ᠮᠥᠬᠥᠬᠦ ᠶᠣᠰᠣ᠌ ᠦᠭᠡᠢ ᠮᠣᠩᠭᠣᠯ ᠬᠡᠯᠡМөхөх ёсгүй монгол хэлMökhökh yosgüi mongol khel
ᠮᠥᠬᠥᠬᠦ ᠶᠣᠰᠣ᠌ ᠦᠭᠡᠢ ᠮᠣᠩᠭᠣᠯ ᠬᠡᠯᠡ
ᠵᠠ᠂ ᠡᠨᠡ ᠡᠳᠦᠷ ᠪᠣᠯ ᠳᠡᠯᠡᠬᠡᠢ ᠶ᠋ᠢᠨ ᠡᠬᠡ ᠬᠡᠯᠡ ᠪᠡᠨ ᠬᠠᠢᠷᠠᠯᠠᠬᠤ ᠡᠳᠦᠷ᠂ ᠡᠨᠡ ᠡᠳᠦᠷ ᠲᠦ᠍ ᠲᠣᠬᠢᠶᠠᠯᠳᠤᠭᠤᠯᠤᠭᠠᠳ ᠪᠢ ᠥᠪᠡᠷ ᠦ᠋ᠨ ᠡᠬᠡ ᠬᠡᠯᠡᠨ ᠦ᠌ ᠪᠡᠨ ᠲᠤᠬᠠᠢ ᠬᠡᠳᠦᠨ ᠦᠭᠡ ᠬᠡᠯᠡᠶ᠎ᠡ ᠭᠡᠵᠦ ᠪᠣᠳᠣᠵᠤ ᠪᠠᠢᠨ᠎ᠠ᠃ ᠣᠷᠴᠢᠮ ᠤ᠋ᠨ ᠵᠢᠯ᠂ ᠲᠡᠷᠡᠴᠢᠯᠡᠨ ᠡᠭᠦᠨ ᠡᠴᠡ ᠨᠡᠯᠢᠶᠡᠳ ᠡᠷᠲᠡ ᠡᠴᠡ ᠡᠬᠢᠯᠡᠭᠡᠳ᠂ (ᠵᠠᠷᠢᠮ ) ᠬᠥᠮᠦᠰ ᠮᠠᠨ ᠤ᠋ ᠮᠣᠩᠭᠣᠯ ᠬᠡᠯᠡ ᠬᠡᠷᠡᠭ ᠦᠭᠡᠢ ᠮᠣᠩᠭᠣᠯ ᠬᠡᠯᠡ ᠲᠤᠰᠠ ᠦᠭᠡᠢ ᠭᠡᠰᠡᠨ ᠦᠭᠡ ᠶᠠᠷᠢᠶ᠎ᠠ ᠶ᠋ᠢ ᠶᠡᠬᠡ ᠳᠡᠯᠭᠡᠷᠡᠭᠦᠯᠦᠭᠰᠡᠨ ᠪᠠᠢᠳᠠᠭ᠃ ᠲᠡᠷᠡᠴᠢᠯᠡᠨ ᠲᠠᠪᠢᠨ ᠵᠢᠯ ᠦ᠋ᠨ ᠳᠠᠷᠠᠭ᠎ᠠ ᠮᠣᠩᠭᠣᠯ ᠬᠡᠯᠡ ᠮᠥᠬᠥᠨ᠎ᠡ ᠭᠡᠵᠦ ᠬᠡᠯᠡᠭᠰᠡᠨ ᠪᠠᠢᠳᠠᠭ᠃ ᠪᠢ ᠡᠨᠡ ᠦᠭᠡ ᠶ᠋ᠢ ᠶᠡᠬᠡ ᠭᠠᠢᠬᠠᠭᠠᠳ ᠪᠠᠢᠨ᠎ᠠ᠂ ᠴᠢ ᠥᠪᠡᠷ ᠢ᠋ᠶ᠋ᠡᠨ ᠮᠣᠩᠭᠣᠯ ᠦᠭᠡ ᠬᠡᠯᠡᠵᠦ ᠪᠠᠢᠭᠠᠳ᠂ᠶᠠᠭᠠᠬᠢᠭᠠᠳ ᠮᠣᠩᠭᠣᠯ ᠦᠭᠡ ᠴᠢᠨᠢ ᠲᠤᠰᠠ ᠦᠭᠡᠢ ᠪᠣᠯᠴᠢᠬᠠᠭᠰᠠᠨ ᠶᠤᠮ? ᠦᠷ᠎ᠡ ᠬᠡᠦᠬᠡᠳ ᠲᠡᠢ ᠪᠡᠨ ᠡᠴᠢᠭᠡ ᠡᠬᠡ ᠲᠡᠢ ᠪᠡᠨ ᠰᠠᠳᠤᠨ ᠲᠥᠷᠥᠯ ᠲᠡᠢ ᠪᠡᠨ ᠠᠬ᠎ᠠ ᠳᠡᠭᠦᠦ ᠨᠠᠷ ᠲᠠᠢ ᠪᠠᠨ ᠨᠡᠪᠲᠡᠷᠡᠯᠴᠡᠬᠦ ᠳ᠋ᠦ᠍ ᠡᠨᠡ ᠮᠣᠩᠭᠣᠯ ᠬᠡᠯᠡ ᠪᠡᠨ ᠬᠡᠷᠡᠭᠯᠡᠵᠦ ᠪᠠᠢᠬᠤ ᠪᠢᠰᠢ ᠶᠤᠮ ᠤᠤ? ᠡᠨᠡ ᠮᠣᠩᠭᠣᠯ ᠬᠡᠯᠡ ᠴᠢᠨᠢ ᠴᠢᠮ᠎ᠠ ᠳ᠋ᠤ᠌ ᠲᠤᠰᠠ ᠪᠣᠯᠵᠤ ᠪᠠᠢᠬᠤ ᠪᠢᠰᠢ ᠶᠤᠮ ᠤᠤ? ᠶᠠᠭᠠᠬᠢᠭᠠᠳ ᠲᠤᠰᠠ ᠦᠭᠡᠢ ᠭᠡᠳᠡᠭ ᠦᠭᠡ ᠶ᠋ᠢ ᠬᠡᠯᠡᠬᠦ ᠪᠣᠯᠴᠢᠬᠠᠭᠰᠠᠨ ᠶᠤᠮ? ᠳᠡᠭᠡᠷ᠎ᠡ ᠨᠢ ᠮᠠᠨ ᠤ᠋ ᠬᠢ ᠨᠦ᠍ᠭᠦᠳ ᠦ᠋ᠨ ᠬᠡᠯᠡᠵᠦ ᠪᠠᠢᠭ᠎ᠠ ᠮᠣᠩᠭᠣᠯ ᠦᠭᠡ ᠲᠤᠰᠠ ᠦᠭᠡᠢ ᠬᠡᠷᠡᠭ ᠦᠭᠡᠢ ᠭᠡᠵᠦ ᠪᠠᠢᠬᠤ ᠶ᠋ᠢᠨ ᠤᠴᠢᠷ ᠨᠢ ᠪᠣᠯ ᠮᠣᠩᠭᠣᠯᠴᠤᠳ ᠤ᠋ᠨ ᠬᠥᠮᠦᠨ ᠨᠢ ᠴᠥᠭᠡᠬᠡᠨ ᠭᠡᠨ᠎ᠡ᠂ ᠲᠡᠭᠡᠪᠡᠯ ᠪᠢ ᠠᠰᠠᠭᠤᠶ᠎ᠠ᠂ ᠶᠠᠮᠠᠷ ᠨᠢᠭᠡᠨ ᠶᠠᠭᠤᠮ᠎ᠠ ᠶ᠋ᠢ ᠬᠡᠯᠡᠬᠦ ᠦᠶ᠎ᠡ ᠳ᠋ᠦ᠍ ᠬᠡᠷᠡᠭᠯᠡᠬᠦ ᠦᠶ᠎ᠡ ᠳ᠋ᠦ᠍ ᠵᠠᠪᠠᠯ ᠡᠨᠡ ᠬᠥᠮᠦᠨ ᠦ᠌ ᠬᠢᠨᠢ ᠠᠷᠪᠢᠨ ᠴᠥᠭᠡᠬᠡᠨ ᠢ᠋ᠶ᠋ᠡᠷ ᠲᠣᠭᠲᠠᠭᠠᠭᠳᠠᠨ᠎ᠠ ᠤᠤ?ᠵᠢᠱ᠌ᠢᠶᠡᠯᠡᠪᠡᠯ᠄ ᠳᠡᠯᠡᠬᠡᠢ ᠶ᠋ᠢᠨ ᠲᠣᠭᠠᠨ ᠤ᠋ ᠤᠬᠠᠭᠠᠨ ᠤ᠋ ᠨᠡᠷᠡᠲᠦ ᠡᠷᠳᠡᠮᠲᠡᠨ ᠨᠦ᠍ᠭᠦᠳ ᠦ᠋ᠨ ᠲᠣᠭᠠᠨ ᠤ᠋ ᠲᠣᠮᠢᠶ᠎ᠠ ᠶ᠋ᠢ ᠬᠡᠳᠦᠨ ᠬᠥᠮᠦᠨ ᠣᠢᠯᠭᠠᠳᠠᠭ ᠶᠤᠮ? ᠭᠡᠲᠡᠯ᠎ᠡ ᠡᠭᠦᠨ ᠡᠴᠡ ᠪᠣᠯᠤᠭᠠᠳ ᠬᠡᠷᠡᠭ ᠦᠭᠡᠢ ᠭᠡᠵᠦ ᠬᠡᠯᠡᠵᠦ ᠪᠣᠯᠤᠨ᠎ᠠ ᠤᠤ? ᠲᠡᠭᠡᠪᠡᠯ ᠮᠠᠨ ᠤ᠋ ᠮᠡᠳᠡᠳᠡᠭ ᠠᠩᠭ᠌ᠯᠢ ᠶ᠋ᠢᠨ᠂ ᠭᠧᠷᠮᠠᠨ ᠤ᠋᠂ ᠶᠠᠫᠣᠨ ᠤ᠋᠂ ᠨᠡᠷᠡᠲᠦ ᠲᠡᠷᠭᠡ ᠨᠦ᠍ᠭᠦᠳ᠂ ᠡᠭᠦᠨ ᠢ᠋ ᠪᠢᠳᠡ ᠶᠠᠮᠠᠷ ᠲᠡᠳᠡᠨ ᠦ᠌ ᠬᠡᠯᠡ ᠶ᠋ᠢ ᠨᠢ ᠮᠡᠳᠡᠴᠢᠬᠡᠭᠡᠳ ᠬᠡᠷᠡᠭᠯᠡᠵᠦ ᠪᠠᠢᠨ᠎ᠠ ᠤᠤ? ᠳᠠᠬᠢᠭᠠᠳ ᠬᠡᠯᠡᠪᠡᠯ ᠡᠳᠡᠭᠡᠷ ᠳᠡᠯᠡᠬᠡᠢ ᠳ᠋ᠦ᠍ ᠨᠡᠷᠡᠲᠡᠢ ᠲᠡᠷᠭᠡ ᠤᠨᠤᠭ᠎ᠠ ᠶ᠋ᠢ ᠬᠢᠵᠦ ᠪᠠᠢᠭ᠎ᠠ ᠤᠯᠤᠰ᠂ ᠠᠵᠤ ᠠᠬᠤᠢ ᠶ᠋ᠢᠨ ᠦᠷ᠎ᠡ ᠠᠰᠢᠭ ᠭᠠᠷᠭᠠᠵᠤ ᠪᠠᠢᠭ᠎ᠠ ᠬᠥᠮᠦᠰ᠂ ᠲᠡᠷᠡ ᠠᠵᠤ ᠠᠬᠤᠢᠯᠠᠯ ᠰᠠᠶᠢ ᠬᠡᠳᠦᠢ ᠬᠥᠮᠦᠨ ᠲᠡᠢ ᠪᠣᠢ᠂ᠬᠡᠲᠦᠷᠡᠬᠦ ᠳ᠋ᠦ᠍ ᠪᠡᠨ ᠠᠷᠪᠠᠭᠠᠳ ᠬᠥᠮᠦᠨ ᠭᠣᠣᠯᠯᠠᠨ᠎ᠠ᠂ ᠴᠢᠨᠠᠭᠰᠢᠳᠠ ᠬᠡᠯᠡᠯᠭᠡᠨ ᠦᠭᠡᠢ ᠠᠵᠢᠯᠲᠠᠨ ᠢ᠋ ᠨᠢ ᠬᠡᠯᠡᠪᠡᠯ ᠶᠠᠮᠠᠷᠴᠤ ᠬᠥᠮᠦᠨ ᠭᠡᠳ ᠡᠯᠰᠡᠴᠦ ᠵᠠᠷᠤᠵᠤ ᠪᠠᠢᠭ᠎ᠠ ᠮᠠᠭᠠᠳ ᠦᠭᠡᠢ᠂ ᠭᠡᠪᠡᠴᠦ ᠭᠣᠣᠯ ᠡᠵᠡᠨ ᠮᠡᠳᠡᠵᠦ ᠪᠠᠢᠭ᠎ᠠ ᠨᠢ ᠠᠷᠪᠠᠭᠠᠳ ᠬᠥᠮᠦᠨ ᠰᠢᠳᠡ᠂ ᠠᠷᠪᠠᠭᠠᠳ ᠬᠥᠮᠦᠨ ᠳᠠᠷᠤᠢ ᠡᠨᠡ ᠳᠡᠯᠡᠬᠡᠢ ᠳ᠋ᠦ᠍ ᠲᠦᠭᠡᠭᠡᠭᠰᠡᠨ ᠠᠵᠤ ᠠᠬᠤᠢᠯᠠᠯ ᠢ᠋ ᠡᠷᠬᠢᠯᠡᠵᠦ ᠪᠠᠢᠨ᠎ᠠ᠂ ᠡᠨᠡ ᠶᠠᠭᠠᠬᠢᠭᠠᠳ ᠬᠥᠮᠦᠨ ᠦ᠌ ᠲᠣᠭ᠎ᠠ ᠲᠠᠢ ᠬᠣᠯᠪᠣᠭ᠎ᠠ ᠲᠠᠢ ᠭᠡᠵᠦ ᠬᠡᠯᠡᠭᠡᠳ ᠪᠠᠢᠬᠤ ᠶᠤᠮ? ᠴᠢᠩᠭᠢᠭᠡᠳ ᠪᠢ ᠪᠣᠳᠣᠯ᠎ᠠ᠂ ᠥᠪᠡᠷ ᠦ᠋ᠨ ᠡᠬᠡ ᠬᠡᠯᠡ ᠬᠡᠷᠡᠭ ᠦᠭᠡᠢ ᠭᠡᠵᠦ ᠪᠣᠳᠣᠵᠤ ᠪᠠᠢᠭ᠎ᠠ ᠬᠥᠮᠦᠨ ᠪᠣᠯ ᠲᠡᠷᠡ ᠬᠥᠮᠦᠨ ᠳᠠᠷᠤᠢ ᠬᠡᠷᠡᠭ ᠦᠭᠡᠢ ᠪᠣᠯᠵᠤ ᠪᠠᠢᠨ᠎ᠠ᠂ ᠲᠡᠷᠡ ᠬᠥᠮᠦᠨ ᠥᠪᠡᠷ ᠢ᠋ᠶ᠋ᠡᠨ ᠬᠡᠷᠡᠭ ᠲᠡᠢ ᠬᠡᠷᠡᠭᠴᠡᠭᠡᠲᠡᠢ ᠬᠥᠮᠦᠨ ᠪᠣᠯᠴᠢᠬ᠎ᠠ᠂ ᠢᠩᠭᠢᠵᠦ ᠪᠣᠳᠣᠬᠤ ᠦᠭᠡᠢ᠂ ᠢᠩᠭᠢᠵᠦ ᠬᠡᠯᠡᠬᠦ ᠦᠭᠡᠢ᠂ ᠥᠨᠥ ᠠᠩᠭ᠌ᠯᠢ ᠬᠡᠯᠡ ᠳᠡᠯᠡᠬᠡᠢ ᠳᠠᠶᠠᠭᠠᠷ ᠲᠦᠭᠡᠵᠦ ᠪᠠᠢᠨ᠎ᠠ᠂ ᠭᠡᠲᠡᠯ᠎ᠡ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠮᠣᠩᠭᠣᠯ ᠬᠡᠯᠡ ᠳᠡᠯᠡᠬᠡᠢ ᠳ᠋ᠦ᠍ ᠶᠡᠬᠡᠪᠡᠷ ᠨᠡᠪᠲᠡᠷᠡᠵᠦ ᠬᠡᠷᠡᠭᠯᠡᠭᠳᠡᠵᠦ ᠪᠠᠢᠭ᠎ᠠ ᠦᠶ᠎ᠡ ᠳ᠋ᠦ᠍ ᠠᠩᠭ᠌ᠯᠢ ᠬᠡᠯᠡ ᠨᠢ ᠵᠥᠪᠬᠡᠨ ᠨᠢᠭᠡ ᠵᠢᠵᠢᠭ ᠠᠷᠠᠯ ᠳᠡᠭᠡᠷᠡᠬᠢ ᠬᠡᠳᠦᠨ ᠵᠢᠭᠠᠰᠤᠴᠢᠳ ᠤ᠋ᠨ ᠬᠣᠭᠣᠷᠣᠨᠳᠣ ᠪᠠᠨ ᠨᠡᠪᠲᠡᠷᠡᠬᠦ ᠳ᠋ᠦ᠍ ᠬᠡᠷᠡᠭᠯᠡᠬᠦ ᠥᠴᠦᠬᠡᠨ ᠬᠡᠯᠡ ᠪᠠᠢᠭᠰᠠᠨ᠂ ᠥᠨᠥ ᠳᠡᠯᠡᠬᠡᠢ ᠳᠠᠶᠠᠭᠠᠷ ᠬᠡᠷᠡᠭᠯᠡᠵᠦ ᠪᠠᠢᠭ᠎ᠠ ᠶᠡᠬᠡ ᠬᠡᠯᠡ ᠪᠣᠯᠵᠠᠢ᠂ ᠭᠡᠲᠡᠯ᠎ᠡ ᠠᠩᠭ᠌ᠯᠢ ᠬᠡᠯᠡ ᠶᠠᠭᠤ ᠴᠤ᠌ ᠪᠢᠰᠢ ᠨᠢᠭᠡ ᠥᠴᠦᠬᠡᠨ ᠠᠷᠠᠯ ᠤ᠋ᠨ ᠬᠡᠯᠡ ᠪᠠᠢᠬᠤ ᠦᠶ᠎ᠡ ᠮᠠᠨ ᠤ᠋ ᠮᠣᠩᠭᠣᠯ ᠬᠡᠯᠡ ᠪᠡᠷ ᠢ᠋ᠶ᠋ᠡᠨ ᠳᠡᠯᠡᠬᠡᠢ ᠶ᠋ᠢᠨ ᠬᠡᠯᠡ ᠪᠠᠢᠭᠰᠠᠨ᠂ ᠮᠣᠩᠭᠣᠯ ᠬᠡᠯᠡ ᠳᠡᠯᠡᠬᠡᠢ ᠶ᠋ᠢᠨ ᠬᠡᠯᠡ ᠪᠣᠯᠵᠤ ᠥᠩᠭᠡᠷᠡᠯ᠎ᠡ ᠰᠢᠦ᠂ ᠰᠦᠷᠡᠬᠡᠢ ᠬᠡᠯᠡ ᠭᠡᠰᠡᠨ ᠢ᠋ᠶ᠋ᠡᠨ ᠬᠡᠷᠴᠢᠯᠡᠴᠢᠬᠡᠭᠰᠡᠨ᠂ ᠭᠡᠲᠡᠯ᠎ᠡ ᠥᠨᠥ ᠶᠠᠭᠠᠬᠢᠭᠠᠳ ᠣᠳᠣ ᠳᠡᠷᠭᠡᠳᠡ ᠪᠠᠢᠭ᠎ᠠ ᠬᠡᠳᠦᠨ ᠬᠥᠮᠦᠨ ᠲᠡᠢ ᠪᠡᠨ ᠬᠡᠯᠡᠯᠴᠡᠭᠡᠳ ᠪᠠᠰᠠ ᠳᠣᠲᠣᠷ᠎ᠠ ᠨᠢ ᠬᠡᠳᠦᠨ ᠣᠨᠳᠣᠣ ᠬᠡᠯᠡ ᠬᠣᠯᠢᠬᠤ ᠦᠭᠡᠢ ᠪᠣᠯ ᠨᠡᠪᠲᠡᠷᠡᠵᠦ ᠳᠡᠢᠯᠬᠦ ᠦᠭᠡᠢ ᠪᠣᠯᠴᠢᠬᠠᠭᠰᠠᠨ ᠪᠣᠢ? ᠡᠨᠡ ᠭᠣᠣᠯ ᠬᠥᠮᠦᠨ ᠳ᠋ᠦ᠍ ᠨᠢ ᠪᠠᠢᠨ᠎ᠠ᠃ ᠬᠥᠮᠦᠨ ᠨᠢ ᠳᠣᠷᠣᠢᠲᠠᠵᠤ ᠪᠠᠢᠨ᠎ᠠ ᠭᠡᠵᠦ ᠪᠢ ᠦᠵᠡᠵᠦ ᠪᠠᠢᠨ᠎ᠠ᠂ ᠮᠠᠨ ᠤ᠋ ᠡᠬᠡ ᠬᠡᠯᠡ ᠪᠣᠯ ᠳᠣᠷᠣᠢᠲᠠᠭᠠ ᠦᠭᠡᠢ ᠪᠠᠢᠬᠤ ᠶᠤᠮ᠂ ᠮᠠᠨ ᠤ᠋ ᠬᠥᠮᠦᠨ ᠨᠢ ᠪᠣᠯ ᠳᠣᠷᠣᠢᠲᠠᠵᠠᠢ᠃ ᠬᠠᠮᠤᠭ ᠨᠠᠭᠠᠳᠤ ᠵᠠᠬ᠎ᠠ ᠨᠢ ᠪᠢᠳᠡ ᠬᠡᠷᠪᠡ ᠮᠣᠩᠭᠣᠯᠴᠤᠳ ᠪᠦᠬᠦ ᠳᠡᠯᠡᠬᠡᠢ ᠶ᠋ᠢᠨ ᠬᠥᠮᠦᠨ ᠲᠥᠷᠥᠯᠬᠢᠲᠡᠨ ᠳ᠋ᠦ᠍ ᠬᠡᠷᠡᠭᠴᠡᠭᠡ ᠲᠡᠢ ᠶᠠᠮᠠᠷ ᠨᠢᠭᠡ ᠶᠠᠭᠤᠮ᠎ᠠ ᠶ᠋ᠢ ᠡᠭᠦᠳᠦᠭᠡᠳ ᠡᠭᠦᠨ ᠢ᠋ ᠬᠡᠷᠡᠭᠯᠡᠬᠦ ᠠᠷᠭ᠎ᠠ ᠶ᠋ᠢ ᠮᠣᠩᠭᠣᠯ ᠦᠰᠦᠭ ᠢ᠋ᠶ᠋ᠡᠷ ᠢ᠋ᠶ᠋ᠡᠨ ᠪᠢᠴᠢᠭᠡᠳ ᠣᠷᠣᠭᠤᠯᠴᠢᠬᠠᠪᠠᠯ᠂ ᠬᠥᠮᠦᠨ ᠯᠠᠪ ᠴᠢᠨᠦ ᠮᠣᠩᠭᠣᠯ ᠬᠡᠯᠡ ᠶ᠋ᠢ ᠴᠢᠨᠢ ᠬᠦᠨᠳᠦᠯᠡᠨ᠎ᠡ᠂ ᠰᠤᠷᠤᠨ᠎ᠠ᠂ ᠭᠡᠲᠡᠯ᠎ᠡ ᠡᠴᠢᠨᠡᠨ ᠵᠢᠯ ᠦ᠋ᠨ ᠲᠤᠷᠰᠢ ᠲᠡᠢᠮᠦ ᠬᠥᠮᠦᠨ ᠭᠠᠷᠤᠭ᠎ᠠ ᠦᠭᠡᠢ᠂ ᠲᠡᠷᠡᠴᠢᠯᠡᠨ ᠡᠬᠡ ᠬᠡᠯᠡ ᠶ᠋ᠢ ᠪᠡᠨ ᠬᠠᠶᠠᠭᠠᠳ ᠶᠠᠪᠤᠪᠠᠯ ᠰᠠᠢᠨ ᠭᠡᠵᠦ ᠪᠣᠳᠣᠵᠤ ᠪᠠᠢᠨ᠎ᠠ᠂ ᠵᠢᠱ᠌ᠢᠶᠡᠯᠡᠪᠡᠯ: ᠪᠢ ᠲᠠᠨᠤᠰ ᠲᠤ᠌ ᠬᠡᠯᠡᠵᠦ ᠥᠭᠭᠦᠶ᠎ᠡ᠂ᠦᠨᠡᠨ ᠮᠣᠩᠭᠣᠯ ᠬᠡᠯᠡ ᠪᠡᠨ ᠬᠠᠶᠠᠴᠢᠬᠠᠪᠠᠯ ᠰᠠᠢᠨ ᠭᠡᠵᠦ ᠤᠤ? ᠬᠠᠷᠢ ᠬᠡᠯᠡ ᠶ᠋ᠢ ᠰᠤᠷᠪᠠᠯ ᠰᠠᠢᠨ ᠭᠡᠵᠦ ᠤᠤ? ᠬᠠᠷᠢ ᠬᠡᠯᠡ ᠶ᠋ᠢ ᠰᠤᠷᠬᠤ ᠪᠠᠷ ᠪᠣᠳᠣᠬᠤ ᠳ᠋ᠤ᠌ ᠡᠨᠡ ᠪᠣᠯ ᠵᠥᠪᠬᠡᠨ ᠨᠢᠭᠡ ᠪᠠᠭᠠᠵᠢ᠂ ᠨᠡᠪᠲᠡᠷᠡᠬᠦ ᠨᠢᠭᠡ ᠵᠦᠢᠯ ᠦ᠋ᠨ ᠠᠷᠭ᠎ᠠ ᠬᠡᠯᠪᠡᠷᠢ ᠲᠡᠳᠦᠢ᠂ ᠴᠢ ᠬᠡᠳᠦᠢ ᠬᠠᠷᠢ ᠬᠡᠯᠡ ᠶ᠋ᠢ ᠮᠡᠳᠡᠯ᠎ᠡ ᠭᠡᠳ ᠥᠪᠡᠷ ᠦ᠋ᠨ ᠴᠢᠨᠢ ᠬᠥᠮᠦᠨ ᠥᠩᠭᠡᠷᠡᠦ ᠲᠤᠰᠠ ᠦᠭᠡᠢ ᠥᠭᠡᠳᠡ ᠦᠭᠡᠢ ᠪᠣᠯ ᠴᠢ᠂ ᠶᠠᠮᠠᠷ ᠬᠡᠯᠡ ᠰᠤᠷᠤᠭᠰᠠᠨ ᠴᠦ᠍ ᠲᠡᠭᠡᠵᠦ ᠥᠭᠡᠳᠡ ᠲᠡᠢ ᠶᠠᠪᠤᠵᠤ ᠴᠢᠳᠠᠬᠤ ᠦᠭᠡᠢ᠂ ᠡᠨᠡ ᠪᠣᠯ ᠵᠠᠢᠯᠠᠰᠢ ᠦᠭᠡᠢ᠃ ᠳᠡᠭᠡᠷ᠎ᠡ ᠨᠢ ᠡᠪᠦᠭᠡ ᠳᠡᠭᠡᠳᠦᠰ ᠡᠴᠡ ᠪᠡᠨ ᠠᠪᠤᠭᠠᠳ ᠡᠢᠮᠦ ᠠᠭᠤᠤ ᠶᠡᠬᠡ ᠪᠠᠢᠵᠤ ᠪᠠᠢᠭᠰᠠᠨ ᠡᠬᠡ ᠬᠡᠯᠡ ᠶ᠋ᠢ ᠪᠡᠨ ᠳᠣᠷᠣᠢ ᠪᠠᠭᠤᠷᠠᠢ ᠪᠣᠯᠭᠠᠴᠢᠬᠠᠭᠠᠳ ᠲᠡᠷᠡᠴᠢᠯᠡᠨ ᠬᠠᠶᠠᠭᠠᠳ ᠶᠠᠪᠤᠭᠰᠠᠨ ᠬᠥᠮᠦᠨ ᠲᠡᠷᠡ ᠶᠠᠮᠠᠷ ᠥᠭᠡᠳᠡ ᠲᠡᠢ ᠪᠠᠢᠳᠠᠭ ᠪᠣᠢ? ᠤᠴᠢᠷ ᠨᠢ ᠶᠠᠮᠠᠷ ᠨᠢᠭᠡᠨ ᠶᠠᠪᠤᠳᠠᠯ ᠢ᠋ ᠪᠦᠲᠦᠭᠡᠬᠦ ᠦᠶ᠎ᠡ ᠳ᠋ᠦ᠍᠂ ᠶᠠᠮᠠᠷ ᠨᠢᠭᠡᠨ ᠠᠵᠢᠯ ᠦᠢᠯᠡᠰ ᠢ᠋ ᠪᠦᠲᠦᠭᠡᠬᠦ ᠦᠶ᠎ᠡ ᠳ᠋ᠦ᠍ ᠬᠠᠮᠤᠭ ᠲᠡᠷᠢᠭᠦᠨ ᠳ᠋ᠦ᠍ ᠡᠨᠡ ᠬᠥᠮᠦᠨ ᠦ᠌ ᠪᠣᠳᠣᠯ ᠪᠣᠯ ᠴᠢᠬᠤᠯᠠ ᠪᠠᠢᠳᠠᠭ᠂ ᠪᠦᠬᠦ ᠶᠠᠭᠤᠮ᠎ᠠ ᠪᠣᠳᠣᠯ ᠠ᠋ᠴᠠ ᠡᠭᠦᠰᠳᠡᠭ᠂ ᠥᠪᠡᠷ ᠦ᠋ᠨ ᠢ᠋ᠶ᠋ᠡᠨ ᠦᠭᠡ ᠬᠡᠯᠡ ᠶ᠋ᠢ ᠬᠦᠷᠲᠡᠯ᠎ᠡ ᠬᠠᠶᠠᠭᠠᠳ ᠶᠠᠪᠤᠵᠤ ᠪᠠᠢᠬᠤ ᠬᠥᠮᠦᠨ᠂ ᠥᠭᠡᠷ᠎ᠡ ᠶᠠᠮᠠᠷ ᠨᠢᠭᠡ ᠶᠠᠭᠤᠮ᠎ᠠ ᠶ᠋ᠢ ᠬᠠᠶᠠᠬᠤ ᠳ᠋ᠤ᠌ ᠬᠠᠢᠷ᠎ᠠ ᠨᠠᠢᠷ ᠦᠭᠡᠢ ᠰᠢᠦ᠂ᠲᠡᠷᠡ ᠮᠥᠷᠲᠡᠭᠡᠨ ᠶᠠᠮᠠᠷ ᠨᠢᠭᠡᠨ ᠶᠠᠭᠤᠮ᠎ᠠ ᠶ᠋ᠢ ᠲᠤᠭᠤᠯᠵᠤ ᠳᠡᠢᠯᠬᠦ ᠦᠭᠡᠢ᠂ ᠬᠦᠴᠢᠷ ᠪᠡᠷᠬᠡᠰᠢᠶᠡᠯ ᠢ᠋ ᠳᠠᠭᠠᠭᠠᠬᠤ ᠪᠠᠷ ᠮᠠᠭᠤ᠂ ᠤᠴᠢᠷ ᠢ᠋ ᠪᠡᠨ ᠪᠦᠷᠢᠨ ᠲᠣᠳᠣᠷᠬᠠᠢ ᠲᠠᠨᠢᠵᠤ ᠳᠡᠢᠯᠬᠦ ᠦᠭᠡᠢ᠂ ᠶᠠᠭᠤ ᠪᠦᠭᠦᠳᠡ ᠨᠢ ᠥᠭᠡᠷ᠎ᠡ ᠬᠥᠮᠦᠨ ᠳ᠋ᠦ᠍ ᠲᠦᠯᠬᠢᠳᠡᠭ᠂ ᠥᠪᠡᠷ ᠦ᠋ᠨ ᠪᠡᠶ᠎ᠡ ᠳ᠋ᠡᠭᠡᠨ ᠰᠡᠪ ᠬᠠᠯᠳᠠᠭᠠᠬᠤ ᠦᠭᠡᠢ ᠪᠠᠢᠳᠠᠭ᠂ ᠮᠠᠨ ᠤ᠋ ᠬᠢ ᠨᠦ᠍ᠭᠦᠳ ᠦ᠋ᠨ ᠮᠣᠩᠭᠣᠯ ᠬᠡᠯᠡ ᠲᠤᠰᠠ ᠦᠭᠡᠢ ᠬᠡᠷᠡᠭ ᠦᠭᠡᠢ ᠭᠡᠵᠦ ᠬᠡᠯᠡᠵᠦ ᠪᠠᠢᠭ᠎ᠠ ᠬᠥᠮᠦᠰ᠂ ᠥᠪᠡᠷ ᠦ᠋ᠨ ᠪᠡᠶ᠎ᠡ ᠪᠡᠷ ᠢ᠋ᠶ᠋ᠡᠨ ᠤᠷᠤᠭᠤ ᠳᠣᠷᠣᠢ ᠪᠠᠨ ᠬᠡᠯᠡᠬᠦ ᠦᠭᠡᠢ ᠰᠢᠦ᠂《ᠤᠴᠢᠷ ᠨᠢ ᠪᠣᠯ ᠪᠦᠷ ᠮᠠᠨ ᠤ᠋ ᠮᠣᠩᠭᠣᠯ ᠬᠡᠯᠡᠨ ᠳ᠋ᠦ᠍ ᠪᠠᠢᠨ᠎ᠠ ᠮᠣᠩᠭᠣᠯ ᠬᠥᠮᠦᠨ ᠪᠣᠯᠵᠤ ᠲᠥᠷᠥᠭᠡᠳ ᠮᠠᠨ ᠤ᠋ ᠮᠣᠩᠭᠣᠯ ᠦᠭᠡ ᠬᠡᠯᠡ ᠶ᠋ᠢ ᠣᠢᠯᠭᠠᠬᠤ ᠬᠥᠮᠦᠨ ᠠᠷᠪᠢᠨ ᠦᠭᠡᠢ ᠶᠤᠮ ᠴᠢᠨᠢ᠂ᠡᠢᠮᠦ ᠡᠴᠡ ᠪᠣᠯᠤᠭᠠᠳ ᠪᠢ ᠢᠩᠭᠢᠵᠦ ᠠᠮᠢᠳᠤᠷᠠᠵᠤ ᠪᠠᠢᠨ᠎ᠠ 》ᠪᠢ ᠬᠡᠷᠪᠡ ᠥᠭᠡᠷ᠎ᠡ ᠦᠨᠳᠦᠰᠦᠲᠡᠨ ᠪᠣᠯᠵᠤ ᠲᠥᠷᠥᠭᠰᠡᠨ ᠪᠣᠯ᠂ ᠡᠨᠡ ᠦᠶ᠎ᠡ ᠠᠰᠲᠠᠭᠠᠨ ᠪᠠᠢᠬ᠎ᠠ 》᠁ ᠥᠭᠡᠷ᠎ᠡ ᠦᠨᠳᠦᠰᠦᠲᠡᠨ ᠦ᠌ ᠳᠣᠲᠣᠷ᠎ᠠ ᠪᠠᠰᠠ ᠥᠭᠡᠬᠦᠨ ᠳ᠋ᠦ᠍ ᠬᠢᠭᠡᠳ ᠨᠣᠬᠠᠢ ᠦᠨᠦᠷᠲᠦᠬᠦ ᠦᠭᠡᠢ᠂ ᠡᠪᠡᠰᠦᠨ ᠳ᠋ᠦ᠍ ᠪᠠᠭᠯᠠᠭᠠᠳ ᠦᠬᠡᠷ ᠢᠳᠡᠬᠦ ᠦᠭᠡᠢ ᠪᠠᠢᠬᠤ ᠯᠠ᠂ ᠲᠡᠷᠡ ᠬᠥᠮᠦᠨ ᠢ᠋ᠶ᠋ᠡᠷ ᠢ᠋ᠶ᠋ᠡᠨ ᠪᠣᠯᠬᠤ ᠠ᠋ᠴᠠ ᠪᠢᠰᠢ ᠦᠭᠡ ᠬᠡᠯᠡ ᠲᠡᠢ ᠬᠠᠮᠢᠶ᠎ᠠ ᠦᠭᠡᠢ ᠪᠠᠢᠬ᠎ᠠ᠂ ᠳᠠᠬᠢᠭᠠᠳ ᠬᠡᠯᠡᠪᠡᠯ ᠮᠣᠩᠭᠣᠯ ᠢ᠋ᠶ᠋ᠠᠷ ᠰᠤᠷᠤᠭᠰᠠᠨ ᠬᠥᠮᠦᠰ ᠦ᠋ᠨ ᠳᠣᠲᠣᠷ᠎ᠠ ᠳᠡᠯᠡᠬᠡᠢ ᠳ᠋ᠦ᠍ ᠨᠡᠷᠡᠲᠡᠢ ᠶᠠᠪᠤᠵᠤ ᠪᠠᠢᠭ᠎ᠠ ᠬᠥᠮᠦᠨ ᠠᠷᠪᠢᠨ ᠪᠠᠢᠨ᠎ᠠ᠂ ᠡᠳᠡᠭᠡᠷ ᠵᠢᠱ᠌ᠢᠶ᠎ᠡ ᠶ᠋ᠢ ᠲᠠᠨᠤᠰ ᠨᠢᠭᠡ ᠨᠢᠭᠡ ᠪᠡᠷ ᠪᠣᠳᠣᠪᠠᠯ ᠲᠠᠭᠠᠷᠠᠴᠢᠬᠠᠨᠠ᠂ ᠵᠢᠱ᠌ᠢᠶᠡᠯᠡᠪᠡᠯ: ᠰᠢᠭᠤᠷᠭᠠᠨ ᠪᠠᠭᠰᠢ᠂ ᠸᠠᠩ ᠪᠠᠭᠠᠲᠤᠷ ᠪᠠᠭᠰᠢ᠂ ᠮᠢᠩᠭᠠᠨᠴᠣᠭᠲᠤ ᠡᠷᠳᠡᠮᠲᠡᠨ᠁ ᠥᠪᠡᠷ ᠦ᠋ᠨ ᠡᠬᠡ ᠬᠡᠯᠡ ᠪᠡᠷ ᠢ᠋ᠶ᠋ᠡᠨ ᠪᠦᠷ ᠶᠠᠪᠤᠵᠤ ᠪᠠᠢᠭ᠎ᠠ ᠬᠥᠮᠦᠨ ᠠᠷᠪᠢᠨ ᠪᠠᠢᠨ᠎ᠠ᠃ ᠥᠪᠡᠷ ᠦ᠋ᠨ ᠡᠬᠡ ᠬᠡᠯᠡ ᠪᠡᠨ ᠪᠠᠷᠢᠮᠲᠠᠯᠠᠵᠤ᠂ ᠡᠬᠡ ᠬᠡᠯᠡ ᠪᠡᠷ ᠢ᠋ᠶ᠋ᠡᠨ ᠰᠤᠷᠤᠯᠴᠠᠭᠠᠳ ᠪᠦᠷ ᠠᠮᠵᠢᠯᠲᠠ ᠣᠯᠵᠤ ᠪᠠᠢᠭ᠎ᠠ ᠬᠥᠮᠦᠨ ᠠᠷᠪᠢᠨ ᠪᠠᠢᠨ᠎ᠠ ᠰᠢᠳᠡ᠂ ᠪᠢᠳᠡ ᠶᠠᠭᠠᠬᠢᠭᠠᠳ ᠲᠡᠳᠡᠨ ᠢ᠋ ᠨᠢ ᠦᠵᠡᠵᠦ ᠪᠣᠯᠳᠠᠭ ᠦᠭᠡᠢ ᠪᠣᠢ? ᠶᠠᠭᠠᠬᠢᠭᠠᠳ ᠰᠢᠯᠲᠠᠭ ᠢ᠋ ᠶᠠᠭᠤ ᠪᠦᠬᠦᠨ ᠳ᠋ᠦ᠍ ᠲᠦᠯᠬᠢᠭᠡᠳ ᠮᠠᠭᠤ ᠰᠤᠷᠴᠢᠬᠠᠭᠰᠠᠨ ᠶᠤᠮ? ᠥᠪᠡᠷ ᠦ᠋ᠨ ᠪᠡᠶ᠎ᠡ ᠡᠴᠡ ᠪᠡᠨ ᠡᠷᠢᠬᠦ ᠦᠭᠡᠢ ᠪᠣᠢ? ᠶᠠᠪᠤᠭᠰᠠᠭᠠᠷ ᠶᠠᠪᠤᠭᠰᠠᠭᠠᠷ ᠪᠠᠢᠲᠠᠯ᠎ᠠ ᠡᠪᠦᠭᠡ ᠳᠡᠭᠡᠳᠦᠰ ᠡᠴᠡ ᠦᠯᠡᠳᠡᠭᠡᠭᠰᠡᠨ ᠡᠬᠡ ᠬᠡᠯᠡ ᠳ᠋ᠦ᠍ ᠪᠡᠨ ᠬᠡᠷᠡᠭ ᠣᠷᠣᠭᠤᠯᠵᠤ ᠪᠠᠢᠬᠤ ᠶᠤᠮ? ᠶᠠᠭᠠᠬᠢᠭᠠᠳ ᠬᠠᠮᠠᠭᠠᠯᠠᠵᠤ ᠪᠣᠯᠬᠤ ᠦᠭᠡᠢ ᠶᠤᠮ? ᠬᠥᠮᠦᠰ ᠬᠠᠮᠤᠭ ᠨᠠᠭᠠᠳᠤ ᠵᠠᠬ᠎ᠠ ᠨᠢ ᠥᠪᠡᠷ ᠦ᠋ᠨ ᠭᠡᠰᠡᠨ ᠶᠠᠭᠤᠮ᠎ᠠ ᠪᠠᠨ ᠬᠠᠮᠠᠭᠠᠯᠠᠵᠤ ᠳᠡᠢᠯᠬᠦ ᠦᠭᠡᠢ ᠶᠤᠮ ᠪᠣᠯ ᠥᠭᠡᠷ᠎ᠡ ᠶᠠᠭᠤᠮ᠎ᠠ ᠪᠦᠲᠦᠭᠡᠨ᠎ᠡ ᠭᠡᠳᠡᠭ ᠴᠢᠨᠢ ᠬᠡᠷᠡᠭ ᠦᠭᠡᠢ ᠦᠭᠡ᠂ ᠭᠤᠨᠵᠢ ᠶ᠋ᠢᠨ ᠵᠣᠭᠣᠭ᠂ ᠵᠢᠱ᠌ᠢᠶᠡᠯᠡᠪᠡᠯ: ᠨᠢᠭᠡ ᠬᠥᠮᠦᠨ ᠥᠪᠡᠷ ᠦ᠋ᠨ ᠦᠷ᠎ᠡ ᠬᠡᠦᠬᠡᠳ ᠲᠡᠭᠡᠨ ᠬᠠᠢᠷ᠎ᠠ ᠦᠭᠡᠢ ᠡᠴᠢᠭᠡ ᠡᠬᠡ ᠳ᠋ᠦ᠍ ᠪᠡᠨ ᠬᠠᠢᠷ᠎ᠠ ᠦᠭᠡᠢ ᠶᠤᠮ ᠪᠣᠯ ᠥᠭᠡᠷ᠎ᠡ ᠬᠥᠮᠦᠨ ᠳ᠋ᠦ᠍ ᠬᠠᠢᠷᠠᠲᠠᠢ ᠪᠣᠯᠵᠤ ᠳᠡᠢᠯᠬᠦ ᠶᠤᠮ ᠭᠡᠵᠢ ᠤᠤ? ᠡᠬᠡ ᠬᠡᠯᠡ ᠴᠢᠨᠢ ᠪᠠᠰᠠ ᠲᠡᠢᠮᠦ᠂ ᠶᠠᠭ ᠴᠢᠨᠦ ᠴᠢᠰᠤ ᠶᠠᠰᠤᠨ ᠳ᠋ᠤ᠌ ᠰᠢᠩᠭᠡᠭᠰᠡᠨ ᠶᠠᠭᠤᠮ᠎ᠠ᠂ ᠶᠢᠷᠲᠢᠨᠴᠦ ᠳᠡᠭᠡᠷ᠎ᠡ ᠠᠩᠬ᠎ᠠ ᠭᠠᠷᠴᠤ ᠢᠷᠡᠬᠦ ᠦᠶ᠎ᠡ ᠳ᠋ᠦ᠍ ᠡᠴᠢᠭᠡ ᠡᠬᠡ ᠶ᠋ᠢᠨ ᠢ᠋ᠶ᠋ᠡᠨ ᠠᠮᠠᠨ ᠠ᠋ᠴᠠ ᠰᠣᠨᠣᠰᠤᠭᠠᠳ ᠥᠪᠡᠷ ᠦ᠋ᠨ ᠦᠶ᠎ᠡ ᠳ᠋ᠦ᠍ ᠪᠡᠨ ᠪᠠᠰᠠ ᠡᠨᠡ ᠦᠭᠡ ᠪᠡᠷ ᠡᠬᠢᠯᠡᠵᠦ ᠬᠡᠯᠡᠭᠰᠡᠨ᠂ ᠭᠡᠲᠡᠯ᠎ᠡ ᠡᠭᠦᠨ ᠢ᠋ᠶ᠋ᠡᠨ ᠶᠠᠭᠤᠨ ᠳ᠋ᠤ᠌ ᠭᠣᠯᠣᠵᠤ ᠪᠠᠢᠨ᠎ᠠ ᠳᠠ? ᠬᠥᠮᠦᠨ ᠨᠢᠭᠡ ᠨᠠᠰᠤᠨ ᠳ᠋ᠤ᠌ ᠪᠠᠨ ᠬᠡᠳᠦᠢ ᠶᠠᠭᠤᠮ᠎ᠠ ᠶ᠋ᠢ ᠬᠠᠶᠠᠵᠤ ᠳᠡᠢᠯᠳᠡᠭ ᠶᠤᠮ? ᠨᠢᠭᠡᠨ ᠦᠨᠳᠦᠰᠦᠲᠡᠨ ᠬᠡᠳᠦᠢ ᠶᠠᠭᠤᠮ᠎ᠠ ᠶ᠋ᠢ ᠬᠠᠶᠠᠵᠤ ᠳᠡᠢᠯᠳᠡᠭ ᠪᠣᠢ? ᠶᠠᠭᠤ ᠭᠡᠵᠦ ᠬᠠᠶᠠᠳᠠᠭ ᠶᠤᠮ? ᠬᠠᠶᠠᠭᠰᠠᠭᠠᠷ ᠥᠭᠡᠳᠡᠯᠡᠴᠢᠬᠡᠨᠡ ᠭᠡᠵᠦ ᠤᠤ? ᠴᠤᠭᠯᠠᠭᠤᠯᠤᠭᠠᠳ ᠥᠭᠡᠳᠡᠯᠡᠭᠰᠡᠨ ᠬᠥᠮᠦᠨ ᠪᠠᠢᠳᠠᠭ ᠠ᠋ᠴᠠ ᠪᠢᠰᠢ ᠬᠠᠮᠠᠭᠠᠯᠠᠭᠠᠳ ᠥᠭᠡᠳᠡᠯᠡᠭᠰᠡᠨ ᠬᠥᠮᠦᠨ ᠪᠠᠢᠳᠠᠭ ᠠ᠋ᠴᠠ ᠪᠢᠰᠢ᠂ ᠬᠠᠶᠠᠭᠠᠳ ᠥᠭᠡᠳᠡᠯᠡᠭᠰᠡᠨ ᠬᠥᠮᠦᠨ ᠦ᠌ ᠪᠢ ᠥᠩᠭᠡᠷᠡᠦ ᠣᠯᠵᠤ ᠦᠵᠡᠭᠰᠡᠨ ᠦᠭᠡᠢ᠃ ᠬᠠᠮᠤᠭ ᠤ᠋ᠨ ᠬᠠᠢᠷᠠᠲᠠᠢ ᠶᠠᠰᠤ ᠴᠢᠰᠤᠨ ᠳ᠋ᠤ᠌ ᠰᠢᠩᠭᠡᠭᠰᠡᠨ ᠶᠠᠭᠤᠮ᠎ᠠ ᠪᠠᠨ ᠬᠠᠶᠠᠭᠠᠳ ᠥᠭᠡᠳᠡᠯᠡᠭᠰᠡᠨ ᠬᠥᠮᠦᠨ ᠢ᠋ ᠪᠢ ᠶᠠᠭ ᠣᠯᠵᠤ ᠦᠵᠡᠭᠡ ᠦᠭᠡᠢ᠃ ᠬᠡᠯᠡᠯᠭᠡᠨ ᠦᠭᠡᠢ ᠭᠬᠢᠷ ᠪᠤᠷᠲᠠᠭ ᠢ᠋ ᠤᠬᠢᠶᠠᠵᠤ ᠪᠣᠯᠤᠨ᠎ᠠ᠂ ᠭᠡᠪᠡᠴᠦ ᠭᠠᠷ ᠬᠥᠯ ᠢ᠋ ᠠᠪᠴᠤ ᠪᠣᠯᠬᠤ ᠦᠭᠡᠢ ᠰᠢᠲᠠ᠂ ᠵᠢᠱ᠌ᠢᠶᠡᠯᠡᠪᠡᠯ ᠡᠢᠮᠦ ᠨᠢᠭᠡ ᠦᠭᠡ ᠪᠠᠢᠳᠠᠭ᠂ ᠬᠠᠮᠠᠷ ᠢ᠋ᠶ᠋ᠠᠨ ᠨᠢᠰᠤᠲᠠᠢ ᠭᠡᠳ ᠬᠠᠮᠢᠭ᠎ᠠ ᠠᠪᠠᠴᠢᠵᠤ ᠬᠠᠶᠠᠨ᠎ᠠ ᠳᠠ ᠭᠡᠵᠦ᠂ ᠪᠢᠳᠡ ᠨᠢᠰᠦ ᠶ᠋ᠢ ᠠᠷᠢᠯᠭᠠᠵᠤ ᠪᠣᠯᠤᠨ᠎ᠠ᠂ ᠭᠡᠲᠡᠯ᠎ᠡ ᠬᠠᠮᠠᠷ ᠢ᠋ᠶ᠋ᠠᠨ ᠣᠭᠲᠣᠯᠤᠭᠠᠳ ᠬᠠᠶᠠᠴᠢᠬᠠᠬᠤ ᠲᠡᠷᠡ ᠬᠥᠮᠦᠨ ᠢ᠋ ᠤᠬᠠᠭᠠᠨ ᠲᠠᠢ ᠬᠥᠮᠦᠨ ᠳ᠋ᠦ᠍ ᠲᠣᠭᠠᠴᠠᠭᠳᠠᠬᠤ ᠦᠭᠡᠢ᠂ ᠮᠠᠨ ᠤ᠋ ᠡᠬᠡ ᠬᠡᠯᠡ ᠪᠡᠨ ᠬᠠᠶᠠᠨ᠎ᠠ ᠭᠣᠯᠣᠨ᠎ᠠ ᠭᠡᠳᠡᠭ ᠴᠢᠨᠢ ᠦᠨᠡᠨ ᠳ᠋ᠦ᠍ ᠪᠡᠨ ᠬᠠᠮᠠᠷ ᠢ᠋ᠶ᠋ᠠᠨ ᠨᠢᠰᠤᠲᠠᠢ ᠭᠡᠳ ᠬᠠᠮᠠᠷ ᠢ᠋ᠶ᠋ᠠᠨ ᠣᠭᠲᠣᠯᠵᠤ ᠬᠠᠶᠠᠨ᠎ᠠ ᠭᠡᠵᠦ ᠪᠠᠢᠬᠤ ᠲᠠᠢ ᠠᠪ ᠠᠳᠠᠯᠢᠬᠠᠨ᠃ ᠬᠠᠮᠠᠷ ᠢ᠋ᠶ᠋ᠠᠨ ᠪᠢᠳᠡ ᠴᠡᠪᠡᠷᠯᠡᠵᠦ ᠪᠣᠯᠤᠨ᠎ᠠ᠂ ᠡᠨᠡ ᠶ᠋ᠢ ᠨᠢ ᠪᠤᠷᠤᠭᠤ ᠭᠡᠬᠦ ᠦᠭᠡᠢ᠂ ᠭᠡᠪᠡᠴᠦ ᠬᠡᠵᠢᠶᠡᠳᠡ ᠣᠭᠲᠣᠯᠵᠤ ᠪᠣᠯᠬᠤ ᠦᠭᠡᠢ ᠰᠢᠦ᠂ ᠵᠠᠷᠢᠮ ᠵᠦᠢᠯ ᠨᠢ ᠬᠤᠪᠴᠠᠰᠤ ᠬᠤᠨᠠᠷ ᠭᠬᠢᠷ ᠪᠤᠷᠲᠠᠭ ᠲᠠᠢ ᠠᠳᠠᠯᠢ ᠮᠠᠭᠠᠳ ᠦᠭᠡᠢ᠂ ᠦᠷᠭᠦᠯᠵᠢ ᠰᠣᠯᠢᠵᠤ ᠪᠣᠯᠤᠨ᠎ᠠ᠂ ᠬᠠᠶᠠᠵᠤ ᠪᠣᠯᠤᠨ᠎ᠠ᠂ ᠭᠡᠪᠡᠴᠦ ᠭᠠᠷ ᠬᠥᠯ ᠡᠯᠢᠭᠡ ᠵᠢᠷᠦᠬᠡ ᠲᠠᠷᠢᠬᠢ ᠲᠣᠯᠣᠭᠠᠢ ᠶ᠋ᠢ ᠪᠣᠯ ᠬᠡᠵᠢᠶ᠎ᠡ ᠴᠦ᠍ ᠬᠠᠶᠠᠵᠤ ᠪᠣᠯᠳᠠᠭ ᠦᠭᠡᠢ᠂ ᠰᠣᠯᠢᠵᠤ ᠪᠣᠯᠳᠠᠭ ᠦᠭᠡᠢ᠂ ᠡᠬᠡ ᠬᠡᠯᠡ ᠪᠣᠯ ᠳᠠᠷᠤᠢ ᠥᠪᠡᠷ ᠦ᠋ᠨ ᠪᠡᠶ᠎ᠡ ᠳ᠋ᠦ᠍ ᠰᠢᠩᠭᠡᠭᠰᠡᠨ ᠡᠯ᠎ᠡ ᠡᠷᠬᠡᠲᠡᠨ ᠲᠡᠢ ᠠᠳᠠᠯᠢ ᠭᠡᠵᠦ ᠪᠢ ᠬᠣᠪᠢᠨ ᠳ᠋ᠤ᠌ ᠪᠠᠨ ᠪᠣᠳᠣᠵᠤ ᠪᠠᠢᠨ᠎ᠠ᠂ ᠲᠡᠭᠡᠬᠦ ᠪᠡᠷ ᠢ᠋ᠶ᠋ᠡᠨ ᠨᠠᠢᠵᠠ ᠨᠤᠭᠤᠳ ᠠ᠋᠂ ᠰᠠᠢᠬᠠᠨ ᠪᠣᠳᠣᠵᠤ ᠦᠵᠡ᠂ ᠮᠠᠨ ᠤ᠋ ᠬᠢᠨ ᠡᠨᠡ ᠡᠳᠦᠷ ᠤᠷᠤᠭᠤ ᠳᠣᠷᠣᠢ ᠪᠠᠢᠬᠤ ᠪᠣᠯ ᠬᠡᠯᠡᠨ ᠳ᠋ᠦ᠍ ᠦᠭᠡᠢ ᠰᠢᠦ᠂ ᠬᠥᠮᠦᠨ ᠳ᠋ᠦ᠍ ᠪᠠᠢᠨ᠎ᠠ᠂ ᠬᠥᠮᠦᠨ ᠨᠢ ᠴᠢᠷᠮᠠᠢᠶ᠎ᠠ! ᠬᠥᠮᠦᠨ ᠨᠢ ᠬᠥᠮᠦᠨ ᠦ᠌ ᠳᠡᠭᠡᠲᠡᠢ ᠬᠥᠮᠦᠨ ᠪᠣᠯᠵᠤ ᠠᠮᠢᠳᠤᠷᠠᠬᠤ ᠪᠠᠷ ᠴᠢᠷᠮᠠᠢᠶ᠎ᠠ! ᠲᠡᠢᠮᠦ ᠤᠬᠠᠭᠠᠨ ᠢ᠋ ᠣᠯᠣᠨ ᠲᠡᠢᠮᠦ ᠤᠬᠠᠭᠠᠨ ᠢ᠋ ᠪᠠᠷᠢᠮᠲᠠᠯᠠᠨ ᠲᠡᠢᠮᠦ ᠤᠬᠠᠭᠠᠨ ᠢ᠋ ᠬᠥᠭᠵᠢᠭᠦᠯᠦᠨ᠎ᠡ ᠭᠡᠵᠦ ᠴᠢᠷᠮᠠᠢᠵᠠᠭᠠᠶ᠎ᠠ! ᠣᠨᠴᠠᠭᠠᠢᠯᠠᠨ ᠡᠨᠡ ᠲᠠᠪᠢᠨ ᠵᠢᠯ ᠦ᠋ᠨ ᠳᠠᠷᠠᠭ᠎ᠠ ᠮᠣᠩᠭᠣᠯ ᠦᠭᠡ ᠬᠡᠯᠡ ᠮᠥᠬᠥᠨ᠎ᠡ ᠭᠡᠵᠦ ᠬᠡᠯᠡᠵᠦ ᠪᠠᠢᠭ᠎ᠠ ᠬᠥᠮᠦᠰ ᠦ᠋ᠨ ᠦᠭᠡ ᠶ᠋ᠢ ᠰᠣᠨᠣᠰᠤᠭᠠᠳ ᠭᠠᠢᠬᠠᠵᠤ ᠪᠠᠢᠨ᠎ᠠ᠂ ᠶᠠᠭᠠᠬᠢᠭᠠᠳ ᠮᠥᠬᠥᠳᠡᠭ ᠪᠣᠢ? ᠮᠠᠨ ᠤ᠋ ᠦᠷ᠎ᠡ ᠬᠡᠦᠬᠡᠳ᠂ ᠵᠢᠱ᠌ᠢᠶᠡᠯᠡᠪᠡᠯ: ᠮᠢᠨᠦ ᠵᠢᠷᠭᠤᠭᠠᠨ ᠨᠠᠰᠤᠲᠠᠢ ᠥᠬᠢᠨ ᠮᠣᠩᠭᠣᠯ ᠢ᠋ᠶ᠋ᠠᠷ ᠬᠡᠯᠡᠭᠡᠳ ᠰᠤᠷᠴᠢᠬᠠᠵᠠᠢ᠂ ᠲᠠᠪᠢᠨ ᠵᠢᠯ ᠦ᠋ᠨ ᠳᠠᠷᠠᠭ᠎ᠠ ᠰᠠᠶᠢ ᠲᠠᠪᠤ ᠵᠢᠷᠭᠤᠭᠠᠬᠠᠨ ᠨᠠᠰᠤᠲᠠᠢ ᠬᠥᠮᠦᠨ᠂ ᠮᠢᠨᠦ ᠥᠬᠢᠨ ᠨᠠᠶᠠ ᠶᠡᠷᠡ ᠵᠠᠭᠤ ᠭᠦᠷᠦᠭᠡᠰᠡᠢ ᠭᠡᠵᠦ ᠪᠢ ᠠᠪᠤ ᠨᠢ ᠡᠨᠳᠡ ᠡᠴᠡ ᠢᠷᠦᠭᠡᠵᠦ ᠪᠠᠢᠨ᠎ᠠ᠂ ᠥᠭᠡᠷ᠎ᠡ ᠠᠢᠯ ᠤ᠋ᠨ ᠬᠡᠦᠬᠡᠳ ᠪᠠᠰᠠ ᠲᠥᠷᠥᠵᠦ ᠪᠠᠢᠨ᠎ᠠ ᠥᠰᠴᠦ ᠪᠠᠢᠨ᠎ᠠ᠂ ᠪᠠᠭ᠎ᠠ ᠠ᠋ᠴᠠ ᠪᠠᠨ ᠮᠣᠩᠭᠣᠯ ᠬᠡᠯᠡ ᠰᠤᠷᠴᠤ ᠪᠠᠢᠨ᠎ᠠ᠂ ᠲᠠᠪᠢᠨ ᠵᠢᠯ ᠦ᠋ᠨ ᠳᠠᠷᠠᠭ᠎ᠠ ᠶᠠᠭᠠᠬᠢᠭᠠᠳ ᠮᠥᠬᠥᠨ᠎ᠡ ᠳᠡ? ᠮᠥᠬᠥᠨ᠎ᠡ ᠭᠡᠰᠡᠨ ᠦᠭᠡ ᠶ᠋ᠢ ᠬᠡᠨ ᠬᠡᠯᠡᠵᠦ ᠭᠠᠷᠭᠠᠵᠤ ᠪᠠᠢᠬᠤ ᠪᠣᠢ? ᠮᠢᠨᠦ ᠪᠣᠳᠣᠬᠤ ᠪᠠᠷ ᠮᠥᠬᠥᠬᠦ ᠶᠣᠰᠣ ᠦᠭᠡᠢ ᠶᠠ! ᠶᠠᠭᠠᠬᠢᠭᠠᠳ ᠮᠥᠬᠥᠨ᠎ᠡ ᠳᠡ? ᠮᠥᠬᠥᠨ᠎ᠡ ᠭᠡᠵᠦ ᠬᠡᠯᠡᠵᠦ ᠪᠠᠢᠭ᠎ᠠ ᠬᠥᠮᠦᠨ ᠪᠣᠯ ᠳᠠᠷᠤᠢ ᠮᠣᠩᠭᠣᠯ ᠬᠡᠯᠡ ᠪᠡᠨ ᠮᠥᠬᠥᠭᠡᠵᠦ ᠪᠠᠢᠭ᠎ᠠ ᠬᠥᠮᠦᠨ ᠦ᠌ ᠨᠢᠭᠡ ᠨᠢ ᠮᠥᠨ᠃ ᠮᠥᠬᠥᠭᠡᠬᠦ ᠦᠭᠡᠢ ᠪᠣᠯ ᠮᠥᠬᠥᠭᠡᠬᠦ ᠦᠭᠡᠢ ᠰᠢᠲᠠ᠂ ᠦᠨᠡᠨ ᠳ᠋ᠦ᠍ ᠪᠡᠨ ᠨᠢᠭᠡ ᠬᠡᠯᠡ ᠮᠥᠬᠥᠨ᠎ᠡ ᠤᠤ ᠦᠭᠡᠢ ᠤᠤ ᠭᠡᠳᠡᠭ ᠪᠣᠯ ᠭᠣᠣᠯ ᠵᠠᠩᠭᠢᠯᠠᠭ᠎ᠠ ᠨᠢ ᠲᠥᠪ ᠳᠥᠬᠥᠮᠬᠡᠨ᠂ ᠡᠨᠡ ᠦᠨᠳᠦᠰᠦᠲᠡᠨ ᠦ᠌ ᠦᠷ᠎ᠡ ᠬᠡᠦᠬᠡᠳ᠂ ᠡᠨᠡ ᠦᠨᠳᠦᠰᠦᠲᠡᠨ ᠦ᠌ ᠡᠨᠡ ᠴᠠᠭ ᠦᠶ᠎ᠡ ᠳ᠋ᠦ᠍ ᠠᠮᠢᠳᠤᠷᠠᠵᠤ ᠪᠠᠢᠬᠤ ᠬᠥᠮᠦᠨ ᠮᠥᠬᠥᠭᠡᠨ᠎ᠡ ᠤᠤ ᠮᠥᠬᠥᠭᠡᠬᠦ ᠦᠭᠡᠢ ᠤᠤ ᠭᠡᠰᠡᠨ ᠳᠣᠲᠣᠷ᠎ᠠ ᠯᠠ ᠪᠠᠢᠨ᠎ᠠ᠂ ᠥᠭᠡᠷ᠎ᠡ ᠶᠠᠭᠤ ᠲᠠᠢ ᠴᠤ᠌ ᠬᠣᠯᠪᠣᠭ᠎ᠠ ᠦᠭᠡᠢ᠂ ᠡᠨᠡ ᠴᠠᠭ ᠦᠶ᠎ᠡ ᠳ᠋ᠦ᠍ ᠠᠮᠢᠳᠤᠷᠠᠵᠤ ᠪᠠᠢᠬᠤ ᠬᠥᠮᠦᠨ ᠪᠣᠯᠤᠨ ᠡᠨᠡ ᠴᠠᠭ ᠦᠶ᠎ᠡ ᠳ᠋ᠦ᠍ ᠠᠮᠢᠳᠤᠷᠠᠵᠤ ᠪᠠᠢᠬᠤ ᠬᠥᠮᠦᠨ ᠦ᠌ ᠦᠷ᠎ᠡ ᠬᠡᠦᠬᠡᠳ ᠲᠡᠢ ᠯᠡ ᠬᠣᠯᠪᠣᠭ᠎ᠠ ᠲᠠᠢ᠃ ᠳᠥᠭᠥᠮ ᠢ᠋ᠶ᠋ᠡᠷ ᠬᠡᠯᠡᠪᠡᠯ: ᠡᠨᠡ ᠴᠠᠭ ᠦᠶ᠎ᠡ ᠳ᠋ᠦ᠍ ᠠᠮᠢᠳᠤᠷᠠᠵᠤ ᠪᠠᠢᠭ᠎ᠠ ᠬᠥᠮᠦᠨ᠂ ᠡᠨᠡ ᠴᠠᠭ ᠦᠶ᠎ᠡ ᠳ᠋ᠦ᠍ ᠠᠮᠢᠳᠤᠷᠠᠵᠤ ᠪᠠᠢᠭ᠎ᠠ ᠬᠥᠮᠦᠨ ᠦ᠌ ᠦᠷ᠎ᠡ ᠬᠣᠢᠴᠢᠰ ᠬᠡᠷᠪᠡ ᠰᠠᠢᠨ ᠲᠥᠷᠥᠭᠰᠡᠨ ᠪᠣᠯ ᠮᠥᠬᠥᠭᠡᠬᠦ ᠦᠭᠡᠢ᠂ ᠮᠠᠭᠤ ᠲᠥᠷᠥᠭᠰᠡᠨ ᠪᠣᠯ ᠮᠥᠬᠥᠭᠡᠨ᠎ᠡ᠃ ᠡᠢᠮᠦ ᠯᠡ ᠳᠥᠭᠥᠮ᠃ ᠪᠢᠳᠡ ᠬᠣᠵᠢᠮ ᠤ᠋ᠨ ᠲᠡᠦᠬᠡᠨ ᠳᠡᠭᠡᠷ᠎ᠡ ᠮᠣᠩᠭᠣᠯ ᠤ᠋ᠨ ᠠᠯᠢ ᠴᠠᠭ ᠦᠶ᠎ᠡ ᠶ᠋ᠢᠨ ᠡᠳᠡᠭᠡᠷ ᠬᠥᠮᠦᠰ ᠨᠢ ᠪᠣᠯ ᠮᠠᠭᠤ ᠲᠥᠷᠥᠵᠡᠢ᠂ ᠲᠡᠭᠡᠭᠡᠳ ᠡᠬᠡ ᠬᠡᠯᠡ ᠪᠡᠨ ᠮᠥᠬᠥᠭᠡᠵᠡᠢ ᠭᠡᠰᠡᠨ ᠢ᠋ ᠪᠤᠤ ᠪᠢᠴᠢᠭᠦᠯᠦᠶᠡ! ᠡᠨᠡ ᠴᠢᠨᠢ ᠪᠠᠰᠠ ᠨᠢᠭᠡ ᠨᠢᠭᠤᠷ ᠰᠢᠦ! ᠪᠢᠳᠡ ᠨᠢᠭᠤᠷ ᠲᠤ᠌ ᠳᠤᠷᠠᠲᠠᠢ ᠪᠠᠢᠳᠠᠭ ᠪᠢᠰᠢ ᠶᠤᠮ ᠤᠤ?ᠡᠨᠡ ᠴᠢᠨᠢ ᠪᠠᠰᠠ ᠨᠢᠭᠡ ᠨᠢᠭᠤᠷ᠂ ᠲᠡᠦᠬᠡᠨ ᠳ᠋ᠦ᠍ ᠦᠯᠡᠳᠡᠬᠦ ᠨᠢᠭᠤᠷ᠃ ᠬᠥᠮᠦᠨ ᠲᠥᠷᠥᠯᠬᠢᠲᠡᠨ ᠦ᠌ ᠨᠡᠢᠭᠡᠮ ᠳᠡᠭᠡᠷ᠎ᠡ ᠦᠯᠡᠳᠡᠬᠦ ᠨᠢᠭᠤᠷ᠃ ᠡᠬᠡ ᠬᠡᠯᠡ ᠮᠥᠬᠥᠬᠦ ᠦᠭᠡᠢ᠂ ᠴᠢ ᠥᠪᠡᠷ ᠢ᠋ᠶ᠋ᠡᠨ ᠰᠠᠢᠨ ᠲᠥᠷᠥᠭᠰᠡᠨ ᠪᠣᠯ ᠦᠷ᠎ᠡ ᠬᠡᠦᠬᠡᠳ ᠢ᠋ ᠪᠡᠨ ᠮᠣᠩᠭᠣᠯ ᠢ᠋ᠶ᠋ᠠᠷ ᠰᠤᠷᠭᠠᠵᠤ ᠳᠡᠢᠯᠪᠡᠯ ᠮᠥᠬᠥᠬᠦ ᠦᠭᠡᠢ᠂ ᠲᠡᠷᠡ ᠶᠠᠭᠠᠬᠢᠵᠤ ᠮᠥᠬᠥᠨ᠎ᠡ ᠳᠡ! ᠮᠥᠬᠥᠨ᠎ᠡ ᠤᠤ ᠦᠭᠡᠢ ᠤᠤ ᠭᠡᠳᠡᠭ ᠪᠠᠰᠠ ᠯᠠ ᠬᠥᠮᠦᠨ ᠦ᠌ ᠬᠢᠨ ᠰᠠᠢᠨ ᠮᠠᠭᠤ ᠳ᠋ᠤ᠌ ᠪᠠᠢᠨ᠎ᠠ᠃ ᠬᠥᠮᠦᠨ ᠳ᠋ᠦ᠍ ᠯᠡ ᠪᠠᠢᠨ᠎ᠠ᠃ ᠬᠥᠮᠦᠨ ᠨᠢ ᠬᠥᠮᠦᠨ ᠰᠢᠭ ᠶᠠᠪᠤᠴᠢᠬᠠᠪᠠᠯ᠂ ᠮᠠᠨ ᠤ᠋ ᠮᠣᠩᠭᠣᠯ ᠬᠡᠯᠡ ᠮᠥᠬᠥᠬᠦ ᠦᠭᠡᠢ!
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠬᠢᠨᠠᠭᠰᠠᠨ ᠨᠢ᠄ ᠭᠠᠷ ᠤᠲᠠᠰᠤᠨ ᠳᠡᠭᠡᠷ᠎ᠡ ᠬᠡᠷᠡᠭᠯᠡᠳᠡᠭ ᠬᠢᠨᠠᠯᠲᠠ ᠶ᠋ᠢᠨ ᠰᠢᠰᠲ᠋ᠧᠮ
