ᠦᠵᠦᠮᠦᠴᠢᠨ ᠶᠠᠰᠤᠲᠠᠨҮзэмчин ястанÜzemchin yastan ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠵᠦᠮᠦᠴᠢᠨ ᠶᠠᠰᠤᠲᠠᠨҮзэмчин ястанÜzemchin yastan

ᠦᠵᠦᠮᠦᠴᠢᠨ ᠶᠠᠰᠤᠲᠠᠨҮзэмчин ястанÜzemchin yastan

ᠠᠩᠭᠢᠯᠠᠯ:ᠵᠠᠩ ᠦᠢᠯᠡ
2025-02-24

680

ᠦᠵᠦᠮᠦᠴᠢᠨ ᠶᠠᠰᠤᠲᠠᠨ

    ᠬᠠᠯᠬ᠎ᠠ᠂ ᠦᠵᠦᠮᠦᠴᠢᠨ᠂ ᠪᠤᠷᠢᠶᠠᠳ᠂ ᠳᠥᠷᠪᠡᠳ ᠶᠠᠰᠤᠲᠠᠨ ᠠ᠋ᠴᠠ ᠪᠦᠷᠢᠯᠳᠦᠭᠰᠡᠨ ᠬᠣᠶᠠᠷ ᠮᠢᠩᠭ᠎ᠠ ᠭᠠᠷᠤᠢ ᠬᠥᠮᠦᠨ ᠠᠮᠠ ᠲᠠᠢ ᠡᠢᠮᠦ ᠰᠤᠮᠤ ᠪᠠᠢᠭ᠎ᠠ ᠶᠤᠮ᠃ ᠡᠨᠡ ᠬᠣᠶᠠᠷ ᠮᠢᠩᠭ᠎ᠠ ᠭᠠᠷᠤᠢ ᠬᠥᠮᠦᠨ ᠦ᠌ ᠨᠢᠭᠡ ᠬᠠᠭᠠᠰ ᠬᠤᠪᠢ ᠨᠢ ᠦᠵᠦᠮᠦᠴᠢᠨ ᠶᠠᠰᠤᠲᠠᠨ ᠨᠤᠭᠤᠳ ᠪᠠᠢᠳᠠᠭ ᠶᠤᠮ᠃ ᠲᠡᠭᠡᠭᠡᠳ ᠦᠵᠦᠮᠦᠴᠢᠨ ᠡᠷᠦᠬᠡ ᠣᠳᠣ ᠨᠢᠭᠡ᠂ ᠬᠣᠶᠠᠷ ᠵᠠᠭᠤ ᠲᠠᠪᠢ ᠭᠠᠷᠤᠢ ᠡᠷᠦᠬᠡ᠂ ᠬᠣᠷᠢ ᠭᠠᠷᠤᠢ ᠮᠢᠩᠭᠠᠨ ᠮᠠᠯ ᠲᠠᠢ᠂ ᠮᠠᠯ ᠠᠵᠤ ᠠᠬᠤᠢ ᠭᠣᠣᠯᠯᠠᠨ ᠡᠷᠬᠢᠯᠡᠵᠦ ᠬᠥᠳᠡᠯᠮᠦᠷᠢᠯᠡᠵᠦ ᠪᠠᠢᠨ᠎ᠠ᠃
    ᠡᠨᠡ ᠦᠵᠦᠮᠦᠴᠢᠨ ᠨᠦ᠍ᠭᠦᠳ ᠪᠣᠯ ᠮᠢᠩᠭ᠎ᠠ ᠶᠢᠰᠦᠨ ᠵᠠᠭᠤᠨ ᠳᠥᠴᠢᠨ ᠲᠠᠪᠤᠨ ᠣᠨ ᠤ᠋ ᠴᠢᠯᠥᠭᠡᠯᠡᠬᠦ ᠲᠡᠢᠨ ᠦ᠌ ᠦᠶ᠎ᠡ ᠪᠡᠷ ᠥᠪᠡᠷᠰᠡᠳ ᠦ᠋ᠨ ᠰᠠᠢᠨ ᠳᠤᠷ᠎ᠠ ᠪᠠᠷ ᠲᠤᠬᠠᠢ ᠶ᠋ᠢᠨ ᠦᠶ᠎ᠡ ᠶ᠋ᠢᠨ ᠵᠠᠷᠢᠮ ᠳᠡᠪᠰᠢᠯᠲᠡ ᠦᠵᠡᠯ ᠲᠡᠢ ᠬᠥᠮᠦᠰ ᠦ᠋ᠳ ᠦ᠋ᠨ ᠤᠳᠤᠷᠢᠳᠤᠯᠭ᠎ᠠ ᠵᠣᠬᠢᠶᠠᠨ ᠪᠠᠢᠭᠤᠯᠤᠯᠲᠠ ᠪᠠᠷ ᠮᠣᠩᠭᠣᠯ ᠤᠯᠤᠰ ᠲᠤ᠌ ᠨᠡᠭᠦᠳᠡᠯᠯᠡᠨ ᠢᠷᠡᠭᠰᠡᠨ ᠡᠢᠮᠦ ᠲᠡᠦᠬᠡ ᠲᠡᠢ᠂ ᠲᠡᠷᠡ ᠢᠩᠭᠢᠵᠦ ᠢᠷᠡᠬᠦ ᠳ᠋ᠦ᠍ ᠪᠡᠨ ᠮᠣᠩᠭᠣᠯ ᠨᠤᠲᠤᠭ᠂ ᠮᠣᠩᠭᠣᠯ ᠭᠣᠯᠣᠮᠲᠠ ᠪᠠᠨ ᠡᠷᠡᠮᠡᠯᠵᠡᠵᠦ ᠢᠩᠭᠢᠵᠦ ᠢᠷᠡᠭᠰᠡᠨ ᠶᠤᠮ᠃
    ᠵᠠ᠂ ᠤᠴᠢᠷ ᠶᠠᠭᠠᠬᠢᠭᠠᠳ ᠭᠡᠪᠡᠯ᠄ ᠮᠢᠩᠭ᠎ᠠ ᠵᠢᠷᠭᠤᠭᠠᠨ ᠵᠠᠭᠤᠨ ᠳᠥᠴᠢᠭᠡᠳ ᠣᠨ ᠤ᠋ ᠡᠬᠢ ᠬᠦᠷᠲᠡᠯ᠎ᠡ ᠦᠵᠦᠮᠦᠴᠢᠨ ᠨᠦ᠍ᠭᠦᠳ ᠮᠣᠩᠭᠣᠯ ᠨᠤᠲᠤᠭ ᠲᠤ᠌ ᠠᠵᠤ ᠲᠥᠷᠥᠵᠦ ᠠᠮᠢᠳᠤᠷᠠᠵᠤ ᠪᠠᠢᠭᠰᠠᠨ ᠡᠢᠮᠦ ᠮᠣᠩᠭᠣᠯ ᠲᠤᠭᠤᠷᠭᠠᠲᠠᠨ ᠤ᠋ ᠨᠢᠭᠡ ᠨᠢ ᠪᠠᠢᠭ᠎ᠠ ᠶᠤᠮ᠃
ᠪᠠᠲᠤᠮᠥ᠋ᠩᠬᠡ ᠳᠠᠶᠠᠩ ᠬᠠᠭᠠᠨ ᠤ᠋ ᠬᠦᠦ ᠲᠥᠷᠥᠪᠣᠯᠣᠳ ᠥᠪᠡᠷ ᠦ᠋ᠨ ᠨᠤᠲᠤᠭ ᠬᠣᠰᠢᠭᠤ ᠪᠠᠨ ᠬᠠᠩᠭᠠᠢ ᠠ᠋ᠴᠠ ᠨᠡᠭᠦᠯᠭᠡᠵᠦ᠂ ᠭᠣᠪᠢ ᠳ᠋ᠤ᠌ ᠨᠤᠲᠤᠭᠰᠢᠵᠤ ᠮᠠᠯ ᠠᠵᠤ ᠠᠬᠤᠢ ᠡᠷᠬᠢᠯᠡᠭᠴᠢ᠂ ᠡᠷᠬᠢᠯᠡᠬᠦ ᠪᠣᠯᠤᠯ᠎ᠠ ᠭᠡᠵᠦ ᠲᠡᠦᠬᠡ ᠱᠠᠰᠲᠢᠷ ᠲᠤ᠌ ᠪᠢᠴᠢᠭᠳᠡᠭᠰᠡᠨ ᠪᠠᠢᠳᠠᠭ᠃ ᠡᠨᠡ ᠦᠶ᠎ᠡ ᠪᠡᠷ ᠦᠵᠦᠮᠦᠴᠢᠨ ᠨᠦ᠍ᠭᠦᠳ ᠤᠷᠤᠭᠰᠢ ᠪᠠᠨ ᠭᠠᠷᠤᠭᠠᠳ ᠶᠠᠪᠤᠴᠢᠬᠠᠭᠰᠠᠨ ᠶᠠᠭᠤᠮᠠᠰ ᠤ᠋ᠳ ᠪᠠᠢᠨ᠎ᠠ᠃
    ᠵᠠ᠂ ᠡᠨᠡ ᠮᠢᠩᠭ᠎ᠠ ᠶᠢᠰᠦᠨ ᠵᠠᠭᠤᠨ ᠳᠥᠴᠢᠨ ᠲᠠᠪᠤᠨ ᠣᠨ ᠠ᠋ᠴᠠ ᠡᠮᠦᠨᠡᠬᠢ ᠦᠵᠦᠮᠦᠴᠢᠨ ᠨᠦ᠍ᠭᠦᠳ ᠦ᠋ᠨ ᠨᠤᠲᠤᠭᠯᠠᠵᠤ ᠪᠠᠢᠭᠰᠠᠨ ᠨᠤᠲᠤᠭ᠂ ᠥᠭᠡᠷ᠎ᠡ ᠪᠡᠷ ᠬᠡᠯᠡᠪᠡᠯ ᠣᠳᠣ ᠶ᠋ᠢᠨ ᠥᠪᠥᠷ ᠮᠣᠩᠭᠣᠯ ᠤ᠋ᠨ ᠰᠢᠯᠢ ᠶ᠋ᠢᠨ ᠭᠣᠣᠯ ᠠᠢᠮᠠᠭ ᠤ᠋ᠨ ᠨᠤᠲᠤᠭ ᠪᠣᠯ ᠦᠵᠦᠮᠦᠴᠢᠨ ᠨᠦ᠍ᠭᠦᠳ ᠦ᠋ᠨ ᠤᠤᠭᠠᠯ ᠨᠤᠲᠤᠭ ᠭᠡᠵᠦ ᠦᠵᠡᠬᠦ ᠦᠨᠳᠦᠰᠦ ᠦᠭᠡᠢ᠂ ᠲᠡᠨᠳᠡ ᠦᠵᠦᠮᠦᠴᠢᠨ ᠨᠦ᠍ᠭᠦᠳ ᠨᠢᠭᠡ᠂ ᠭᠤᠷᠪᠠᠨ ᠵᠠᠭᠤᠭᠠᠳ ᠵᠢᠯ ᠯᠡ ᠣᠳᠣ ᠲᠡᠨᠳᠡ ᠨᠤᠲᠤᠭᠰᠢᠵᠤ ᠠᠮᠢᠳᠤᠷᠠᠭᠰᠠᠨ ᠡᠢᠮᠦ ᠤᠯᠤᠰ ᠤ᠋ᠳ᠂ ᠲᠡᠭᠦᠨ ᠡᠴᠡ ᠤᠷᠢᠳᠤ ᠨᠢ ᠣᠳᠣ ᠮᠣᠩᠭᠣᠯ ᠨᠤᠲᠤᠭ ᠲᠤ᠌ ᠠᠮᠢᠳᠤᠷᠠᠵᠤ ᠪᠠᠢᠭᠰᠠᠨ ᠡᠢᠮᠦ ᠤᠯᠤᠰ ᠤ᠋ᠳ ᠶᠤᠮ᠃
    ᠵᠠ᠂ ᠦᠵᠦᠮᠦᠴᠢᠨ ᠨᠦ᠍ᠭᠦᠳ ᠢ᠋ ᠪᠠᠷᠠᠭᠤᠨ ᠦᠵᠦᠮᠦᠴᠢᠨ᠂ ᠵᠡᠭᠦᠨ ᠦᠵᠦᠮᠦᠴᠢᠨ ᠭᠡᠵᠦ ᠢᠩᠭᠢᠵᠦ ᠠᠩᠭᠢᠯᠠᠵᠤ ᠢᠯᠭᠠᠵᠤ ᠶᠠᠷᠢᠳᠠᠭ᠃ ᠲᠡᠭᠡᠬᠦᠯᠡᠷ ᠡᠨᠡ ᠬᠣᠶᠠᠷ ᠦᠵᠦᠮᠦᠴᠢᠨ ᠪᠣᠯ ᠭᠠᠷᠤᠯ ᠡᠭᠦᠰᠦᠯ᠂ ᠶᠣᠰᠣ ᠵᠠᠩᠰᠢᠯ ᠤ᠋ᠨ ᠬᠤᠪᠢ ᠳ᠋ᠤ᠌ ᠪᠣᠯ ᠨᠢᠭᠡ ᠶᠤᠮ ᠠ᠋᠃
    ᠠ᠋᠁ ᠶᠠᠭᠠᠬᠢᠭᠠᠳ ᠢᠩᠭᠢᠵᠦ ᠬᠣᠶᠠᠷ ᠨᠡᠷᠡᠯᠡᠬᠦ ᠪᠣᠯᠤᠭᠰᠠᠨ ᠪᠣᠢ⁈ ᠭᠡᠬᠦᠯᠡᠷ ᠮᠢᠩᠭ᠎ᠠ ᠵᠢᠷᠭᠤᠭᠠᠨ ᠵᠠᠭᠤᠨ ᠳᠥᠴᠢᠨ ᠳᠥᠷᠪᠡ᠂ ᠳᠥᠴᠢᠨ ᠵᠢᠷᠭᠤᠭᠠᠨ ᠣᠨ ᠤ᠋ ᠦᠶ᠎ᠡ ᠳ᠋ᠦ᠍ ᠠᠬ᠎ᠠ ᠳᠡᠭᠦᠦ ᠬᠣᠶᠠᠷ ᠸᠠᠩ ᠳᠣᠷᠵᠢ᠂ ᠴᠡᠷᠡᠨ ᠭᠡᠳᠡᠭ ᠬᠥᠮᠦᠰ ᠦ᠋ᠳ ᠥᠪᠡᠷ ᠦ᠋ᠨ ᠬᠣᠰᠢᠭᠤ ᠨᠤᠲᠤᠭ ᠢ᠋ᠶ᠋ᠠᠨ ᠬᠣᠶᠠᠷ ᠬᠤᠪᠢᠶᠠᠵᠤ ᠵᠠᠬᠢᠷᠬᠤ ᠪᠣᠯᠤᠭᠰᠠᠨ᠂ ᠢᠩᠭᠢᠭᠡᠳ ᠳᠣᠷᠵᠢ ᠶ᠋ᠢᠨ ᠵᠠᠬᠢᠷᠤᠭᠰᠠᠨ ᠢ᠋ ᠨᠢ ᠪᠠᠷᠠᠭᠤᠨ ᠦᠵᠦᠮᠦᠴᠢᠨ ᠭᠡᠳ᠂ ᠴᠡᠷᠡᠨ ᠦ᠌ ᠵᠠᠬᠢᠷᠤᠭᠰᠠᠨ ᠢ᠋ ᠨᠢ ᠵᠡᠭᠦᠨ ᠦᠵᠦᠮᠦᠴᠢᠨ ᠭᠡᠵᠦ ᠢᠩᠭᠢᠵᠦ ᠣᠳᠣ ᠬᠡᠯᠡᠬᠦ ᠪᠣᠯᠤᠭᠰᠠᠨ ᠡᠢᠮᠦ ᠲᠡᠦᠬᠡ ᠲᠡᠢ ᠪᠠᠢᠳᠠᠭ ᠶᠤᠮ ᠪᠠᠢᠨ᠎ᠠ᠃
    ᠲᠡᠭᠡᠬᠦᠯᠡᠷ ᠦᠵᠦᠮᠦᠴᠢᠨ ᠨᠦ᠍ᠭᠦᠳ ᠥᠨᠥᠳᠥᠷ ᠮᠣᠩᠭᠣᠯ ᠤᠯᠤᠰ ᠤ᠋ᠨ ᠨᠤᠲᠤᠭ ᠳᠡᠭᠡᠷ᠎ᠡ ᠰᠦᠬᠡᠪᠠᠭᠠᠲᠤᠷ᠂ ᠳᠣᠷᠣᠨᠠᠲᠤ ᠠᠢᠮᠠᠭ ᠤ᠋ᠳ ᠲᠤ᠌ ᠣᠳᠣ ᠠᠵᠤ ᠲᠥᠷᠥᠵᠦ᠂ ᠠᠵᠢᠯᠯᠠᠵᠤ ᠠᠮᠢᠳᠤᠷᠠᠵᠤ ᠪᠠᠢᠨ᠎ᠠ᠃ ᠲᠡᠭᠡᠭᠡᠳ ᠳᠣᠷᠣᠨᠠᠲᠤ ᠠᠢᠮᠠᠭ ᠤ᠋ᠨ ᠰᠡᠷᠭᠦᠯᠡᠩ ᠰᠤᠮᠤ᠂ ᠪᠤᠯᠠᠭᠠᠨ ᠰᠤᠮᠤ᠂ ᠪᠠᠶᠠᠨᠲᠥ᠋ᠮᠡᠨ ᠰᠤᠮᠤ ᠨᠤᠭᠤᠳ ᠲᠤ᠌ ᠨᠤᠲᠤᠭᠯᠠᠵᠤ ᠪᠠᠢᠭ᠎ᠠ ᠨᠢ ᠪᠣᠯ ᠵᠡᠭᠦᠨ ᠦᠵᠦᠮᠦᠴᠢᠨ ᠦ᠌ ᠬᠥᠮᠦᠰ ᠦ᠋ᠳ᠂ ᠰᠦᠬᠡᠪᠠᠭᠠᠲᠤᠷ ᠠᠢᠮᠠᠭ ᠤ᠋ᠨ ᠡᠷᠳᠡᠨᠢᠴᠠᠭᠠᠨ ᠰᠤᠮᠤᠨ ᠳ᠋ᠤ᠌ ᠠᠵᠢᠯᠯᠠᠵᠤ ᠠᠮᠢᠳᠤᠷᠠᠵᠤ ᠪᠠᠢᠭ᠎ᠠ ᠦᠵᠦᠮᠦᠴᠢᠨ ᠶᠠᠰᠤᠲᠠᠨ ᠨᠤᠭᠤᠳ ᠪᠣᠯ ᠪᠠᠷᠠᠭᠤᠨ ᠦᠵᠦᠮᠦᠴᠢᠨ ᠦ᠌ ᠬᠥᠮᠦᠰ ᠦ᠋ᠳ ᠪᠠᠢᠭ᠎ᠠ ᠶᠤᠮ᠃ ᠲᠡᠦᠬᠡ ᠡᠴᠡ ᠶᠠᠷᠢᠪᠠᠯ ᠨᠢᠭᠡ ᠡᠢᠮᠦ ᠶᠠᠭᠤᠮ᠎ᠠ ᠪᠠᠢᠨ᠎ᠠ᠃
    ᠵᠠ᠂ ᠢᠩᠭᠢᠭᠡᠳ ᠥᠨᠥᠳᠥᠷ ᠦᠵᠦᠮᠦᠴᠢᠨ ᠶᠠᠰᠤᠲᠠᠨ ᠨᠤᠭᠤᠳ ᠤᠯᠤᠰ ᠣᠷᠣᠨ ᠤ᠋ ᠪᠠᠨ ᠵᠢᠳᠬᠦᠬᠦ ᠨᠢᠭᠡᠨ ᠬᠦᠴᠦᠨ ᠪᠣᠯᠵᠤ᠂ ᠲᠤᠯᠬᠤ ᠨᠢᠭᠡᠨ ᠪᠠᠭᠠᠨ᠎ᠠ ᠪᠣᠯᠵᠤ᠂ ᠪᠤᠰᠤᠳ ᠶᠠᠰᠤᠲᠠᠨ ᠦᠨᠳᠦᠰᠦᠲᠡᠨ ᠦ᠌ ᠪᠡᠨ ᠨᠢᠭᠡᠨ ᠠᠳᠠᠯᠢ ᠪᠠᠷ ᠡᠪᠲᠡᠢ ᠨᠠᠢᠷᠲᠠᠢ᠂ ᠵᠢᠷᠭᠠᠯᠲᠠᠢ ᠰᠠᠢᠬᠠᠨ ᠠᠵᠤ ᠲᠥᠷᠥᠵᠦ ᠠᠮᠢᠳᠤᠷᠠᠵᠤ ᠬᠥᠳᠡᠯᠮᠦᠷᠢᠯᠡᠵᠦ ᠪᠠᠢᠨ᠎ᠠ᠃


    ᠦᠰᠦᠭ ᠠᠮᠢᠯᠠᠭᠤᠯᠤᠭᠴᠢ᠄ ᠮᠥᠩᠬᠡ ᠭᠠᠯ
    ᠦᠰᠦᠭ ᠬᠠᠳᠠᠭᠴᠢ᠄ ᠮᠥᠩᠬᠡ ᠭᠠᠯ
    ᠬᠢᠨᠠᠭᠴᠢ᠄ ᠮᠠᠨᠳᠠᠷᠠᠸ᠎ᠠ᠂ ᠰᠡᠬᠡᠭᠡᠷᠡᠯ᠂ ᠨᠠᠷᠠᠨ