ᠢᠨ ᠬᠠᠮᠲᠤ ᠳᠠᠢᠰᠤᠨ ᠢ᠋ ᠠᠰᠠᠭᠤᠮᠤᠢ
ᠠᠮᠤᠭᠤᠯᠠᠩ ᠢ᠋ ᠪᠦᠲᠦᠭᠡᠬᠦ ᠶ᠋ᠢᠨ ᠬᠠᠮᠲᠤ ᠵᠣᠪᠠᠯᠠᠩ ᠢ᠋ ᠡᠭᠦᠰᠬᠡᠮᠦᠢ
ᠦᠨᠡᠨ ᠬᠡᠯᠡᠬᠦ ᠲᠡᠢ ᠬᠠᠮᠲᠤ ᠬᠤᠳᠠᠯ ᠦᠭᠡ ᠪᠡᠷ ᠴᠢᠮᠡᠮᠦᠢ
ᠨᠢᠭᠡᠨ ᠵᠥᠪ ᠶᠠᠪᠤᠬᠤ ᠲᠠᠢ ᠬᠠᠮᠲᠤ ᠬᠡᠳᠦᠨ ᠪᠤᠷᠤᠭᠤ ᠶᠠᠪᠤᠮᠤᠢ
ᠠᠶ᠎ᠠ ᠪᠠᠰᠠ ᠬᠠᠷᠢᠭᠤ ᠦᠭᠡᠢ ᠥᠭᠯᠢᠭᠡ ᠦᠯᠦ ᠥᠭᠭᠦᠮᠦᠢ
ᠬᠠᠷ᠎ᠠ ᠦᠭᠡᠢ ᠰᠠᠢᠬᠠᠨ ᠰᠡᠳᠬᠢᠯ ᠢ᠋ᠶ᠋ᠡᠷ ᠦᠯᠦ ᠰᠠᠨᠠᠮᠤᠢ
ᠠᠳᠬᠠᠭ ᠦᠭᠡᠢ ᠠᠮᠤᠷᠬᠠᠨ ᠰᠠᠭᠤᠵᠤ ᠦᠯᠦ ᠴᠢᠳᠠᠮᠤᠢ
ᠠᠷᠭᠠᠴᠢᠯᠠᠯ ᠦᠭᠡᠢ ᠶᠠᠪᠤᠳᠠᠯ ᠦᠯᠦ ᠶᠠᠪᠤᠮᠤᠢ
ᠶᠠᠭᠤᠮ᠎ᠠ ᠶ᠋ᠢ ᠲᠣᠭᠠᠯᠠᠯ ᠦᠭᠡᠢ ᠠᠯᠪᠠ ᠦᠯᠦ ᠭᠠᠷᠭᠠᠮᠤᠢ
ᠵᠦᠭᠡᠷ ᠰᠠᠭᠤᠭᠠᠳ ᠠᠯᠳᠠᠷ ᠤ᠋ᠨ ᠲᠥᠯᠥᠭᠡ ᠡᠳ᠋ ᠮᠠᠯ ᠵᠠᠷᠤᠭᠴᠢᠳ ᠠᠨᠤ ᠣᠯᠠᠨ
ᠡᠪᠡᠳᠴᠦ ᠰᠠᠨᠳᠤᠷᠪᠠᠴᠤ ᠬᠠᠢᠷ᠎ᠠ ᠦᠭᠡᠢ ᠡᠷᠭᠦᠭᠴᠢᠳ ᠴᠥᠭᠡᠨ
ᠮᠠᠭᠤ ᠦᠢᠯᠡ ᠦᠢᠯᠡᠳᠦᠭᠡᠳ ᠦᠯᠦ ᠭᠡᠮᠰᠢᠭᠴᠢᠳ ᠣᠯᠠᠨ
ᠰᠠᠢᠨ ᠶᠠᠪᠤᠳᠠᠯ ᠢ᠋ ᠶᠠᠪᠤᠭᠠᠳ ᠪᠠᠶᠠᠷᠯᠠᠭᠴᠢ ᠬᠥᠮᠦᠨ ᠴᠥᠭᠡᠨ
ᠠᠶ᠎ᠠ ᠪᠠᠰᠠ ᠬᠦᠨᠳᠦᠯᠡᠯ ᠢ᠋ ᠶᠠᠩᠪᠠ ᠬᠡᠮᠡᠮᠦᠢ
ᠶᠡᠬᠡᠰ ᠲᠡᠢ ᠤᠴᠠᠷᠠᠪᠠᠰᠤ ᠵᠢᠰᠤᠷᠳᠠᠬᠤ ᠶ᠋ᠢ ᠪᠣᠳᠣᠮᠤᠢ
ᠡᠩ ᠦ᠋ᠨ ᠨᠥᠬᠥᠷ ᠲᠡᠢ ᠤᠴᠠᠷᠠᠪᠠᠰᠤ ᠦᠭᠡ ᠠᠪᠬᠤ ᠶ᠋ᠢ ᠪᠣᠳᠣᠮᠤᠢ
ᠡᠨᠡ ᠴᠠᠭ ᠤ᠋ᠨ ᠣᠯᠠᠨ ᠤ᠋ ᠬᠡᠷᠡᠭ ᠬᠢᠬᠦ ᠬᠥᠮᠦᠨ ᠦ᠌ ᠵᠣᠪᠠᠯᠠᠩ ᠬᠡᠮᠡᠪᠡᠰᠦ
ᠴᠠᠢᠷᠠᠭᠤ ᠶᠠᠪᠤᠪᠠᠰᠤ ᠬᠥᠮᠦᠨ ᠦ᠌ ᠭᠠᠷ ᠲᠤ᠌ ᠣᠷᠣᠮᠤᠢ
ᠬᠠᠷᠠᠳᠠᠵᠤ ᠶᠠᠪᠤᠪᠠᠰᠤ ᠮᠠᠭᠤ ᠦᠢᠯᠡ ᠠᠷᠪᠢᠳᠤᠮᠤᠢ
ᠰᠢᠳᠤᠷᠭᠤ ᠶᠠᠪᠤᠪᠠᠰᠤ ᠣᠯᠠᠨ ᠲᠠᠢ ᠦᠯᠦ ᠳᠠᠭᠠᠷᠠᠮᠤᠢ
ᠪᠠᠰᠢᠷ ᠢ᠋ᠶ᠋ᠠᠷ ᠶᠠᠪᠤᠪᠠᠰᠤ ᠨᠣᠮ ᠲᠠᠢ ᠦᠯᠦ ᠳᠠᠭᠠᠷᠠᠮᠤᠢ
ᠴᠢᠩᠭ᠎ᠠ ᠬᠤᠷᠴᠠ ᠶᠠᠪᠤᠪᠠᠰᠤ ᠦᠰᠲᠡᠨ ᠣᠯᠠᠨ ᠪᠣᠯᠤᠮᠤᠢ
ᠳᠤᠭᠤᠢ ᠨᠣᠮᠣᠬᠠᠨ ᠰᠠᠭᠤᠪᠠᠰᠤ ᠲᠣᠯᠣᠭᠠᠢ ᠳᠡᠭᠡᠷ᠎ᠡ ᠭᠠᠷᠤᠮᠤᠢ
ᠳᠤᠮᠳᠠᠭᠤᠷ ᠵᠡᠷᠭᠡ ᠶᠠᠪᠤᠪᠠᠰᠤ ᠲᠡᠨᠡᠭ ᠭᠡᠮᠡᠨ ᠰᠣᠨᠵᠢᠯᠠᠭᠴᠢᠳ ᠣᠯᠠᠨ
ᠭᠤᠶᠤᠵᠤ ᠬᠡᠯᠡᠪᠡᠰᠦ ᠡᠷᠡᠮᠰᠢᠮᠦᠢ
ᠰᠢᠷᠦᠭᠦᠨ ᠬᠡᠯᠡᠪᠡᠰᠦ ᠳᠣᠣᠷᠠᠳᠠᠮᠤᠢ
ᠠᠷᠭ᠎ᠠ ᠪᠠᠷ ᠬᠡᠯᠡᠪᠡᠰᠦ ᠪᠠᠰᠢᠷ ᠲᠠᠢ ᠪᠣᠯᠤᠮᠤᠢ
ᠦᠨᠡᠨ ᠬᠡᠯᠡᠪᠡᠰᠦ ᠣᠢᠰᠢᠶᠠᠬᠤ ᠦᠭᠡᠢ ᠪᠣᠯᠤᠮᠤᠢ
ᠬᠤᠳᠠᠯ ᠬᠡᠯᠡᠪᠡᠰᠦ ᠬᠦᠨᠳᠦ ᠦᠭᠡᠢ ᠪᠣᠯᠤᠮᠤᠢ
ᠣᠯᠠᠨ ᠠ᠋ᠴᠠ ᠵᠥᠪᠰᠢᠪᠡᠰᠦ ᠰᠠᠨᠠᠭ᠎ᠠ ᠪᠠᠨ ᠦᠯᠦ ᠬᠡᠯᠡᠮᠦᠢ
ᠭᠠᠭᠴᠠᠭᠠᠷ ᠰᠢᠳᠬᠡᠪᠡᠰᠦ ᠵᠥᠷᠢᠭᠦᠳ ᠪᠣᠯᠤᠮᠤᠢ
ᠮᠠᠭᠠᠳ ᠦᠭᠡᠢ ᠵᠠᠩᠨᠠᠪᠠᠰᠤ ᠢᠲᠡᠭᠡᠮᠵᠢ ᠦᠭᠡᠢ ᠪᠣᠯᠤᠮᠤᠢ
ᠣᠢᠷ᠎ᠠ ᠰᠠᠭᠤᠪᠠᠰᠤ ᠶᠠᠪᠤᠳᠠᠯ ᠠ᠋ᠴᠠ ᠵᠠᠢᠯᠠᠮᠤᠢ
ᠬᠣᠯᠠ ᠶᠠᠪᠤᠪᠠᠰᠤ ᠣᠷᠬᠢᠪᠠ ᠭᠡᠮᠡᠨ ᠰᠠᠨᠠᠮᠤᠢ
ᠪᠣᠯᠵᠣᠭ᠎ᠠ ᠦᠭᠡᠢ ᠶᠠᠪᠤᠪᠠᠰᠤ ᠲᠣᠮᠣᠭ᠎ᠠ ᠦᠭᠡᠢ ᠳ᠋ᠦ᠍ᠷ ᠲᠣᠭᠠᠴᠠᠮᠤᠢ
ᠣᠯᠠᠨ ᠦᠭᠡ ᠬᠡᠯᠡᠪᠡᠰᠦ ᠴᠠᠯᠴᠢᠶ᠎ᠠ ᠬᠡᠮᠡᠮᠦᠢ
ᠳᠤᠭᠤᠢ ᠰᠠᠭᠤᠪᠠᠰᠤ ᠶᠡᠬᠡᠮᠰᠦᠭ ᠲᠣᠷ ᠪᠣᠳᠣᠮᠤᠢ
ᠬᠢᠨᠠᠵᠤ ᠬᠡᠯᠡᠪᠡᠰᠦ ᠬᠠᠷᠠᠲᠠᠢ ᠬᠡᠮᠡᠮᠦᠢ
ᠭᠡᠮ ᠦᠭᠡᠢ ᠶ᠋ᠢ ᠭᠡᠮ ᠲᠡᠢ ᠳ᠋ᠦ᠍ᠷ ᠣᠨᠣᠮᠤᠢ
ᠭᠡᠮ ᠲᠡᠢ ᠶ᠋ᠢ ᠢᠨᠣ ᠭᠡᠮ ᠦᠭᠡᠢ ᠥᠩᠭᠡᠷᠡᠭᠡᠮᠦᠢ
ᠡᠪᠯᠡᠪᠡᠰᠦ ᠬᠠᠷᠠᠳᠠᠮᠤᠢ
ᠡᠪᠳᠡᠷᠡᠪᠡᠰᠦ ᠭᠣᠮᠣᠳᠠᠮᠤᠢ
ᠠᠶ᠎ᠠ ᠪᠠᠰᠠ ᠭᠠᠭᠴᠠᠭᠠᠷ ᠮᠠᠭᠤ ᠶᠠᠪᠤᠬᠤ ᠮᠥᠷ ᠲᠡᠭᠡᠨ ᠪᠤᠰᠤᠳ ᠢ᠋ ᠵᠢᠱ᠌ᠢᠶ᠎ᠡ ᠲᠠᠲᠠᠮᠤᠢ
ᠬᠥᠮᠦᠨ ᠦ᠌ ᠬᠦᠴᠦ ᠪᠡᠷ ᠰᠠᠢᠨ ᠶᠠᠪᠤᠭᠠᠳ ᠭᠡᠳᠡᠷᠭᠦ ᠡᠷᠡᠮᠰᠢᠮᠦᠢ
ᠬᠥᠮᠦᠨ ᠦ᠌ ᠨᠡᠷ᠎ᠡ ᠪᠡᠷ ᠨᠢᠭᠤᠷ ᠣᠯᠤᠭᠠᠳ ᠪᠡᠶ᠎ᠡ ᠳ᠋ᠦ᠍ᠷ ᠬᠦᠴᠦᠷᠬᠡᠮᠦᠢ
ᠬᠥᠮᠦᠨ ᠦ᠌ ᠶᠠᠭᠤᠮ᠎ᠠ ᠪᠠᠷ ᠪᠠᠶᠠᠵᠢᠭᠠᠳ ᠡᠯᠳᠡᠪ ᠪᠠᠷᠳᠠᠮ ᠢ᠋ ᠥᠭᠦᠯᠡᠮᠦᠢ
ᠳᠡᠭᠡᠷ᠎ᠡ ᠶᠠᠪᠤᠪᠠᠰᠤ ᠠᠲᠠᠭᠠᠷᠬᠠᠮᠤᠢ
ᠳᠣᠣᠷ᠎ᠠ ᠶᠠᠪᠤᠪᠠᠰᠤ ᠳᠠᠷᠤᠯᠠᠮᠤᠢ
ᠡᠨᠡ ᠴᠠᠭ ᠤ᠋ᠨ ᠠᠯᠠᠭᠯᠠᠭᠴᠢ ᠨᠣᠶᠠᠳ ᠢᠳᠡᠭᠴᠢ ᠲᠦᠰᠢᠮᠡᠳ
ᠬᠠᠷᠢᠭᠤ ᠪᠣᠳᠣᠭᠴᠢ ᠥᠭᠯᠢᠭᠡ ᠶ᠋ᠢᠨ ᠡᠵᠡᠳ
ᠲᠡᠮᠡᠴᠡᠯᠳᠦᠭᠴᠢ ᠠᠷᠠᠳ ᠠ᠋ᠴᠠ ᠡᠬᠢᠯᠡᠨ
ᠶᠢᠷᠲᠢᠨᠴᠦ ᠪᠠ ᠨᠣᠮ ᠤ᠋ᠨ ᠵᠦᠭ ᠭᠡᠪᠡᠴᠦ
ᠰᠠᠭᠤᠳᠠᠯ ᠤ᠋ᠨ ᠲᠤᠯᠠ ᠣᠯᠬᠤ ᠨᠡᠷ᠎ᠡ
ᠡᠳ᠋ ᠦ᠋ᠨ ᠲᠤᠯᠠ ᠨᠣᠮᠯᠠᠬᠤ ᠨᠣᠮ
ᠠᠯᠳᠠᠷ ᠤ᠋ᠨ ᠲᠤᠯᠠ ᠦᠢᠯᠡᠳᠬᠦ ᠪᠤᠶᠠᠨ
ᠥᠭᠯᠢᠭᠡ ᠶ᠋ᠢᠨ ᠲᠤᠯᠠ ᠰᠢᠲᠦᠬᠦ ᠱᠠᠪᠢ ᠲᠡᠷᠢᠭᠦᠲᠡᠨ
ᠮᠠᠭᠤ ᠶᠠᠪᠤᠳᠠᠯ ᠢ᠋ ᠥᠪᠡᠷ ᠢ᠋ᠶ᠋ᠡᠨ ᠦᠢᠯᠡᠳᠦᠭᠡᠳ ᠴᠠᠭ ᠢ᠋ ᠮᠠᠭᠤ ᠬᠡᠮᠡᠮᠦᠢ
ᠪᠠᠰᠠ ᠠᠷᠪᠠᠨ ᠬᠠᠷ᠎ᠠ ᠵᠠᠪᠰᠠᠷ ᠦᠭᠡᠢ ᠲᠡᠷᠢᠭᠦᠲᠡᠨ ᠬᠢᠵᠠᠭᠠᠷ ᠦᠭᠡᠢ ᠮᠠᠭᠤ ᠦᠢᠯᠡ ᠪᠠ
ᠲᠠᠪᠤᠨ ᠮᠠᠬᠠᠪᠣᠳ ᠤ᠋ᠨ ᠬᠣᠣᠷ ᠲᠡᠷᠢᠭᠦᠲᠡᠨ ᠬᠣᠣᠷ ᠪᠠ
ᠨᠠᠢ᠍ᠮᠠᠨ ᠵᠣᠪᠠᠯᠠᠩ ᠲᠡᠷᠢᠭᠦᠲᠡᠨ ᠵᠣᠪᠠᠯᠠᠩ ᠪᠠ
ᠬᠥᠮᠦᠨ ᠬᠢᠭᠡᠳ ᠬᠥᠮᠦᠨ ᠪᠤᠰᠤᠳ ᠤ᠋ᠨ ᠡᠷᠬᠡ ᠲᠡᠷᠢᠭᠦᠲᠡᠨ
ᠡᠨᠡ ᠶᠢᠷᠲᠢᠨᠴᠦ ᠶ᠋ᠢᠨ ᠣᠷᠣᠨ ᠤ᠋ ᠠᠯᠢ ᠮᠠᠭᠤ ᠶ᠋ᠢ
ᠥᠭᠦᠯᠡᠵᠦ ᠬᠠᠮᠢᠭ᠎ᠠ ᠪᠠᠷᠠᠬᠤ ᠲᠣᠪᠴᠢᠯᠠᠪᠠᠰᠤ
ᠰᠠᠨᠰᠠᠷ ᠤ᠋ᠨ ᠭᠢᠨᠳᠠᠨ ᠳ᠋ᠤᠷ ᠦᠢᠯᠡ ᠪᠡᠷ ᠬᠦᠯᠢᠭᠳᠡᠵᠦ
ᠮᠤᠩᠬᠠᠭ ᠤ᠋ᠨ ᠬᠠᠷᠠᠩᠭᠤᠢ ᠶ᠋ᠢᠨ ᠳᠣᠲᠣᠷ᠎ᠠ ᠲᠠᠴᠢᠶᠠᠩᠭᠤᠢ ᠪᠠᠷ ᠰᠣᠭᠲᠣᠵᠤ
ᠤᠷᠢᠨ ᠤ᠋ ᠮᠡᠰᠡ ᠶ᠋ᠢ ᠪᠠᠷᠢᠭᠠᠳ ᠣᠮᠣᠭ ᠢ᠋ᠶ᠋ᠠᠷ ᠲᠦᠯᠡᠭᠳᠡᠵᠦ
ᠠᠲᠠᠭ᠎ᠠ ᠪᠠᠷ ᠡᠨᠡᠯᠦᠨ ᠵᠣᠪᠠᠯᠠᠩ ᠤ᠋ᠨ ᠡᠪᠡᠷᠰᠢᠶᠡᠯ ᠢ᠋ᠶ᠋ᠡᠷ ᠡᠮᠭᠡᠨᠢᠬᠦ
ᠠᠮᠢᠲᠠᠨ ᠪᠦᠭᠦᠳᠡ ᠬᠥᠭᠡᠷᠦᠬᠦᠢ
ᠵᠢᠷᠦᠬᠡᠨ ᠦᠭᠡᠢ ᠡᠨᠡ ᠨᠠᠰᠤᠨ ᠤ᠋ ᠬᠠᠪᠴᠠᠭᠠᠢ ᠶ᠋ᠢᠨ ᠳᠣᠲᠣᠷ᠎ᠠ
ᠠᠪᠤᠷᠠᠯ ᠤ᠋ᠨ ᠴᠢᠭᠲᠠᠭ᠎ᠠ ᠲᠠᠰᠤᠷᠠᠭᠠᠳ
ᠠᠪᠬᠤ ᠬᠡᠭᠡᠬᠦᠢ ᠶ᠋ᠢᠨ ᠨᠢᠳᠦᠨ ᠲᠡᠰᠦᠷᠡᠭᠰᠡᠨ
ᠠᠮᠢᠲᠠᠨ ᠪᠦᠭᠦᠳᠡ ᠬᠥᠭᠡᠷᠦᠬᠦᠢ
ᠠᠭᠤᠷᠯᠠᠪᠠᠰᠤ ᠳᠠᠭᠤᠨ ᠦᠯᠦ ᠭᠠᠷᠬᠤ
ᠪᠠᠶᠠᠷᠯᠠᠪᠠᠰᠤ ᠣᠯᠠᠨ ᠦᠭᠡ ᠴᠠᠯᠴᠢᠬᠤ
ᠶᠡᠬᠡᠰ ᠡᠴᠡ ᠮᠢᠲᠠᠷᠠᠬᠤ
ᠪᠠᠭᠠᠰ ᠲᠤᠷ ᠬᠥᠭᠡᠷᠯᠡᠬᠦ
ᠢᠴᠢᠭᠦᠷᠢ ᠦᠭᠡᠢ ᠠᠮᠢᠲᠠᠨ ᠪᠦᠭᠦᠳᠡ ᠬᠥᠭᠡᠷᠦᠬᠦᠢ
ᠳᠠᠭᠠᠷᠠᠪᠠᠰᠤ ᠬᠤᠪᠴᠠᠰᠤ
ᠬᠠᠯᠠᠭᠤᠴᠠᠪᠠᠰᠤ ᠰᠡᠭᠦᠳᠡᠷ
ᠥᠯᠥᠰᠪᠡᠰᠦ ᠬᠣᠭᠣᠯᠠ
ᠴᠠᠩᠭᠠᠪᠠᠰᠤ ᠤᠮᠳᠠ
ᠵᠦᠳᠡᠷᠡᠪᠡᠰᠦ ᠨᠣᠢᠷ ᠤ᠋ᠨ ᠲᠡᠳᠦᠢ
ᠥᠨᠥ ᠮᠠᠨᠠᠭᠠᠷ ᠤ᠋ᠨ ᠲᠤᠢᠯᠪᠤᠷᠢ ᠦᠭᠡᠢ ᠰᠡᠳᠬᠢᠯᠲᠡᠨ ᠬᠥᠭᠡᠷᠦᠬᠦᠢ
ᠮᠠᠭᠤ ᠠᠪᠢᠶᠠᠰ ᠢ᠋ᠶ᠋ᠠᠷ ᠨᠡᠷᠪᠡᠭᠳᠡᠵᠦ
ᠣᠶᠤᠨ ᠤ᠋ ᠬᠦᠴᠦᠨ ᠢ᠋ᠶ᠋ᠡᠷ ᠰᠤᠯᠠᠷᠠᠭᠠᠳ
ᠠᠷᠭ᠎ᠠ ᠦᠭᠡᠢ ᠪᠣᠯᠤᠭᠴᠢᠳ ᠬᠥᠭᠡᠷᠦᠬᠦᠢ
ᠲᠡᠰᠬᠦᠶ᠎ᠡ ᠪᠡᠷᠬᠡ ᠮᠠᠭᠤ ᠵᠠᠶᠠᠭᠠᠨ ᠠ᠋ᠴᠠ ᠭᠠᠷᠤᠭᠠᠳ
ᠭᠠᠢᠬᠠᠮᠰᠢᠭ ᠤ᠋ᠨ ᠠᠮᠤᠭᠤᠯᠠᠩᠲᠤ ᠬᠥᠮᠦᠨ ᠦ᠌ ᠪᠡᠶ᠎ᠡ ᠶ᠋ᠢ ᠣᠯᠤᠭᠠᠳ
ᠡᠨᠡ ᠮᠡᠲᠦ ᠵᠣᠪᠠᠯᠠᠩ ᠤ᠋ᠨ ᠦᠢᠯᠡ ᠶ᠋ᠢᠨ
ᠦᠷ᠎ᠡ ᠶ᠋ᠢ ᠡᠳ᠋ᠯᠡᠭᠴᠢ ᠠᠮᠢᠲᠠᠨ ᠪᠦᠭᠦᠳᠡ ᠳᠠᠩᠴᠤ ᠬᠥᠭᠡᠷᠦᠬᠦᠢ ᠬᠡᠮᠡᠪᠡᠢ᠃
ᠲᠡᠷᠡ ᠴᠠᠭ ᠲᠤᠷ ᠨᠥᠭᠦᠭᠡ ᠬᠥᠮᠦᠨ ᠪᠠᠰᠠ ᠡᠢᠨ ᠠᠰᠠᠭᠤᠪᠠᠢ
ᠠᠶ᠎ᠠ ᠡᠨᠡ ᠮᠡᠲᠦ ᠮᠠᠭᠤ ᠴᠠᠭ ᠲᠤᠷ
ᠦᠨᠡᠨ ᠢ᠋ ᠰᠠᠨᠠᠭᠴᠢ ᠬᠥᠮᠦᠨ ᠶᠠᠮᠪᠠᠷ ᠢ᠋ᠶ᠋ᠠᠷ ᠶᠠᠪᠤᠪᠠᠰᠤ ᠪᠣᠯᠬᠤ ᠪᠣᠢ ᠬᠡᠮᠡᠭᠰᠡᠨ ᠳ᠋ᠦ᠍ᠷ
ᠨᠢᠰᠬᠡᠭᠴᠢ ᠬᠥᠮᠦᠨ ᠥᠭᠦᠯᠡᠷᠦᠨ
ᠠᠶ᠎ᠠ ᠨᠥᠬᠥᠷ ᠦ᠋ᠨ ᠳᠡᠭᠡᠳᠦ᠂ ᠰᠡᠷᠡᠮᠵᠢ ᠮᠥᠨ ᠪᠣᠯᠪᠠᠴᠤ
ᠯᠠᠮᠠ ᠡᠴᠢᠭᠡ ᠡᠬᠡ ᠭᠤᠷᠪᠠᠨ ᠠᠴᠢᠲᠠᠨᠠ ᠪᠦᠦ ᠬᠠᠷᠠᠳᠠ
ᠡᠷᠳᠡᠮ ᠦ᠋ᠨ ᠳᠡᠭᠡᠳᠦ ᠡᠪ ᠮᠥᠨ ᠪᠣᠯᠪᠠᠴᠤ᠂ ᠬᠢᠯᠢᠨᠴᠡᠲᠦ ᠨᠥᠬᠥᠷ ᠲᠡᠢ ᠪᠦᠦ ᠨᠥᠬᠥᠴᠡ
ᠤᠴᠠᠷᠠᠭᠠᠳ ᠬᠡᠯᠡᠯᠴᠡᠳᠡᠭ ᠵᠢᠮ᠎ᠡ ᠮᠥᠨ ᠪᠣᠯᠪᠠᠴᠤ ᠬᠡᠮᠵᠢᠶ᠎ᠡ ᠦᠭᠡᠢ ᠦᠭᠡ ᠪᠦᠦ ᠬᠡᠯᠡ
ᠪᠤᠷᠬᠠᠨ ᠠ᠋ᠴᠠ ᠢᠯᠡᠭᠦᠦ ᠠᠪᠤᠷᠠᠯ ᠦᠭᠡᠢ ᠲᠤᠯᠠ ᠰᠦᠰᠦᠭᠯᠡᠭᠡᠳ ᠳᠠᠮᠵᠢᠭ ᠪᠦᠦ ᠦᠢᠯᠡᠳ
ᠨᠣᠮ ᠠ᠋ᠴᠠ ᠢᠯᠡᠭᠦᠦ ᠡᠷᠳᠡᠮ ᠦᠭᠡᠢ ᠲᠤᠯᠠ ᠰᠤᠷᠤᠯᠴᠠᠭᠠᠳ ᠣᠮᠣᠭ ᠪᠦᠦ ᠡᠭᠦᠰᠭᠡ
ᠬᠤᠸᠠᠷᠠᠭ ᠠ᠋ᠴᠠ ᠢᠯᠡᠭᠦᠦ ᠥᠮᠥᠭ ᠦᠭᠡᠢ ᠲᠤᠯᠠ ᠬᠦᠨᠳᠦᠯᠡᠭᠡᠳ ᠭᠡᠮ ᠪᠦᠦ ᠡᠷᠢ
ᠮᠠᠨ ᠢ᠋ ᠬᠣᠣᠷᠯᠠᠭᠴᠢ ᠨᠢᠰᠸᠠᠨᠢᠰ ᠮᠥᠨ ᠲᠤᠯᠠ
ᠰᠡᠳᠬᠢᠯ ᠢ᠋ ᠬᠠᠷᠤᠭᠤᠯᠳᠠᠵᠤ ᠬᠣᠷᠢᠭ ᠳᠡᠯᠪᠢ ᠬᠡᠮᠡᠪᠡᠢ᠃
ᠲᠡᠷᠡ ᠬᠥᠮᠦᠨ ᠪᠠᠰᠠ ᠡᠢᠨ ᠠᠰᠠᠭᠤᠪᠠᠢ
ᠰᠤᠷᠭᠠᠯ ᠬᠡᠷᠡᠭ ᠲᠡᠢ ᠬᠥᠮᠦᠨ ᠶᠠᠮᠪᠠᠷ ᠪᠣᠢ
ᠬᠡᠷᠡᠭ ᠦᠭᠡᠢ ᠬᠥᠮᠦᠨ ᠶᠠᠮᠪᠠᠷ ᠪᠣᠢ ᠬᠡᠮᠡᠭᠰᠡᠨ ᠳ᠋ᠦ᠍ᠷ ᠨᠢᠰᠬᠡᠭᠴᠢ ᠬᠥᠮᠦᠨ ᠥᠭᠦᠯᠡᠷᠦᠨ
ᠦᠯᠦ ᠮᠡᠳᠡᠭᠴᠢ ᠮᠤᠩᠬᠠᠭ᠂ ᠤᠬᠠᠭᠠᠨ ᠦᠭᠡᠢ ᠬᠥᠮᠦᠨ ᠳ᠋ᠦ᠍ ᠰᠤᠷᠭᠠᠯ ᠬᠡᠷᠡᠭ ᠦᠭᠡᠢ
ᠥᠪᠡᠷ ᠦ᠋ᠨ ᠪᠡᠶ᠎ᠡ ᠶ᠋ᠢ ᠲᠣᠭᠣᠭᠰᠠᠨ ᠣᠮᠣᠭ ᠲᠠᠢ ᠬᠥᠮᠦᠨ ᠳ᠋ᠦ᠍ ᠰᠤᠷᠭᠠᠯ ᠬᠡᠷᠡᠭ ᠦᠭᠡᠢ
ᠦᠵᠡᠭᠰᠡᠨ ᠦ᠌ ᠳᠠᠷᠠᠭ᠎ᠠ ᠪᠠᠷ ᠮᠠᠷᠲᠠᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠪᠤᠰᠤᠳ ᠬᠥᠮᠦᠨ ᠦ᠌ ᠭᠡᠮ ᠢ᠋ ᠣᠳᠤᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠡᠭᠡᠯ ᠬᠡᠷᠡᠭ ᠦᠭᠡᠢ ᠬᠦᠰᠡᠯ ᠳ᠋ᠦ᠍ ᠰᠢᠨᠤᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠢᠯᠡᠳᠡ ᠦᠵᠡᠲᠡᠯ᠎ᠡ ᠭᠠᠩᠭᠠᠯᠠᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠶᠡᠬᠡᠰ ᠳᠡᠭᠡᠳᠦᠰ ᠡᠴᠡ ᠳᠤᠲᠠᠭᠠᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠡᠯᠳᠡᠪ ᠪᠠᠰᠢᠷ ᠲᠤ᠌ ᠨᠥᠬᠥᠷ ᠲᠡᠢ ᠬᠠᠨᠢᠯᠠᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠡᠩ ᠦ᠋ᠨ ᠭᠡᠮ ᠦᠭᠡᠢ ᠨᠥᠬᠥᠷ ᠲᠡᠢ ᠦᠲᠡᠭᠡᠷᠬᠡᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠡᠳ᠋ ᠮᠠᠯ ᠲᠡᠷᠢᠭᠦᠲᠡᠨ ᠢ᠋ ᠬᠤᠳᠠᠯᠳᠤᠭᠰᠠᠭᠠᠷ ᠦᠭᠡᠭᠦᠷᠡᠭᠴᠢ ᠬᠥᠮᠦᠨ ᠳ᠋ᠦ᠍ ᠰᠤᠷᠭᠠᠯ ᠬᠡᠷᠡᠭ ᠦᠭᠡᠢ
ᠡᠨᠡ ᠪᠠ ᠬᠣᠢᠲᠤ ᠶ᠋ᠢᠨ ᠰᠡᠭᠦᠯ ᠢ᠋ ᠦᠯᠦ ᠪᠣᠳᠣᠭᠴᠢ ᠬᠥᠮᠦᠨ ᠳ᠋ᠦ᠍ ᠰᠤᠷᠭᠠᠯ ᠬᠡᠷᠡᠭ ᠦᠭᠡᠢ ᠬᠡᠮᠡᠪᠡᠢ᠃
ᠤᠴᠢᠷ ᠢ᠋ ᠤᠬᠠᠬᠤ ᠰᠠᠷᠠᠭᠤᠯ ᠤᠬᠠᠭᠠᠨ ᠲᠠᠢ ᠬᠥᠮᠦᠨ ᠳ᠋ᠦ᠍ ᠰᠤᠷᠭᠠᠯ ᠬᠡᠷᠡᠭ ᠲᠡᠢ
ᠦᠨᠡᠨ ᠢ᠋ ᠪᠠᠷᠢᠭᠴᠢ ᠰᠢᠳᠤᠷᠭᠤ ᠬᠥᠮᠦᠨ ᠳ᠋ᠦ᠍ ᠰᠤᠷᠭᠠᠯ ᠬᠡᠷᠡᠭ ᠲᠡᠢ
ᠤᠯᠠᠮ ᠢ᠋ᠶ᠋ᠠᠷ ᠪᠤᠶᠠᠨ ᠢ᠋ ᠬᠤᠷᠢᠶᠠᠭᠴᠢ ᠬᠥᠮᠦᠨ ᠳ᠋ᠦ᠍ ᠰᠤᠷᠭᠠᠯ ᠬᠡᠷᠡᠭ ᠲᠡᠢ
ᠸᠴᠢᠷᠳᠠᠷ᠎ᠠ ᠯᠠᠮᠠ ᠶ᠋ᠢᠨ ᠵᠠᠷᠯᠢᠭ ᠢ᠋ ᠬᠠᠳᠠᠭᠠᠯᠠᠭᠴᠢ ᠬᠥᠮᠦᠨ ᠳ᠋ᠦ᠍ ᠰᠤᠷᠭᠠᠯ ᠬᠡᠷᠡᠭ ᠲᠡᠢ
ᠣᠯᠠᠨ ᠡᠵᠡᠳ ᠨᠣᠶᠠᠳ ᠢ᠋ ᠬᠦᠨᠳᠦᠯᠡᠭᠴᠢ ᠬᠥᠮᠦᠨ ᠳ᠋ᠦ᠍ ᠰᠤᠷᠭᠠᠯ ᠬᠡᠷᠡᠭ ᠲᠡᠢ
ᠣᠯᠠᠨ ᠨᠥᠬᠥᠳ ᠲᠡᠢ ᠲᠠᠭᠠᠷᠠᠭᠴᠢ ᠬᠥᠮᠦᠨ ᠳ᠋ᠦ᠍ ᠰᠤᠷᠭᠠᠯ ᠬᠡᠷᠡᠭ ᠲᠡᠢ
ᠦᠬᠦᠬᠦ ᠡᠪᠡᠳᠬᠦ ᠶ᠋ᠢᠨ ᠵᠣᠪᠠᠯᠠᠩ ᠢ᠋ ᠰᠠᠨᠠᠵᠤ ᠠᠶᠤᠭᠴᠢ ᠬᠥᠮᠦᠨ ᠳ᠋ᠦ᠍ ᠰᠤᠷᠭᠠᠯ ᠬᠡᠷᠡᠭ ᠲᠡᠢ
ᠦᠯᠡᠮᠵᠢ ᠳᠡᠭᠡᠳᠦ ᠶ᠋ᠢᠨ ᠨᠣᠮ ᠢ᠋ ᠡᠳ᠋ᠯᠡᠭᠴᠢ ᠬᠥᠮᠦᠨ ᠳ᠋ᠦ᠍ ᠰᠤᠷᠭᠠᠯ ᠬᠡᠷᠡᠭ ᠲᠡᠢ
ᠰᠤᠷᠭᠠᠭᠴᠢ ᠠᠨᠤ
ᠵᠣᠷᠢᠭ ᠢ᠋ᠶ᠋ᠠᠷ ᠪᠤᠰᠤ᠂ ᠦᠨᠡᠨ ᠢ᠋ᠶ᠋ᠡᠷ ᠪᠣᠯᠪᠠᠰᠤ ᠰᠤᠷᠭᠠᠵᠤ ᠪᠣᠯᠤᠮᠤᠢ
ᠵᠣᠷᠢᠭᠤᠳᠠ ᠪᠤᠰᠤ᠂ ᠬᠠᠯᠠᠮᠵᠢᠯᠠᠬᠤ ᠰᠡᠳᠬᠢᠯ ᠢ᠋ᠶ᠋ᠡᠷ ᠪᠣᠯᠪᠠᠰᠤ ᠰᠤᠷᠭᠠᠵᠤ ᠪᠣᠯᠤᠮᠤᠢ
ᠵᠣᠪᠠᠯᠠᠩᠲᠤ ᠤᠢᠯᠠᠨ ᠠ᠋ᠴᠠ ᠵᠠᠢᠯᠠᠬᠤ ᠪᠣᠯᠪᠠᠰᠤ ᠰᠤᠷᠭᠠᠵᠤ ᠪᠣᠯᠤᠮᠤᠢ
ᠥᠪᠡᠷ ᠢ᠋ᠶ᠋ᠡᠨ ᠡᠰᠡ ᠮᠡᠳᠡᠪᠡᠰᠦ ᠳᠡᠭᠡᠳᠦ ᠶ᠋ᠢᠨ ᠵᠠᠷᠯᠢᠭ ᠲᠠᠢ ᠪᠣᠯᠪᠠᠰᠤ ᠰᠤᠷᠭᠠᠵᠤ ᠪᠣᠯᠤᠮᠤᠢ
ᠦᠯᠡᠮᠵᠢ ᠮᠡᠷᠭᠡᠨ ᠡᠰᠡ ᠪᠣᠯᠪᠠᠴᠤ ᠣᠮᠣᠭ ᠰᠡᠳᠬᠢᠯ ᠦᠭᠡᠢ ᠪᠣᠯᠪᠠᠰᠤ ᠰᠤᠷᠭᠠᠵᠤ ᠪᠣᠯᠤᠮᠤᠢ ᠬᠡᠮᠡᠪᠡᠢ
ᠲᠡᠷᠡ ᠬᠥᠮᠦᠨ ᠲᠡᠢᠮᠦ ᠪᠥᠭᠡᠰᠦ᠃ ᠨᠠᠳᠤᠷ ᠮᠡᠳᠡᠬᠦ ᠳ᠋ᠦ᠍ ᠬᠢᠮᠳᠠ᠃ ᠬᠢᠬᠦ ᠳ᠋ᠦ᠍ ᠬᠢᠯᠪᠠᠷ
ᠶᠠᠪᠤᠬᠤ ᠳ᠋ᠤ᠌ ᠠᠮᠤᠷ᠃ ᠰᠠᠨᠠᠬᠤ ᠳ᠋ᠤ᠌ ᠲᠣᠮᠢᠶᠠᠲᠠᠢ ᠨᠢᠭᠡᠨ ᠰᠤᠷᠭᠠᠯ ᠢ᠋ ᠠᠢᠯᠠᠳᠴᠤ ᠬᠠᠢᠷᠠᠯᠠᠮᠤ
ᠭᠠᠳᠠᠨ᠎ᠠ ᠪᠡᠶ᠎ᠡ ᠶ᠋ᠢᠨ ᠶᠠᠪᠤᠳᠠᠯ᠂ ᠳᠣᠲᠣᠭᠠᠳᠤ ᠬᠡᠯᠡᠨ ᠦ᠌ ᠦᠭᠡ᠃ ᠨᠢᠭᠤᠴᠠ ᠰᠡᠳᠬᠢᠯ ᠦ᠋ᠨ ᠴᠢᠭ ᠭᠤᠷᠪᠠᠭᠤᠯᠠ ᠶ᠋ᠢᠨ ᠶᠡᠷᠦᠩᠬᠡᠢ ᠶ᠋ᠢᠨ ᠪᠠᠢᠳᠠᠯ ᠢ᠋ ᠶᠠᠮᠪᠠᠷ ᠮᠡᠲᠦ ᠶᠠᠪᠤᠮᠤᠢ᠃ ᠭᠠᠳᠠᠭᠠᠳᠤ ᠠᠮᠢᠨ ᠦ᠌ ᠠᠵᠤ ᠲᠥᠷᠥᠬᠦ᠃ ᠳᠣᠲᠣᠭᠠᠳᠤ ᠶᠡᠬᠡ ᠪᠠᠭ᠎ᠠ ᠲᠥᠷᠥ ᠶ᠋ᠢᠨ ᠨᠢᠭᠤᠴᠠ ᠶᠠᠪᠤᠳᠠᠯ᠃ ᠳᠡᠭᠡᠳᠦ ᠶ᠋ᠢᠨ ᠨᠣᠮ ᠢ᠋ ᠪᠦᠲᠦᠭᠡᠬᠦ ᠶ᠋ᠢᠨ ᠵᠡᠷᠭᠡ ᠶ᠋ᠢ ᠶᠠᠮᠪᠠᠷ ᠮᠡᠲᠦ ᠶᠠᠪᠤᠮᠤᠢ᠃ ᠵᠢᠷᠭᠠᠬᠤ ᠴᠠᠭ ᠲᠤ᠌ ᠰᠠᠨᠠᠬᠤ ᠰᠠᠨᠠᠭ᠎ᠠ᠃ ᠵᠣᠪᠠᠬᠤ ᠴᠠᠭ ᠲᠤ᠌ ᠬᠠᠲᠠᠮᠵᠢᠯᠠᠬᠤ ᠰᠡᠳᠬᠢᠯ ᠢ᠋ ᠨᠠᠳᠤᠷ ᠠᠢᠯᠠᠳᠴᠤ ᠬᠠᠢᠷᠠᠯᠠ ᠬᠡᠮᠡᠭᠰᠡᠨ ᠳ᠋ᠦ᠍ᠷ᠃
ᠨᠢᠰᠬᠡᠭᠴᠢ ᠬᠥᠮᠦᠨ ᠥᠭᠦᠯᠡᠷᠦᠨ᠄ ᠭᠠᠳᠠᠭᠠᠳᠤ ᠪᠡᠶ᠎ᠡ ᠶ᠋ᠢᠨ ᠶᠠᠪᠤᠳᠠᠯ ᠬᠡᠮᠡᠪᠡᠰᠦ
ᠶᠣᠰᠣᠲᠠᠨ ᠢ᠋ ᠬᠦᠨᠳᠦᠯᠡ
ᠨᠠᠰᠤᠲᠠᠨ ᠢ᠋ ᠪᠠᠶᠠᠷᠯᠠᠭᠤᠯ
ᠠᠴᠢᠲᠠᠨ ᠢ᠋ᠶ᠋ᠠᠨ ᠡᠷᠭᠦ ᠪᠠᠴᠢᠲᠠᠨ ᠠ᠋ᠴᠠ ᠵᠠᠢᠯᠠ
ᠰᠠᠢᠨ ᠠ᠋ᠴᠠ ᠪᠦᠦ ᠰᠠᠯ
ᠰᠠᠳᠤᠨ ᠢ᠋ ᠪᠦᠦ ᠡᠷᠢ
ᠣᠯᠠᠨ ᠢ᠋ ᠪᠦᠦ ᠠᠷᠠᠯᠵᠢ
ᠣᠭᠲᠣ ᠪᠦᠦ ᠬᠠᠷᠠᠮᠯᠠ
ᠣᠯᠠᠨ ᠳᠠᠷᠠᠭ᠎ᠠ ᠪᠠᠷ ᠬᠡᠷᠡᠭ ᠦᠭᠡᠢ ᠶᠠᠪᠤᠳᠠᠯ ᠢ᠋ ᠪᠦᠦ ᠠᠷᠪᠢᠳᠬᠠ
ᠣᠨᠴᠠ ᠵᠦᠷᠢᠭᠦᠯᠭᠡᠲᠦ ᠳᠡᠭᠡᠳᠦᠰ ᠡᠴᠡ ᠪᠦᠦ ᠰᠠᠯ
ᠮᠠᠭᠤ ᠨᠥᠬᠥᠷ ᠲᠡᠢ ᠪᠦᠦ ᠨᠥᠬᠥᠴᠡ
ᠵᠦᠢᠯ ᠪᠦᠷᠢ ᠶ᠋ᠢᠨ ᠬᠤᠪᠴᠠᠰᠤ ᠪᠦᠦ ᠡᠮᠦᠰ
ᠵᠦᠭ ᠲᠠᠯ᠎ᠠ ᠦᠭᠡᠢ ᠪᠦᠦ ᠭᠠᠢᠬᠠᠭᠤᠯ
ᠬᠡᠯᠡᠨ ᠦ᠌ ᠥᠭᠦᠯᠡᠬᠦ ᠬᠡᠮᠡᠪᠡᠰᠦ
ᠬᠡᠪᠴᠡᠭᠡᠢᠷᠬᠡᠵᠦ ᠬᠡᠷᠡᠭᠦᠯ ᠪᠦᠦ ᠡᠭᠦᠰᠭᠡ
ᠬᠡᠭᠵᠢᠭᠦᠷᠬᠡᠵᠦ ᠣᠮᠣᠭ ᠪᠦᠦ ᠡᠭᠦᠰᠬᠡ
ᠬᠡᠯᠪᠡᠷᠢᠵᠦ ᠣᠯᠠᠨ ᠶᠠᠩᠵᠤ ᠪᠦᠦ ᠤᠷᠪᠠ
ᠬᠣᠴᠣᠷᠴᠤ ᠨᠥᠬᠥᠷ ᠦᠭᠡᠢ ᠪᠦᠦ ᠰᠠᠭᠤ
ᠰᠠᠪᠠᠭ᠎ᠠ ᠦᠭᠡᠢ ᠲᠣᠭᠯᠠᠭᠠᠮ ᠪᠦᠦ ᠲᠣᠭᠯᠠ
ᠰᠠᠨᠠᠮᠰᠠᠷ ᠦᠭᠡᠢ ᠦᠭᠡ ᠪᠦᠦ ᠬᠡᠯᠡ
ᠡᠪᠯᠡᠵᠦ ᠮᠠᠭᠤ ᠰᠠᠨᠠᠭᠠᠲᠠᠨ ᠲᠠᠢ ᠪᠦᠦ ᠵᠥᠪᠰᠢ
ᠡᠪᠳᠡᠷᠡᠵᠦ ᠣᠯᠠᠨ ᠵᠠᠩ ᠪᠦᠦ ᠭᠠᠷᠭ᠎ᠠ
ᠬᠣᠣᠷᠳᠠᠵᠤ ᠪᠤᠰᠤᠳ ᠤ᠋ᠨ ᠭᠡᠮ ᠢ᠋ ᠪᠦᠦ ᠮᠠᠯᠲᠠ
ᠬᠣᠪᠰᠣᠷᠠᠵᠤ ᠬᠡᠷᠡᠭ ᠦᠭᠡᠢ ᠦᠭᠡ ᠪᠦᠦ ᠵᠦᠬᠡᠭᠡ
ᠬᠠᠭᠤᠷᠴᠤ ᠡᠯᠳᠡᠪ ᠪᠠᠰᠢᠷ ᠪᠦᠦ ᠬᠡᠯᠡ ᠬᠡᠮᠡᠪᠡᠢ᠃
ᠰᠡᠳᠬᠢᠯ ᠦ᠋ᠨ ᠴᠢᠭ ᠬᠡᠮᠡᠪᠡᠰᠦ
ᠰᠢᠨᠵᠢᠯᠡᠯ ᠦᠭᠡᠢ ᠪᠦᠦ ᠰᠡᠳᠬᠢ
ᠰᠡᠷᠡᠮᠵᠢ ᠦᠭᠡᠢ ᠪᠦᠦ ᠵᠠᠯᠢᠬᠠᠢᠷᠠ
ᠭᠡᠨᠡᠳᠲᠡ ᠨᠥᠬᠥᠷ ᠢ᠋ ᠪᠦᠦ ᠢᠳᠡᠭᠡ
ᠭᠡᠨᠡᠳᠡᠵᠦ ᠬᠥᠮᠦᠨ ᠡᠴᠡ ᠪᠦᠦ ᠤᠷᠢᠳᠠ
ᠪᠤᠷᠤᠭᠤ ᠶᠠᠭᠤᠮ᠎ᠠ ᠶ᠋ᠢ ᠪᠦᠦ ᠥᠮᠥᠭᠡᠷᠡ
ᠪᠤᠰᠤᠳ ᠤ᠋ᠨ ᠶᠠᠭᠤᠮᠠᠨ ᠳ᠋ᠤ᠌ ᠪᠦᠦ ᠰᠢᠨᠤ
ᠪᠤᠵᠠᠭᠠᠢ ᠳᠡᠭᠡᠷᠡᠩᠭᠦᠢ ᠪᠦᠦ ᠵᠠᠩᠨᠠ
ᠪᠤᠵᠠᠷ ᠬᠢᠯᠢᠨᠴᠡ ᠶ᠋ᠢ ᠪᠦᠦ ᠡᠭᠦᠰᠬᠡ
ᠴᠢᠯᠥᠭᠡ ᠦᠭᠡᠢ ᠭᠡᠵᠦ ᠪᠦᠦ ᠠᠯᠭᠠᠰᠠ
ᠴᠢᠳᠠᠯ ᠦᠭᠡᠢ ᠪᠠᠢᠵᠤ ᠪᠤᠰᠤᠳ ᠢ᠋ ᠪᠦᠦ ᠳᠠᠭᠤᠷᠢᠶᠠ
ᠮᠠᠭᠠᠳ ᠳᠡᠭᠡᠳᠦᠰ ᠢ᠋ ᠣᠯᠵᠤ ᠨᠥᠬᠥᠷᠯᠡ
ᠮᠠᠭᠤ ᠶᠠᠪᠤᠳᠠᠯᠲᠠᠨ ᠠ᠋ᠴᠠ ᠨᠠᠰᠤᠳᠠ ᠳᠤᠲᠠᠭ᠎ᠠ
ᠰᠠᠨᠠᠭᠰᠠᠨ ᠪᠦᠷᠢ ᠶ᠋ᠢ ᠪᠦᠦ ᠶᠠᠷᠢ
ᠰᠠᠯᠬᠤ ᠤᠴᠠᠷᠠᠬᠤ ᠳ᠋ᠤ᠌ ᠪᠦᠦ ᠭᠣᠮᠣᠳᠠ
ᠪᠤᠶᠠᠨᠲᠠᠢ ᠰᠠᠨᠠᠭᠠᠨ ᠠ᠋ᠴᠠ ᠪᠦᠦ ᠬᠣᠯᠠᠳᠠ
ᠪᠣᠳᠢ ᠰᠡᠳᠬᠢᠯ ᠢ᠋ ᠪᠦᠦ ᠮᠠᠷᠲᠠ
ᠨᠡᠢᠲᠡ ᠶ᠋ᠢ ᠲᠣᠪᠴᠢᠯᠠᠪᠠᠰᠤ
ᠰᠠᠮᠠᠭᠤᠨ ᠬᠥᠮᠦᠨ ᠲᠡᠢ ᠪᠦᠦ ᠤᠴᠠᠷᠠ
ᠰᠠᠨᠠᠭᠰᠠᠨ ᠪᠦᠷᠢ ᠶ᠋ᠢ ᠪᠦᠦ ᠢᠯᠡᠳᠬᠡ
ᠲᠡᠷᠡ ᠡᠨᠡ ᠭᠡᠵᠦ ᠪᠦᠦ ᠡᠷᠡᠯᠭᠡ
ᠲᠡᠩᠬᠢᠬᠦ ᠢᠩᠭᠢᠬᠦ ᠭᠡᠵᠦ ᠪᠦᠦ ᠵᠠᠷᠯᠠ
ᠰᠣᠨᠵᠢᠯᠠᠪᠠᠰᠣ ᠪᠦᠦ ᠠᠭᠤᠷᠯᠠ
ᠰᠣᠨᠢᠷᠬᠠᠵᠤ ᠪᠦᠦ ᠤᠷᠪᠠ
ᠦᠭᠪᠡᠰᠦ ᠡᠳ᠋ ᠮᠥᠨ
ᠰᠠᠬᠢᠪᠠᠰᠤ ᠰᠠᠨᠸᠠᠷ ᠮᠥᠨ
ᠬᠦᠯᠢᠴᠡᠪᠡᠰᠦ ᠬᠤᠶᠠᠭ ᠮᠥᠨ
ᠬᠢᠴᠢᠶᠡᠪᠡᠰᠦ ᠪᠣᠳᠢ ᠮᠥᠨ
ᠡᠰᠡ ᠮᠠᠷᠲᠠᠪᠠᠰᠤ ᠪᠢᠰᠢᠯᠭᠠᠯ ᠮᠥᠨ
ᠮᠡᠳᠡᠪᠡᠰᠦ ᠪᠢᠯᠢᠭ ᠮᠥᠨ
ᠮᠤᠩᠬᠠᠭ ᠬᠥᠮᠦᠨ ᠲᠡᠢ ᠣᠷᠣᠯᠳᠣᠪᠠᠰᠤ
ᠦᠢᠯᠡ ᠶ᠋ᠢᠨ ᠦᠷ᠎ᠡ ᠶ᠋ᠢ ᠦᠯᠦ ᠮᠡᠳᠡᠬᠦ ᠲᠤᠯᠠ ᠥᠪᠡᠷ ᠢ᠋ᠶ᠋ᠡᠨ ᠭᠣᠳᠣᠮᠤᠢ
ᠬᠦᠰᠡᠯ ᠲᠡᠢ ᠬᠥᠮᠦᠨ ᠢ᠋ ᠴᠢᠩᠭ᠎ᠠ ᠬᠣᠷᠢᠭᠯᠠᠪᠠᠰᠤ
ᠭᠠᠩᠰᠠᠷᠠᠬᠤ ᠲᠤᠯᠠ ᠠᠷᠭ᠎ᠠ ᠪᠠᠷ ᠨᠣᠮᠣᠬᠠᠳᠬᠠ
ᠠᠭᠤᠷ ᠲᠠᠢ ᠬᠥᠮᠦᠨ ᠢ᠋ ᠰᠢᠷᠦᠭᠦᠨ ᠬᠡᠯᠡᠪᠡᠰᠦ ᠠᠶᠤᠯ ᠪᠣᠯᠬᠤ ᠲᠤᠯᠠ ᠤᠯᠠᠮ ᠢ᠋ᠶ᠋ᠠᠷ ᠤᠬᠠᠭᠤᠯ
ᠣᠮᠣᠭ ᠲᠠᠢ ᠬᠥᠮᠦᠨ ᠢ᠋ ᠳᠠᠷᠤᠯᠠᠪᠠᠰᠤ ᠬᠣᠷᠣᠰᠬᠤ ᠲᠤᠯᠠ ᠨᠡᠷ᠎ᠡ ᠴᠣᠯᠠ ᠪᠠᠷ ᠪᠠᠶᠠᠰᠬ᠎ᠠ
ᠳᠡᠭᠡᠷᠡᠩᠭᠦᠢ ᠬᠥᠮᠦᠨ ᠢ᠋ ᠬᠥᠭᠵᠢᠭᠡᠪᠡᠰᠦ ᠬᠡᠷᠡᠭ ᠭᠠᠷᠬᠤ ᠲᠤᠯᠠ ᠶᠡᠬᠡ ᠪᠢᠲᠡᠭᠡᠢ ᠬᠡᠷᠡᠭᠰᠡ
ᠠᠲᠠᠭᠠᠴᠢ ᠬᠥᠮᠦᠨ ᠳ᠋ᠦ᠍ ᠨᠢᠭᠤᠷ ᠡᠰᠡ ᠥᠭᠪᠡᠰᠦ ᠭᠣᠮᠣᠳᠠᠬᠤ ᠲᠤᠯᠠ ᠰᠠᠢᠬᠠᠨ ᠵᠠᠩᠨᠠ
ᠬᠠᠷᠠᠮᠴᠢ ᠬᠥᠮᠦᠨ ᠨᠢᠭᠡᠨ ᠰᠢᠷᠬᠡᠭ ᠤᠲᠠᠰᠤ ᠶ᠋ᠢ ᠴᠦ᠍ ᠪᠣᠯᠪᠠ ᠬᠠᠷᠠᠮᠯᠠᠬᠤ ᠲᠤᠯᠠ ᠠᠷᠠᠯᠵᠢᠶ᠎ᠠ ᠪᠦᠦ ᠬᠢ
ᠵᠢᠰᠤᠷᠴᠢ ᠬᠥᠮᠦᠨ ᠲᠡᠢ ᠨᠥᠬᠥᠷᠯᠡᠪᠡᠰᠦ ᠵᠣᠷᠢᠭ ᠢ᠋ᠶ᠋ᠠᠷ ᠰᠤᠷᠬᠤ ᠲᠤᠯᠠ ᠳᠣᠣᠷᠠᠲᠤ ᠰᠠᠭᠤᠳᠠᠯ ᠢ᠋ ᠪᠡᠷᠢ
ᠬᠣᠪᠴᠢ ᠬᠥᠮᠦᠨ ᠲᠡᠢ ᠬᠡᠯᠡᠯᠴᠡᠪᠡᠰᠦ ᠪᠤᠰᠤᠳ ᠤ᠋ᠨ ᠭᠡᠮ ᠢ᠋ ᠰᠣᠨᠣᠰᠬᠤ ᠲᠤᠯᠠ ᠦᠭᠡ ᠶ᠋ᠢ ᠪᠢᠲᠡᠭᠡᠢ ᠢᠳᠡᠭᠡ
ᠶᠡᠬᠡ ᠬᠥᠮᠦᠨ ᠢ᠋ ᠡᠰᠡ ᠨᠢᠭᠤᠷᠳᠠᠪᠠᠰᠤ᠂ ᠥᠮᠥᠭ ᠦᠭᠡᠢ ᠪᠣᠯᠬᠤ ᠲᠤᠯᠠ ᠶᠣᠰᠣ ᠶ᠋ᠢᠨ ᠳᠣᠲᠣᠷ᠎ᠠ ᠰᠠᠢᠬᠠᠨ ᠬᠦᠨᠳᠦᠯᠡ
ᠪᠣᠭᠣᠯ ᠬᠥᠮᠦᠨ ᠢ᠋ ᠡᠰᠡ ᠪᠠᠶᠠᠷᠯᠠᠭᠤᠯᠪᠠᠰᠤ ᠶᠠᠪᠤᠳᠠᠯ ᠬᠣᠵᠢᠮᠳᠠᠬᠤ ᠲᠤᠯᠠ ᠪᠠᠭ᠎ᠠ ᠰᠠᠭ᠎ᠠ ᠶᠠᠭᠤᠮ᠎ᠠ ᠥᠭ
ᠥᠷᠢ ᠪᠦᠦ ᠬᠢ
ᠥᠭᠯᠢᠭᠡ ᠪᠦᠦ ᠳᠠᠰᠤᠯ
ᠬᠤᠯᠠᠭᠠᠢ ᠪᠦᠦ ᠬᠢ
ᠬᠣᠪᠰᠣᠷᠠᠭᠠᠨ ᠪᠦᠦ ᠵᠠᠩᠨᠠ
ᠣᠯᠠᠨ ᠠ᠋ᠴᠠ ᠵᠥᠪᠰᠢ
ᠣᠨᠴᠠ ᠥᠪᠡᠷ ᠦ᠋ᠨ ᠰᠠᠨᠠᠭ᠎ᠠ ᠶ᠋ᠢ ᠰᠡᠭᠦᠯ ᠳ᠋ᠦ᠍ᠷ ᠭᠠᠷᠭ᠎ᠠ
ᠬᠡᠯᠡᠪᠡᠰᠦ ᠪᠦᠦ ᠪᠤᠴᠠ
ᠰᠠᠨᠠᠪᠠᠰᠤ ᠪᠦᠦ ᠮᠠᠷᠲᠠ
ᠬᠥᠮᠦᠨ ᠢ᠋ ᠨᠢᠭᠤᠷᠴᠢᠯᠠᠵᠤ ᠬᠡᠷᠡᠭ ᠢ᠋ ᠪᠤᠷᠤᠭᠤ ᠪᠦᠦ ᠪᠣᠯᠭ᠎ᠠ
ᠬᠥᠮᠦᠨ ᠳ᠋ᠦ᠍ ᠴᠢᠭ ᠦᠭᠡᠢ ᠪᠦᠦ ᠰᠠᠭᠤ
ᠪᠠᠰᠠ ᠰᠠᠢᠬᠠᠨ ᠵᠠᠩ ᠦᠭᠡᠢ ᠪᠦᠦ ᠰᠠᠭᠤ
ᠡᠳᠡ ᠬᠡᠮᠡᠪᠡᠰᠦ ᠶᠢᠷᠲᠢᠨᠴᠦ ᠶ᠋ᠢᠨ ᠶᠣᠰᠣᠨ ᠤ᠋ ᠰᠤᠷᠭᠠᠯ ᠪᠣᠯᠠᠢ
ᠡᠳᠦᠭᠡ ᠨᠣᠮ ᠤ᠋ᠨ ᠶᠣᠰᠣᠨ ᠤ᠋ ᠰᠤᠷᠭᠠᠯ ᠬᠡᠮᠡᠪᠡᠰᠦ
ᠪᠡᠶ᠎ᠡ ᠶ᠋ᠢ ᠲᠣᠣᠷ ᠠ᠋ᠴᠠ ᠠᠯᠳᠠᠭᠤᠯᠤᠭᠰᠠᠨ ᠰᠢᠪᠠᠭᠤ ᠮᠡᠲᠦ ᠠᠭᠯᠠᠭ ᠢ᠋ ᠰᠢᠳᠦ
ᠬᠡᠯᠡ ᠶ᠋ᠢ ᠬᠢᠲᠠᠳ ᠭᠬᠢᠪ ᠦ᠋ᠨ ᠵᠠᠩᠭᠢᠯᠠᠭ᠎ᠠ ᠮᠡᠲᠦ ᠠᠯᠳᠠᠷᠠᠯᠲᠠ ᠦᠭᠡᠢ ᠪᠤᠭᠤ
ᠤᠷᠢᠳ ᠤ᠋ᠨ ᠬᠢᠭᠰᠡᠨ ᠬᠢᠯᠢᠨᠴᠡ ᠡᠴᠡ ᠬᠣᠣᠷ ᠢᠳᠡᠭᠰᠡᠨ ᠮᠡᠲᠦ ᠬᠠᠰᠢᠷᠠ
ᠮᠠᠭᠠᠳ ᠭᠠᠷᠬᠤ ᠪᠤᠶᠠᠨᠲᠠᠢ ᠰᠡᠳᠬᠢᠯ ᠢ᠋ ᠠᠮᠢ ᠮᠡᠲᠦ ᠡᠩᠬᠦᠷᠡᠢᠯᠡ
ᠬᠢᠯᠢᠨᠴᠡᠲᠦ ᠨᠥᠬᠥᠷ ᠡᠴᠡ ᠠᠪᠤᠷᠭᠤ ᠮᠣᠭᠠᠢ ᠦᠵᠡᠭᠰᠡᠨ ᠮᠡᠲᠦ ᠵᠠᠢᠯᠠ
ᠪᠤᠶᠠᠨ ᠤ᠋ ᠰᠠᠳᠤᠨ ᠢ᠋ ᠥᠪᠡᠷ ᠦ᠋ᠨ ᠲᠣᠯᠣᠭᠠᠢ ᠮᠡᠲᠦ ᠡᠷᠭᠦ
ᠰᠡᠳᠬᠢᠯ ᠦ᠋ᠨ ᠡᠷᠳᠡᠮ ᠢ᠋ ᠶᠠᠰᠤᠲᠤ ᠮᠡᠯᠡᠬᠡᠢ ᠶ᠋ᠢᠨ ᠭᠡᠰᠢᠭᠦᠦ ᠮᠡᠲᠦ ᠨᠢᠭᠤ
ᠤᠰᠬᠠᠯ ᠵᠥᠭᠡᠯᠡᠨ ᠵᠠᠩ ᠢ᠋ ᠮᠥᠷᠡᠨ ᠦ᠌ ᠤᠷᠤᠰᠬᠠᠯ ᠮᠡᠲᠦ ᠦᠷᠭᠦᠯᠵᠢᠯᠡᠨ ᠤᠨᠳᠤᠷᠭ᠎ᠠ
ᠭᠠᠭᠴᠠ ᠵᠣᠷᠢᠭ ᠢ᠋ ᠫᠤᠤ ᠶ᠋ᠢᠨ ᠰᠤᠮᠤ ᠮᠡᠲᠦ ᠴᠢᠭᠯᠡ
ᠭᠤᠷᠪᠠᠨ ᠡᠷᠳᠡᠨᠢ ᠶ᠋ᠢᠨ ᠦᠢᠯᠡᠰ ᠲᠣᠷ ᠮᠣᠷᠢ ᠨᠣᠬᠠᠢ ᠮᠡᠲᠦ ᠵᠢᠳᠬᠦ
ᠣᠯᠠᠨ ᠬᠠᠮᠤᠭ ᠠᠮᠢᠲᠠᠨ ᠳ᠋ᠤᠷ ᠰᠠᠯ ᠣᠩᠭᠣᠴᠠ ᠮᠡᠲᠦ ᠪᠣᠭᠣᠯ ᠰᠡᠳᠬᠢᠯ ᠢ᠋ ᠪᠡᠷᠢ
ᠲᠠᠩᠭᠠᠷᠢᠭ ᠰᠠᠨᠸᠠᠷ ᠬᠣᠶᠠᠷ ᠢ᠋ ᠰᠢᠯ ᠲᠣᠯᠢ ᠮᠡᠲᠦ ᠬᠠᠢᠷᠠᠯᠠ
ᠥᠪᠡᠷ ᠦ᠋ᠨ ᠪᠡᠶ᠎ᠡ ᠶ᠋ᠢᠨ ᠭᠡᠮ ᠢ᠋ ᠰᠠᠯᠬᠢᠨ ᠮᠡᠲᠦ ᠠᠯᠳᠠᠷᠰᠢᠭᠤᠯ
ᠵᠥᠪ ᠪᠣᠯᠪᠠᠰᠤ ᠳᠠᠢᠰᠤᠨ ᠢ᠋ ᠪᠣᠯᠪᠠᠴᠤ ᠦᠢᠯᠡᠳ
ᠪᠤᠷᠤᠭᠤ ᠪᠣᠯᠪᠠᠰᠤ ᠬᠠᠭᠠᠨ ᠤ᠋ ᠰᠠᠭᠤᠳᠠᠯ ᠳ᠋ᠤ᠌ ᠰᠠᠭᠤᠪᠠᠴᠤ ᠵᠠᠢᠯᠠ
ᠪᠤᠶᠠᠨ ᠪᠣᠯᠬᠤ ᠪᠣᠯᠪᠠᠰᠤ ᠬᠢᠯᠢᠨᠴᠡ ᠮᠡᠲᠦ ᠪᠣᠯᠪᠠᠴᠤ ᠦᠢᠯᠡᠳ
ᠬᠢᠯᠢᠨᠴᠡ ᠪᠣᠯᠬᠤ ᠪᠣᠯᠪᠠᠰᠤ ᠪᠤᠶᠠᠨ ᠮᠡᠲᠦ ᠪᠣᠯᠪᠠᠴᠤ ᠲᠡᠪᠴᠢ
ᠦᠯᠢᠭᠡᠷᠯᠡᠪᠡᠰᠦ ᠬᠥᠮᠦᠨ ᠲᠡᠢ ᠠᠳᠠᠯᠢ ᠪᠣᠯᠪᠠᠴᠤ ᠷᠣᠯᠠᠩ ᠪᠣᠯᠪᠠᠰᠤ ᠪᠦᠦ ᠤᠴᠠᠷᠠ
ᠭᠠᠯᠵᠠᠭᠤ ᠲᠠᠢ ᠠᠳᠠᠯᠢ ᠪᠣᠯᠪᠠᠴᠤ ᠳᠡᠭᠡᠳᠦᠰ ᠲᠥᠷᠥᠯᠬᠢᠲᠡᠨ ᠪᠣᠯᠪᠠᠰᠤ ᠰᠢᠳᠦ
ᠲᠡᠭᠦᠨᠴᠢᠯᠡᠨ ᠪᠢᠯᠢᠭ ᠪᠣᠢ ᠪᠥᠭᠡᠰᠦ ᠡᠷᠳᠡᠮ ᠦᠯᠦ ᠪᠣᠯᠬᠤ ᠶᠠᠭᠤᠮ᠎ᠠ ᠨᠢᠭᠡᠴᠦ ᠦᠭᠡᠢ
ᠰᠦᠰᠦᠭ ᠪᠣᠢ ᠪᠥᠭᠡᠰᠦ ᠠᠳᠢᠰ ᠦᠯᠦ ᠭᠠᠷᠬᠤ ᠶᠠᠭᠤᠮ᠎ᠠ ᠨᠢᠭᠡᠴᠦ ᠦᠭᠡᠢ
ᠬᠢᠴᠢᠶᠡᠩᠭᠦᠢ ᠪᠣᠢ ᠪᠥᠭᠡᠰᠦ ᠦᠯᠦ ᠪᠦᠲᠦᠬᠦ ᠶᠠᠭᠤᠮ᠎ᠠ ᠨᠢᠭᠡᠴᠦ ᠦᠭᠡᠢ
ᠪᠣᠳᠢ ᠰᠡᠳᠬᠢᠯ ᠪᠣᠢ ᠪᠥᠭᠡᠰᠦ ᠨᠥᠬᠥᠷ ᠦᠯᠦ ᠪᠣᠯᠬᠤ ᠠᠮᠢᠲᠠᠨ ᠨᠢᠭᠡᠴᠦ ᠦᠭᠡᠢ ᠬᠡᠮᠡᠪᠡᠢ᠃
ᠲᠡᠷᠡ ᠴᠠᠭ ᠲᠤ᠌᠂ ᠪᠢᠯᠢᠭ ᠲᠡᠢ ᠪᠥᠭᠡᠰᠦ ᠶᠠᠭᠤᠮ᠎ᠠ ᠪᠦᠭᠦᠳᠡ ᠡᠷᠳᠡᠮ ᠪᠣᠯᠬᠤ ᠤᠴᠢᠷ ᠶᠠᠭᠤ ᠪᠣᠢ
ᠬᠡᠮᠡᠭᠰᠡᠨ ᠳ᠋ᠦ᠍ᠷ ᠦᠯᠢᠭᠡᠷᠯᠡᠪᠡᠰᠦ
ᠴᠢᠯᠠᠭᠤᠨ ᠬᠣᠣᠷ ᠡᠮᠴᠢ ᠬᠥᠮᠦᠨ ᠳ᠋ᠦ᠍ ᠡᠮ
ᠡᠪᠡᠳᠴᠢᠨ ᠳ᠋ᠦ᠍ ᠷᠠᠰᠢᠶᠠᠨ ᠪᠣᠯᠬᠤ
ᠵᠦᠭᠡᠷ ᠬᠥᠮᠦᠨ ᠳ᠋ᠦ᠍ ᠬᠣᠣᠷ ᠪᠣᠯᠤᠭᠰᠠᠨ ᠮᠡᠲᠦ
ᠰᠢᠮ᠎ᠡ ᠶ᠋ᠢ ᠠᠪᠤᠪᠠᠰᠤ᠂ ᠥᠴᠦᠬᠡᠨ ᠶᠠᠭᠤᠮ᠎ᠠ ᠴᠤ᠌ ᠶᠡᠬᠡ ᠡᠷᠳᠡᠮ ᠪᠣᠯᠬᠤ ᠣᠯᠠᠨ ᠪᠣᠢ
ᠬᠣᠷᠣᠬᠠᠢ ᠲᠡᠵᠢᠭᠡᠵᠦ ᠠᠪᠤᠭᠰᠠᠨ ᠰᠢᠯᠦᠰᠦ ᠮᠠᠩᠨᠤᠭ ᠪᠣᠯᠬᠤ ᠶ᠋ᠢ ᠦᠵᠡᠭᠲᠦᠨ
ᠡᠨᠡ ᠦᠶᠡᠰ ᠲᠣᠷ
ᠪᠢᠯᠢᠭ᠂ ᠰᠦᠰᠦᠭ᠂ ᠬᠢᠴᠢᠶᠡᠩᠭᠦᠢ᠂ ᠪᠣᠳᠢ ᠳᠥᠷᠪᠡ
ᠢᠯᠭᠠᠯ᠂ ᠣᠨᠢᠰᠣ᠂ ᠡᠷᠳᠡᠮ᠂ ᠰᠠᠢᠨ ᠳᠥᠷᠪᠡ
ᠡᠭᠦᠨ ᠢ᠋ ᠨᠣᠮᠯᠠᠬᠤ ᠵᠦᠢᠯ ᠡᠭᠡᠷᠡᠰᠢ ᠦᠭᠡᠢ ᠪᠣᠯᠪᠠᠴᠤ
ᠣᠯᠠᠩᠬᠢ ᠠᠨᠤ ᠭᠠᠷ ᠤ᠋ᠨ ᠬᠥᠲᠥᠯᠪᠦᠷᠢ ᠡᠴᠡ ᠰᠣᠷᠣᠮᠤᠢ
ᠲᠣᠪᠴᠢ ᠶ᠋ᠢᠨ ᠲᠡᠳᠦᠢ ᠥᠭᠦᠯᠡᠪᠡᠰᠦ
ᠰᠦᠰᠦᠭ ᠦᠭᠡᠢ ᠪᠥᠭᠡᠰᠦ ᠪᠤᠷᠬᠠᠨ ᠢ᠋ ᠰᠢᠲᠦᠵᠦ ᠦᠯᠦ ᠴᠢᠳᠠᠮᠤᠢ
ᠪᠤᠷᠬᠠᠨ ᠢ᠋ ᠰᠢᠲᠦᠵᠦ ᠡᠰᠡ ᠴᠢᠳᠠᠪᠠᠰᠤ ᠵᠠᠷᠯᠢᠭ ᠢ᠋ ᠳᠠᠭᠠᠵᠤ ᠦᠯᠦ ᠴᠢᠳᠠᠮᠤᠢ
ᠲᠡᠷᠡ ᠬᠣᠶᠠᠷ ᠦᠭᠡᠢ ᠪᠥᠭᠡᠰᠦ ᠠᠪᠬᠤ ᠭᠡᠭᠡᠬᠦ ᠶ᠋ᠢᠨ ᠠᠯᠢᠨ ᠴᠤ᠌ ᠦᠭᠡᠢ ᠪᠤᠷᠤᠭᠤᠳᠠᠮᠤᠢ
ᠬᠢᠴᠢᠶᠡᠩᠭᠦᠢ ᠦᠭᠡᠢ ᠪᠥᠭᠡᠰᠦ ᠲᠤᠭᠤᠷᠪᠢᠭᠰᠠᠨ ᠦᠢᠯᠡ ᠬᠡᠷᠡᠭ ᠦᠭᠡᠢ ᠥᠩᠭᠡᠷᠡᠮᠦᠢ
ᠪᠣᠳᠢ ᠰᠡᠳᠬᠢᠯ ᠲᠡᠢ ᠬᠥᠮᠦᠨ ᠨᠢᠯᠬ᠎ᠠ ᠴᠤ᠌ ᠪᠣᠯᠪᠠ ᠣᠯᠠᠨ ᠢ᠋ ᠠᠶᠤᠯᠭᠠᠮᠤᠢ
ᠬᠣᠣᠷᠯᠠᠬᠤ ᠰᠡᠳᠬᠢᠯ ᠲᠡᠢ ᠬᠥᠮᠦᠨ ᠢᠳᠡᠷ ᠬᠦᠴᠦ ᠲᠡᠢ ᠪᠣᠯᠪᠠᠴᠤ ᠳᠠᠢᠰᠤᠨ ᠢ᠋ ᠠᠷᠪᠢᠳᠬᠠᠮᠤᠢ
ᠠᠯᠠᠭ ᠦᠭᠡᠢ ᠰᠡᠳᠬᠢᠯ ᠲᠡᠢ ᠬᠥᠮᠦᠨ ᠢ᠋ ᠠᠮᠢᠲᠠᠨ ᠪᠦᠷᠢ ᠦᠷᠦ ᠡᠪᠡᠳᠦᠮᠦᠢ
ᠪᠤᠰᠤ ᠪᠠᠰᠠ ᠵᠢᠷᠭᠠᠬᠤ ᠴᠠᠭ ᠲᠤ᠌ ᠲᠠᠰᠢᠭᠤᠷᠠᠯ ᠦᠭᠡᠢ ᠰᠡᠳᠬᠢᠯ ᠢ᠋ ᠳᠠᠷᠤ
ᠬᠠᠢᠷᠠᠲᠠᠢ ᠬᠡᠮᠡᠭᠴᠢ ᠳᠣᠲᠣᠭᠤᠷᠴᠢᠯᠠᠭᠰᠠᠨ ᠤ᠋ ᠨᠡᠷ᠎ᠡ
ᠬᠢᠯᠢᠩᠯᠡᠬᠦ ᠬᠡᠮᠡᠭᠴᠢ ᠤᠷᠢᠨ ᠤ᠋ ᠨᠡᠷ᠎ᠡ
ᠵᠢᠷᠭᠠᠬᠤ ᠬᠡᠮᠡᠭᠴᠢ ᠨᠣᠢᠷ ᠤ᠋ᠨ ᠨᠡᠷ᠎ᠡ
ᠶᠡᠬᠡ ᠬᠤᠷᠴᠠ ᠬᠡᠮᠡᠭᠴᠢ ᠣᠮᠣᠭ ᠤ᠋ᠨ ᠨᠡᠷ᠎ᠡ
ᠬᠠᠷᠢᠯᠬᠠᠨᠠ ᠬᠡᠮᠡᠭᠴᠢ ᠠᠲᠠᠭᠠᠨ ᠤ᠋ ᠨᠡᠷ᠎ᠡ
ᠥᠩᠭᠡ ᠶ᠋ᠢ ᠤᠷᠪᠠᠭᠤᠯᠵᠤ ᠬᠡᠯᠡᠪᠡᠰᠦ ᠮᠥᠨ ᠴᠢᠨᠠᠷ ᠠᠨᠤ ᠲᠠᠪᠤᠨ ᠬᠣᠣᠷ ᠤ᠋ᠨ ᠨᠡᠷ᠎ᠡ ᠪᠣᠢ
ᠡᠪᠡᠳᠴᠢᠨ ᠪᠠᠭ᠎ᠠ ᠪᠣᠯᠪᠠᠴᠤ ᠦᠬᠦᠯ ᠦ᠋ᠨ ᠰᠢᠯᠲᠠᠭᠠᠨ
ᠪᠣᠳᠣᠭ ᠪᠠᠭ᠎ᠠ ᠪᠣᠯᠪᠠᠴᠤ ᠥᠩᠭᠡ ᠤᠷᠪᠠᠭᠤᠯᠬᠤ ᠶ᠋ᠢᠨ ᠰᠢᠯᠲᠠᠭᠠᠨ
ᠪᠤᠶᠠᠨ ᠪᠠᠭ᠎ᠠ ᠪᠣᠯᠪᠠᠴᠤ ᠲᠤᠰᠠᠯᠠᠬᠤ ᠶ᠋ᠢᠨ ᠰᠢᠯᠲᠠᠭᠠᠨ
ᠭᠠᠯ ᠪᠠᠭ᠎ᠠ ᠪᠣᠯᠪᠠᠴᠤ ᠲᠦᠯᠡᠬᠦ ᠶ᠋ᠢᠨ ᠰᠢᠯᠲᠠᠭᠠᠨ
ᠨᠢᠭᠦᠯᠲᠦ ᠨᠥᠬᠥᠷ ᠬᠣᠯᠠ ᠪᠣᠯᠪᠠᠴᠤ ᠬᠣᠣᠷᠯᠠᠬᠤ ᠶ᠋ᠢᠨ ᠰᠢᠯᠲᠠᠭᠠᠨ
ᠪᠤᠰᠤᠳ ᠤ᠋ᠨ ᠡᠷᠭᠦᠮᠵᠢᠯᠡᠯ ᠦ᠋ᠨ ᠦᠭᠡᠨ ᠳ᠋ᠦ᠍ ᠬᠥᠭᠡᠷᠦᠯ ᠦᠭᠡᠢ
ᠨᠠᠰᠤᠳᠠ ᠥᠪᠡᠷ ᠦ᠋ᠨ ᠰᠡᠳᠬᠢᠯ ᠢ᠋ ᠨᠠᠮ ᠢ᠋ᠶ᠋ᠠᠷ ᠳᠠᠷᠤᠵᠤ ᠶᠠᠪᠤᠲᠤᠭᠠᠢ
ᠰᠠᠢᠨ ᠮᠠᠭᠤ ᠬᠣᠶᠠᠷ ᠢ᠋ ᠰᠡᠳᠬᠢᠯ ᠡᠴᠡ ᠢᠯᠭᠠᠳᠠᠭ
ᠲᠤᠰᠠ ᠬᠣᠣᠷ ᠬᠣᠶᠠᠷ ᠢ᠋ ᠦᠢᠯᠡᠳᠪᠦᠷᠢ ᠡᠴᠡ ᠲᠠᠨᠢᠳᠠᠭ
ᠦᠨᠡᠨ ᠬᠤᠳᠠᠯ ᠬᠣᠶᠠᠷ ᠰᠡᠭᠦᠯ ᠳ᠋ᠡᠭᠡᠨ ᠲᠣᠳᠣᠷᠠᠳᠠᠭ
ᠵᠢᠷᠭᠠᠯ ᠵᠣᠪᠠᠯᠠᠩ ᠬᠣᠶᠠᠷ ᠥᠪᠡᠷ ᠦ᠋ᠨ ᠦᠢᠯᠡ ᠡᠴᠡ ᠪᠣᠯᠬᠤ ᠲᠤᠯᠠ
ᠰᠡᠳᠬᠢᠯ ᠢ᠋ ᠰᠢᠨᠲᠠᠷᠠᠯ ᠦᠭᠡᠢ ᠪᠤᠶᠠᠨᠲᠠᠢ ᠰᠡᠳᠬᠢᠯ ᠢ᠋ ᠬᠠᠳᠠᠭᠠᠯᠠᠪᠠᠰᠤ ᠦᠬᠦᠪᠡᠴᠦ ᠰᠠᠨᠠᠭ᠎ᠠ ᠠᠮᠤᠷ ᠪᠣᠢ
ᠤᠴᠢᠷ ᠦᠭᠡᠢ ᠴᠠᠭᠠᠵᠠ ᠦᠯᠦ ᠪᠠᠢᠮᠤᠢ
ᠤᠭ ᠦᠭᠡᠢ ᠦᠷ᠎ᠡ ᠦᠯᠦ ᠪᠠᠢᠮᠤᠢ
ᠰᠠᠨᠠᠯ ᠦᠭᠡᠢ ᠦᠭᠡ ᠦᠯᠦ ᠬᠡᠯᠡᠮᠦᠢ
ᠰᠠᠭᠠᠳ ᠦᠭᠡᠢ ᠪᠤᠶᠠᠨ ᠠ᠋ᠴᠠ ᠦᠯᠦ ᠬᠣᠵᠢᠮᠳᠠᠬᠤ ᠲᠤᠯᠠ
ᠦᠢᠯᠡᠳᠪᠦᠷᠢ ᠶᠠᠭᠤ ᠦᠢᠯᠡᠳᠪᠡᠴᠦ ᠰᠢᠯᠲᠠᠭᠠᠨ ᠢ᠋ ᠰᠢᠨᠵᠢᠯᠡ ᠬᠡᠮᠡᠪᠡᠢ᠃
ᠲᠡᠷᠡ ᠴᠠᠭ ᠲᠤᠷ ᠨᠥᠭᠦᠭᠡ ᠬᠥᠮᠦᠨ ᠲᠣᠪᠴᠢ ᠠᠨᠤ ᠶᠠᠭᠤ ᠪᠣᠢ ᠬᠡᠮᠡᠭᠰᠡᠨ ᠳ᠋ᠦ᠍ᠷ
ᠨᠢᠰᠬᠡᠭᠴᠢ ᠬᠥᠮᠦᠨ ᠥᠭᠦᠯᠡᠷᠦᠨ᠄
ᠠᠪᠤᠷᠠᠯ ᠪᠦᠭᠦᠳᠡ ᠶ᠋ᠢᠨ ᠲᠣᠪᠴᠢ ᠯᠠᠮᠠ ᠮᠥᠨ
ᠰᠠᠨᠸᠠᠷ ᠪᠦᠭᠦᠳᠡ ᠶ᠋ᠢᠨ ᠲᠣᠪᠴᠢ ᠰᠡᠷᠡᠮᠵᠢ ᠮᠥᠨ
ᠪᠤᠶᠠᠨ ᠲᠠᠢ ᠰᠡᠳᠬᠢᠯ ᠦ᠋ᠨ ᠲᠣᠪᠴᠢ ᠪᠣᠳᠢ ᠰᠡᠳᠬᠢᠯ ᠮᠥᠨ
ᠦᠵᠡᠯ ᠪᠦᠭᠦᠳᠡ ᠶ᠋ᠢᠨ ᠲᠣᠪᠴᠢ ᠦᠨᠡᠨ ᠦᠵᠡᠯ ᠮᠥᠨ
ᠰᠠᠨᠠᠭ᠎ᠠ ᠪᠦᠭᠦᠳᠡ ᠶ᠋ᠢᠨ ᠲᠣᠪᠴᠢ ᠮᠥᠩᠬᠡ ᠪᠤᠰᠤ ᠮᠥᠨ
ᠨᠣᠮ ᠪᠦᠭᠦᠳᠡ ᠶ᠋ᠢᠨ ᠲᠣᠪᠴᠢ ᠰᠡᠳᠬᠢᠯ ᠢ᠋ ᠨᠣᠮᠣᠬᠠᠳᠬᠠᠬᠤ ᠮᠥᠨ
ᠲᠠᠪᠤᠨ ᠮᠠᠬᠠᠪᠣᠳ ᠪᠦᠭᠦᠳᠡ ᠣᠭᠲᠠᠷᠭᠤᠢ ᠮᠠᠬᠠᠪᠣᠳ ᠲᠤᠷ ᠬᠤᠷᠠᠮᠤᠢ
ᠲᠠᠪᠤᠨ ᠬᠣᠣᠷ ᠪᠦᠭᠦᠳᠡ ᠮᠤᠩᠬᠠᠭ ᠰᠡᠳᠬᠢᠯ ᠳ᠋ᠦ᠍ᠷ ᠬᠤᠷᠠᠮᠤᠢ
ᠪᠡᠯᠭᠡ ᠪᠢᠯᠢᠭ ᠪᠦᠭᠦᠳᠡ ᠨᠣᠮ ᠤ᠋ᠨ ᠲᠥᠪ ᠦ᠋ᠨ ᠪᠡᠯᠭᠡ ᠪᠢᠯᠢᠭ ᠲᠣᠷ ᠬᠤᠷᠠᠮᠤᠢ
ᠳᠤᠷᠠᠳᠴᠤ ᠮᠡᠳᠡᠪᠡᠰᠦ ᠰᠠᠨᠸᠠᠷ ᠨᠢᠷᠸᠠᠨ ᠪᠦᠭᠦᠳᠡ ᠰᠡᠳᠬᠢᠯ ᠦ᠋ᠨ ᠴᠢᠨᠠᠷ ᠠ᠋ᠴᠠ ᠦᠯᠦ ᠳᠠᠪᠠᠮᠤᠢ
ᠦᠯᠢᠭᠡᠷᠯᠡᠪᠡᠰᠦ᠂ ᠬᠣᠭᠣᠰᠣᠨ ᠬᠤᠮᠠᠬᠢ ᠶ᠋ᠢᠨ ᠲᠣᠭᠣᠰᠣᠨ ᠴᠤᠭᠯᠠᠷᠠᠭᠰᠠᠭᠠᠷ ᠠᠷᠪᠢᠳᠴᠤ ᠰᠢᠷᠣᠢ ᠪᠣᠯᠤᠮᠤᠢ
ᠰᠢᠷᠣᠢ ᠠᠷᠪᠢᠳᠴᠤ ᠠᠭᠤᠯᠠ ᠪᠣᠯᠤᠮᠤᠢ
ᠴᠢᠭᠢᠭ ᠠᠷᠪᠢᠳᠴᠤ ᠤᠰᠤ ᠪᠣᠯᠤᠮᠤᠢ
ᠮᠠᠨᠠᠨ ᠠᠷᠪᠢᠳᠴᠤ ᠡᠭᠦᠯᠡ ᠪᠣᠯᠤᠮᠤᠢ
ᠲᠡᠭᠦᠨᠴᠢᠯᠡᠨ ᠪᠡᠶ᠎ᠡ ᠦᠭᠡᠢ ᠬᠣᠭᠣᠰᠣᠨ ᠰᠡᠳᠬᠢᠯ ᠪᠤᠷᠤᠭᠤᠳᠠᠪᠠᠰᠤ ᠨᠢᠰᠸᠠᠨᠢᠰ ᠪᠣᠯᠤᠮᠤᠢ
ᠨᠢᠰᠸᠠᠨᠢᠰ ᠠᠷᠪᠢᠳᠴᠤ ᠲᠠᠮᠤ ᠪᠣᠯᠪᠠᠰᠤᠷᠠᠮᠤᠢ
ᠵᠥᠪᠳᠡᠪᠡᠰᠦ ᠪᠤᠶᠠᠨᠲᠤ ᠮᠥᠷ ᠪᠣᠯᠤᠮᠤᠢ
ᠪᠤᠶᠠᠨ ᠠᠷᠪᠢᠳᠪᠠᠰᠤ ᠪᠤᠷᠬᠠᠨ ᠪᠣᠯᠤᠮᠤᠢ
ᠡᠨᠡ ᠮᠡᠲᠦ ᠡᠯᠳᠡᠪ ᠵᠦᠢᠯ ᠦ᠋ᠨ ᠦᠵᠡᠭᠳᠡᠭᠴᠢ ᠪᠦᠭᠦᠳᠡ ᠰᠢᠳᠦᠨ ᠪᠠᠷᠢᠯᠳᠤᠯᠭ᠎ᠠ
ᠦᠵᠡᠭᠳᠡᠯ ᠦ᠋ᠨ ᠲᠡᠳᠦᠢ ᠬᠣᠭᠣᠰᠣᠨ ᠬᠡᠮᠡᠬᠦ ᠶ᠋ᠢᠨ ᠠᠭᠠᠷ ᠲᠤᠷ ᠵᠡᠭᠦᠳᠦᠨ ᠵᠠᠮᠬᠠᠷᠠᠪᠠᠢ
ᠬᠡᠳᠦᠨ ᠰᠠᠢᠨ ᠮᠠᠭᠤ᠂ ᠦᠨᠡᠨ ᠬᠤᠳᠠᠯ ᠦᠭᠡᠰ ᠢ᠋ ᠨᠠᠭᠠᠳᠤᠮ ᠤ᠋ᠨ ᠲᠡᠳᠦᠢ ᠪᠢᠴᠢᠭᠰᠡᠨ᠂ ᠡᠨᠡ ᠴᠠᠭ ᠤ᠋ᠨ ᠵᠢᠮ᠎ᠡ ᠶ᠋ᠢ ᠲᠣᠳᠣᠷᠠᠭᠤᠯᠤᠭᠴᠢ ᠴᠠᠭᠠᠰᠤᠨ ᠰᠢᠪᠠᠭᠤ ᠬᠡᠮᠡᠭᠳᠡᠬᠦ ᠲᠡᠭᠦᠰᠪᠡᠢ᠃ ᠸᠴᠢᠷᠳ᠋ᠠᠷᠠ ᠪᠠᠭᠰᠢ ᠶ᠋ᠢᠨ ᠠᠳᠢᠰᠲᠢᠳ ᠢ᠋ᠶ᠋ᠠᠷ ᠣᠨᠣᠯ ᠪᠦᠬᠦᠨ ᠦ᠌ ᠡᠴᠦᠰ ᠲᠦ᠍ᠷ ᠬᠦᠷᠴᠦ ᠣᠷᠴᠢᠯᠠᠩ ᠤ᠋ᠨ ᠳᠠᠯᠠᠢ ᠶ᠋ᠢ ᠰᠢᠷᠭᠢᠭᠡᠵᠦ ᠭᠡᠲᠦᠯᠦᠨ ᠨᠣᠮ ᠤ᠋ᠨ ᠪᠡᠶ᠎ᠡ ᠶ᠋ᠢ ᠣᠯᠬᠤ ᠪᠣᠯᠲᠤᠭᠠᠢ᠃
(《ᠴᠠᠭᠠᠰᠤᠨ ᠰᠢᠪᠠᠭᠤ》 ᠬᠡᠮᠡᠬᠦ ᠰᠤᠷᠭᠠᠯ ᠪᠣᠯᠪᠠᠰᠤ ᠨᠡᠢᠲᠡ ᠳ᠋ᠦ᠍ ᠲᠦᠭᠡᠮᠡᠯ ᠳᠡᠯᠭᠡᠷᠡᠭᠰᠡᠨ ᠱᠠᠰᠢᠨ ᠰᠤᠷᠲᠠᠬᠤᠨ ᠤ᠋ ᠤᠷᠠᠨ ᠵᠣᠬᠢᠶᠠᠯ ᠤ᠋ᠨ ᠨᠢᠭᠡ ᠪᠣᠯᠤᠮᠤᠢ᠃ ᠡᠨᠡ ᠵᠣᠬᠢᠶᠠᠯ᠂ 20 ᠳ᠋ᠤᠭᠠᠷ ᠵᠠᠭᠤᠨ ᠤ᠋ ᠡᠬᠢ ᠪᠡᠷ ᠮᠣᠩᠭᠣᠯ ᠤᠯᠤᠰ ᠤ᠋ᠨ ᠨᠡᠢᠰᠯᠡᠯ ᠬᠦᠷᠢᠶᠡᠨ ᠳ᠋ᠦ᠍ ᠬᠣᠶᠠᠷ ᠤᠳᠠᠭ᠎ᠠ ᠬᠡᠪᠯᠡᠭᠳᠡᠭᠰᠡᠨ ᠪᠥᠭᠡᠳ ᠬᠡᠪᠯᠡᠭᠳᠡᠬᠦ ᠡᠴᠡ ᠤᠷᠢᠳᠠ ᠴᠤ᠌ ᠪᠢᠴᠢᠮᠡᠯ ᠢ᠋ᠶ᠋ᠡᠷ ᠶᠡᠬᠡᠳᠡ ᠲᠠᠷᠬᠠᠭᠠᠭᠳᠠᠭᠰᠠᠨ ᠪᠠᠢᠪᠠ᠃ ᠡᠭᠦᠨ ᠢ᠋ ᠬᠡᠳᠦᠢ ᠳ᠋ᠦ᠍ ᠬᠡᠨ ᠵᠣᠬᠢᠶᠠᠭᠰᠠᠨ ᠠᠨᠤ ᠰᠠᠶᠢ ᠪᠣᠯᠲᠠᠯ᠎ᠠ ᠮᠡᠳᠡᠭᠳᠡᠬᠦ ᠦᠭᠡᠢ ᠪᠠᠢᠭᠰᠠᠨ ᠪᠢᠯᠡ᠃ ᠤᠭ ᠬᠡᠪᠯᠡᠭᠳᠡᠭᠰᠡᠨ ᠵᠣᠬᠢᠶᠠᠯ ᠤ᠋ᠨ ᠡᠬᠢᠨ ᠳ᠋ᠦ᠍《ᠬᠢᠵᠠᠭᠠᠷ ᠭᠠᠵᠠᠷ ᠤ᠋ᠨ ᠨᠢᠭᠡᠨ ᠬᠥᠮᠦᠨ ᠲᠠᠪᠤᠳᠤᠭᠠᠷ ᠣᠨ ᠤ᠋ ᠪᠠᠷᠰ ᠰᠠᠷ᠎ᠠ ᠶ᠋ᠢᠨ ᠠᠷᠪᠠᠨ ᠨᠠᠢ᠍ᠮᠠᠨ ᠤ᠋ ᠰᠥᠨᠢ ᠵᠡᠭᠦᠳᠦᠯᠡᠭᠰᠡᠨ ᠢᠨᠦ》 ᠭᠡᠵᠦ ᠪᠢᠴᠢᠭᠰᠡᠨ ᠪᠠᠢᠳᠠᠭ᠃ ᠶᠠᠮᠠᠷ ᠬᠠᠭᠠᠨ ᠤ᠋ ᠲᠠᠪᠤᠳᠤᠭᠠᠷ ᠣᠨ ᠪᠣᠯᠬᠤ ᠶ᠋ᠢ ᠰᠤᠷᠪᠤᠯᠵᠢᠯᠠᠵᠤ ᠪᠠᠢᠲᠠᠯ᠎ᠠ᠂ ᠥᠭᠡᠯᠡᠳ ᠦ᠋ᠨ ᠴᠢᠮᠢᠳ ᠭᠣᠪᠢ ᠶ᠋ᠢᠨ ᠨᠢᠭᠡ ᠠᠢᠯ ᠳ᠋ᠤ᠌᠂《ᠬᠢᠵᠠᠭᠠᠷ ᠭᠠᠵᠠᠷ ᠤ᠋ᠨ ᠨᠢᠭᠡᠨ ᠬᠥᠮᠦᠨ᠂ ᠲᠥᠷᠥ ᠭᠡᠷᠡᠯᠲᠦ ᠶ᠋ᠢᠨ ᠲᠠᠪᠤᠳᠤᠭᠠᠷ ᠣᠨ ᠤ᠋ ᠪᠠᠷᠰ ᠰᠠᠷ᠎ᠠ ᠶ᠋ᠢᠨ ᠠᠷᠪᠠᠨ ᠨᠠᠢ᠍ᠮᠠᠨ ᠤ᠋ ᠰᠥᠨᠢ ᠵᠡᠭᠦᠳᠦᠯᠡᠭᠰᠡᠨ ᠢᠨᠦ》ᠭᠡᠵᠦ ᠪᠢᠴᠢᠭᠰᠡᠨ ᠬᠠᠭᠤᠯᠭ᠎ᠠ ᠶ᠋ᠢ ᠦᠵᠡᠭᠰᠡᠨ ᠭᠡᠵᠦ ᠶᠠᠷᠢᠪᠠ᠃ ᠡᠨᠡ ᠢᠨᠦ《ᠴᠠᠭᠠᠰᠤᠨ ᠰᠢᠪᠠᠭᠤ》 ᠶ᠋ᠢ ᠭᠣᠪᠢ ᠶ᠋ᠢᠨ ᠲᠠᠪᠤᠳᠤᠭᠠᠷ ᠳᠣᠭᠰᠢᠨ ᠨᠣᠶᠠᠨ ᠬᠤᠲᠤᠭᠲᠤ ᠵᠣᠬᠢᠶᠠᠭᠰᠠᠨ ᠭᠡᠵᠦ ᠠᠷᠠᠳ ᠤ᠋ᠨ ᠶᠠᠷᠢᠳᠠᠭ ᠤᠯᠠᠮᠵᠢᠯᠠᠯ ᠲᠠᠢ ᠲᠣᠬᠢᠷᠠᠬᠤ ᠮᠡᠳᠡᠭᠡ ᠶᠦᠮ᠃ ᠲᠥᠷᠥ ᠭᠡᠷᠡᠯᠲᠦ ᠶ᠋ᠢᠨ ᠲᠠᠪᠤᠳᠤᠭᠠᠷ ᠣᠨ ᠠᠨᠤ 1825 ᠣᠨ ᠪᠣᠯᠤᠮᠤᠢ᠃ ᠪᠠᠰᠠ ᠭᠣᠪᠢ ᠶ᠋ᠢᠨ ᠨᠢᠭᠡ ᠬᠥᠮᠦᠨ ᠡᠴᠡ ᠮᠣᠩᠭᠣᠯ ᠬᠡᠯᠡᠨ ᠡᠴᠡ ᠲᠥᠪᠡᠳ ᠬᠡᠯᠡᠨ ᠳ᠋ᠦ᠍ ᠣᠷᠴᠢᠭᠤᠯᠤᠭᠰᠠᠨ《ᠴᠠᠭᠠᠰᠤᠨ ᠰᠢᠪᠠᠭᠤ》 ᠶ᠋ᠢ ᠣᠯᠵᠤ ᠹᠣᠲ᠋ᠢᠶᠠᠷ ᠲᠠᠲᠠᠭᠤᠯᠵᠤ ᠠᠪᠤᠯᠤᠭ᠎ᠠ᠃ ᠲᠡᠭᠦᠨ ᠦ᠌ ᠲᠡᠭᠦᠰᠬᠡᠯ ᠦ᠋ᠨ ᠦᠭᠡ ᠢᠨᠦ᠂《ᠡᠷᠳᠡᠨᠢ ᠨᠣᠶᠠᠨ ᠬᠤᠲᠤᠭᠲᠤ ᠶ᠋ᠢᠨ ᠵᠣᠬᠢᠶᠠᠭᠰᠠᠨ ᠴᠠᠭᠠᠰᠤᠨ ᠰᠢᠪᠠᠭᠤ ᠡᠭᠦᠨ ᠢ᠋ ᠮᠣᠩᠭᠣᠯ ᠦᠰᠦᠭ ᠡᠴᠡ ᠲᠥᠪᠡᠳ ᠲᠣᠷ ᠬᠠᠭᠤᠯᠤᠨ ᠪᠢᠴᠢᠪᠡᠢ》ᠬᠡᠮᠡᠵᠦᠬᠦᠢ᠃ ᠡᠳᠡᠭᠡᠷ ᠪᠠᠷᠢᠮᠲᠠ ᠠ᠋ᠴᠠ ᠦᠵᠡᠪᠡᠰᠦ《ᠴᠠᠭᠠᠰᠤᠨ ᠰᠢᠪᠠᠭᠤ》 ᠶ᠋ᠢ ᠲᠠᠪᠤᠳᠤᠭᠠᠷ ᠨᠣᠶᠠᠨ ᠬᠤᠲᠤᠭᠲᠤ ᠷᠠᠪᠵᠠᠢ ᠵᠣᠬᠢᠶᠠᠭᠰᠠᠨ ᠪᠠᠢᠮᠤᠢ᠃
ᠲᠠᠪᠤᠳᠤᠭᠠᠷ ᠨᠣᠶᠠᠨ ᠬᠤᠲᠤᠭᠲᠤ ᠶ᠋ᠢᠨ ᠵᠣᠬᠢᠶᠠᠭᠰᠠᠨ《ᠴᠠᠭᠠᠰᠤᠨ ᠰᠢᠪᠠᠭᠤ》 ᠠ᠋ᠴᠠ ᠭᠠᠳᠠᠨ᠎ᠠ ᠲᠥᠪᠡᠳ ᠮᠣᠩᠭᠣᠯ ᠬᠣᠶᠠᠷ ᠬᠡᠯᠡ ᠪᠡᠷ ᠪᠢᠴᠢᠭᠰᠡᠨ ᠣᠯᠠᠨ ᠰᠢᠯᠦᠭ ᠪᠠᠢᠳᠠᠭ ᠪᠣᠯᠪᠠᠴᠤ ᠣᠳᠣ ᠶᠡᠬᠡ ᠲᠥᠯᠥᠪ ᠦᠷᠡᠭᠳᠡᠵᠦ ᠣᠯᠳᠠᠬᠤ ᠦᠭᠡᠢ ᠪᠣᠯᠵᠤᠬᠤᠢ᠃ ᠣᠯᠳᠠᠭᠰᠠᠨ ᠴᠥᠭᠡᠨ ᠰᠢᠯᠦᠭ ᠦ᠋ᠨ ᠵᠠᠷᠢᠮ ᠢ᠋ ᠡᠨᠡ ᠳᠡᠭᠡᠵᠢ ᠪᠢᠴᠢᠭ ᠲᠣᠷ ᠣᠷᠣᠭᠤᠯᠤᠨ ᠬᠡᠪᠯᠡᠪᠡᠢ᠃
ᠨᠣᠶᠠᠨ ᠬᠤᠲᠤᠭᠲᠤ᠂ ᠥᠪᠡᠷ ᠦ᠋ᠨ ᠰᠢᠯᠦᠭ ᠦ᠋ᠨ ᠡᠴᠦᠰ ᠲᠦ᠍ᠷ《ᠲᠠᠪᠤᠳᠤᠭᠠᠷ ᠨᠣᠶᠠᠨ ᠬᠤᠲᠤᠭᠲᠤ ᠵᠣᠬᠢᠶᠠᠪᠠᠢ》ᠭᠡᠵᠦ ᠪᠢᠴᠢᠳᠡᠭ ᠦᠭᠡᠢ᠂ ᠬᠠᠷᠢᠨ ᠳᠠᠩᠵᠠᠨᠷᠠᠪᠵᠠᠢ᠂ ᠭᠠᠯᠵᠠᠭᠤ ᠷᠠᠪᠵᠠᠢ᠂ ᠳ᠋ᠣᠳᠮᠠᠢ ᠷᠠᠨᠳᠣᠯ ᠭᠡᠬᠦ ᠵᠡᠷᠭᠡ ᠪᠡᠷ ᠨᠡᠷ᠎ᠡ ᠪᠡᠨ ᠪᠢᠴᠢᠭᠰᠡᠨ ᠪᠠᠢᠳᠠᠭ᠃ ᠲᠠᠪᠤᠳᠤᠭᠠᠷ ᠨᠣᠶᠠᠨ ᠬᠤᠲᠤᠭᠲᠤ ᠪᠣᠯᠪᠠᠰᠤ᠂ ᠮᠣᠩᠭᠣᠯ ᠤ᠋ᠨ ᠰᠢᠯᠢᠳᠡᠭ ᠰᠢᠯᠦᠭᠴᠢ ᠨᠠᠷ ᠤ᠋ᠨ ᠨᠢᠭᠡ ᠪᠠᠢᠭᠰᠠᠨ ᠲᠤᠯᠠ ᠲᠡᠭᠦᠨ ᠦ᠌ ᠵᠣᠬᠢᠶᠠᠯ ᠢ᠋ ᠣᠯᠵᠤ ᠰᠤᠳᠤᠯᠬᠤ ᠬᠡᠪᠯᠡᠬᠦ ᠢᠨᠦ ᠴᠢᠬᠤᠯᠠ ᠪᠣᠯᠤᠮᠤᠢ᠃
ᠨᠣᠶᠠᠨ ᠬᠤᠲᠤᠭᠲᠤ ᠶ᠋ᠢᠨ ᠨᠠᠮᠲᠠᠷ ᠠ᠋ᠴᠠ ᠬᠡᠳᠦᠨ ᠲᠠᠮᠲᠤᠷᠬᠠᠢ ᠬᠠᠭᠤᠳᠠᠰᠤ ᠶ᠋ᠢ ᠣᠯᠵᠤ ᠦᠵᠡᠪᠡᠰᠦ ᠲᠡᠷᠡ ᠰᠢᠯᠦᠭᠴᠢ1803 ᠣᠨ ᠳ᠋ᠤ᠌ ᠲᠥᠷᠥᠭᠰᠡᠨ ᠪᠠ ᠵᠢᠷᠠ ᠭᠠᠷᠤᠢ ᠨᠠᠰᠤᠯᠠᠭᠰᠠᠨ ᠪᠣᠯᠤᠯᠲᠠᠢ᠃《ᠦᠯᠡᠮᠵᠢ ᠶ᠋ᠢᠨ ᠴᠢᠨᠠᠷ》᠂《ᠤᠷᠢᠬᠠᠨ ᠬᠣᠩᠭᠣᠷ》᠂《ᠪᠠᠶᠠᠨ ᠰᠦᠮᠪᠦᠷ》 ᠵᠡᠷᠭᠡ ᠶ᠋ᠢᠨ ᠨᠡᠢᠲᠡ ᠳ᠋ᠦ᠍ ᠳᠡᠯᠭᠡᠷᠡᠭᠰᠡᠨ ᠳᠠᠭᠤᠤ ᠶ᠋ᠢ ᠵᠣᠬᠢᠶᠠᠭᠰᠠᠨ ᠪᠠ《ᠰᠠᠷᠠᠨ ᠬᠥᠬᠥᠭᠡ ᠰᠢᠪᠠᠭᠤᠨ ᠤ᠋ ᠲᠣᠭᠣᠵᠢ》 ᠶ᠋ᠢ ᠮᠣᠭᠠᠢ ᠵᠢᠯ(1833 ᠣᠨ ᠳ᠋ᠤ᠌) ᠲᠤᠯᠭᠠᠲᠤ ᠠᠭᠤᠯᠠ ᠶ᠋ᠢᠨ ᠰᠦᠮ᠎ᠡ ᠳᠡᠭᠡᠷ᠎ᠡ ᠳᠠᠭᠤᠯᠠᠭᠤᠯᠵᠤ ᠣᠯᠠᠨ ᠳ᠋ᠤ᠌ ᠦᠵᠡᠭᠦᠯᠦᠭᠰᠡᠨ ᠬᠡᠮᠡᠮᠦᠢ᠃)
ᠲᠤᠰ ᠵᠣᠬᠢᠶᠠᠯ ᠤ᠋ᠨ ᠡᠬᠡ ᠮᠠᠲ᠋ᠧᠷᠢᠶᠠᠯ《ᠮᠣᠩᠭᠣᠯ ᠤ᠋ᠨ ᠪᠤᠷᠬᠠᠨ ᠤ᠋ ᠱᠠᠰᠢᠨ( ᠳᠣᠣᠷᠠᠲᠤ ᠳᠡᠪᠲᠡᠷ) 》᠂ ᠪᠠᠶᠠᠨᠰᠠᠩ ᠨᠠᠢᠷᠠᠭᠤᠯᠪᠠ᠃ ᠥᠪᠥᠢ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2008 ᠣᠨ᠃
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ᠣᠳᠬᠠᠨᠰᠣ᠎ᠠ
